| | ᠵᠡᠭᠦᠨᠭᠠᠷ ᠪᠤᠶᠠᠨᠪᠠᠲᠤ | | ᠨᠡᠷ᠎ᠡ ᠶᠢ ᠨᠢ ᠰᠤᠨᠤᠰᠬᠤ ᠳᠤ ᠯᠠ ᠲᠤᠳᠤᠷᠬᠠᠢ ᠪᠠᠶᠢᠭ᠎ᠠ ᠪᠢᠵᠡ᠃ | ᠮᠤᠩᠭᠤᠯ ᠬᠡᠮᠡᠬᠦ ᠲᠤᠳᠤᠳᠬᠠᠯ ᠲᠠᠢ ᠡᠨᠡᠬᠦ ᠠᠳᠠᠭᠠᠷᠬᠠᠯ ᠪᠣᠯ ᠮᠤᠩᠭᠤᠯ ᠬᠦᠮᠦᠨ ᠳᠤ ᠯᠠ ᠪᠠᠶᠢᠳᠠᠭ ᠢᠮ ᠲᠠᠮᠠᠭ᠎ᠠ | ᠭᠡᠮᠡᠷ ᠢᠯᠡ ᠳᠤᠳᠣ ᠦᠪᠡᠷᠮᠢᠴᠡ ᠵᠠᠩ ᠴᠢᠨᠡᠷ ᠤᠨ ᠢᠯᠡᠷᠡᠯ ᠤᠨ ᠨᠢᠭᠡ ᠨᠢ ᠮᠥᠨ ᠬᠡᠬᠦ ᠳᠤ ᠨᠢᠬᠡ ᠶᠡᠭᠡ ᠬᠢᠯᠢᠰᠳᠡᠬᠦ | ᠦᠭᠡᠢ ᠪᠠᠶᠢᠬ᠎ᠠ᠃ ᠨᠡᠩ ᠲᠤᠪᠴᠢ ᠪᠠᠷ ᠲᠤᠳᠤᠷᠬᠠᠶᠢᠯᠠᠬᠤ ᠶᠤᠮ ᠪᠣᠯ᠂ ᠮᠤᠩᠭᠤᠯ ᠮᠤᠩᠭᠤᠯ ᠤᠨ ᠬᠤᠭᠤᠷᠤᠨᠳᠤ | ᠢᠯᠡᠬᠦᠦ ᠬᠤᠷᠴᠠ ᠲᠤᠳᠤ ᠲᠤᠰᠬᠠᠯ ᠢᠶᠠᠨ ᠤᠯᠳᠠᠭ ᠠᠳᠠᠭᠠᠷᠬᠠᠯ ᠢ ᠬᠡᠯᠡᠵᠦ ᠪᠠᠶᠢᠭ᠎ᠠ ᠯᠠ ᠶᠤᠮ ᠳ᠋ᠠ᠃ | ᠮᠤᠩᠭᠤᠯ ︽ᠤᠪᠤᠭ︾ ᠲᠠᠢ ᠠᠳᠠᠭᠠᠷᠬᠠᠯ ᠪᠣᠯ ᠮᠤᠩᠭᠤᠯ ᠬᠦᠮᠦᠨ ᠪᠤᠯᠭᠠᠠ ᠳᠤ ᠶᠡᠭᠡ ᠴᠦ ᠪᠠᠭ᠎ᠠ ᠴᠦ ᠭᠡᠰᠡᠡ | ᠪᠦᠷ ᠶᠠᠮᠠᠷ ᠨᠢᠭᠡᠡ ᠴᠠᠭ ᠲᠤ᠂ ᠶᠠᠮᠠᠷ ᠨᠢᠭᠡᠡ ᠭᠠᠵᠠᠷ ᠲᠤ ᠶᠠᠮᠠᠷ ᠨᠢᠭᠡ ᠬᠡᠮᠵᠢᠶ᠎ᠡ ᠪᠠᠷ ᠰᠡᠭᠦᠳᠡᠷ ᠰᠢᠭ ᠲᠠᠭᠠᠵᠦ ᠯᠠ | ᠪᠠᠶᠢᠳᠠᠭ ︽ᠨᠠᠶᠢᠳᠡᠯᠢᠭ ᠡᠪᠡᠳᠴᠢᠨ︾ ᠶᠤᠮ᠃ ᠡᠨᠡ ︽ᠡᠪᠡᠳᠴᠢᠨ︾ ᠬᠡᠵᠢᠶ᠎ᠡ ᠡᠬᠢᠯᠡᠭᠰᠡᠡ ᠢ ᠬᠡᠡ ᠴᠦ ᠮᠡᠳᠡᠬᠦ | ᠦᠭᠡᠢ᠂ ᠬᠡᠵᠢᠶ᠎ᠡ ᠲᠠᠭᠤᠰᠬᠤ ᠶᠢ ᠪᠠᠰᠠ ᠬᠡᠡ ᠴᠦ ᠪᠠᠳᠤᠯᠠᠵᠦ ᠴᠢᠳᠠᠬᠤ ᠦᠭᠡᠢ᠃ ᠮᠡᠳᠡᠷᠡᠭᠰᠡᠡ ᠴᠦ ᠲᠡᠷᠡ ᠮᠡᠳᠡᠷᠡᠬᠦ | ᠦᠭᠡᠢ ᠴᠦ ᠲᠡᠷᠡ ᠮᠤᠩᠭᠤᠯ ᠬᠦᠮᠦᠨ ᠤ ᠲᠤᠯᠤᠭᠠᠢ ᠵᠡᠭᠦᠭᠰᠡᠡ ᠪᠤᠯᠭᠠᠠ ᠳᠤ ᠪᠠᠷᠤᠭ ᠤᠷᠤᠰᠢᠵᠦ ᠪᠠᠶᠢᠳᠠᠭ | ᠪᠤᠭᠰᠢᠭᠰᠠᠠ ︽ᠡᠪᠡᠳᠴᠢᠨ︾ ᠪᠢᠯᠡ᠃ ᠳᠡᠯᠡᠬᠡᠢ ᠶᠢᠨ ᠠᠯᠢ ᠨᠢᠭᠡ ᠦᠨᠳᠦᠰᠦᠳᠡᠡ ᠳᠤ ᠵᠠᠪᠠᠯ ᠬᠡᠳᠦᠨ ᠨᠤᠭᠳᠠᠭᠰᠠᠠ | ᠦᠪᠡᠷᠮᠢᠴᠠ ︽ᠡᠪᠡᠳᠴᠢᠨ︾ ᠭᠡᠵᠤ ᠪᠠᠶᠢᠳᠠᠭ ᠪᠣᠯ ᠠᠳᠠᠭᠠᠷᠬᠠᠯ ᠨᠢ ᠮᠠᠠ ᠤ ᠮᠤᠩᠭᠤᠯ ᠦᠨᠳᠦᠰᠦᠳᠡᠡ ᠤ ᠵᠠᠯᠬᠠᠭᠤ | ᠬᠦᠯᠴᠦᠬᠦᠦ᠂ ᠪᠦᠯᠭᠦᠮᠳᠡᠯ ᠪᠠᠷᠤᠭᠳᠠᠢ ᠮᠡᠳᠣ ᠶᠢᠨ ᠡᠳᠡᠭᠡᠷᠡᠰᠢ ᠦᠭᠡᠢ ︽ᠡᠪᠡᠳᠴᠢᠨ︾ ᠤ ᠪᠠᠭ ᠲᠤ ᠵᠦᠢ | ᠶᠤᠰᠤᠭᠠᠷ ᠤᠷᠤᠨ᠎ᠠ ᠭᠡᠳᠡᠭ ᠲᠤ ᠪᠢ ᠭᠤᠷᠪᠠᠯᠵᠢᠨ ᠤ ᠪᠠᠳᠤᠶᠤᠰᠤ ᠳᠤ ᠡᠷᠡᠭᠡᠯᠵᠡᠯ ᠲᠦᠷᠦᠳᠡᠭ ᠦᠭᠡᠢ ᠰᠢᠭ | ᠡᠷᠡᠭᠡᠯᠵᠡᠬᠦ ᠦᠭᠡᠢ ᠪᠠᠶᠢᠨ᠎ᠠ᠃ | ᠬᠤᠶᠠᠷ ᠮᠤᠩᠭᠤᠯ ᠲᠠᠮᠤ ᠶᠢᠨ ᠲᠤᠭᠤᠭᠠᠠ ᠳᠤ ᠤᠨᠠᠵᠠᠢ᠃ ᠲᠡᠭᠡᠭᠡᠳ ᠨᠢᠭᠡ ᠨᠢ ᠬᠠᠭ᠋ᠠᠵᠦ ᠴᠠᠴᠦᠵᠦ ᠮᠦᠯᠬᠦᠵᠦ | ᠲᠠᠳᠠᠭᠰᠠᠭᠠᠷ ᠪᠠᠶᠢᠵᠦ ᠲᠤᠭᠤᠭᠠᠠ ᠤ ᠠᠮᠰᠠᠷ ᠠᠷᠠᠢ ᠭᠡᠵᠤ ᠪᠠᠷᠢᠵᠦ ᠠᠪᠤᠭᠠᠳ ᠭᠠᠷᠬᠤ ᠭᠡᠬᠦ ᠳᠤ ᠨᠦᠭᠦᠬᠡ ᠨᠢ ︽ | ᠨᠠᠮᠠᠢᠢ ᠬᠠᠶᠠᠴᠢᠬᠠᠭᠠᠳ ᠴᠢ ᠭᠠᠷᠬᠤ ᠰᠠᠨᠠᠭ᠎ᠠ ᠲᠠᠢ᠃ ᠪᠢ ᠭᠠᠷᠴᠤ ᠴᠢᠳᠠᠬᠤ ᠦᠭᠡᠢ ᠪᠠᠶᠢᠭᠰᠠᠠ ᠴᠠᠭ ᠲᠤ ᠴᠢ | ᠭᠠᠷᠤᠨ᠎ᠠ ᠭᠡᠵᠤ ᠰᠠᠨᠠᠭ᠎ᠠ ᠪᠠᠨ ᠬᠤᠷᠢᠶ᠎ᠠ᠂᠂᠂︾ ᠭᠡᠳ ᠬᠦᠯ ᠠᠴᠠ ᠨᠢ ᠤᠭᠵᠠ ᠲᠠᠳᠠᠠ ᠤᠨᠠᠭᠠᠪᠠ᠃ ᠲᠡᠭᠡᠭᠡᠳ | ᠨᠦᠭᠦᠭᠡᠳᠡᠬᠢ ᠨᠢ ᠴᠢᠳᠠᠠ ᠶᠠᠳᠠᠠ ᠮᠦᠯᠬᠦᠵᠦ ᠲᠡᠳᠡᠡ ᠪᠠᠶᠢᠵᠦ ᠲᠤᠭᠤᠭᠠᠠ ᠤ ᠠᠮᠰᠠᠷ ᠠᠴᠠ ᠪᠠᠷᠢᠵᠦ ᠠᠪᠬᠤ ᠳᠤ | ᠰᠠᠶ᠋ᠢ ᠲᠠᠳᠠᠭᠳᠠᠵᠦ ᠤᠨᠠᠭᠰᠠᠠ ᠲᠡᠷᠡ ᠨᠢ ︽ᠪᠢ ᠭᠠᠷᠬᠤ ᠭᠡᠬᠦ ᠳᠤ ᠴᠢ ᠶᠠᠭᠠᠬᠢᠵᠦ ᠨᠠᠮᠠᠢᠢ ᠲᠠᠳᠠᠵᠦ ᠤᠨᠠᠭᠠᠭᠰᠠᠠ᠃ | ᠪᠢ ᠭᠠᠷᠴᠦ ᠴᠢᠳᠠᠬᠤ ᠦᠭᠡᠢ ᠪᠠᠶᠢᠭᠰᠠᠠ ᠴᠠᠭ ᠲᠤ ᠴᠢ ᠴᠦ ᠭᠡᠰᠡᠡ ᠭᠤᠷᠢ ᠪᠠᠨ ᠲᠠᠳᠠ︾ ᠭᠡᠳ ᠪᠠᠰᠠ ᠦᠨᠦᠬᠢ | ᠲᠠᠢ ᠪᠠᠨ ᠠᠳᠠᠯᠢ ᠬᠦᠯ ᠠᠴᠠ ᠨᠢ ᠲᠠᠳᠠᠵᠦ ᠤᠷᠤᠭᠤᠯᠪᠠ᠃ ᠡᠶᠢᠮᠦ ᠮᠡᠳᠣ ᠪᠠᠷ ᠨᠢᠭᠡ ᠨᠢᠭᠡ ᠪᠠᠨ ᠳᠠᠳᠠᠵᠦ ᠤᠨᠠᠭᠠᠠ | ᠨᠤᠴᠤᠯᠳᠤᠭᠰᠠᠭᠠᠷ ᠪᠠᠶᠢᠭᠠᠳ ᠬᠡᠡ ᠨᠢ ᠴᠦ ᠭᠠᠷᠴᠤ ᠴᠢᠳᠠᠭᠰᠠᠠ ᠦᠭᠡᠢ ᠬᠤᠶᠠᠭᠤᠯᠠ ᠪᠠᠨ ᠦᠬᠦᠵᠦ ᠲᠠᠭᠤᠰᠤᠭᠰᠠᠠ | ᠭᠡᠳᠡᠭ᠃ ᠡᠨᠡ ᠪᠣᠯ ︽ᠲᠠᠮᠤ ᠶᠢᠨ ᠲᠤᠭᠤᠭᠠᠠ ᠤ ᠦᠯᠢᠭᠡᠷ︾ ᠮᠥᠨ᠃ ᠮᠥᠨ ᠴᠦ ᠮᠤᠩᠭᠤᠯ ᠠᠳᠠᠭᠠᠷᠬᠠᠯ ᠢ | ᠦᠯᠢᠭᠡᠷ ᠤᠨ ᠬᠡᠯᠪᠡᠷᠢ ᠪᠠᠷ ᠬᠦᠨ ᠤᠬᠠᠭᠠᠯᠢᠭ ᠦᠵᠡᠭᠦᠯᠦᠭᠰᠡᠡ ᠬᠡᠷᠡᠭ᠃ ᠡᠨᠡ ︽ᠲᠠᠮᠤ ᠶᠢᠨ ᠲᠤᠭᠤᠭᠠᠠ ᠤ | ᠦᠯᠢᠭᠡᠷ︾ ᠠᠴᠠ ᠤᠯᠠᠠ ᠵᠦᠢᠯ ᠢ ᠴᠠᠭᠠᠰᠢ ᠨᠢ ᠤᠷᠭᠤᠭᠤᠯᠤᠨ ᠪᠤᠳᠤᠵᠦ ᠪᠤᠯᠬᠤ ᠮᠡᠳᠣ᠃ ᠬᠡᠷᠪᠡ ᠨᠢᠭᠡ ᠨᠢ | ᠤᠷᠢᠳᠠᠪᠠᠷ ︽ᠲᠠᠮᠤ ᠶᠢᠨ ᠲᠤᠭᠤᠭᠠᠠ︾ ᠠᠴᠠ ᠭᠠᠷᠤᠭᠠᠳ ᠠᠪᠤᠪᠠᠯ ᠨᠦᠭᠦᠭᠡ ᠪᠠᠨ ᠠᠪᠤᠷᠠᠵᠦ ᠪᠤᠯᠬᠤ ᠶᠤᠮ᠃ | ᠡᠰᠡᠪᠡᠯ ᠨᠢᠭᠡ ᠨᠢᠭᠡ ᠪᠠᠨ ᠡᠷᠭᠦᠵᠦ ᠲᠦᠯᠬᠢᠨ ︽ᠲᠤᠭᠤᠭᠠᠠ︾ ᠠᠴᠠ ᠭᠠᠷᠭᠠᠪᠠᠯ ᠡᠷᠭᠢᠭᠡᠳ ᠲᠡᠷᠡ ᠨᠢ ᠨᠦᠭᠦᠬᠡ | ᠪᠠᠨ ᠠᠪᠤᠷᠠᠵᠦ ᠪᠤᠯᠬᠤ ᠪᠠᠶᠢᠭᠰᠠᠠ᠃ ᠲᠡᠭᠡᠪᠡᠯ ᠬᠤᠶᠠᠭᠤᠯᠠ ᠠᠪᠤᠷᠠᠭᠳᠠᠴᠢᠬᠠᠬᠤ ᠪᠤᠯᠤᠮᠵᠢ ᠲᠠᠢ ᠪᠠᠶᠢᠭᠰᠠᠠ᠃ ᠲᠤᠩ | ᠦᠭᠡᠢ ᠳᠡᠭᠡᠨ ᠨᠢᠭᠡ ᠨᠢ ᠶᠠᠭᠠᠬᠢᠭᠰᠠᠠ ᠴᠦ ᠠᠮᠢᠳᠣ ᠭᠠᠷᠬᠤ ᠪᠦᠷᠢᠨ ᠪᠤᠯᠤᠮᠵᠢ ᠲᠠᠢ ᠪᠠᠶᠢᠵᠠᠢ᠃ ᠭᠡᠳᠡᠯ᠎ᠡ ︽ᠪᠢ | ᠭᠠᠷᠴᠤ ᠴᠢᠳᠠᠬᠤ ᠦᠭᠡᠢ ᠪᠣᠯ ᠴᠢ ᠴᠦ ᠭᠡᠰᠡᠡ ᠭᠠᠷᠴᠤ ᠪᠤᠯᠬᠤ ᠦᠭᠡᠢ︾ ᠭᠡᠰᠡᠡ ᠠᠳᠠᠭᠠᠷᠬᠠᠯ ᠤᠨ ᠬᠠᠷᠠᠯᠭᠠᠠ | ᠰᠡᠳᠬᠢᠴᠡ ᠠᠴᠠ ᠰᠢᠯᠳᠠᠭᠠᠯᠠᠵᠦ ᠡᠪ ᠨᠢᠭᠡᠳᠦᠯ ᠦᠭᠡᠢ᠂ ᠬᠠᠮᠵᠢᠯᠴᠠᠭ᠎ᠠ ᠲᠤᠰᠠᠯᠠᠯᠴᠠᠭᠠᠠ ᠤ ᠤᠬᠠᠮᠰᠠᠷ ᠦᠭᠡᠢ ᠮᠡᠳᠣ | ᠶᠢᠨ ᠠᠯᠢ ᠤᠯᠠᠠ ᠮᠠᠭᠤ ᠮᠠᠭᠤᠬᠠᠢ ᠲᠤᠳᠤᠭᠠᠳᠤ ᠮᠥᠨ ᠴᠢᠨᠡᠷ ᠨᠢ ᠲᠤᠳᠤᠷᠠᠠ ᠭᠠᠷᠴᠤ ᠢᠷᠡᠭᠡᠳ ᠡᠶᠢᠮᠦ ᠡᠮᠭᠡᠨᠢᠯᠳᠤ | ᠦᠷ᠎ᠡ ᠳ᠋ᠦᠩ ᠳᠤ ᠬᠦᠷᠦᠭᠰᠡᠡ ᠠᠵᠢ᠃ ︽ᠲᠠᠮᠤ ᠶᠢᠨ ᠲᠤᠭᠤᠭᠠᠠ ᠤ ᠦᠯᠢᠭᠡᠷ︾ ᠦᠨᠦᠳᠦᠷ ᠪᠢᠳᠡᠡ ᠤ ᠠᠮᠢᠳᠤᠷᠠᠯ | ᠠᠬᠤᠢ ᠳᠤ ᠲᠠᠬᠢᠨ ᠲᠠᠪᠳᠠᠠ ᠬᠡᠷᠡᠭᠵᠢᠭᠰᠡᠭᠡᠷ ᠦᠭᠡᠢ ᠭᠡᠵᠢ ᠤᠤ⁈ | ᠮᠤᠩᠭᠤᠯ ᠠᠳᠠᠭᠠᠷᠬᠠᠯ ᠤᠨ ᠬᠠᠮᠤᠭ ᠤᠨ ᠢᠯᠡᠷᠬᠡᠢ ᠤᠨᠴᠠᠯᠢᠭ ᠤᠨ ᠨᠢᠭᠡ ᠨᠢ ᠪᠤᠯ ᠨᠢᠭᠡᠡ ᠤ ᠪᠠᠨ ᠦᠩᠭᠡ ᠲᠠᠢ | ᠦᠭᠡᠳᠡ ᠲᠠᠢ ᠶᠠᠪᠤᠬᠤ ᠶᠢ ᠦᠵᠡᠵᠦ ᠲᠡᠪᠴᠢᠳᠡᠭ ᠦᠭᠡᠢ᠃ ᠬᠡᠡ ᠨᠢ ᠮᠠᠨᠳᠤᠵᠦ ᠪᠠᠳᠠᠷᠠᠵᠦ ᠡᠬᠢᠯᠡᠪᠡᠯ ᠲᠡᠭᠦᠨ ᠢ | ᠪᠠᠨ ᠦᠯᠦ ᠲᠤᠭᠤᠮᠰᠠᠷᠯᠠᠠ ᠵᠦᠢᠯ ᠪᠦᠷᠢ ᠶᠢᠨ ᠠᠷᠭ᠎ᠠ ᠪᠠᠷ ᠲᠡᠭᠡᠭᠡᠳᠡᠵᠦ ᠤᠨᠠᠭᠠᠬᠤ ᠶᠢ ᠤᠷᠤᠯᠳᠤᠬᠤ ᠪᠦᠭᠡᠳ | ᠴᠢᠨᠠᠭᠰᠢᠯᠠᠪᠠᠯ ᠨᠡᠷ᠎ᠡ ᠲᠦᠷᠦ ᠶᠢ ᠨᠢ ᠲᠤᠭᠤᠭᠰᠢ ᠨᠢ ᠬᠢᠵᠦ ᠲᠤᠷᠤᠮᠵᠢᠯᠡᠡ ᠭᠤᠳᠤᠭᠠᠳᠠᠭ᠃ ᠨᠢᠭᠡᠡ ᠤ ᠪᠠᠨ ᠭᠡᠷᠡᠯ | ᠭᠡᠭᠡ ᠤᠷᠤᠭᠤ ᠨᠤᠯᠮᠤᠵᠦ᠂ ᠤᠷᠮ᠎ᠠ ᠵᠤᠷᠢᠭ ᠤᠨ ᠬᠢᠨᠢ ᠭᠠᠯ ᠳᠤ ᠬᠠᠷ᠎ᠠ ᠤᠰᠤ ᠰᠠᠴᠤᠵᠦ᠂ ᠤᠷᠤᠭᠰᠢᠯᠠᠬᠤ ᠵᠠᠮ | ᠲᠡᠭᠡᠷ᠎ᠡ ᠨᠢ ᠬᠦᠨᠳᠡᠯᠡᠡ ᠮᠤᠳᠤ ᠬᠠᠶᠠᠵᠦ᠂ ᠦᠪᠡᠷ ᠠᠴᠠ ᠪᠠᠨ ᠲᠤᠤᠷ᠎ᠡ ᠯᠠ ᠪᠠᠶᠢᠯᠭᠠᠬᠤ ᠶᠢ ᠬᠢᠴᠢᠶᠡᠩᠭᠦᠶᠢᠯᠡᠡ | ᠵᠢᠳᠬᠦᠳᠡᠭ ᠪᠢᠯᠡ᠃ ᠲᠡᠭᠦᠨ ᠲᠠᠢ ᠮᠦᠷᠦ ᠵᠡᠷᠭᠡᠴᠡᠵᠦ᠂ ᠨᠡᠷ᠎ᠡ ᠲᠡᠩᠴᠡᠬᠦ ᠶᠢ ᠬᠦᠯᠢᠴᠡᠡ ᠲᠡᠰᠪᠦᠷᠢᠯᠡᠵᠦ ᠦᠯᠦ | ᠴᠢᠳᠠᠨ᠎ᠠ᠃ ᠨᠡᠩ ᠴᠦ ᠲᠡᠬᠦᠨ ᠠᠴᠠ ᠲᠠᠪᠠᠵᠦ ᠭᠠᠷᠬᠤ ᠶᠤᠮ ᠪᠣᠯ ᠠᠳᠠᠭᠠᠷᠬᠠᠯ ᠤᠨ ᠭᠠᠯ ᠳᠠᠭᠠᠨ ᠡᠷᠪᠡᠬᠡᠢ ᠮᠡᠳᠣ | ᠰᠢᠳᠠᠵᠦ᠂ ᠵᠠᠷᠠᠭ᠎ᠠ ᠵᠠᠯᠭᠢᠭᠰᠠᠠ ᠰᠢᠭ᠋ ᠲᠤᠳᠤᠷ ᠨᠢ ᠠᠷᠵᠠᠭᠠᠨᠠᠵᠦ᠂ ᠪᠠᠶᠢᠵᠦ ᠰᠠᠭᠤᠬᠤ ᠪᠠᠨ ᠤᠯᠵᠦ ᠶᠠᠳᠠᠠ ᠪᠠᠷᠤᠭ | ᠪᠤᠭᠤᠵᠦ ᠦᠬᠦᠬᠦ ᠳᠤ ᠬᠦᠷᠦᠨ᠎ᠡ᠃ | ᠠᠨᠳᠠ ᠨᠠᠶᠢᠵᠠ ᠶᠢᠨ ᠢᠶᠠᠨ ᠠᠮᠵᠢᠯᠳᠠ ᠤᠯᠤᠯᠳᠠ ᠳᠤ ᠵᠠᠷᠢᠮ ᠨᠢ ᠨᠢᠭᠤᠷᠤᠨ ᠲᠡᠭᠡᠷ᠎ᠡ ᠨᠢ ︽ᠪᠠᠶᠠᠷ ᠬᠦᠷᠭᠡᠶ᠎ᠡ︕ | ᠂᠂᠂︾ ᠡᠨᠡ ᠲᠡᠷᠡ ᠭᠡᠵᠤ ᠤᠷᠮ᠎ᠠ ᠶᠢᠨ ᠦᠭᠡ ᠰᠢᠳᠡᠵᠦ᠂ ᠮᠠᠭᠳᠠᠭᠠᠯ ᠰᠠᠶᠢᠰᠢᠶᠠᠯ ᠴᠤᠪᠤᠭᠤᠯᠵᠦ᠂ ᠭᠠᠷ | ᠠᠳᠬᠤᠨ ᠰᠤᠶᠢᠳ ᠪᠤᠯᠳᠠᠭ ᠴᠦ ᠲᠤᠳᠤᠷ᠎ᠠ ᠪᠠᠨ ᠬᠠᠷᠢᠨ ︽ᠴᠢ ᠮᠢᠨᠦ ᠬᠠᠵᠠᠭᠤ ᠳᠤ ᠡᠰᠡᠬᠦᠯ᠎ᠡ ᠬᠡᠡ ᠬᠡᠡ ᠲᠠᠢ | ᠬᠠᠷᠢᠴᠠᠭᠤᠯᠪᠠᠯ ᠶᠠᠭᠤ ᠶᠤᠮ ᠪᠤᠢ᠂ ᠴᠢ ᠬᠤᠯᠠ ᠶᠠᠪᠤᠬᠤ ᠦᠭᠡᠢ᠃ ᠴᠢᠮᠠᠢᠢ ᠳ᠋ᠠ᠂᠂᠂᠂︾ ᠬᠡᠮᠡᠡ ᠠᠷᠠᠭ᠎ᠠ ᠰᠢᠳᠦ | ᠪᠠᠨ ᠦᠢᠷᠡᠳᠡᠯᠡ ᠵᠠᠭᠤᠵᠦ᠂ ᠦᠵᠡᠡ ᠶᠠᠳᠠᠵᠦ ᠪᠠᠶᠢᠳᠠᠭ ᠢ ᠨᠢᠭᠤᠬᠤ ᠶᠠᠭᠤᠨ᠃ ᠲᠡᠭᠡᠭᠡᠳ ᠪᠠᠰᠠ ᠪᠤᠯᠤᠭ᠎ᠠ ᠦᠭᠡᠢ᠂ | ᠪᠦᠷ ᠬᠦᠮᠦᠨ ᠠᠴᠠ ᠲᠠᠯᠳᠠᠭᠤᠷ ᠭᠠᠵᠠᠷ ᠤᠷᠤᠳᠠᠯ᠎ᠠ ᠨᠢ ᠮᠠᠭᠤᠯᠠᠵᠦ᠂ ᠦ ᠰᠡᠪ ᠬᠠᠶᠢᠵᠦ᠂ ᠬᠡᠯᠡ ᠠᠮᠠ ᠪᠠᠨ | ᠰᠡᠳᠡᠷᠡᠳᠡᠯᠡ ᠪᠢᠯᠡᠭᠦᠳᠡᠵᠦ᠂ ᠠᠯᠳᠠᠷ ᠨᠡᠷ᠎ᠡ ᠶᠢ ᠨᠢ ᠪᠠᠭᠠᠰᠤᠳᠠᠵᠦ ᠪᠠᠶᠢᠵᠦ ᠰᠠᠨᠠᠭ᠎ᠠ ᠰᠡᠳᠬᠢᠯ ᠢᠶᠠᠨ ᠲᠦᠷ ᠴᠦ | ᠭᠡᠰᠡᠡ ᠠᠭᠤᠵᠢᠷᠠᠭᠤᠯᠵᠦ ᠠᠪᠳᠠᠭ ᠪᠠᠶᠢᠨ᠎ᠠ᠃ ᠠᠢ︕ ᠮᠤᠩᠭᠤᠯ ᠠᠳᠠᠭᠠᠷᠬᠠᠯ ᠡ ᠭᠡᠵᠢ ᠁ | ᠶᠡᠷᠤᠨᠢ ᠠᠳᠠᠭᠠᠷᠬᠠᠯ ᠭᠡᠳᠡᠭ ᠪᠣᠯ ᠴᠢᠳᠬᠦᠷ ᠱᠦᠭᠯᠡᠭᠰᠡᠡ ᠠᠳᠬᠠᠭ ᠰᠡᠳᠬᠢᠯ ᠮᠥᠨ᠃ ᠠᠳᠬᠠᠭ ᠰᠡᠳᠬᠢᠯ | ᠭᠡᠳᠡᠭ ᠨᠢ ᠪᠤᠰᠤᠳ ᠤᠨ ᠰᠠᠶᠢᠨ ᠰᠠᠶᠢᠬᠠᠠ ᠢ ᠦᠵᠡᠡ ᠶᠠᠳᠠᠳᠠᠭ ᠦᠴᠦᠬᠡᠡ ᠴᠦ ᠪᠠᠭᠳᠠᠭᠠᠮᠵᠢ ᠦᠭᠡᠢ ᠰᠡᠳᠬᠢᠯ ᠢ | ᠬᠡᠯᠡᠵᠦ ᠪᠠᠶᠢᠭ᠎ᠠ ᠶᠤᠮ᠃ ᠡᠶᠢᠮᠦ ᠠᠳᠬᠠᠭ ᠰᠡᠳᠬᠢᠯ ᠲᠠᠢ ᠬᠦᠮᠦᠰ ᠦᠷᠦᠭᠡᠯ ᠪᠤᠰᠤᠳ ᠤᠨ ᠠᠮᠵᠢᠯᠳᠠ ᠪᠦᠳᠦᠭᠡᠯ | ᠠᠯᠳᠠᠷ ᠭᠠᠪᠢᠶ᠎ᠠ ᠶᠢ ᠬᠦᠯᠢᠶᠡᠡ ᠵᠦᠪᠰᠢᠶᠡᠷᠡᠬᠦ ᠲᠤᠷ᠎ᠡ ᠦᠭᠡᠢ ᠪᠠᠶᠢᠳᠠᠭ᠃ ᠦᠪᠡᠷ ᠲᠡᠭᠡᠨ ᠪᠠᠶᠢᠬᠤ ᠦᠭᠡᠢ ᠵᠦᠢᠯ ᠢ | ᠪᠤᠰᠤᠳ ᠲᠤ ᠪᠠᠶᠢᠬᠤ ᠶᠢ ᠬᠦᠯᠢᠴᠢᠵᠦ ᠴᠢᠳᠠᠬᠤ ᠦᠭᠡᠢ ᠪᠠᠶᠢᠳᠠᠭ᠃ ᠦᠪᠡᠷ ᠲᠡᠭᠡᠨ ᠤᠯᠵᠦ ᠴᠢᠳᠠᠭ᠎ᠠ ᠦᠭᠡᠢ | ᠶᠠᠭᠤᠮ᠎ᠠ ᠦᠭᠡᠷ᠎ᠡ ᠪᠤᠰᠤᠳ ᠤᠯᠴᠢᠬᠠᠭᠰᠠᠠ ᠪᠠᠶᠢᠪᠠᠯ ᠴᠢᠨᠦ ᠶᠠᠭᠤᠮ᠎ᠠ ᠶᠢ ᠦᠷᠢᠰᠦᠭᠡᠳ ᠪᠤᠯᠢᠶᠠᠭᠠᠳ | ᠠᠪᠤᠴᠢᠬᠠᠭᠰᠠᠠ ᠰᠢᠭ᠋ ᠠᠭᠤᠷᠯᠠᠠ ᠲᠡᠪᠬᠡᠴᠡᠵᠦ᠂ ᠰᠡᠳᠬᠢᠯ ᠨᠢ ᠬᠤᠭᠤᠰᠤᠳᠠᠵᠦ ᠰᠠᠨᠠᠭ᠎ᠠ ᠰᠡᠳᠬᠢᠯ ᠢᠶᠠᠷ ᠤᠨᠠᠵᠦ | ᠡᠬᠢᠯᠡᠳᠡᠭ ᠠᠵᠢ᠃ ᠶᠠᠮᠠᠷᠪᠠ ᠵᠦᠢᠯ ᠢ ᠪᠦᠷ ᠠᠪ ᠠᠳᠠᠯᠢᠬᠠᠠ ᠤᠯᠬᠤ ᠡᠰᠡᠪᠡᠯ ᠴᠢᠮ᠎ᠠ ᠠᠴᠠ ᠲᠤᠳᠠᠭᠤ ᠯᠠ ᠤᠯᠵᠦ | ᠪᠠᠶᠢᠪᠠᠯ ᠲᠡᠬᠦᠨ ᠤ ᠰᠡᠳᠬᠢᠯ ᠰᠠᠶ᠋ᠢ ᠲᠡᠩᠴᠡᠪᠦᠷᠢ ᠲᠠᠢ ᠪᠠᠶᠢᠳᠠᠯ ᠳᠤ ᠪᠠᠶᠢᠵᠦ ᠴᠢᠳᠠᠳᠠᠭ ᠪᠠᠶᠢᠨ᠎ᠠ᠃ ᠨᠢᠭᠡ | ᠪᠠᠶᠢᠭᠤᠯᠤᠯᠭ᠎ᠠ ᠶᠢᠨ ᠬᠠᠮᠳᠤᠷᠠᠠ ᠠᠵᠢᠯᠯᠠᠭᠰᠠᠳ ᠳᠣᠳᠣᠷ᠎ᠠ ᠠᠴᠠ ᠨᠢᠭᠡ ᠬᠤᠶᠠᠷ ᠨᠢ ᠱᠠᠩᠨᠠᠯ ᠬᠦᠬᠢᠬᠦᠯᠦᠯ ᠭᠠᠷᠳᠠᠵᠦ | ᠂ ᠲᠠᠷᠤᠭ᠎ᠠ ᠲᠠᠭᠠᠭᠠᠮᠠᠯ ᠤᠨ ᠢᠶᠠᠨ ᠮᠠᠭᠳᠠᠭᠠᠯ ᠰᠠᠶᠢᠰᠢᠶᠠᠯ ᠢ ᠬᠦᠷᠳᠠᠯ᠎ᠠ ᠭᠡᠵᠤ ᠪᠤᠳᠤᠶ᠎ᠠ᠃ ᠲᠡᠭᠡᠪᠡᠯ ᠪᠤᠰᠤᠳ ᠨᠢ | ᠲᠡᠷᠡ ᠳᠤᠤᠷ᠎ᠠ ᠪᠠᠨ ᠴᠢᠷᠠᠢ ᠨᠢ ᠴᠢᠷᠠᠢ ᠪᠢᠰᠢ ᠪᠤᠯᠵᠦ ᠲᠠᠪᠤᠭᠤᠯᠠ ᠭᠤᠷᠪᠠᠭᠤᠯᠠ ᠨᠡᠶᠢᠯᠡᠭᠡᠳ ᠵᠢᠪ ᠵᠤᠪ ᠲᠠᠳᠠᠭᠠᠳ | ᠡᠬᠢᠯᠡᠨ᠎ᠡ᠃ ᠲᠡᠭᠡᠭᠳ ᠵᠤᠭᠰᠤᠬᠤ ᠦᠭᠡᠢ᠂ ᠪᠦᠷ ᠬᠤᠤᠷᠠᠠ ᠦᠭᠡ ᠰᠠᠴᠦᠵᠦ᠂ ᠠᠵᠢᠯ ᠠᠮᠢᠳᠤᠷᠠᠯ ᠠᠭᠠᠰᠢ ᠵᠠᠩ | ᠠᠴᠠ ᠨᠢ ᠦ ᠰᠡᠪ ᠡᠷᠢᠨ ᠦᠩᠭᠡᠯᠵᠡᠵᠦ᠂ ᠦᠯᠦ ᠦᠢᠰᠢᠶᠠᠬᠤ ᠲᠦᠷᠢ ᠡᠰᠭᠡᠭᠦ ᠨᠢ ᠡᠨᠡᠬᠦᠬᠡᠡ ᠤ ᠬᠡᠷᠡᠭ᠃ | ᠠᠵᠢᠭᠯᠠᠭᠠᠳ ᠪᠠᠶᠢᠬᠤ ᠳᠤ᠂ ᠠᠪᠢᠶᠠᠰ ᠴᠢᠳᠠᠯ ᠠᠵᠢᠯ ᠮᠡᠷᠭᠡᠵᠢᠯ ᠤᠶᠢᠷᠠᠯᠴᠠᠭ᠎ᠠ ᠬᠦᠮᠦᠰ ᠤᠨ ᠬᠤᠭᠤᠷᠤᠨᠳᠤ | ᠪᠤᠶᠦ ᠠᠮᠵᠢᠯᠳᠠ ᠪᠦᠳᠦᠭᠡᠯ ᠭᠠᠷᠠᠭᠠᠭᠰᠠᠠ ᠬᠦᠮᠦᠰ ᠤᠨ ᠬᠤᠭᠤᠷᠤᠨᠳᠤ ᠮᠤᠩᠭᠤᠯ ᠠᠳᠠᠭᠠᠷᠬᠠᠯ ᠢᠯᠡᠬᠦᠦ ᠤᠷᠤᠰᠢᠳᠠᠭ | ᠮᠡᠳᠣ᠃ ︽ᠮᠡᠷᠭᠡᠵᠢᠯ ᠨᠢᠭᠡᠳᠡᠡ ᠦᠰᠳᠡᠡ ᠪᠠᠶᠢᠳᠠᠭ︾ ᠭᠡᠰᠡᠡ ᠬᠢᠳᠡᠳ ᠤᠨ ᠦᠭᠡ ᠦᠨᠡᠡ ᠪᠤᠯᠤᠯᠳᠠᠢ᠃ | ᠲᠤᠳᠤᠷᠠᠭᠤᠯᠵᠦ ᠬᠡᠯᠡᠪᠡᠯ᠂ ᠮᠠᠯᠴᠢᠨ ᠮᠠᠯᠴᠢᠨ ᠤ ᠬᠤᠭᠤᠷᠤᠨᠳᠤ᠂ ᠲᠠᠷᠤᠭ᠎ᠠ ᠳᠠᠷᠤᠭ᠎ᠠ ᠶᠢᠨ ᠬᠤᠭᠤᠷᠤᠨᠳᠤ᠂ | ᠵᠤᠬᠢᠶᠠᠯᠴᠢ ᠵᠤᠬᠢᠶᠠᠯᠴᠢ ᠶᠢᠨ ᠬᠤᠭᠤᠷᠤᠨᠳᠣ᠂ ᠲᠠᠭᠤᠴᠢ ᠳᠠᠭᠤᠴᠢ ᠶᠢᠨ ᠬᠤᠭᠤᠷᠤᠨᠳᠤ᠂ ᠪᠠᠶᠠᠠ ᠪᠠᠶᠠᠠ ᠤ | ᠬᠤᠭᠤᠷᠤᠨᠳᠣ᠂ ᠪᠦᠬᠡᠴᠢᠨ ᠪᠦᠬᠡᠴᠢᠨ ᠤ ᠬᠤᠭᠤᠷᠤᠨᠳᠤ᠂᠂᠂ ᠭᠡᠬᠦ ᠮᠡᠳᠤᠴᠢᠯᠡᠡ᠃ ᠠᠯᠳᠠᠷᠳᠤ ᠪᠦᠬᠡᠴᠢᠨ ᠲᠠᠢ | ᠨᠡᠷᠡᠳᠦ ᠢᠷᠠᠭᠤ ᠨᠠᠶᠢᠷᠠᠭᠴᠢ᠂ ᠲᠤᠮᠣ ᠲᠠᠭᠤᠴᠢᠨ ᠲᠠᠢ ᠪᠠᠶᠠᠠ ᠮᠠᠯᠴᠢᠨ ᠠᠳᠠᠭᠠᠷᠬᠠᠭᠠᠳ ᠤᠨᠠᠬᠤ ᠨᠢ ᠶᠠᠭᠤ ᠯᠠ ᠪᠤᠯ | ᠃ ᠨᠡᠩ ᠴᠦ ᠡᠵᠡᠡ ᠬᠠᠭᠠᠠ ᠲᠠᠢ ᠭᠤᠶᠢᠷᠠᠨᠴᠢ ᠠᠳᠠᠭᠠᠷᠬᠠᠨ᠎ᠠ ᠭᠡᠵᠤ ᠲᠠᠩᠴᠦ ᠨᠢᠭᠡ ᠪᠠᠶᠢᠬᠤ ᠦᠭᠡᠢ ᠳ᠋ᠠ᠃ | ᠲᠡᠭᠡᠪᠡᠯ ᠢᠯᠠᠭ᠎ᠠ ᠠᠷᠰᠯᠠᠠ ᠲᠠᠢ ᠠᠳᠠᠭᠠᠷᠬᠠᠭᠰᠠᠠ ᠬᠡᠷᠡᠭ ᠪᠤᠯᠬᠤ ᠪᠢᠵᠡ᠃ ᠲᠡᠶᠢᠮᠦ ᠠᠴᠠ ᠠᠳᠠᠭᠠᠷᠬᠠᠯ ᠭᠡᠳᠡᠭ ᠪᠣᠯ | ᠦᠪᠡᠷ ᠢ ᠪᠠᠨ ᠪᠤᠰᠤᠳ ᠲᠠᠢ ᠲᠡᠩᠳᠡᠭᠦᠦ ᠶᠡᠭᠡ ᠵᠢᠱᠢᠵᠦ ᠠᠳᠠᠯᠢᠳᠬᠠᠭᠰᠠᠠ ᠠᠴᠠ ᠡᠭᠦᠳᠦᠯ ᠲᠠᠢ ᠠᠵᠢ᠃ | ᠪᠢ ᠨᠢᠭᠡ ᠤᠳᠠᠭ᠎ᠠ ᠮᠤᠩᠭᠤᠯ ᠤᠯᠤᠰ ᠤᠨ ᠨᠡᠷ᠎ᠡ ᠳᠤ ᠭᠠᠷᠤᠭᠰᠠᠠ ᠲᠠᠭᠤᠴᠢᠨ ᠠᠴᠠ ᠪᠠᠰᠠ ᠨᠢᠭᠡ ᠨᠡᠷ᠎ᠡ ᠳᠤ | ᠭᠠᠷᠤᠭᠰᠠᠠ ᠮᠢᠨᠦ ᠪᠢᠰᠢᠷᠡᠵᠦ ᠰᠢᠳᠦᠳᠡᠭ ᠲᠠᠭᠤᠴᠢᠨ ᠤ ᠲᠤᠬᠠᠢ ᠠᠰᠠᠭᠤᠬᠤ ᠳᠤ ︽ᠠ᠂ ᠲᠡᠶᠢᠮᠦ ᠲᠠᠭᠤᠴᠢᠨ | ᠪᠠᠶᠢᠭ᠎ᠠ ᠶᠤᠮ ᠤᠤ᠂ ᠪᠢ ᠮᠡᠳᠡᠬᠦ ᠦᠭᠡᠢ ᠶᠤᠮ ᠪᠠᠶᠢᠨ᠎ᠠ︾ ᠭᠡᠵᠤ ᠪᠢᠯᠡ᠃ ᠠᠷᠠᠳ ᠲᠦᠮᠡᠡ ᠤ ᠲᠠᠨᠢᠯ ᠲᠠᠰᠦᠯ | ᠪᠤᠯᠤᠭᠰᠠᠠ ᠲᠠᠭᠤᠴᠢᠨ ᠢ ᠮᠡᠳᠡᠬᠦ ᠦᠭᠡᠢ ᠤᠴᠢᠷ ᠶᠠᠭᠠᠭᠢᠭᠰᠠᠠ ᠴᠦ ᠦᠭᠡᠢ ᠶᠤᠮ᠃ ᠡᠨᠡ ᠪᠣᠯ ᠮᠤᠩᠭᠤᠯ | ᠠᠳᠠᠭᠠᠷᠬᠠᠯ ᠤᠨ ᠪᠠᠷᠢᠨ ᠲᠠᠯᠪᠢᠨ ᠵᠢᠱᠢᠶ᠎ᠠ᠃ ᠡᠶᠢᠮᠦᠷᠡᠬᠦᠦ ᠵᠢᠱᠢᠶ᠎ᠡ ᠵᠦᠩᠳᠡᠭᠡᠡ᠃ ᠨᠢᠭᠡ ᠲᠤᠪᠤᠴᠠᠭ ᠤᠨ ᠬᠤᠶᠠᠷ | ᠲᠠᠯ᠎ᠠ ᠳᠤ ᠰᠠᠭᠤᠭᠰᠠᠠ ᠬᠤᠶᠠᠷ ᠮᠤᠩᠭᠤᠯ ᠮᠠᠯᠴᠢᠨ ᠠᠶᠢᠯ ᠪᠠᠶᠢᠵᠠᠢ ᠭᠡᠵᠤ ᠪᠤᠳᠤᠶ᠎ᠠ᠃ ᠠᠵᠢᠯᠴᠢ ᠭᠦᠳᠡᠯᠮᠦᠷᠢᠴᠢ | ᠠᠭᠠᠯᠢ ᠰᠠᠶᠢᠳᠠᠢ ᠵᠡᠬᠦᠨ ᠠᠶᠢᠯ ᠤᠨ ᠬᠢᠨᠢ ᠮᠠᠯ ᠰᠦᠷᠦᠭ ᠨᠢ ᠦᠨᠢᠷ ᠦᠳᠬᠡᠡ ᠦᠰᠦᠭᠡᠳ ᠬᠦᠷᠦᠩᠭᠡ ᠮᠦᠩᠭᠦ ᠲᠠᠢ | ᠪᠤᠯᠤᠭᠠᠳ ᠬᠦᠮᠦᠨ ᠬᠠᠷ᠎ᠠ ᠢᠯᠡᠬᠦᠦ ᠰᠢᠭ ᠤᠷᠤᠵᠦ ᠭᠠᠷᠤᠭᠠᠳ ᠢᠷᠡᠪᠡᠯ ᠵᠠᠯᠬᠠᠭᠤ ᠮᠦᠷᠳᠡᠭᠡᠡ ᠵᠠᠩ ᠪᠠᠷᠤᠭᠳᠠᠢ | ᠪᠠᠷᠠᠭᠤᠨ ᠠᠶᠢᠯ ᠨᠢ ᠱᠤᠷᠤᠨ ᠲᠡᠭᠡᠷ᠎ᠡ ᠰᠠᠭᠤᠭᠰᠠᠠ ᠰᠢᠭ᠋ ᠰᠠᠭᠤᠵᠦ ᠲᠡᠰᠬᠦ ᠪᠠᠨ ᠪᠠᠶᠢᠭᠠᠳ ᠢᠷᠡᠨ᠎ᠡ᠃ ᠲᠡᠭᠦᠨ | ᠠᠴᠠ ᠪᠤᠯᠵᠦ ᠡᠯᠳᠡᠪ ᠴᠤᠤ ᠲᠠᠷᠠᠭᠠᠵᠦ᠂ ᠮᠠᠭᠤ ᠮᠠᠭᠤᠬᠠᠢ ᠦᠭᠡ ᠪᠠᠷ ᠪᠤᠯᠠᠵᠦ ᠡᠬᠢᠯᠡᠬᠦ ᠨᠢ ᠡᠨᠡᠦᠬᠡᠡ ᠳᠤ᠃ ᠬᠡᠷᠪᠡ | ᠲᠡᠷᠡ ᠪᠠᠶᠠᠠ ᠠᠶᠢᠯ ᠨᠢ ᠦᠭᠡᠷ᠎ᠡ ᠦᠨᠳᠦᠰᠦᠳᠡᠡ ᠪᠠᠶᠢᠭᠰᠠᠠ ᠪᠣᠯ ᠲᠡᠷᠡ ᠴᠦ ᠲᠡᠶᠢᠮᠦ ᠪᠠᠶᠢᠬᠤ ᠶᠤᠰᠤᠳᠠᠢ ᠭᠡᠰᠡᠡ | ᠰᠢᠭ ᠶᠠᠮᠠᠷ ᠴᠦ ᠦᠭᠡ ᠲᠠᠭᠤᠨ ᠦᠭᠡᠢ ᠬᠦᠯᠢᠶᠠᠠ ᠵᠦᠪᠰᠢᠶᠡᠷᠡᠬᠦ ᠪᠤᠯᠤᠨ᠎ᠠ ᠭᠡᠳᠡᠭ ᠲᠤ ᠮᠦᠷᠦᠢ ᠲᠠᠯᠪᠢᠬᠤ ᠳᠤ | ᠪᠡᠯᠡᠡ ᠪᠠᠶᠢᠨ᠎ᠠ᠃ ᠮᠠᠠ ᠤ ᠤᠷᠠᠠ ᠪᠦᠳᠦᠭᠡᠯᠴᠢ ᠬᠡᠳᠦᠶᠢᠪᠡᠷ ᠴᠦᠬᠡᠡ ᠪᠤᠯᠪᠠᠴᠦ ᠡᠬᠦᠨ ᠠᠴᠠ ᠭᠠᠳᠠᠭᠤᠷ ᠪᠠᠶᠢᠵᠦ | ᠴᠢᠳᠠᠳᠠᠭ ᠦᠭᠡᠢ ᠨᠢ ᠬᠠᠴᠢᠷᠬᠠᠯᠳᠠᠢ ᠪᠠᠰᠠ ᠬᠠᠷᠠᠮᠰᠠᠯᠳᠠᠢ᠃ ᠬᠡᠡ ᠨᠢᠭᠡ ᠨᠢ ᠦᠨᠡᠨᠬᠦ ᠰᠠᠶᠢᠨ ᠪᠦᠳᠦᠭᠡᠯ | ᠲᠤᠭᠤᠷᠪᠢᠵᠦ᠂ ᠶᠠᠮᠠᠷ ᠨᠢᠭᠡᠨ ᠲᠤᠮᠤ ᠱᠠᠩ ᠲᠤᠰᠴᠦ᠂ ᠤᠩᠰᠢᠭᠴᠢ ᠰᠢᠬᠦᠮᠵᠢᠯᠡᠭᠴᠢ ᠶᠢᠨ ᠲᠠᠯᠠᠷᠬᠠᠯ ᠲᠠᠭᠠᠰᠢᠶᠠᠯ | ᠬᠦᠯᠢᠶᠡᠵᠦ᠂ ᠤᠯᠠᠠ ᠰᠠᠶᠢᠬᠠᠠ ᠰᠢᠳᠦᠨ ᠪᠢᠰᠢᠷᠡᠭᠴᠢ ᠲᠠᠢ ᠪᠤᠯᠤᠭᠠᠳ ᠢᠷᠡᠬᠦ ᠶᠤᠮ ᠪᠣᠯ ᠨᠦᠬᠦᠭᠡ ᠦᠶᠡᠷᠬᠡᠵᠦ | ᠰᠦᠢᠳ ᠪᠤᠯᠳᠠᠭ ᠪᠠᠶᠢᠭᠰᠠᠠ ᠨᠠᠶᠢᠵᠠ ᠨᠦᠬᠦᠳ ᠤᠨ ᠬᠢᠨᠢ ᠮᠤᠩᠭᠤᠯ ᠠᠳᠠᠭᠠᠷᠬᠠᠯ ᠨᠢ ︽ᠪᠤᠴᠠᠯᠵᠦ ᠪᠤᠯᠬᠢᠯᠠᠵᠦ︾ | ᠡᠬᠢᠯᠡᠬᠦ ᠪᠦᠭᠡᠳ ᠲᠡᠭᠦᠨ ᠠᠴᠠ ᠨᠢᠭᠡ ᠯᠠ ᠮᠡᠳᠡᠬᠦ ᠳᠤ ᠬᠦᠨᠳᠡᠶᠢᠷᠡᠭᠡᠳ ᠵᠠᠶᠢᠳᠠᠭᠠᠳ ᠤᠴᠢᠨ᠎ᠠ᠃ ᠶᠠᠭ ᠯᠠ ᠲᠠᠭᠦᠨ | ᠤ ᠶᠠᠭᠤᠮ᠎ᠠ ᠶᠢ ᠶᠤᠰᠤ ᠪᠤᠰᠤ ᠪᠠᠷ ᠴᠦᠯᠮᠦᠭᠡᠳ ᠠᠪᠤᠴᠢᠬᠠᠭᠰᠠᠠ ᠮᠡᠳᠣ᠃ ᠲᠡᠭᠡᠭᠡᠳ ᠪᠤᠳᠤᠬᠤ ᠳᠤ ᠵᠠᠷᠢᠮ ᠦᠶᠡᠰ | ᠨᠦᠬᠦᠷ ᠤᠨ ᠴᠢᠨᠠᠷ ᠵᠤᠪᠠᠭ᠋ᠤ ᠴᠠᠭ ᠲᠤ ᠪᠢᠰᠢ ᠬᠠᠷᠢᠨ ᠵᠢᠷᠭᠠᠬᠤ ᠴᠠᠭ ᠲᠤ ᠲᠠᠨᠢᠭᠳᠠᠳᠠᠭ ᠰᠠᠨᠵᠠᠢ᠃ ︽ᠠᠳᠠᠭᠠᠷᠬᠠᠯ | ᠤᠨ ᠬᠤᠤᠷ ᠴᠢᠰᠦᠨ ᠳᠤᠨᠢ ᠰᠢᠩᠭᠡᠵᠦ ᠰᠣᠳᠠᠰᠤ ᠪᠠᠷ ᠨᠢ ᠬᠦᠶᠦᠵᠦ ᠪᠠᠶᠢᠭ᠎ᠠ ᠵᠢᠷᠦᠬᠡ ᠠᠨᠳᠠ ᠨᠦᠬᠦᠷ ᠤᠨ ᠰᠡᠳᠬᠢᠯ | ᠢᠶᠠᠷ ᠬᠡᠵᠢᠶ᠎ᠡ ᠴᠦ ᠴᠤᠬᠢᠯᠠᠬᠤ ᠦᠭᠡᠢ︾᠃ ᠨᠠᠶᠢᠵᠠ ᠨᠦᠬᠦᠳ ᠤᠨ ᠢᠶᠠᠨ ᠰᠠᠶᠢᠨ ᠰᠠᠶᠢᠬᠠᠠ ᠳᠤ ᠤᠷᠮ᠎ᠠ ᠲᠡᠳᠬᠦᠬᠦ | ᠭᠠᠯ ᠲᠠᠢ ᠦᠭᠡ ᠬᠡᠯᠡᠬᠦ ᠦᠭᠡᠢ ᠮᠦᠷᠳᠡᠯ᠎ᠡ ᠪᠠᠨ ᠬᠠᠷᠢᠨ ᠠᠳᠠᠭᠠᠷᠬᠠᠭᠠᠳ ᠠᠷᠵᠠᠭᠠᠨᠠᠭᠠᠳ ᠪᠠᠶᠢᠪᠠᠯ ᠤᠯᠠᠠ ᠤ | ᠢᠳᠡᠬᠡᠯ ᠰᠡᠳᠬᠢᠯ ᠠᠴᠠ ᠠᠯᠳᠠᠷᠠᠵᠦ᠂ ᠭᠠᠭᠴᠠᠭᠠᠷᠳᠠᠬᠤ ᠭᠠᠩᠰᠠᠷᠠᠬᠤ ᠶᠢᠨ ᠱᠠᠯᠪᠠᠭ ᠲᠤ ᠤᠨᠠᠬᠤ ᠠᠴᠠ ᠵᠠᠶᠢᠯᠠᠬᠤ | ᠦᠭᠡᠢ ᠰᠢᠦ ᠳ᠋ᠠ᠃ | ᠮᠤᠩᠭᠤᠯ ᠠᠳᠠᠭᠠᠷᠬᠠᠯ ᠤᠨ ᠪᠠᠰᠠ ᠨᠢᠭᠡ ᠮᠠᠭᠤᠬᠠᠢ ᠲᠠᠯ᠎ᠠ ᠪᠣᠯ ᠬᠡᠨ ᠨᠢᠭᠡᠡ ᠳᠤ ᠠᠳᠠᠭᠠᠷᠬᠠᠭᠠᠳ ᠬᠦᠴᠦᠷᠡᠬᠦ | ᠦᠭᠡᠢ ᠪᠣᠯ ᠦᠭᠡᠷ᠎ᠡ ᠪᠤᠰᠤᠳ ᠦᠨᠳᠦᠰᠦᠳᠡᠡ ᠤ ᠡᠮᠦᠨ᠎ᠡ ᠡᠰᠡᠭᠦᠯ᠎ᠡ ᠡᠷᠬᠡ ᠰᠦᠷᠳᠡᠡ ᠤ ᠡᠮᠦᠨ᠎ᠡ ᠡᠪᠦᠳᠦᠭ | ᠰᠦᠬᠦᠷᠡᠡ ᠳᠤᠯᠢᠭᠠᠨᠠᠵᠦ᠂ ᠦᠮᠦᠭ ᠲᠦᠰᠢᠭ ᠢᠶᠠᠨ ᠤᠯᠵᠦ ᠠᠪᠤᠭᠠᠳ ᠡᠷᠬᠢᠭᠡᠳ ᠡᠯᠢᠭᠡ ᠨᠢᠭᠡᠳᠡᠡ ︵ᠨᠠᠶᠢᠵᠠ | ᠨᠦᠬᠦᠳ︶ ᠢᠶᠠᠨ ᠨᠤᠬᠤᠴᠢᠨ ᠲᠠᠷᠤᠵᠦ᠂ ᠨᠤᠬᠠᠢ ᠮᠡᠳᠣ ᠬᠡᠮᠬᠡᠵᠦ᠂ ︽ᠰᠡᠳᠬᠢᠯ ᠤᠨ ᠲᠠᠭᠠᠰᠢᠶᠠᠯ︾ ᠠᠪᠴᠦ᠂ | ᠲᠦᠷ ᠵᠠᠭᠤᠷ᠎ᠠ ᠴᠦ ᠭᠡᠰᠡᠡ ᠬᠤᠭᠤᠰᠤᠨ ᠨᠡᠷᠡᠯᠬᠡᠭ ᠵᠠᠩ ᠢᠶᠠᠨ ︽ᠲᠠᠶᠢᠪᠤᠰᠢᠷᠠᠭᠤᠯᠵᠦ︾ ᠠᠮᠵᠢᠳᠠᠭ ᠦᠵᠡᠭᠳᠡᠯ | ᠡᠷᠳᠡᠡ ᠠᠴᠠ ᠡᠳᠦᠭᠡ ᠪᠤᠯᠳᠠᠯ᠎ᠠ ᠪᠠᠶᠢᠵᠦ ᠯᠠ ᠪᠠᠶᠢᠭᠰᠠᠠ ᠵᠦᠢᠯ᠃ ᠡᠨᠡ ᠪᠣᠯ ᠲᠡᠪᠴᠢᠵᠦ ᠪᠤᠯᠤᠰᠢ ᠦᠭᠡᠢ ᠠᠳᠠᠭ | ᠤᠨ ᠴᠢᠨᠡᠷ ᠶᠤᠮ᠃ | ᠮᠤᠩᠭᠤᠯ ᠠᠳᠠᠭᠠᠷᠬᠠᠯ ᠪᠣᠯ ᠮᠠᠠ ᠤ ᠦᠨᠳᠦᠰᠦᠳᠡᠡ ᠤ ᠲᠤᠮᠤᠬᠠᠠ ᠰᠤᠯᠠ ᠲᠠᠯ᠎ᠠ ᠶᠤᠮ᠃ ᠡᠨᠡ ᠬᠦ ᠰᠤᠯᠠ ᠲᠠᠯ᠎ᠠ | ᠨᠢ ᠰᠠᠨᠠᠭ᠎ᠠ ᠮᠠᠭᠤᠳᠠᠢ ᠵᠠᠷᠢᠮ ᠬᠦᠮᠦᠰ ᠲᠤ ᠤᠪᠵᠢᠩ ᠠᠰᠢᠭᠯᠠᠭᠳᠠᠵᠦ᠂ ᠮᠠᠠ ᠤ ᠮᠤᠩᠭᠤᠯ ᠤᠨ ᠲᠤᠳᠤᠭᠠᠳᠣ ᠡᠪ | ᠨᠢᠭᠡᠳᠦᠯ ᠤᠨ ᠭᠠᠩᠨᠠᠭᠠᠰᠦ ᠬᠠᠷᠠᠳᠠᠢ ᠰᠤᠯᠠᠷᠠᠵᠦ᠂ ᠬᠦᠮᠦᠨ ᠤ ᠢᠳᠡᠰᠢ ᠨᠤᠬᠠᠢ ᠶᠢᠨ ᠬᠡᠪᠳᠡᠰᠢ ᠪᠤᠯᠵᠦ ᠢᠷᠡᠭᠰᠡᠡ | ᠲᠡᠦᠬᠡ ᠶᠢᠨ ᠰᠤᠷᠭᠠᠮᠵᠢ ᠪᠢᠳᠡᠡ ᠳᠤ ᠴᠢᠮᠠᠯᠠᠬᠤ ᠪᠠᠷ ᠦᠭᠡᠢ ᠠᠷᠪᠢᠨ ᠪᠠᠶᠢᠭ᠎ᠠ ᠰᠢᠦ ᠳ᠋ᠠ᠃ ᠡᠨᠡ ᠨᠢ ︽ᠬᠤᠶᠠᠷ | ᠲᠠᠰ ᠨᠢᠭᠡ ᠢᠳᠡᠰᠢ ᠪᠤᠯᠢᠶᠠᠯᠳᠤᠪᠠᠯ ᠬᠤᠭᠤᠷᠤᠨᠳᠦ ᠠᠴᠠ ᠨᠢ ᠬᠤᠩ ᠬᠡᠷᠢᠶ᠎ᠡ ᠵᠠᠪᠰᠢᠨᠠ︾ ᠭᠡᠳᠡᠭ ᠤᠨ ᠦᠯᠢᠭᠡᠷ | ᠪᠤᠯᠠᠢ᠃ ᠡᠬᠦᠨ ᠠᠴᠠ ᠦᠵᠡᠬᠦ ᠳᠤ᠂ ᠮᠤᠩᠭᠤᠯ ᠠᠳᠠᠭᠠᠷᠬᠠᠯ ᠢ ᠵᠦᠭᠡᠷ ᠨᠢᠭᠡ ᠦᠨᠳᠦᠰᠦᠳᠡᠡ ᠤ ᠵᠠᠩ ᠴᠢᠨᠡᠷ ᠤᠨ | ᠢᠯᠡᠷᠡᠯ ᠲᠡᠳᠦᠢ ᠬᠡᠮᠡᠡ ᠪᠠᠰᠦᠵᠦ ᠦᠯᠦ ᠪᠤᠯᠤᠨ᠎ᠠ᠃ ᠪᠢ ᠵᠠᠷᠢᠮ ᠳᠠᠭᠠᠨ ᠡᠷᠡᠭᠡᠯᠵᠡᠯ ᠲᠦᠷᠦᠳᠡᠭ ᠶᠤᠮ᠃ ᠮᠠᠠ ᠤ | ᠮᠤᠩᠭᠤᠯ ᠦᠨᠳᠦᠰᠦᠳᠡᠡ ᠴᠤᠬᠤᠮ ᠠᠭᠤᠵᠢᠮ ᠰᠡᠳᠬᠢᠯ ᠲᠠᠢ ᠠᠭᠤᠤᠴᠢ ᠪᠠᠭᠳᠠᠭᠠᠮᠵᠢᠳᠠᠢ ᠦᠨᠳᠦᠰᠦᠳᠡᠡ ᠮᠥᠨ ᠤᠤ | ︖ ᠬᠡᠷᠪᠡ ᠮᠥᠨ ᠪᠣᠯ ᠨᠢᠭᠡᠡ ᠤ ᠪᠠᠨ ᠭᠡᠷᠡᠯ ᠭᠡᠭᠡ ᠲᠠᠢ ᠲᠠᠯ᠎ᠠ ᠶᠢ ᠶᠠᠭᠠᠭᠢᠭᠠᠳ ᠪᠠᠭᠳᠠᠭᠠᠵᠦ ᠪᠠᠭ᠋ᠠᠷᠬᠠᠵᠦ ᠴᠢᠳᠠᠬᠤ | ᠦᠭᠡᠢ ᠦᠨᠦ ᠶᠢ ᠬᠦᠷᠦᠭᠰᠡᠡ ᠶᠤᠮ ᠪᠤᠢ⁈ | ᠮᠤᠩᠭᠤᠯ ᠠᠳᠠᠭᠠᠷᠬᠠᠯ ᠭᠡᠳᠡᠭ ᠡᠨᠡ ᠤᠵᠢᠭ ︽ᠡᠪᠡᠳᠴᠢᠨ︾ ᠴᠠᠭ ᠦᠶ᠎ᠡ ᠶᠢᠨ ᠬᠦᠭᠵᠢᠯ ᠲᠡᠪᠰᠢᠯ ᠢ | ᠲᠠᠭᠠᠯᠳᠤᠨ ᠤᠯᠠᠮ ᠲᠠᠭᠠᠮᠵᠢᠷᠠᠭᠠᠳ ᠪᠠᠶᠢᠬᠤ ᠰᠢᠭ᠋᠃ ᠨᠢᠭᠡᠡ ᠤ ᠪᠠᠨ ᠮᠦᠩᠭᠦ ᠵᠤᠭᠤᠰ ᠲᠠᠢ ᠪᠤᠯᠤᠭᠰᠠᠠ ᠢ᠂ ᠵᠡᠷᠭᠡ | ᠵᠢᠩᠰᠡ ᠨᠡᠮᠡᠭᠳᠡᠭᠰᠡᠡ ᠢ᠂ ᠠᠯᠳᠠᠷ ᠨᠡᠷ᠎ᠡ ᠮᠠᠨᠳᠤᠭᠰᠠᠠ ᠢ᠂ ᠠᠵᠠ ᠵᠢᠷᠭᠠᠯ ᠲᠠᠢ ᠠᠮᠢᠳᠤᠷᠠᠭᠰᠠᠠ ᠢ ᠦᠯᠦ | ᠲᠤᠭᠤᠮᠰᠤᠷᠯᠠᠬᠤ ᠴᠢᠨᠠᠭᠰᠢᠯᠠᠪᠠᠯ ᠦᠵᠡᠡ ᠶᠠᠳᠠᠵᠦ᠂ ᠠᠳᠠᠭᠠᠷᠬᠠᠯ ᠤᠨ ᠦᠨᠡᠰᠦ ᠪᠠᠷ ᠪᠤᠯᠠᠵᠦ ᠪᠠᠶᠢᠳᠠᠭ ᠢ ᠲᠠ | ᠪᠦᠬᠦᠨ ᠨᠠᠳᠠ ᠮᠠᠳᠣ ᠪᠠᠷ ᠬᠡᠯᠡᠬᠦᠯᠬᠦ ᠦᠭᠡᠢ ᠲᠡᠷᠭᠡᠳᠡ ᠠᠴᠠ ᠠᠪᠤᠭᠠᠳ ᠲᠡᠯᠡᠬᠡᠢ ᠲᠦᠬᠦᠷᠡᠩ ᠬᠠᠷᠠᠵᠦ ᠪᠤᠢ | ᠪᠠᠶᠢᠯᠭᠦᠢ᠃ ᠭᠡᠬᠦ ᠳᠡᠭᠡᠨ ᠮᠤᠩᠭᠤᠯ ᠬᠦᠮᠦᠨ ᠪᠦᠭᠦᠳᠡᠭᠡᠷ ᠢᠶᠠᠨ ᠲᠡᠶᠢᠮᠦ ᠪᠢᠰᠢ ᠯᠡ ᠳ᠋ᠡ᠃ ᠬᠡᠡ ᠨᠢᠬᠡᠡ ᠤ ᠪᠠᠨ | ᠠᠯᠳᠠᠷ ᠭᠠᠪᠢᠶ᠎ᠠ ᠶᠢ ᠴᠠᠭ ᠢᠶᠠᠨ ᠤᠯᠵᠦ ᠦᠨᠡᠯᠡᠵᠦ ᠴᠢᠳᠠᠳᠠᠭ ᠦᠭᠡᠢ ᠨᠢ ᠮᠠᠠ ᠤ ᠮᠤᠩᠭᠤᠯᠴᠤᠳ ᠤᠨ ᠬᠡᠪᠰᠢᠭᠰᠡᠡ | ᠲᠤᠮᠤ ᠠᠯᠳᠠᠭ᠎ᠠ ᠭᠡᠯᠳᠡᠢ᠃ ᠶᠡᠷᠦᠨᠢ ᠮᠤᠩᠭᠤᠯᠴᠤᠳ ᠪᠣᠯ ᠨᠢᠭᠡ ᠶᠢ ᠪᠠᠨ ᠲᠤᠭᠤᠵᠦ ᠠᠯᠳᠠᠭᠰᠠᠠ ᠬᠦᠮᠦᠰ᠃ ᠡᠨᠡ | ᠪᠣᠯ ᠠᠮᠠᠷᠬᠠᠠ ᠵᠠᠳᠠᠷᠠᠵᠦ ᠰᠠᠷᠨᠢᠳᠠᠭ ᠤᠨ ᠬᠦᠳᠡᠯᠦᠰᠢ ᠦᠭᠡᠢ ᠤᠷᠢᠳᠡᠯ ᠨᠦᠬᠦᠴᠡᠯ ᠰᠢᠦ ᠳ᠋ᠡ᠃ ︽ᠦᠯᠦᠰᠦᠭᠰᠡᠡ | ᠦᠶ᠎ᠡ ᠳᠡᠭᠡᠨ ᠴᠠᠳᠬᠤᠯᠠᠩ ᠳᠤ ᠪᠤᠤ ᠠᠳᠠᠭᠠᠷᠬᠠ᠂ ᠴᠠᠳᠬᠤᠯᠠᠩ ᠦᠶ᠎ᠡ ᠳᠡᠭᠡᠨ ᠦᠯᠦᠰᠭᠦᠯᠡᠩ ᠢ ᠪᠤᠤ ᠮᠠᠷᠳᠠ︾ | ᠭᠡᠰᠡᠡ ᠪᠤᠭᠤᠷᠤᠯ ᠰᠤᠷᠭᠠᠯ ᠢ ᠳᠠᠩᠳᠠ ᠰᠠᠨᠠᠵᠦ ᠶᠠᠪᠤᠯᠳᠠᠢ ᠪᠠᠶᠢᠨ᠎ᠠ᠃ | ᠮᠤᠩᠭᠤᠯ ᠠᠳᠠᠭᠠᠷᠬᠠᠯ ᠭᠡᠳᠡᠭ ᠡᠨᠡ ︽ᠡᠪᠡᠳᠴᠢᠨ︾ ᠪᠠᠷᠤᠭ ᠮᠤᠩᠭᠤᠯ ᠬᠦᠮᠦᠨ ᠤ ᠴᠢᠰᠦ ᠮᠢᠬᠠᠠ ᠳᠤ ᠬᠦᠨ | ᠪᠠᠳᠣ ᠰᠢᠩᠭᠡᠭᠰᠡᠡ ᠪᠦᠭᠡᠳ ᠬᠢᠴᠢᠶᠡᠬᠦ ᠦᠭᠡᠢ ᠪᠣᠯ ᠭᠧᠨ ᠳᠤᠨᠢ ᠴᠦ ᠬᠦᠷᠳᠡᠯ᠎ᠡ ᠰᠢᠩᠭᠡᠭᠰᠡᠡ ᠪᠠᠶᠢᠵᠦ ᠮᠡᠳᠡᠬᠦ ᠪᠤᠯᠬᠤᠷ | ᠲᠡᠶᠢᠮᠦ ᠬᠢᠯᠪᠠᠷᠬᠠᠠ ︽ᠲᠠᠮᠤ ᠶᠢᠨ ᠲᠤᠭᠤᠭᠠᠠ ᠤ ᠦᠯᠢᠭᠡᠷ︾ ᠠᠴᠠ ᠪᠠᠨ ︽ᠠᠶᠠᠷᠯᠠᠠ ᠰᠠᠯᠵᠦ︾ ᠲᠡᠶᠢᠯᠬᠦ ᠦᠭᠡᠢ | ᠪᠠᠶᠢᠬ᠎ᠠ᠃ ᠡᠨᠡ ︽ᠡᠪᠡᠳᠴᠢᠨ︾ ᠢ ᠪᠢᠳᠡ ᠡᠷᠳᠡᠨᠢ ᠰᠣᠪᠣᠳ ᠰᠢᠭ᠋᠂ ᠡᠳ᠋ ᠬᠦᠷᠦᠩᠭᠡ ᠰᠢᠭ ᠨᠠᠨᠳᠢᠩᠨᠠᠠ | ᠬᠠᠳᠠᠭᠠᠯᠠᠵᠦ᠂ ᠦᠪᠯᠡᠵᠦ ᠵᠠᠯᠭᠠᠮᠵᠢᠯᠠᠭᠠᠳ ᠪᠠᠶᠢᠪᠠᠯ ᠰᠠᠶᠢᠨ ᠤ ᠪᠠᠷ᠎ᠠ ᠬᠠᠷᠠᠬᠤ ᠳᠤ ᠬᠦᠴᠢᠷᠳᠡᠵᠦ ᠮᠠᠳᠠᠨ᠎ᠡ᠃ | ᠠᠳᠠᠭ᠎ᠠ ᠵᠢᠳᠦᠭᠡ ᠭᠡᠳᠡᠭ ᠪᠣᠯ ᠰᠢᠨᠦᠯ ᠲᠠᠢ ᠠᠳᠠᠯᠢᠬᠠᠠ ᠠᠷᠪᠠᠠ ᠬᠠᠷ᠎ᠠ ᠨᠢᠬᠦᠯ ᠤᠨ ᠨᠢᠭᠡ ᠶᠤᠮ᠃ ᠠᠷᠪᠠᠠ ᠬᠠᠷ᠎ᠠ | ᠨᠢᠭᠦᠯ ᠲᠡᠭᠡᠭᠡᠭᠰᠡᠡ ᠦᠨᠳᠦᠰᠦᠳᠡᠡ ᠶᠠᠭᠠᠭᠢᠵᠦ ᠴᠦ ᠠᠵᠠ ᠵᠢᠷᠭᠠᠯ ᠲᠠᠢ ᠪᠠᠶᠢᠵᠦ ᠴᠢᠳᠠᠬᠤ ᠪᠢᠯᠡ ᠳ᠋ᠡ᠃ | ᠠᠳᠠᠭᠠᠷᠬᠠᠯ ᠪᠣᠯ ᠠᠳᠠᠭ ᠤᠨ ᠮᠠᠭᠤ ᠡᠨᠧᠷᠭᠢ ᠶᠤᠮ᠃ ᠦᠪᠡᠷ ᠲᠤ ᠴᠦ᠂ ᠦᠷᠦᠭᠡᠯ ᠳᠤ ᠴᠦ ᠪᠦᠷ ᠮᠠᠭᠤ ᠪᠠᠷ | ᠲᠤᠰᠳᠠᠭ᠃ ᠲᠡᠶᠢᠮᠦ ᠠᠴᠠ ᠮᠤᠩᠭᠤᠯ ᠬᠦᠮᠦᠨ ᠲᠠᠯ᠎ᠠ ᠰᠢᠭ᠋ ᠢᠶᠠᠨ ᠠᠭᠤᠵᠢᠮ ᠲᠡᠨᠢᠭᠡᠷ᠂ ᠲᠡᠭᠷᠢ ᠰᠢᠭ ᠢᠶᠠᠨ ᠴᠡᠯᠮᠡᠭ | ᠠᠷᠢᠭᠤᠨ᠂ ᠴᠢᠨ᠋ᠸ᠎ᠠ ᠰᠢᠭ᠋ ᠢᠶᠠᠨ ᠪᠠᠳᠣ ᠪᠦᠯᠬᠦᠮᠳᠡᠯ ᠲᠠᠢ᠂ ᠴᠢᠯᠠᠭᠤ ᠰᠢᠭ᠋ ᠢᠶᠠᠨ ᠲᠤᠳᠤᠭᠠᠳᠤ ᠨᠢᠭ᠌ᠳᠡᠷᠡᠯ ᠲᠠᠢ᠂ | ᠨᠢᠭᠡ ᠨᠢᠭᠡᠡ ᠤ ᠪᠠᠨ ᠦᠭᠡᠳᠡᠷᠡᠭ ᠰᠠᠶᠢᠬᠠᠠ ᠢ ᠪᠢᠳᠡᠬᠡᠢ ᠬᠡᠯᠡ ᠮᠠᠭᠤ ᠮᠠᠭᠤᠬᠠᠢ ᠶᠢ ᠨᠢ ᠴᠦ ᠠᠭᠤᠴᠢᠯᠠᠠ ᠪᠠᠭᠳᠠᠭᠠᠵᠦ | ᠶᠠᠪᠤᠬᠤ ᠰᠠᠨ᠃ | ᠵᠤᠬᠢᠶᠠᠯ ᠤᠨ ᠢᠶᠠᠨ ᠲᠡᠭᠦᠰᠭᠡᠯ ᠳᠤ ︽ᠦᠨᠳᠦᠷ ᠲᠤ ᠦᠰᠢᠶᠡᠯᠡᠡ ᠲᠤᠤᠷᠠᠳᠤ ᠶᠢ ᠲᠤᠷᠤᠮᠵᠢᠯᠠᠬᠤ᠂ ᠦᠪᠡᠷ | ᠲᠡᠭᠡᠨ ᠲᠡᠩᠴᠡᠬᠦᠦ ᠳᠤ ᠠᠳᠠᠭᠠᠷᠬᠠᠬᠤ ᠶᠢ ᠲᠡᠪᠴᠢᠨ ᠦᠷᠭᠡᠡ ᠤᠯᠠᠠ ᠳᠤ ᠲᠤᠰᠠᠳᠠᠢ ᠰᠡᠳᠬᠢᠯ ᠢ ᠡᠭᠦᠰᠭᠡᠪᠡᠯ ᠦᠨᠦ | ᠪᠠ ᠡᠳᠦᠭᠡ ᠬᠤᠶᠠᠷ ᠲᠤ ᠮᠠᠰᠢ ᠰᠠᠶᠢᠨ︾ ᠬᠡᠮᠡᠭᠰᠡᠡ ᠬᠠᠯᠬ᠎ᠠ ᠶᠢᠨ ᠽᠠᠶ᠎ᠠ ᠪᠠᠨᠳᠢᠳᠠ ᠯᠤᠪᠰᠠᠩᠫᠧᠷᠯᠠᠢ ᠶᠢᠨ ᠨᠠᠨᠳᠢᠨ | ᠰᠣᠷᠭᠠᠯ ᠢ ᠢᠮᠠᠭᠳᠠ ᠤᠴᠢᠷᠯᠠᠠ ᠰᠠᠨᠠᠵᠦ ᠶᠠᠪᠤᠬᠤ ᠳᠤ ᠢᠯᠡᠭᠦᠳᠡᠬᠦ ᠦᠭᠡᠢ ᠭᠡᠳᠡᠭ ᠢ ᠬᠡᠯᠡᠶ᠎ᠡ︕ | ᠲᠡᠮᠦᠷ ᠡᠮ᠎ᠡ ᠲᠠᠦᠯᠠᠢ ᠵᠢᠯ ᠤᠨ ᠵᠤᠨ ᠤ ᠠᠳᠠᠭ ᠰᠠᠷ᠎ᠠ ᠶᠢᠨ ᠰᠢᠷ᠎ᠠ ᠬᠤᠯᠤᠭᠠᠨ᠎ᠠ ᠡᠳᠦᠷ ︵ᠳᠠᠸᠠ | ᠭᠠᠷᠠᠭ︶ | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ | |