| ᠰᠤᠷᠪᠤᠯᠵᠢᠯᠠᠭᠰᠠᠨ ᠴᠠᠭ᠄ 2020 ᠣᠨ ᠤ 3 ᠳ᠋ᠤᠭᠠᠷ ᠰᠠᠷ᠎ᠠ | ᠰᠤᠷᠪᠤᠯᠵᠢᠯᠠᠭ᠎ᠠ ᠬᠦᠯᠢᠶᠡᠭᠴᠢ᠄ ᠠᠯᠠᠱᠠ ᠵᠡᠬᠦᠨ ᠬᠤᠰᠢᠭᠤᠨ ᠤ ᠢᠩᠭᠡᠨ ᠰᠤᠮᠤᠨ ᠤ ᠴᠠᠭᠠᠨᠵᠠᠳᠠᠭᠠᠢ ᠭᠠᠴᠠᠭᠠᠠ ᠤ | ᠮᠠᠯᠴᠢᠨ᠂ ᠭᠠᠴᠠᠭᠠᠠ ᠳᠠᠷᠤᠭ᠎ᠠ ᠠᠯᠳ᠋ᠬᠠᠠᠭᠤᠯᠠ | ᠠᠯᠳ᠋ᠬᠠᠠᠭᠤᠯᠠ ᠠᠯᠠᠱᠠ ᠵᠡᠬᠦᠨ ᠬᠤᠰᠢᠭᠤᠨ ᠤ ᠢᠩᠭᠡᠨ ᠰᠤᠮᠤᠨ ᠤ ᠴᠠᠭᠠᠨᠵᠠᠳᠠᠭᠠᠢ ᠭᠠᠴᠠᠭᠠᠠ ᠤ ᠮᠠᠯᠴᠢᠨ᠂ | ᠭᠠᠴᠠᠭᠠᠠ ᠳᠠᠷᠤᠭ᠎ᠠ ᠪᠤᠯᠤᠭᠠᠳ 5 ᠵᠢᠯ ᠪᠤᠯᠵᠤ ᠪᠠᠶᠢᠭ᠎ᠠ᠃ ᠴᠠᠭᠠᠨᠵᠠᠳᠠᠭᠠᠢ ᠭᠠᠴᠠᠭ᠎ᠠ ᠨᠢ ᠪᠠᠶᠠᠨᠨᠠᠭᠤᠷ ᠤᠨ | ᠤᠷᠠᠳ ᠤᠨ ᠬᠤᠶᠢᠳᠤ ᠬᠤᠰᠢᠭᠤ ᠲᠠᠢ ᠬᠢᠯᠢ ᠨᠠᠶᠢᠯᠠᠵᠤ ᠪᠠᠶᠢᠳᠠᠭ᠃ ᠬᠢᠵᠢᠭ ᠢ ᠰᠡᠷᠬᠡᠶᠢᠯᠡᠨ ᠡᠵᠡᠮᠳᠡᠬᠦ | ᠪᠠᠶᠢᠷᠢᠯᠠᠭᠤᠯᠤᠯᠳᠠ ᠪᠠᠷ ᠠᠯᠳ᠋ᠬᠠᠠᠭᠤᠯᠠ ᠭᠠᠴᠠᠭᠠᠠ ᠤ ᠪᠠᠨ ᠨᠠᠮ ᠤᠨ ᠭᠡᠰᠢᠬᠦᠨ ᠪᠠ ᠬᠢᠯᠢ ᠶᠢᠨ ᠵᠠᠭᠠᠭ ᠤᠨ 15 | ᠡᠷᠦᠭᠡ ᠮᠠᠯᠴᠢᠳ ᠢ ᠵᠤᠬᠢᠶᠠᠨ ᠪᠠᠶᠢᠭᠤᠯᠤᠨ ᠡᠳᠦᠷ ᠪᠥᠷᠢ ᠲᠤᠭᠤᠷᠢᠨ ᠪᠠᠶᠢᠴᠠᠭᠠᠵᠤ᠂ ᠬᠢᠯᠢ ᠶᠢᠨ ᠬᠢᠵᠢᠭ ᠤᠨ | ᠪᠠᠶᠢᠳᠠᠯ ᠢ ᠰᠡᠷᠭᠡᠶᠢᠯᠡᠡ ᠡᠵᠡᠮᠳᠡᠵᠤ ᠬᠤᠯᠪᠤᠭᠠᠯᠠᠠ ᠬᠥᠳᠡᠯᠤᠯᠴᠡᠬᠦ ᠠᠵᠢᠯ ᠢ ᠨᠠᠷᠢᠨ ᠬᠢᠨᠠᠮᠠᠭᠠᠢ ᠪᠠᠷ ᠴᠠᠬ ᠲᠤᠬᠠᠢ ᠳᠤᠨᠢ | ᠪᠠᠶᠠᠯᠠᠬᠦᠯᠵᠤ᠂ ᠴᠠᠬ ᠲᠤᠬᠠᠢ ᠳᠤᠨᠢ ᠰᠤᠯᠢᠯᠴᠠᠨ᠂ ᠮᠡᠳᠡᠭᠡ ᠵᠠᠩᠬᠢ ᠶᠢ ᠬᠠᠮᠤᠬ ᠬᠤᠷᠳᠤᠨ ᠢᠶᠠᠷ ᠮᠠᠯᠴᠢᠨ ᠲᠥᠮᠡᠡ | ᠪᠤᠯᠤᠨ ᠰᠤᠮᠤᠨ ᠤ ᠨᠠᠮ ᠤᠨ ᠬᠤᠷᠢᠶᠠᠨ ᠳᠤ ᠮᠡᠳᠡᠬᠦᠯᠵᠤ᠂ ᠰᠡᠷᠭᠡᠶᠢᠯᠡᠨ ᠡᠵᠡᠮᠳᠡᠬᠦ ᠠᠵᠢᠯ ᠢᠶᠠᠨ ᠡᠷᠴᠢᠮᠳᠠᠢ ᠰᠠᠶᠢᠬᠠᠨ | ᠶᠠᠪᠤᠭᠳᠠᠭᠤᠯᠤᠭᠰᠠᠨ ᠪᠠᠶᠢᠨ᠎ᠠ᠃ | | | ᠰᠤᠷᠪᠤᠯᠵᠢᠯᠠᠭᠴᠢ᠄ ᠲᠠ ᠬᠢᠵᠢᠭ ᠤᠨ ᠬᠠᠯᠳᠠᠪᠤᠷᠢ ᠠᠴᠠ ᠰᠡᠷᠭᠡᠶᠢᠯᠡᠬᠦ ᠠᠵᠢᠯ ᠢ ᠬᠡᠷᠬᠢᠨ ᠵᠣᠬᠢᠶᠠᠨ ᠪᠠᠶᠢᠭᠤᠯᠤᠭᠰᠠᠨ | ᠶᠤᠮ ᠪᠣᠢ︖ | ᠠᠯᠳ᠋ᠬᠠᠠᠭᠤᠯᠠ᠄ ᠦᠨᠳᠥᠰᠦᠨ ᠱᠠᠲᠤᠨ ᠤ ᠨᠠᠮ ᠤᠨ ᠡᠭᠦᠷ ᠤᠨ ᠱᠦᠵᠢ ᠪᠣᠯᠤᠭᠰᠠᠨ ᠤ ᠬᠤᠪᠢ ᠳᠤ᠂ ᠭᠠᠴᠠᠭᠠᠨ ᠤ | ᠨᠠᠮ ᠤᠨ ᠭᠡᠰᠢᠭᠦᠨ ᠢᠶᠠᠨ ᠳᠠᠭᠠᠭᠤᠯᠤᠨ ᠰᠤᠮᠤ ᠶᠢᠨ ᠨᠠᠮ ᠤᠨ ᠬᠤᠷᠢᠶ᠎ᠠ ᠳᠤ ᠤᠳᠤᠭ᠎ᠠ ᠥᠬᠡᠢ ᠲᠠᠶᠢᠨ ᠤ | ᠪᠠᠶᠢᠯᠳᠤᠭᠠᠨ ᠳᠤ ᠤᠷᠤᠯᠴᠠᠬᠤ ᠭᠤᠶᠤᠴᠢᠯᠠᠯᠳᠠ ᠶᠢᠨ ᠪᠢᠴᠢᠭ ᠢᠶᠠᠨ ᠰᠠᠨᠠᠭᠠᠴᠢᠯᠠᠭ᠎ᠠ ᠠᠴᠠ ᠪᠠᠨ ᠲᠤᠰᠢᠶᠠᠨ᠂ | ᠭᠠᠴᠠᠭᠠᠨ ᠤ ᠪᠠᠨ 102 ᠡᠷᠦᠭᠡ ᠪᠠᠨ ᠳᠠᠪᠤᠨ ᠲᠤᠭᠤᠢᠢᠯᠠᠩ ᠪᠤᠯᠭᠠᠵᠤ ᠬᠤᠪᠢᠶᠠᠨ᠂ ᠪᠠᠶᠢᠴᠠᠭᠠᠬᠤ ᠠᠵᠢᠯ ᠢ | ᠥᠷᠨᠢᠭᠦᠯᠵᠦ᠂ ᠭᠠᠳᠠᠷ ᠤᠷᠤᠨ ᠠᠴᠠ ᠨᠤᠲᠤᠭ ᠲᠠᠭᠠᠨ ᠪᠤᠴᠠᠭᠰᠠᠳ᠂ ᠶᠡᠭᠡ ᠰᠤᠷᠭᠠᠭᠤᠯᠢ ᠳᠤ ᠰᠠᠭᠤᠭ᠎ᠠ | ᠰᠤᠷᠤᠬᠴᠢᠳ᠂ ᠮᠠᠯᠵᠢᠬᠤ ᠤᠷᠣᠨ ᠤ ᠪᠠᠶᠢᠩᠭᠤ ᠰᠠᠭᠤᠭ᠎ᠠ ᠡᠷᠦᠬᠡ ᠶᠢᠨ ᠶᠠᠪᠤᠵᠤ ᠰᠠᠭᠤᠵᠤ ᠪᠠᠶᠢᠭ᠎ᠠ ᠮᠡᠳᠡᠭᠡ | ᠵᠠᠩᠭᠢ ᠶᠢ ᠴᠠᠭ ᠲᠤᠬᠠᠶ ᠳᠤᠨᠢ ᠰᠤᠮᠤ ᠶᠢᠨ ᠰᠡᠷᠭᠡᠶᠢᠯᠡᠨ ᠡᠵᠡᠮᠳᠡᠬᠦ ᠠᠵᠢᠯ ᠤᠨ ᠳᠤᠭᠤᠶᠢᠯᠠᠩ ᠳᠤ ᠨᠠᠷᠢᠨ ᠲᠣᠳᠣᠷᠬᠠᠶ | ᠬᠠᠷᠢᠭᠤ ᠮᠡᠳᠡᠭᠦᠯᠤᠨ᠂ ᠪᠥᠬᠦ ᠰᠤᠮᠤ ᠶᠢᠨ ᠬᠢᠵᠢᠭ ᠢ ᠰᠡᠷᠭᠡᠶᠢᠯᠡᠨ ᠡᠵᠡᠮᠳᠡᠬᠦ ᠠᠵᠢᠯᠯᠠᠭ᠎ᠠ ᠳᠤ ᠬᠦᠴᠦᠨ | ᠵᠢᠳᠬᠦᠯ ᠢᠶᠠᠨ ᠭᠠᠷᠭᠠᠭᠰᠠᠨ ᠪᠠᠶᠢᠨ᠎ᠠ᠃ | | | ᠰᠤᠷᠪᠤᠯᠵᠢᠯᠠᠭᠴᠢ᠄ ᠬᠢᠵᠢᠭ ᠤᠨ ᠬᠠᠯᠳᠠᠪᠤᠷᠢ ᠠᠴᠠ ᠰᠡᠷᠭᠡᠶᠢᠯᠡᠬᠦ ᠠᠵᠢᠯ ᠤᠨ ᠨᠥᠯᠥᠭᠡ ᠠᠴᠠ ᠪᠣᠯᠵᠤ | ᠮᠠᠯᠴᠢᠳ ᠤᠨ ᠣᠷᠤᠬᠤ ᠭᠠᠷᠬᠤ ᠳᠤ ᠳᠥᠭᠦᠮ ᠦᠭᠡᠢ ᠪᠣᠯᠵᠤ᠂ ᠬᠦᠴᠢᠷ ᠪᠡᠷᠬᠡᠰᠢᠶᠡᠯ ᠳᠤ ᠲᠤᠯᠭᠠᠷᠠᠭᠰᠠᠨ ᠨᠢ | ᠮᠡᠳᠡᠭᠡᠵᠢ᠂ ᠲᠠ ᠡᠨᠡ ᠠᠵᠢᠯ ᠢ ᠶᠠᠭᠠᠬᠢᠵᠤ ᠭᠦᠢᠴᠡᠳᠬᠡᠭᠰᠡᠨ ᠶᠤᠮ ᠪᠣᠢ︖ | ᠠᠯᠳ᠋ᠬᠠᠠᠭᠤᠯᠠ᠄ ᠪᠢᠳᠠ ᠸᠢᠴᠠᠲ᠂ ᠭᠠᠷ ᠤᠳᠠᠰᠤ ᠪᠠᠷ ᠬᠤᠯᠪᠤᠭ᠎ᠠ ᠠᠪᠴᠤ᠂ ᠬᠢᠵᠢᠭ ᠰᠡᠷᠭᠡᠶᠢᠯᠡᠬᠦ ᠠᠵᠢᠯ ᠢ ᠶᠠᠬ | ᠰᠢᠨ᠎ᠡ ᠶᠢᠨ ᠨᠢᠭᠡᠨ ᠤ ᠡᠳᠦᠷ ᠡᠬᠢᠯᠡᠬᠦᠯᠬᠦ ᠳᠤ᠂ ᠬᠠᠮᠤᠬ ᠤᠨ ᠲᠡᠷᠢᠬᠦᠨ ᠳᠤ ᠮᠠᠯᠴᠢᠨ ᠲᠤ ᠮᠡᠳᠡᠭᠳᠡᠵᠤ᠂ ᠠᠶᠢᠯ | ᠰᠠᠭᠠᠬᠠᠯᠳᠠ ᠨᠢᠭᠡ ᠨᠢᠭᠡᠨ ᠤ ᠳᠡᠭᠡᠨ ᠶᠠᠪᠤᠵᠤ ᠥᠬᠡᠢ᠂ ᠤᠯᠠᠠ ᠬᠥᠮᠦᠨ ᠴᠤᠬᠯᠠᠷᠠᠵᠤ ᠪᠤᠯᠬᠤ ᠥᠬᠡᠢ᠂ ᠡᠬᠦᠳᠡ | ᠴᠤᠩᠬᠤ ᠪᠠᠨ ᠨᠡᠭᠡᠭᠡᠵᠤ ᠰᠢᠨ᠎ᠡ ᠰᠤᠷᠭᠤᠭ ᠠᠭᠠᠷ ᠨᠡᠪᠳᠡᠷᠡᠬᠦᠯᠵᠦ᠂ ᠭᠡᠷ ᠤᠷᠤᠨ ᠬᠠᠰᠢᠶ᠎ᠡ ᠬᠤᠷᠢᠶ᠎ᠠ ᠪᠠᠨ | ᠠᠷᠢᠭᠤᠳᠬᠵᠤ ᠴᠡᠪᠡᠷᠯᠡᠵᠤ᠂ ᠬᠥᠮᠦᠨ ᠪᠤᠯᠭᠠᠠ ᠠᠮᠠᠪᠴᠢ ᠵᠡᠬᠦᠬᠦ ᠶᠢᠨ ᠴᠢᠬᠤᠯᠠ ᠴᠢᠨᠠᠷ ᠢ ᠳᠠᠶᠢᠯᠪᠤᠷᠢᠯᠠᠵᠤ ᠳᠠᠬᠢᠨ | ᠳᠠᠪᠳᠠᠨ ᠰᠠᠨᠠᠭᠤᠯᠵᠤ ᠥᠭᠭᠦᠭᠰᠡᠨ᠃ ᠪᠠᠰᠠ ᠬᠢᠯᠢ ᠶᠢᠨ ᠮᠠᠯᠴᠢᠳ ᠤᠨ ᠡᠳᠥᠷ ᠲᠤᠲᠤᠮ ᠤᠨ ᠬᠡᠷᠡᠭᠰᠡᠬᠦ | ᠠᠮᠢᠳᠤᠷᠠᠯ ᠤᠨ ᠬᠡᠷᠡᠭᠰᠡᠯ ᠂ ᠬᠥᠨᠡᠰᠤ ᠲᠤᠳᠤᠷᠭ᠎ᠠ ᠶᠢ ᠰᠠᠶᠢᠲᠤᠷ ᠪᠦᠷᠢᠳᠬᠡᠵᠦ᠂ ᠬᠤᠳᠠᠯᠳᠤᠨ ᠠᠪᠬᠤ ᠪᠠ | ᠲᠠᠷᠬᠠᠭᠠᠬᠤ ᠶᠢ ᠨᠢᠭᠡᠳᠦᠯᠲᠡᠶ ᠳᠣᠭᠢᠷᠠᠭᠤᠯᠵᠤ᠂ ᠰᠤᠮᠤᠨ ᠠᠴᠠ ᠬᠢᠯᠢ ᠶᠢᠨ ᠮᠠᠯᠴᠢᠨ ᠳᠤ ᠥᠨ᠎ᠡ ᠲᠥᠯᠦᠪᠦᠷᠢ ᠥᠭᠡᠢ | ᠥᠭᠬᠦᠭᠰᠡᠡ ᠢᠳᠡᠰᠢᠨ ᠨᠤᠭᠤᠭ᠎ᠠ ᠶᠢ ᠳᠠᠪᠤᠨ ᠲᠤᠭᠤᠢᠢᠯᠠᠩ ᠶᠢᠨ ᠳᠠᠷᠤᠭ᠎ᠠ ᠪᠠᠷ ᠳᠠᠮᠵᠢᠭᠤᠯᠤᠨ ᠮᠠᠯᠴᠢᠳ ᠲᠤ | ᠬᠤᠪᠢᠶᠠᠵᠤ᠂ ᠵᠠᠷᠢᠮ ᠢ ᠨᠢ ᠥᠪᠡᠷ ᠤᠨ ᠳᠡᠷᠭᠡ ᠮᠠᠰᠢᠨ ᠢᠶᠠᠷ ᠢᠶᠠᠨ ᠬᠥᠷᠭᠡᠵᠤ᠂ ᠥᠷᠭᠡᠨ ᠣᠯᠠᠨ ᠮᠠᠯᠴᠢᠨ ᠲᠦᠮᠡᠨ ᠤ | ᠠᠵᠤ ᠠᠮᠢᠳᠤᠷᠠᠯ ᠤᠨ ᠪᠠᠳᠤᠯᠠᠭ᠎ᠠ ᠳᠤ ᠢᠳᠡᠪᠬᠢᠳᠡᠢ ᠦᠢᠯᠡᠴᠢᠯᠡᠭᠰᠡᠨ ᠪᠠᠶᠢᠨ᠎ᠠ᠃ ᠤᠳᠤᠬᠠᠠ ᠳᠤ ᠶᠠᠬ ᠲᠥᠯ | ᠳᠤᠰᠴᠤ ᠪᠠᠶᠢᠭ᠎ᠠ ᠴᠠᠬ ᠪᠤᠯᠬᠤᠷ ᠳᠡᠷᠡ ᠪᠠᠰᠠ ᠨᠠᠰᠤᠳᠠᠢ ᠬᠥᠭᠰᠢᠨ ᠬᠥᠳᠡᠯᠮᠦᠷᠢ ᠬᠥᠴᠤ ᠲᠤᠳᠠᠮᠠᠬ ᠠᠶᠢᠯ ᠢᠶᠠᠷ | ᠤᠴᠢᠵᠤ᠂ ᠲᠥᠯ ᠮᠠᠯ ᠢ ᠨᠢ ᠳᠠᠯᠪᠢᠬᠤ᠂ ᠮᠠᠯ ᠲᠡᠮᠡᠭᠡ ᠶᠢ ᠨᠢ ᠳᠠᠮᠨᠠᠠ ᠲᠠᠵᠢᠭᠡᠬᠦ ᠠᠵᠢᠯ ᠢ ᠪᠠᠶᠢᠡᠭᠭᠤ ᠬᠠᠪᠰᠤᠷᠤᠨ | ᠭᠦᠢᠴᠡᠳᠬᠡᠭᠰᠡᠨ ᠶᠤᠮ᠃ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ | |