| | ᠵᠡᠭᠦᠨᠭᠠᠷ ᠪᠤᠶᠠᠨᠪᠠᠲᠤ | ᠬᠠᠷᠢ ᠭᠠᠳᠠᠭᠠᠳᠤ ᠪᠠᠷ ᠠᠵᠢᠯᠯᠠᠵᠤ ᠠᠮᠢᠳᠤᠷᠠᠵᠤ᠂ ᠲᠡᠨᠥᠵᠥ ᠲᠡᠨᠴᠢᠭᠦᠷᠡᠵᠥ ᠶᠪᠤᠭᠠ | ᠮᠤᠩᠭᠤᠯᠴᠤᠳ ᠤᠨ ᠢᠶᠠᠨ ᠵᠥᠭ ᠪᠢ ᠡᠶᠢᠨᠬᠦ ᠬᠠᠰᠭᠢᠷᠴᠤ ᠪᠠᠶᠢᠨ᠎ᠠ᠃ ︽ᠬᠠᠷᠢ | ᠶᠢᠨ ᠲᠤᠷᠭᠠᠨ ᠠᠴᠠ ᠨᠤᠳᠤᠭ ᠤᠨ ᠰᠢᠷᠤᠢ ᠵᠥᠭᠡᠯᠡᠨ ᠰᠢᠤ︕︾ ᠁ ᠰᠤᠨᠤᠰᠤᠮᠤ︕ | ᠬᠠᠷᠢ ᠳᠤ ᠶᠠᠪᠤᠭ᠎ᠠ ᠲᠠᠨᠠᠷ ᠤᠨ ᠬᠤᠶᠢᠨ᠎ᠠ ᠠᠴᠠ | ᠬᠠᠷᠠᠩᠭᠤᠢ ᠰᠥᠨᠢ ᠪᠠᠷ ᠨᠢᠭᠤᠵᠤ ᠤᠨᠠᠭᠠᠭᠰᠠᠨ | ᠬᠠᠶᠢᠷᠠᠳᠤ ᠡᠵᠢ ᠶᠢᠨ ᠴᠢᠨᠢ ᠮᠥᠷᠥᠭᠡᠳᠥᠯ ᠤᠨ ᠨᠢᠯᠪᠤᠰᠤ | ᠲᠡᠷᠡ ᠶᠢᠨ ᠠᠯᠴᠢᠭᠤᠷ᠂ ᠲᠡᠨᠵᠢ ᠶᠢᠨ ᠡᠪᠡᠰᠤᠨ ᠠᠴᠠ | ᠡᠭᠰᠢᠵᠥ ᠥᠭᠭᠦ ᠥᠭᠡᠢ ᠶᠢ ᠰᠠᠨᠠᠵᠤ | ᠥᠳᠡᠰᠢ ᠶᠢᠨ ᠤᠳᠤᠨ ᠤ ᠭᠡᠷᠡᠯ ᠬᠠᠷᠪᠤᠵᠤ ᠭᠥᠷᠭᠦ ᠥᠭᠡᠢ ᠭᠠᠵᠠᠷ ᠠᠴᠠ | ᠤᠭᠢᠯᠠᠭᠠᠳ ᠥᠳᠡᠭᠰᠡᠨ ᠭᠥᠥ ᠪᠠᠨ ᠥᠨᠥᠰᠥᠭᠡᠳ ᠲᠤᠰᠬᠤ ᠶᠢ ᠨᠢ ᠪᠤᠳᠤᠵᠤ | ᠡᠷᠭᠢᠭᠡᠳ ᠢᠷ᠎ᠡ︕ ᠡᠭᠡ ᠤᠷᠤᠨ ᠳᠠᠭᠠᠨ ᠲᠠᠨᠠᠷ ᠮᠢᠨᠢ︕ | ᠬᠠᠷᠢᠭᠠᠳ ᠢᠷ᠎ᠡ︕ ᠬᠠᠶᠢᠷᠠᠳᠤ ᠡᠵᠢ ᠳᠡᠭᠡᠨ ᠲᠠᠨᠠᠷ ᠮᠢᠨᠢ︕ | ᠲᠡᠷᠲᠡᠭᠡ ᠮᠠᠨᠠᠨᠳᠤ ᠠᠭᠤᠯᠠᠰ ᠢ | ᠰᠡᠳᠡᠷᠡᠳᠡᠯᠡ ᠨᠢ ᠬᠠᠷᠠᠯ᠎ᠠ᠂ ᠡᠵᠢ ᠴᠢᠨᠢ | ᠲᠡᠭᠷᠢ ᠶᠢᠨ ᠬᠠᠶᠠᠭᠠᠨ ᠤ ᠡᠭᠦᠯᠡᠰ ᠢ | ᠰᠡᠮᠡᠷᠡᠳᠡᠯᠡ ᠨᠢ ᠰᠠᠨᠠᠯ᠎ᠠ᠂ ᠠᠪᠤ ᠴᠢᠨᠢ | ᠵᠡᠷᠭᠡᠯᠭᠡᠨ ᠳᠤ ᠭᠥᠯᠯᠡᠭᠰᠡᠨ ᠪᠤᠳᠠ ᠶᠢ | ᠡ᠊ᠨᠳᠡᠭᠦᠷᠡᠵᠥ ᠲᠣᠰᠣᠯ᠎ᠠ᠂ ᠡᠮᠧ ᠴᠢᠨᠢ | ᠵᠢᠷᠤᠬᠠᠢ ᠮᠡᠷᠭᠡᠨ ᠱᠠᠭᠠᠢ ᠳᠤ | ᠮᠡᠭᠡᠯᠡᠭᠦᠯᠵᠥ ᠪᠠᠶᠠᠷᠯᠠᠯ᠎ᠠ᠂ ᠥᠪᠤᠸ᠋ ᠴᠢᠨᠢ | ᠡᠨᠡ ᠪᠥᠭᠦᠨ ᠢ ᠪᠤᠳᠤᠭᠠᠳ ᠴᠦ ᠭᠡᠰᠡᠨ | ᠡᠷᠭᠢᠭᠡᠳ ᠢᠷ᠎ᠡ︕ ᠲᠠᠨᠠᠷ ᠮᠢᠨᠢ︕ | ᠲᠡᠷᠡ ᠪᠥᠭᠦᠨ ᠢ ᠥᠷᠥᠪᠳᠥᠭᠡᠳ ᠴᠦ ᠭᠡᠰᠡᠨ | ᠲᠡᠭᠡᠰᠭᠢᠭᠡᠳ ᠢᠷ᠎ᠡ︕ ᠲᠠᠨᠠᠷ ᠮᠢᠨᠢ︕ | ᠲᠠᠨᠠᠷ ᠢᠶᠠᠷ ᠲᠤᠳᠠᠳᠠᠭ ᠪᠤᠯᠬᠤᠷ | ᠭᠡᠭᠡᠯᠵᠡᠭᠦᠷ ᠰᠠᠷᠠᠨ ᠲᠡᠷᠭᠡᠯᠰᠢᠵᠥ ᠥᠭᠭᠦ ᠥᠭᠡᠢ ᠶᠤᠮ ᠳ᠋ᠠ | ᠲᠠᠨᠠᠷ ᠢᠶᠠᠷ ᠡᠵᠡᠭᠦᠶᠢᠷᠡᠳᠡᠭ ᠪᠤᠯᠬᠤᠷ | ᠭᠡᠷ ᠤᠨ ᠵᠢᠪᠠᠷ ᠠᠷᠢᠯᠵᠤ ᠥᠭᠭᠦ ᠥᠭᠡᠢ ᠶᠤᠮ ᠳ᠋ᠠ | ᠲᠠᠨᠠᠷ ᠢᠶᠠᠨ ᠥᠭᠡᠶᠢᠯᠡᠳᠡᠭ ᠪᠤᠯᠬᠤᠷ | ᠠᠭᠤᠯᠠ ᠶᠢᠨ ᠵᠢᠮᠢᠰ ᠪᠤᠯᠪᠠᠰᠤᠷᠠᠵᠤ ᠥᠭᠭᠦ ᠥᠭᠡᠢ ᠶᠤᠮ ᠳ᠋ᠠ | ᠲᠠᠨᠠᠷ ᠢᠶᠠᠨ ᠮᠥᠷᠥᠭᠡᠳᠥᠳᠡᠭ ᠪᠤᠯᠬᠤᠷ | ᠤᠰᠤᠨ ᠤ ᠰᠢᠪᠠᠭᠤᠳ ᠲᠠᠭᠤᠯᠠᠵᠤ ᠥᠭᠭᠦ ᠥᠭᠡᠢ ᠶᠣᠮ ᠳ᠋ᠠ | ᠡᠷᠭᠢᠭᠡᠳ ᠢᠷ᠎ᠡ︕ ᠭᠠᠭᠴᠠ ᠡᠵᠢ ᠶᠢ ᠪᠠᠨ ᠪᠠᠶᠠᠷᠯᠠᠭᠤᠯᠤᠭᠠᠳ ᠁ ᠲᠠᠨᠠᠷ ᠮᠢᠨᠢ | ᠬᠠᠷᠢᠭᠠᠳ ᠢᠷ᠎ᠡ︕ ᠭᠠᠶᠢᠬᠠᠮᠰᠢᠭᠳᠤ ᠨᠤᠳᠤᠭ ᠢᠶᠠᠨ ᠲᠥᠭᠦᠷᠭᠡᠭᠡᠳ ᠁ ᠲᠠᠨᠠᠷ ᠮᠢᠨᠢ | ᠠᠷᠪᠠᠨ ᠬᠤᠷᠤᠭᠤᠨ ᠤ ᠰᠠᠯᠠᠭ᠎ᠠ ᠪᠠᠷ | ᠠᠰᠬᠠᠷᠠᠵᠤ ᠪᠠᠶᠢᠭᠰᠠᠨ ᠡᠯᠡᠰᠤ ᠴᠢᠨᠢ | ᠲᠤᠭ᠎ᠠ ᠶᠤᠰᠤᠭᠠᠷ ᠢᠶᠠᠨ ᠪᠠᠶᠢᠨ᠎ᠠ | ᠲᠤᠷᠤᠮᠤᠨ ᠰᠢᠷᠭᠠᠯ ᠲᠤᠯᠤᠭᠤᠳ ᠢᠶᠠᠷ | ᠲᠤᠭᠯᠠᠵᠤ ᠥᠰᠥᠭᠰᠡᠨ ᠴᠢᠯᠠᠭᠤ ᠴᠢᠨᠢ | ᠪᠥᠯᠢᠶᠡᠨ ᠭᠡᠪ ᠢᠶᠠᠷ ᠢᠶᠠᠨ ᠪᠠᠶᠢᠨ᠎ᠠ | ᠲᠡᠤᠯᠠᠢ ᠴᠠᠪᠢᠳᠠᠷ ᠰᠢᠯᠢ ᠪᠠᠷ | ᠲᠤᠭ ᠰᠢᠷᠡᠭᠡ ᠠᠳᠠ ᠴᠢᠨᠢ | ᠤᠩᠭᠤᠨ ᠶᠠᠩᠵᠤ ᠪᠠᠷ ᠢᠶᠠᠨ ᠪᠠᠶᠢᠨ᠎ᠠ | ᠡᠷᠭᠢᠭᠡᠳ ᠢᠷ᠎ᠡ︕ ᠭᠤᠪᠢ ᠶᠢᠨ ᠭᠡᠥᠭᠡᠳ ᠤᠳ ᠲᠠᠨᠠᠷ ᠮᠢᠨᠢ︕ | ᠬᠠᠷᠢᠭᠠᠳ ᠢᠷ᠎ᠡ︕ ᠬᠠᠩᠭᠠᠢ ᠶᠢᠨ ᠥᠷᠡᠰ ᠲᠠᠨᠠᠷ ᠮᠢᠨᠢ︕ | ᠭᠥᠮᠥᠨ ᠤ ᠨᠤᠳᠤᠭ ᠤᠨ ᠠᠰᠠᠷ ᠲᠡᠭᠷᠢ ᠴᠥᠮᠥᠯᠡᠨ ᠪᠠᠶᠢᠯ᠎ᠠ ᠴᠦ | ᠤᠷᠴᠢᠯᠠᠩ ᠪᠥᠭᠦᠨ ᠢᠶᠠᠷ ᠢᠶᠠᠨ ᠪᠠᠭᠳᠠᠭᠰᠠᠨ ᠮᠤᠩᠭᠤᠯ ᠭᠡᠷ ᠢ ᠮᠢᠨᠢ ᠶᠠᠭᠠᠭᠢᠵᠤ ᠭᠥᠷᠭᠦ ᠶᠤᠮ ᠪᠤᠢ | ᠭᠥᠮᠥᠨ ᠤ ᠨᠤᠳᠤᠭ ᠤᠨ ᠭᠡᠥᠭᠡᠨᠴᠤᠤᠯ ᠵᠢᠷᠥᠭᠡ ᠰᠤᠭᠤᠯᠤᠮᠠ ᠪᠠᠶᠢᠯ᠎ᠠ ᠴᠦ | ᠤᠩᠭᠤᠨ ᠬᠠᠶᠢᠷ᠎ᠠ ᠪᠠᠳᠠᠷᠠᠭᠠᠭᠰᠠᠨ ᠮᠤᠩᠭᠤᠯ ᠭᠡᠥᠭᠡᠨᠴᠤᠤᠯ ᠢ ᠶᠠᠭᠠᠭᠢᠵᠤ ᠭᠥᠷᠭᠦ ᠶᠤᠮ ᠪᠤᠢ | ᠭᠥᠮᠥᠨ ᠤ ᠨᠤᠳᠤᠭ ᠤᠨ ᠪᠤᠷᠤᠭᠠᠨ ᠠᠰᠬᠠᠷᠠᠭᠠᠨ ᠴᠢᠳᠬᠤᠯᠠᠭᠠᠨ ᠪᠠᠶᠢᠯ᠎ᠠ ᠴᠦ | ᠡᠪᠡᠰᠤᠨ ᠤ ᠰᠤᠷ ᠲᠡᠭᠡᠷ᠎ᠡ ᠮᠢᠰᠢᠶᠡᠭᠰᠡᠨ ᠲᠡᠭᠷᠢ ᠶᠢᠨ ᠨᠢᠯᠪᠤᠰᠤ ᠶᠢ ᠶᠠᠭᠠᠭᠢᠵᠤ ᠭᠥᠷᠭᠦ ᠶᠤᠮ ᠪᠤᠢ | ᠭᠥᠮᠥᠨ ᠤ ᠨᠤᠳᠤᠭ ᠤᠨ ᠮᠥᠩᠭᠦ ᠬᠠᠷᠭᠢᠨ ᠱᠠᠷᠭᠢᠨ ᠪᠠᠶᠢᠯ᠎ᠠ ᠴᠦ | ᠪᠢᠯᠢᠭᠦᠨ ᠰᠠᠯᠭᠢ ᠢᠷᠯᠡᠭᠰᠡᠨ ᠠᠯᠠᠭ ᠴᠢᠯᠠᠭᠤᠳ ᠢ ᠮᠢᠨᠢ ᠶᠠᠭᠠᠭᠢᠵᠤ ᠭᠥᠷᠭᠦ ᠶᠤᠮ ᠪᠤᠢ | ᠡᠷᠭᠢᠭᠡᠳ ᠢᠷ᠎ᠡ ᠡ︕ ᠡᠷᠭᠡ ᠴᠢᠯᠥᠭᠡᠨ ᠤ ᠤᠷᠤᠨ ᠳᠠᠭᠠᠨ | ᠬᠠᠷᠢᠭᠠᠳ ᠢᠷ᠎ᠡ ᠡ︕ ᠬᠠᠩᠭᠢᠷ ᠵᠢᠩᠭᠢᠷ ᠲᠡᠥᠭᠡᠨ ᠳᠡᠭᠡᠨ | ᠵᠠᠬ᠎ᠠ ᠥᠭᠡᠢ ᠴᠡᠩᠭᠡᠷ ᠲᠠᠯ᠎ᠠ ᠳᠤ | ᠰᠠᠯᠭᠢ ᠰᠢᠭ᠋ ᠥᠰᠥᠭᠰᠡᠨ ᠭᠡᠥᠭᠡᠳ ᠤᠳ | ᠭᠡᠯᠡᠭᠰᠡᠨ ᠥᠭᠡ ᠨᠢ ᠴᠢᠭᠢᠯᠳᠥᠭᠰᠡᠨ | ᠭᠤᠳᠤᠮᠵᠢᠨ ᠳᠤ ᠬᠤᠷᠭᠤᠳᠠᠭᠠᠳ ᠶᠠᠭᠠᠭᠢᠬᠤ ᠶᠤᠮ ᠪᠤᠢ | ᠵᠠᠳᠠᠭᠠᠢ ᠴᠠᠭᠠᠨ ᠰᠠᠯᠭᠢ ᠶᠢ | ᠠᠶᠢᠷᠠᠭ ᠰᠢᠭ᠋ ᠤᠤᠭᠤᠭᠰᠠᠨ ᠬᠠᠷᠠᠴᠤᠤᠯ ᠤᠳ | ᠭᠥᠨᠡᠶᠢᠷᠭᠡᠭᠰᠡᠨ ᠭᠥᠢᠳᠡᠨ ᠬᠠᠷᠠᠴᠠ ᠶᠢ | ᠵᠠᠯᠭᠢᠯᠠᠵᠤ ᠠᠮᠢᠳᠤᠷᠠᠭᠠᠳ ᠶᠠᠭᠠᠭᠢᠬᠤ ᠶᠤᠮ ᠪᠤᠢ | ᠲᠡᠪᠡᠯ ᠲᠠᠢ ᠲᠡᠭᠡᠳᠤᠰ ᠤᠨ ᠮᠢᠨᠢ ᠥᠯᠡᠳᠡᠭᠡᠭᠰᠡᠨ | ᠲᠡᠯᠡᠭᠡᠢ ᠳᠤ ᠭᠠᠭᠴᠠᠬᠠᠨ ᠨᠤᠳᠤᠭ ᠢᠶᠠᠨ | ᠭᠤᠯᠤᠭᠠᠳ ᠬᠠᠮᠢᠭᠠᠰᠢ ᠪᠠᠨ ᠶᠠᠪᠤᠬᠤ ᠶᠤᠮ ᠪᠤᠢ | ᠴᠢᠩᠭᠢᠰ ᠤᠨ ᠠᠳᠤᠭᠤᠨ ᠤ ᠮᠥᠷ ᠢᠶᠠᠷ | ᠴᠡᠴᠡᠭ ᠬᠤᠶᠢᠯᠠᠷᠠᠭᠰᠠᠨ ᠨᠤᠳᠤᠭ ᠲᠠᠭᠠᠨ | ᠡᠵᠡᠨ ᠨᠢ ᠪᠤᠯᠬᠤ ᠥᠭᠡᠢ ᠶᠠᠭᠠᠭᠢᠭᠰᠠᠨ ᠶᠤᠮ ᠪᠤᠢ | ᠡᠷᠭᠢᠭᠡᠳ ᠢᠷ᠎ᠡ︕ ᠲᠠᠨᠠᠷ ᠮᠢᠨᠢ | ᠥᠭᠡᠯᠥᠨ ᠡᠵᠢ ᠶᠢᠨ ᠥᠭᠢᠳ ᠤᠳ ᠡ︕ | ᠬᠠᠷᠢᠭᠠᠳ ᠢᠷ᠎ᠡ︕ ᠲᠠᠨᠠᠷ ᠮᠢᠨᠢ | ᠬᠠᠭᠠᠨ ᠤᠳᠤᠮ ᠤᠨ ᠭᠥᠪᠡᠭᠦᠳ ᠡ︕ | ᠲᠤᠭᠰᠢᠨ ᠲᠠᠯᠠᠢ ᠶᠢᠨ ᠡᠷᠭᠢ ᠲᠡᠭᠡᠷ᠎ᠡ | ᠲᠠᠭᠤᠯᠠᠭᠰᠠᠨ ᠲᠠᠭᠤᠤ ᠴᠢᠨᠢ ᠵᠢᠩᠳᠡᠵᠥ ᠮᠡᠳᠡᠨ᠎ᠡ | ᠲᠤᠷᠭᠢᠯᠤᠭᠰᠠᠨ ᠨᠥᠰᠡᠷ ᠠᠪᠢᠶᠠᠨ ᠲᠤᠮᠳᠠ | ᠲᠤᠯᠤᠭᠠᠨ ᠡᠭᠡᠰᠢᠭ ᠴᠢᠨᠢ ᠰᠤᠯᠤᠭᠠᠶᠢᠷᠠᠵᠤ ᠮᠡᠳᠡᠨ᠎ᠡ | ᠲᠤᠷᠪᠢᠯᠢᠭ ᠭᠥᠭᠵᠢᠯ ᠤᠨ ᠰᠢᠭᠤᠷᠭᠠᠨ ᠳᠤ | ᠲᠤᠷᠤᠨ᠎ᠠ ᠶᠢᠨ ᠮᠥᠷᠥᠭᠡᠳᠥᠯ ᠴᠢᠨᠢ ᠰᠥᠭᠦᠷᠡᠵᠥ ᠮᠡᠳᠡᠨ᠎ᠡ | ᠲᠤᠩᠳᠠᠭᠰᠠᠨ ᠰᠢᠨᠤᠯ ᠤᠨ ᠠᠮᠢᠰᠬᠤᠯ ᠳᠤ | ᠲᠤᠮᠤᠭᠳᠤ ᠴᠢᠰᠤ ᠴᠢᠨᠢ ᠭᠭᠢᠷᠳᠥᠵᠥ ᠮᠡᠳᠡᠨ᠎ᠡ | ᠡᠷᠭᠢᠭᠡᠳ ᠢᠷ᠎ᠡ︕ ᠭᠡᠯᠡ ᠳᠤ ᠤᠷᠤᠭᠰᠠᠨ ᠭᠡᠷ ᠲᠡᠭᠡᠨ | ᠲᠠᠨᠠᠷ ᠮᠢᠨᠢ | ᠬᠠᠷᠢᠭᠠᠳ ᠢᠷ᠎ᠡ︕ ᠭᠥᠯ ᠳᠤ ᠤᠷᠤᠭᠰᠠᠨ ᠭᠠᠵᠠᠷ ᠲᠠᠭᠠᠨ | ᠲᠠᠨᠠᠷ ᠮᠢᠨᠢ | ᠤᠤᠯᠭᠠᠮᠳᠠᠬᠤ ᠳᠠᠭᠠᠨ ᠬᠠᠰᠭᠢᠷᠤᠭᠰᠠᠨ ᠲᠠᠭᠤᠤ ᠶᠢ ᠴᠢᠨᠢ ᠭᠥᠷᠳᠡᠯ᠎ᠡ | ᠪᠠᠭᠳᠠᠭᠠᠬᠤ ᠭᠠᠵᠠᠷ ᠪᠠᠶᠢᠬᠤ ᠥᠭᠡᠢ | ᠤᠶᠠᠷᠠᠬᠤ ᠳᠠᠭᠠᠨ ᠤᠨᠠᠭᠠᠭᠰᠠᠨ ᠨᠢᠯᠪᠤᠰᠤ ᠶᠢ ᠴᠢᠨᠢ | ᠲᠤᠰᠤᠬᠤ ᠰᠠᠯᠭᠢ ᠴᠦ ᠪᠠᠶᠢᠬᠤ ᠥᠭᠡᠢ | ᠠᠭᠤᠵᠢᠷᠠᠳᠠᠯ᠎ᠠ ᠪᠠᠨ ᠨᠢᠭᠡ ᠲᠠᠭᠤᠯᠠᠶ᠎ᠠ ᠭᠡᠭᠦ ᠳᠤ | ᠰᠤᠨᠤᠰᠬᠤ ᠰᠢᠪᠠᠭᠤ ᠴᠦ ᠪᠠᠶᠢᠬᠤ ᠥᠭᠡᠢ | ᠥᠭᠦᠭᠰᠡᠨ ᠬᠤᠶᠢᠨ᠎ᠠ ᠪᠠᠨ ᠰᠥᠨᠡᠰᠥ ᠪᠠᠨ ᠵᠠᠯᠠᠬᠤ | ᠲᠡᠭᠷᠢ ᠶᠢᠨ ᠵᠠᠢ ᠴᠦ ᠤᠯᠳᠠᠬᠤ ᠥᠭᠡᠢ ᠡ | ᠭᠥᠷᠥᠭᠡᠳ ᠢᠷ᠎ᠡ︕ ᠭᠥᠮᠥᠨ ᠤ ᠭᠠᠵᠠᠷ ᠲᠡᠨᠥᠭᠰᠡᠨ | ᠲᠠᠨᠠᠷ ᠮᠢᠨᠢ︕ | ᠬᠠᠷᠢᠭᠠᠳ ᠢᠷ᠎ᠡ︕ ᠬᠠᠷᠢ ᠨᠤᠳᠤᠭ ᠲᠤ ᠵᠤᠪᠠᠭᠰᠠᠨ | ᠲᠠᠨᠠᠷ ᠮᠢᠨᠢ︕ | ᠴᠡᠴᠡᠭ ᠠᠴᠠ ᠴᠡᠴᠡᠭ ᠲᠠᠮᠵᠢᠨ ᠬᠠᠳᠠᠷᠢᠵᠤ ᠢᠷᠡᠭᠰᠡᠨ | ᠪᠥᠯᠢᠶᠡᠨ ᠵᠢᠪᠠᠷ ᠥᠨᠥᠰᠭᠦ ᠭᠡᠮᠡᠨ ᠭᠥᠯᠢᠶᠡᠵᠤ ᠪᠠᠶᠢᠨ᠎ᠠ | ᠴᠡᠪᠡᠷᠭᠡᠨ ᠥᠭᠢᠳ ᠤᠨ ᠠᠨᠢᠰᠬᠠᠨ ᠳᠤ ᠭᠢᠷᠤᠭᠰᠠᠨ ᠤᠳᠤᠳ | ᠭᠡᠷᠡᠯ ᠢᠶᠠᠨ ᠲᠡᠪᠢᠰᠤᠨ ᠭᠥᠯᠢᠶᠡᠵᠥ ᠪᠠᠶᠢᠨ᠎ᠠ | ᠴᠡᠭᠡᠨ ᠨᠠᠭᠤᠷ ᠤᠨ ᠮᠠᠨᠳᠠᠯ ᠠᠴᠠ ᠵᠡᠯ᠎ᠡ ᠲᠠᠳᠠᠭᠰᠠᠨ ᠰᠢᠪᠠᠭᠤᠳ | ᠲᠠᠭᠤᠤ ᠪᠠᠨ ᠬᠠᠭᠰᠠᠭᠠᠨ ᠭᠥᠯᠢᠶᠡᠵᠥ ᠪᠠᠶᠢᠨ᠎ᠠ | ᠴᠡᠮᠴᠡᠭᠡᠷ ᠠᠶᠢᠯ ᠤᠨ ᠬᠠᠶᠠᠭᠠᠨ ᠠᠴᠠ ᠬᠠᠩᠬᠤ ᠲᠠᠳᠠᠭᠰᠠᠨ ᠠᠶᠢᠷᠠᠭ | ᠪᠥᠰᠡᠯᠡᠭᠦᠷ ᠢᠶᠠᠨ ᠲᠡᠶᠢᠷᠥᠨ ᠭᠥᠯᠢᠶᠡᠵᠥ ᠪᠠᠶᠢᠨ᠎ᠠ | ᠭᠥᠭᠡ ᠲᠡᠭᠷᠢ ᠶᠢᠨ ᠥᠷ᠎ᠡ ᠰᠠᠳᠤᠨ ᠨᠤᠭᠤᠳ ᠡ | ᠭᠥᠷᠥᠭᠡᠳ ᠢᠷ᠎ᠡ︕ ᠲᠠᠨᠠᠷ ᠮᠢᠨᠢ | ᠪᠤᠷᠬᠠᠨ ᠮᠤᠩᠭᠤᠯ ᠤᠨ ᠤᠳᠤ ᠰᠠᠷᠠᠨ ᠨᠤᠭᠤᠳ ᠡ | ᠪᠤᠴᠠᠭᠠᠳ ᠢᠷ᠎ᠡ︕ ᠲᠠᠨᠠᠷ ᠮᠢᠨᠢ | ᠲᠤᠷᠭᠠᠨ ᠬᠠᠶᠠᠭ᠎ᠠ ᠪᠠᠨ ᠠᠭᠤᠯᠠᠰ ᠢᠶᠠᠷ ᠢᠶᠠᠨ ᠮᠠᠨᠠᠭᠤᠯᠳᠠᠭ | ᠪᠤᠮᠪᠠ ᠶᠢᠨ ᠤᠷᠤᠨ ᠲᠠᠢ ᠪᠢᠯᠡ ᠡ︕ ᠪᠢᠳᠠ | ᠲᠡᠭᠷᠢ ᠶᠢᠨ ᠬᠠᠶᠠᠭ᠎ᠠ ᠪᠠᠨ ᠰᠢᠨᠵᠢᠵᠤ ᠨᠡᠭᠦᠵᠥ ᠰᠠᠭᠤᠬᠤ ᠪᠠᠨ ᠲᠤᠪᠯᠠᠳᠠᠭ | ᠮᠠᠯᠴᠢᠨ ᠲᠡᠭᠡᠳᠥᠰ ᠲᠠᠢ ᠪᠢᠯᠡ ᠡ︕ ᠪᠢᠳᠠ | ᠲᠤᠭ ᠭᠡᠶᠢᠮᠥᠷᠢ ᠪᠠᠨ ᠬᠤᠷᠮᠤᠰᠳᠠ ᠳᠤ ᠭᠡᠶᠢᠰᠭᠡᠳᠡᠭ | ᠡᠷᠭᠡ ᠴᠢᠯᠥᠭᠡ ᠲᠠᠢ ᠪᠢᠯᠡ ᠡ︕ ᠪᠢᠳᠠ | ᠲᠥᠷᠥᠭᠰᠡᠨ ᠪᠡᠶ᠎ᠡ ᠪᠠᠨ ᠨᠤᠳᠤᠭ ᠲᠠᠭᠠᠨ ᠰᠢᠩᠭᠡᠭᠡᠳᠡᠭ | ᠢᠵᠠᠭᠤᠷ ᠲᠠᠩᠭᠠᠷᠢᠭ ᠲᠠᠢ ᠪᠢᠯᠡ ᠡ︕ ᠪᠢᠳᠠ | ᠡᠷᠭᠢᠭᠡᠳ ᠢᠷ᠎ᠡ︕ ᠡᠭᠡ ᠤᠷᠤᠨ ᠤ ᠡᠮᠳᠡᠷᠭᠡᠢ | ᠲᠠᠨᠠᠷ ᠮᠢᠨᠢ︕ | ᠬᠠᠷᠢᠭᠠᠳ ᠢᠷ᠎ᠡ︕ ᠬᠠᠯᠠᠭᠤᠨ ᠴᠢᠰᠤᠨ ᠤ ᠬᠠᠮᠳᠠᠷᠬᠠᠢ | ᠲᠠᠨᠠᠷ ᠮᠢᠨᠢ ᠡ︕ | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ | |