ᠮᠠᠯᠴᠢᠳ ᠤᠨ ᠰᠠᠶᠢᠨ ᠳᠠᠷᠤᠭ᠎ᠠ
ᠨᠡᠶᠢᠲᠡᠯᠡᠭᠰᠡᠨ ᠴᠠᠭ᠄
2020/12/24
ᠰᠤᠷᠪᠤᠯᠵᠢᠯᠠᠭᠰᠠᠨ ᠴᠠᠭ᠄ 2020 ᠣᠨ ᠤ 7 ᠳ᠋ᠤᠭᠠᠷ ᠰᠠᠷ᠎ᠠ ᠰᠤᠷᠪᠤᠯᠵᠢᠯᠠᠭ᠎ᠠ ᠬᠦᠯᠢᠶᠡᠭᠴᠢ᠄ ᠠᠯᠠᠱᠠ ᠵᠡᠬᠦᠨ ᠬᠤᠰᠢᠭᠤᠨ ᠤ ᠲᠥᠬᠦᠮ ᠰᠤᠮᠤᠨ ᠤ ᠮᠠᠯᠴᠢᠨ ᠪᠥᠬᠡᠪᠠᠶᠠᠷ ᠪᠥᠬᠡᠪᠠᠶᠠᠷ ᠭᠤᠸᠠᠢ ᠪᠣᠯ ᠳᠥᠴᠢᠨ ᠵᠢᠯ ᠭᠠᠴᠠᠭᠠᠨ ᠤ ᠠᠵᠢᠯ ᠦᠢᠯᠡᠰ ᠲᠤ ᠰᠢᠭᠤᠷᠬᠠᠶᠢᠯᠠᠨ ᠠᠵᠢᠯᠯᠠᠵᠤ᠂ ᠨᠠᠰᠤ ᠪᠠᠷ ᠢᠶᠠᠨ ᠮᠠᠯᠴᠢᠨ ᠪᠢᠳᠡᠨ ᠤ ᠲᠥᠯᠦᠭᠡ ᠵᠢᠳᠬᠦᠭᠰᠡᠡ ᠬᠥᠮᠦᠨ ᠶᠤᠮ᠂ ᠲᠡᠭᠦᠨ ᠤ ᠤᠳᠤᠷᠢᠳᠤᠯᠭ᠎ᠠ ᠲᠤᠤᠷ᠎ᠠ ᠮᠠᠯᠴᠢᠳ ᠤᠨ ᠠᠮᠢᠳᠤᠷᠠᠯ ᠤᠨ ᠬᠢᠷᠢ ᠲᠥᠪᠰᠢᠨ ᠳᠡᠭᠡᠭᠰᠢᠯᠡᠵᠤ᠂ ᠢᠯᠠᠩᠭᠤᠶ᠎ᠡ ᠲᠥᠬᠦᠮ ᠭᠠᠴᠠᠭᠠᠠ ᠤ ᠮᠠᠯᠴᠢᠳ ᠤᠨ ᠠᠰᠢᠬ ᠰᠢᠮ᠎ᠡ ᠶᠢᠨ ᠭᠠᠷᠤᠯᠳᠠ ᠳᠡᠭᠡᠭᠰᠢᠯᠡᠵᠤ᠂ ᠤᠳᠤ ᠪᠥᠬᠦ ᠭᠠᠴᠠᠭ᠎ᠠ ᠶᠢᠨ ᠢᠮᠠᠭᠠᠠ ᠨᠤᠯᠤᠤᠷ ᠤᠨ ᠤᠨᠠᠯᠳᠠ ᠬᠠᠮᠤᠬ ᠤᠨ ᠲᠤᠤᠷ ᠎ᠠ ᠳᠠᠭᠠᠨ 9 ᠯᠠᠩ ᠬᠥᠷᠬᠦ ᠪᠤᠯᠪᠠ᠃ ᠲᠡᠭᠡᠪᠡᠯ ᠥᠨᠥᠳᠥᠷ ᠤᠨ ᠳ᠋ᠤᠭᠠᠷ ᠴᠤᠬᠤᠮ ᠮᠠᠯᠴᠢᠨ ᠤ ︽ᠰᠠᠶᠢᠨ ᠳᠠᠷᠤᠭ᠎ᠠ︾ ᠭᠡᠳᠡᠭ ᠪᠥᠬᠡᠪᠠᠶᠠᠷ ᠳᠠᠷᠤᠭ᠎ᠠ ᠶᠢᠨ ᠠᠵᠢᠯ ᠵᠢᠳᠬᠦᠯ ᠤᠨ ᠲᠤᠷᠰᠢᠯᠭ᠎ᠠ ᠶᠢ ᠨᠢ ᠣᠯᠠᠨ ᠳᠤ ᠲᠠᠨᠢᠭᠤᠯᠬᠤ ᠪᠠᠷ ᠵᠣᠷᠢᠯ᠎ᠠ᠃ ᠰᠤᠷᠪᠤᠯᠵᠢᠯᠠᠭᠴᠢ᠄ ᠲᠠ ᠬᠡᠵᠢᠶ᠎ᠡ ᠠᠴᠠ ᠭᠠᠴᠠᠭᠠᠨ ᠳᠠᠷᠤᠭ᠎ᠠ ᠶᠢᠨ ᠠᠵᠢᠯ ᠢ ᠬᠢᠭᠰᠡᠨ ᠪᠣᠢ︖ ᠪᠥᠬᠡᠪᠠᠶᠠᠷ᠄ ᠪᠢ ᠪᠣᠯ ᠮᠠᠩᠵᠠᠨ ᠲᠤᠭᠤᠭᠠᠠ ᠤ ᠥᠶ᠎ᠡ ᠠᠴᠠ ᠭᠠᠴᠠᠭᠠᠠ ᠤ ᠳᠠᠷᠤᠭ᠎ᠠ ᠶᠢᠨ ᠠᠵᠢᠯ ᠢᠶᠠᠨ ᠡᠬᠦᠷᠭᠡᠯᠡᠵᠤ ᠢᠷᠡᠭᠰᠡᠡ᠂ ᠪᠢ ᠪᠣᠯ ᠮᠠᠯ ᠪᠡᠯᠴᠢᠭᠡᠷ ᠢ ᠡᠷᠦᠭᠡ ᠳᠤ ᠳᠠᠭᠠᠭᠠᠴᠢᠯᠠᠬᠤ᠂ ᠬᠤᠪᠢ ᠶᠢᠨ ᠥᠮᠴᠢᠯᠠᠯ ᠵᠡᠷᠭᠡ ᠠᠯᠢ ᠤᠯᠠᠨ ᠬᠤᠪᠢᠰᠤᠯᠳᠠ ᠶᠢ ᠲᠤᠭᠤᠯᠵᠤ ᠢᠷᠡᠭᠰᠡᠡ᠃ ᠪᠣᠳᠠᠲᠠᠢ ᠪᠠᠷ ᠬᠡᠯᠡᠪᠡᠯ 1974 ᠤᠨ ᠳᠤ ᠠᠩᠬ᠎ᠠ ᠭᠠᠴᠠᠭᠠᠠ ᠱᠥᠵᠢ ᠳᠠᠷᠤᠭ᠎ᠠ ᠶᠢᠨ ᠲᠤᠰᠢᠶᠠᠯ ᠢ ᠡᠭᠦᠷᠭᠡᠯᠡᠭᠰᠡᠨ᠃ ᠰᠤᠷᠪᠤᠯᠵᠢᠯᠠᠭᠴᠢ᠄ ᠠᠩᠬ᠎ᠠ ᠭᠠᠴᠠᠭᠠᠨ ᠳᠠᠷᠤᠭ᠎ᠠ ᠪᠣᠯᠬᠤ ᠳᠤ ᠬᠡᠴᠡᠭᠦᠦ ᠪᠠᠶᠢᠯ᠎ᠠ ᠦᠦ︖ ᠪᠥᠬᠡᠪᠠᠶᠠᠷ᠄ ᠶᠠᠭ ᠡᠬᠢᠯᠡᠵᠦ ᠭᠠᠴᠠᠭᠠᠨ ᠳᠠᠷᠤᠭ᠎ᠠ ᠪᠣᠯᠬᠤ ᠳᠤ᠂ ᠶᠠᠭ ᠤᠢᠢᠯᠡᠳᠪᠤᠷᠢᠯᠠᠯ ᠤᠨ ᠬᠠᠷᠢᠭᠤᠴᠠᠯᠭ᠎ᠠ ᠶᠢᠨ ᠲᠥᠷᠢᠮ ᠢ ᠭᠡᠷᠡᠭᠵᠢᠬᠦᠯᠦᠨ᠂ ᠡᠷᠦᠭᠡ ᠳᠤ ᠳᠠᠭᠠᠭᠠᠴᠢᠯᠠᠭᠤᠯᠬᠤ ᠠᠵᠢᠯ ᠡᠬᠢᠯᠠᠵᠤ ᠪᠠᠶᠢᠬᠰᠠᠠ᠂ ᠲᠡᠶᠢᠮᠦ ᠠᠴᠠ ᠲᠡᠮᠡᠭᠡ᠂ ᠮᠠᠯ᠂ ᠪᠤᠶᠢᠯᠡ ᠪᠤᠷᠠᠨᠳᠠᠬ᠂ ᠡᠮᠡᠭᠡᠯ ᠬᠠᠵᠠᠭᠠᠷ᠂ ᠴᠠᠬᠢᠯᠭᠠᠠ ᠭᠠᠷᠭᠠᠬᠤ ᠮᠠᠰᠢᠨ ᠠᠴᠠ ᠡᠬᠢᠯᠡᠡ ᠪᠥᠬᠦ᠋ᠢᠯᠡ ᠬᠠᠮᠳᠤ ᠶᠢᠨ ᠬᠥᠷᠦᠩᠭᠡ ᠶᠢ ᠡᠷᠦᠭᠡ ᠪᠥᠷᠢ ᠳᠤ ᠡᠷᠭᠡ ᠲᠡᠭᠰᠢ ᠪᠠᠷ ᠬᠤᠪᠢᠶᠠᠵᠤ ᠥᠭᠬᠦ ᠴᠢᠬᠤᠯᠠᠳᠠᠢ ᠪᠤᠯᠤᠬᠰᠠᠠ ᠨᠢ ᠨᠠᠳᠠ ᠳᠤ ᠠᠪᠴᠤ ᠬᠡᠯᠡᠪᠡᠯ ᠠᠩᠬᠠᠠ ᠤ ᠰᠢᠯᠭᠠᠯᠳᠠ ᠪᠠᠶᠢᠭᠰᠠᠨ᠃ ᠭᠡᠬᠦ ᠳᠤ ᠨᠢᠭᠡᠨᠲᠡ ᠠᠵᠢᠯ ᠲᠣᠯᠣᠭᠠᠢ ᠳᠡᠭᠡᠷ᠎ᠡ ᠬᠦᠷᠴᠤ ᠢᠷᠡᠭᠰᠡᠨ ᠪᠣᠯᠬᠤᠷ ᠰᠠᠶᠢᠬᠠᠨ ᠭᠦᠢᠴᠡᠳᠬᠡᠬᠦ ᠦᠭᠡᠢ ᠪᠠᠶᠢᠬᠤ ᠶᠢᠨ ᠠᠷᠭ᠎ᠠ ᠦᠭᠡᠢ᠂ ᠲᠤᠬᠠᠢ ᠶᠢᠨ ᠦᠶ᠎ᠡ ᠳᠤ ᠡᠷᠭᠡ ᠲᠡᠭᠰᠢ᠂ ᠢᠯᠡ ᠲᠤᠳᠤ ᠶᠢ ᠨᠢᠭᠡᠳᠦᠭᠡᠷ ᠲᠤ ᠲᠠᠯᠪᠢᠵᠤ᠂ ᠪᠥᠬᠦ ᠵᠦᠢᠯ ᠢ ᠭᠠᠴᠠᠭᠠᠠ ᠤ ᠪᠠᠨ ᠭᠡᠰᠢᠬᠦᠨ ᠪᠥᠷᠢ ᠳᠤ ᠡᠷᠭᠡ ᠲᠡᠭᠰᠢ ᠬᠤᠪᠢᠶᠠᠷᠢᠯᠠᠯᠳᠠ ᠬᠢᠬᠦ ᠶᠢ ᠪᠠᠳᠤᠯᠠᠬᠰᠠᠠ ᠢᠶᠠᠷ ᠡᠨᠡ ᠠᠵᠢᠯ ᠢ ᠠᠮᠠᠷᠬᠠᠨ ᠳᠠᠭᠤᠰᠬᠠᠵᠤ᠂ ᠮᠠᠯᠴᠢᠳ ᠤᠨ ᠢᠶᠠᠨ ᠰᠡᠳᠬᠢᠯ ᠢ ᠤᠯᠤᠬᠰᠠᠠ᠃ ᠰᠤᠷᠪᠤᠯᠵᠢᠯᠠᠭᠴᠢ᠄ ᠲᠠ ᠭᠠᠴᠠᠭᠠᠨ ᠳᠠᠷᠤᠭ᠎ᠠ ᠪᠠᠶᠢᠬᠤ ᠳᠤ ᠪᠠᠨ ᠮᠠᠯᠵᠢᠬᠤ ᠦᠢᠯᠡᠳᠪᠦᠷᠢᠯᠡᠯ ᠤᠨ ᠲᠠᠯ᠎ᠠ ᠪᠠᠷ ᠪᠣᠳᠠᠲᠠᠢ ᠠᠵᠢᠯ ᠢ ᠭᠠᠷᠳᠠᠵᠤ ᠬᠢᠭᠰᠡᠨ ᠪᠣᠢ︖ ᠪᠥᠬᠡᠪᠠᠶᠠᠷ᠄ ᠪᠢ ᠶᠠᠭᠤᠨ ᠤ ᠲᠡᠷᠢᠭᠦᠨ ᠳᠤ ᠮᠠᠯᠴᠢᠳ ᠤᠨ ᠠᠮᠢᠳᠤᠷᠠᠯ ᠤᠨ ᠲᠥᠪᠰᠢᠨ ᠢ ᠲᠡᠭᠡᠭᠰᠢᠯᠡᠬᠦᠯᠬᠦ ᠶᠢ ᠠᠵᠢᠯ ᠤᠨ ᠭᠤᠤᠯᠳᠠᠯᠭ᠎ᠠ ᠪᠠᠨ ᠪᠤᠯᠭᠠᠵᠤ᠂ ᠮᠠᠯ ᠤᠨ ᠭᠠᠷᠤᠯᠳᠠ᠂ ᠠᠰᠢᠬ ᠰᠢᠮ᠎ᠡ ᠶᠢ ᠳᠡᠭᠡᠭᠰᠢᠯᠡᠬᠦᠯᠬᠦ ᠠᠴᠠ ᠭᠠᠷ ᠲᠥᠷᠦᠨ ᠶᠠᠭᠤᠨ ᠤ ᠲᠡᠷᠢᠬᠦᠨ ᠳᠤ ᠮᠠᠯ ᠤᠨ ᠡᠬᠦᠯᠳᠡᠷ ᠰᠠᠶᠢᠵᠢᠷᠠᠭᠤᠯᠵᠤ᠂ ᠨᠤᠤᠰᠤ ᠨᠤᠯᠤᠤᠷ ᠮᠠᠭᠤᠳᠠᠢ ᠮᠠᠯ ᠢ ᠰᠢᠢᠳᠪᠦᠷᠢᠯᠡᠡ᠂ ᠳᠠᠬᠢᠨ ᠪᠠᠶᠠᠨᠬᠠᠷ᠎ᠠ ᠭᠠᠴᠠᠭ᠎ᠠ᠂ ᠲᠡᠷᠡᠳᠤ ᠭᠠᠴᠠᠭ᠎ᠠ ᠵᠡᠷᠭᠡ ᠠᠴᠠ ᠰᠠᠶᠢᠨ ᠡᠬᠦᠯᠳᠡᠷ ᠤᠨ ᠮᠠᠯ ᠬᠤᠳᠠᠯᠳᠤᠨ ᠠᠪᠴᠤ ᠡᠷᠦᠭᠡ ᠪᠤᠯᠭᠠᠠ ᠳᠤ ᠲᠡᠩᠴᠡᠬᠦᠷᠢᠳᠠᠢ ᠬᠤᠪᠢᠶᠠᠵᠤ᠂ ᠬᠠᠮᠳᠤᠪᠠᠷ ᠪᠠᠶᠠᠵᠢᠨ ᠲᠡᠭᠵᠢᠷᠠᠬᠦ ᠠᠵᠢᠯ ᠢ ᠡᠷᠴᠢᠮᠳᠠᠢ ᠠᠳᠬᠤᠵᠤ᠂ ᠪᠠᠶᠠᠨ ᠶᠠᠳᠠᠭᠤ ᠶᠢᠨ ᠵᠥᠷᠢᠶ᠎ᠠ ᠭᠠᠷᠬᠤ ᠶᠢ ᠡᠬᠢᠨ ᠠᠴᠠ ᠨᠢ ᠰᠢᠢᠳᠪᠦᠷᠢᠯᠡᠵᠡᠢ᠃ ᠡᠳᠡᠭᠡᠷ ᠦᠷ᠎ᠡ ᠶᠢᠨ ᠮᠠᠯ ᠢ ᠬᠤᠳᠠ ᠪᠤᠯᠭᠠᠠ ᠳᠤ ᠳᠡᠩᠴᠡᠬᠦᠷᠢ ᠲᠠᠢ ᠬᠤᠪᠢᠶᠠᠵᠤ ᠠᠵᠢᠯᠯᠠᠭᠠᠳ ᠵᠠᠷᠢᠮ ᠳᠠᠭᠠᠨ 2 ᠰᠠᠷ᠎ᠠ ᠭᠠᠷᠤᠢ ᠬᠥᠳᠡᠭᠡ ᠬᠤᠨᠤᠬᠰᠠᠠ ᠶᠤᠮ᠃ ᠰᠤᠷᠪᠤᠯᠵᠢᠯᠠᠭᠴᠢ᠄ ᠲᠠ ᠥᠭᠡᠷ᠎ᠡ ᠭᠠᠴᠠᠭ᠎ᠠ ᠠᠴᠠ ᠣᠨᠴᠠᠯᠠᠭᠳᠠᠬᠤ ᠶᠠᠮᠠᠷ ᠶᠠᠮᠠᠷ ᠲᠠᠯ᠎ᠠ ᠶᠢᠨ ᠠᠮᠵᠢᠯᠲᠠ ᠭᠠᠷᠭᠠᠭᠰᠠᠨ ᠪᠣᠢ᠂ ᠡᠨᠡ ᠲᠠᠯ᠎ᠠ ᠪᠠᠷ ᠪᠢᠳᠠᠨ ᠳᠤ ᠬᠡᠯᠡᠵᠦ ᠥᠭᠭᠦᠨ᠎ᠡ ᠦᠦ︖ ᠪᠥᠬᠡᠪᠠᠶᠠᠷ᠄ 1983 ᠤᠨ ᠳᠤ ᠪᠢ ᠠᠩᠭᠢ ᠶᠢᠨ ᠮᠠᠯ ᠬᠥᠷᠥᠩᠭᠡ ᠶᠢ ᠬᠤᠷᠰᠢᠶᠠᠵᠢᠯ ᠤᠨ ᠥᠨ᠎ᠡ ᠪᠠᠷ ᠬᠤᠪᠢ ᠬᠥᠮᠦᠨ ᠳᠤ ᠥᠨᠠᠯᠠᠠ ᠳᠠᠭᠠᠭᠠᠴᠢᠯᠠᠭᠤᠯᠵᠤ᠂ 2.5%᠎ ᠶᠢᠨ ᠬᠥᠤ ᠮᠥᠡᠭᠬᠦ ᠪᠠᠷ ᠭᠠᠴᠠᠭᠠᠠ ᠤ ᠨᠡᠶᠢᠳᠡ ᠶᠢᠨ ᠬᠤᠷᠠᠮᠳᠤᠯᠭ᠎ᠠ ᠶᠢ ᠬᠤᠷᠠᠮᠳᠤᠭᠤᠯᠤᠨ᠂ ᠭᠡᠰᠢᠬᠦᠳ ᠤᠨ ᠥᠷᠢ ᠰᠢᠷᠢ ᠶᠢ ᠳᠠᠰᠤᠯᠤᠨ᠂ 1985 ᠤᠨ ᠪᠤᠯᠬᠤ ᠳᠤ ᠡᠷᠦᠭᠡ ᠪᠤᠯᠭᠠᠠ ᠬᠤᠷᠠᠮᠳᠤᠯᠭ᠎ᠠ ᠶᠢᠨ ᠮᠥᠡᠭᠬᠦ ᠲᠠᠢ ᠪᠤᠯᠤᠬᠰᠠᠠ ᠪᠠᠶᠢᠪᠠ᠃ ᠪᠢ ᠪᠠᠰᠠ ᠬᠥᠬᠡᠬᠤᠳᠠ ᠳᠤ ᠬᠦᠷᠴᠦ᠂ ᠳ᠋ᠦᠩ ᠯᠢ ᠰᠡᠯᠬᠢᠨ ᠬᠥᠴᠦᠨ ᠤ ᠴᠠᠬᠢᠯᠭᠠᠠ ᠭᠠᠷᠭᠠᠬᠤ ᠮᠠᠰᠢᠨ ᠤᠷᠤᠭᠤᠯᠤᠨ᠂ ᠬᠤᠪᠢ ᠡᠷᠦᠭᠡ ᠠᠴᠠ 20%᠎ ᠶᠢᠨ ᠮᠥᠡᠭᠬᠦ ᠬᠤᠷᠢᠶᠠᠵᠤ᠂ ᠭᠠᠴᠠᠭᠠᠨ ᠠᠴᠠ 80%᠎ ᠶᠢᠨ ᠵᠠᠷᠤᠳᠠᠯ ᠢ ᠬᠠᠷᠢᠭᠤᠴᠠᠬᠤ ᠠᠷᠭ᠎ᠠ ᠪᠠᠷ ᠡᠷᠦᠭᠡ ᠪᠥᠷᠢ ᠳᠤ ᠰᠠᠯᠬᠢᠨ ᠬᠥᠴᠤᠨ ᠢᠶᠠᠷ ᠴᠠᠬᠢᠯᠭᠠᠠ ᠭᠠᠷᠭᠠᠬᠤ ᠮᠠᠰᠢᠨ ᠬᠤᠪᠢᠶᠠᠭᠠᠳ ᠮᠠᠯᠴᠢᠳ ᠢᠶᠠᠨ ᠮᠸᠢᠢᠶ᠋ᠸᠤ ᠳ᠋ᠧᠩ ᠠᠴᠠ ᠠᠶᠠᠷᠯᠠᠭᠤᠯᠤᠨ᠂ ᠪᠥᠬᠦ ᠬᠤᠰᠢᠭᠤᠨ ᠳᠠᠭᠠᠨ ᠬᠠᠮᠤᠬ ᠤᠨ ᠡᠷᠳᠡ ᠬᠥᠳᠡᠭᠡ ᠨᠤᠳᠤᠭ ᠤᠨ ᠮᠠᠯᠴᠢᠳ ᠤᠨ ᠭᠡᠷᠡᠯᠳᠤᠬᠦᠯᠦᠯᠭᠡ ᠶᠢᠨ ᠠᠰᠠᠭᠤᠳᠠᠯ ᠢ ᠰᠢᠢᠳᠪᠦᠷᠢᠯᠡᠭᠰᠡᠡ ᠭᠠᠴᠠᠭ᠎ᠠ ᠶᠢ ᠪᠤᠢ ᠪᠤᠯᠭᠠᠬᠰᠠᠠ ᠶᠤᠮ᠃ ᠨᠠᠶᠠᠭᠠᠳ ᠤᠨ ᠤ ᠥᠶ᠎ᠠ ᠪᠠᠷ ᠤᠯᠠᠭᠠᠨᠴᠠᠪ ᠠᠶᠢᠮᠠᠭ ᠤᠨ ᠠᠷᠠᠯᠵᠢᠶᠠᠴᠢᠳ ᠲᠥᠬᠦᠮ ᠭᠠᠴᠠᠭᠠᠠ ᠤ ᠮᠠᠯᠴᠢᠳ ᠠᠴᠠ ᠲᠡᠮᠡᠭᠡ ᠮᠠᠯ ᠢ ᠨᠢ ᠬᠤᠳᠠᠯᠳᠤᠨ ᠠᠪᠳᠠᠬ ᠪᠠᠶᠢᠪᠠ᠃ ᠭᠡᠬᠦ ᠳᠤ ᠵᠤᠭᠤᠰ ᠮᠥᠡᠭᠬᠦ ᠪᠠᠨ ᠬᠦᠢᠴᠡᠳ ᠤᠯᠵᠤ ᠠᠪᠴᠤ ᠴᠢᠳᠠᠬᠤ ᠥᠬᠡᠢ ᠮᠠᠯᠴᠢᠳ ᠤᠯᠠᠰᠢᠷᠠᠨ ᠠᠮᠢᠳᠤᠷᠠᠯ ᠤᠢᠢᠯᠡᠳᠪᠦᠷᠢᠯᠡᠯ ᠨᠢ ᠬᠥᠴᠢᠷᠳᠡᠯ ᠳᠤ ᠤᠴᠠᠷᠠᠭᠰᠠᠨ ᠶᠤᠮ᠂ ᠡᠨᠡ ᠦᠶ᠎ᠡ ᠳᠤ ᠪᠢ ᠤᠯᠠᠭᠠᠨᠴᠠᠪ ᠲᠤ ᠬᠥᠷᠴᠤ᠂ ᠵᠤᠭᠤᠰ ᠮᠥᠡᠭᠬᠦ ᠪᠤᠶᠤ ᠡᠳ᠋ ᠪᠤᠳᠠᠰ ᠢᠶᠠᠷ ᠲᠠᠩᠰᠡᠯᠡᠠ᠂ ᠲᠤᠮᠤ ᠭᠡᠮᠵᠢᠶᠠᠨ ᠤ ᠮᠠᠯ ᠪᠥᠭᠡᠰᠤᠯᠡᠳᠡᠭ ᠮᠠᠰᠢᠨ᠂ ᠬᠢᠵᠢᠭ ᠢ ᠰᠡᠷᠭᠡᠶᠢᠯᠡᠬᠦ ᠡᠮ ᠵᠡᠷᠭᠡ ᠶᠢ ᠤᠷᠤᠯᠠᠭᠤᠯᠤᠨ ᠠᠪᠴᠢᠷᠠᠵᠤ᠂ ᠮᠠᠯᠴᠢᠳ ᠤᠨ ᠬᠤᠬᠢᠷᠠᠯ ᠰᠦᠢᠳᠭᠡᠯ 100%᠎ ᠪᠠᠷ ᠠᠪᠤᠷᠠᠨ ᠬᠠᠮᠠᠭᠠᠯᠠᠵᠤ ᠴᠢᠳᠠᠬᠰᠠᠠ ᠶᠤᠮ᠃ ᠮᠥᠨ 1992 ᠤᠨ ᠳᠤ ᠭᠠᠴᠠᠭᠠᠠ ᠤ ᠬᠤᠷᠢᠨ ᠵᠢᠯ ᠤᠨ ᠳᠡᠩᠰᠡ ᠶᠢ ᠴᠠᠭᠠᠳᠬᠠᠵᠤ᠂ ᠰᠤᠮᠤ ᠭᠠᠴᠠᠭᠠᠨ ᠤ ᠮᠠᠯᠴᠢᠳ ᠤᠨ ᠬᠤᠭᠤᠷᠤᠨᠳᠤᠬᠢ ᠥᠭᠬᠦᠯ ᠠᠪᠤᠯ ᠢ ᠰᠢᠯᠤᠭᠤᠳᠬᠠᠨ ᠥᠷᠢ ᠰᠢᠷᠢ ᠶᠢ ᠲᠠᠰᠤᠯᠬᠤ ᠠᠵᠢᠯ ᠢ ᠢᠳᠡᠪᠬᠢᠳᠠᠢ ᠬᠢᠭᠰᠡᠡ ᠤ ᠬᠠᠮᠳᠤ ᠭᠠᠴᠠᠭ᠎ᠠ ᠨᠡᠶᠢᠳᠡ ᠶᠢᠨ ᠬᠥᠷᠦᠩᠭᠡ ᠶᠢ ᠲᠠᠰᠤᠷᠠᠯᠳᠠ ᠥᠬᠡᠢ ᠪᠤᠵᠠᠭᠠᠢᠢᠷᠠᠭᠤᠯᠤᠨ᠂ ᠪᠥᠬᠦ ᠭᠠᠴᠠᠭᠠᠠ ᠤ ᠪᠠᠨ 16 ᠨᠠᠰᠤᠨ ᠠᠴᠠ ᠳᠡᠭᠡᠭᠰᠢᠬᠢ ᠭᠡᠰᠢᠬᠦᠨ ᠢ ᠰᠢᠨ᠎ᠡ ᠭᠡᠯᠪᠡᠷᠢ ᠶᠢᠨ ᠨᠠᠰᠤᠵᠢᠯ ᠤᠨ ᠳᠠᠭᠠᠳᠬᠠᠯ ᠳᠤ 100%᠎ ᠪᠠᠷ ᠤᠷᠤᠭᠤᠯᠤᠬᠰᠠᠠ ᠪᠠᠶᠢᠨ᠎ᠠ᠃ ᠮᠠᠨ ᠤ ᠭᠠᠴᠠᠭᠠᠨ ᠤ ᠡᠳᠡᠭᠡᠷ ᠠᠷᠭ᠎ᠠ ᠠᠪᠴᠠᠯ ᠨᠢ ᠲᠤᠬᠠᠢ ᠶᠢᠨ ᠦᠶ᠎ᠡ ᠶᠢᠨ ᠬᠤᠰᠢᠭᠤ ᠰᠤᠮᠤ ᠳᠠᠭᠠᠨ ᠨᠡᠷ᠎ᠡ ᠮᠠᠨᠳᠤᠵᠤ᠂ 1994 ᠤᠨ ᠳᠤ ᠰᠤᠮᠤᠨ ᠤ ᠨᠠᠮ ᠤᠨ ᠬᠤᠷᠢᠶᠠᠨ ᠤ ᠨᠠᠶᠢᠳᠠᠯᠭ᠎ᠠ ᠪᠠᠷ ᠨᠠᠮᠠᠶᠢ ᠬᠠᠷᠢᠴᠠᠩᠭᠤᠢ ᠬᠤᠴᠤᠷᠤᠩᠭᠤᠢ ᠭᠠᠴᠠᠭ᠎ᠠ ᠪᠣᠯᠬᠤ ᠰᠢᠨ᠋ᠬᠤᠰᠤ ᠭᠠᠴᠠᠭᠠᠠ ᠳᠤ ᠨᠠᠮ ᠤᠨ ᠡᠬᠦᠷ ᠤᠨ ᠱᠥᠵᠢ ᠪᠠᠷ ᠲᠤᠮᠢᠯᠠᠬᠳᠠᠠ᠂ ᠤᠬᠤᠷᠬᠠᠠ ᠭᠤᠷᠪᠠᠨ ᠵᠢᠯ ᠤᠨ ᠬᠤᠭᠤᠴᠠᠭᠠᠠ ᠳᠤ ᠪᠢ ᠭᠠᠴᠠᠭᠠᠨ ᠤ ᠤᠯᠤᠰ ᠤᠨ ᠭᠠᠶᠢᠯᠢ ᠶᠢᠨ ᠬᠤᠷᠢᠶᠠᠯᠳᠠ ᠶᠢ 100%᠎ ᠪᠠᠷ ᠪᠠᠶᠠᠯᠡᠬᠦᠯᠵᠤ᠂ ᠨᠠᠮ ᠤᠨ ᠭᠡᠰᠢᠬᠦᠨ ᠶᠠᠳᠠᠭᠤ ᠡᠷᠦᠭᠡ ᠶᠢ ᠳᠠᠭᠠᠭᠠᠴᠢᠯᠠᠠ ᠳᠡᠳᠬᠦᠬᠦ ᠠᠷᠭ᠎ᠠ ᠪᠠᠷ ᠪᠥᠬᠦ ᠭᠠᠴᠠᠭᠠᠨ ᠤ ᠲᠤᠤᠷ᠎ᠠ ᠪᠠᠳᠤᠯᠭᠠᠳᠤ ᠡᠷᠦᠭᠡ ᠶᠢᠨ ᠠᠵᠤ ᠠᠮᠢᠳᠤᠷᠠᠯ ᠢ ᠰᠢᠨ᠎ᠡ ᠨᠢᠭᠡᠨ ᠳᠡᠭᠳᠡᠷ ᠲᠤ ᠬᠥᠷᠭᠡᠵᠤ᠂ ᠪᠥᠬᠦ ᠭᠠᠴᠠᠭᠠᠠ ᠤ ᠲᠥᠷᠢ ᠲᠥᠷᠬᠦ ᠶᠢ ᠥᠭᠡᠷᠡᠴᠢᠯᠡᠡ ᠰᠢᠨᠡᠴᠢᠯᠡᠵᠤ ᠴᠢᠳᠠᠬᠰᠠᠠ ᠪᠠᠶᠢᠨ᠎ᠠ᠃ ᠪᠢ ᠪᠠᠰᠠ ᠬᠤᠪᠢ ᠪᠠᠷ ᠢᠶᠠᠨ ᠨᠢᠭᠡ ᠡᠷᠦᠭᠡ ᠶᠢ ᠳᠠᠭᠠᠭᠠᠴᠢᠯᠠᠠ᠂ ᠪᠤᠷᠳᠤᠭ᠎ᠠ᠂ ᠬᠥᠨᠡᠰᠤ᠂ ᠨᠡᠬᠦᠷᠡᠰᠤ ᠠᠴᠠ ᠡᠬᠢᠯᠡᠡ ᠠᠮᠢᠳᠤᠷᠠᠯ ᠤᠢᠢᠯᠡᠳᠪᠦᠷᠢᠯᠡᠯ ᠤᠨ ᠭᠡᠷᠡᠭᠰᠡᠯ ᠢᠶᠠᠷ ᠲᠤᠰᠠᠯᠠᠳᠠᠬ ᠮᠥᠷᠳᠡᠭᠡᠨ ᠬᠤᠳᠳᠤᠬ ᠮᠠᠯᠳᠠᠨ ᠥᠭᠴᠤ᠂ 86 ᠲᠡᠭᠰᠢ ᠲᠥᠷᠪᠡᠯᠵᠢᠨ ᠮᠧᠲᠷ ᠸᠠᠭᠠᠷ ᠲᠤᠭᠤᠰᠬᠠᠠ ᠪᠠᠶᠢᠰᠢᠩ ᠪᠠᠷᠢᠵᠤ ᠥᠭᠬᠦᠭᠰᠡᠡ ᠶᠤᠮ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号