ᠲᠤᠤᠷᠤᠨ ᠳᠤ ᠤᠷᠤᠭᠰᠠᠠ ᠡᠷᠬᠡ ᠴᠢᠯᠦᠭᠡ
ᠨᠡᠶᠢᠲᠡᠯᠡᠭᠰᠡᠨ ᠴᠠᠭ᠄
2020/12/3
ᠵᠡᠭᠦᠨᠭᠠᠷ ᠪᠤᠶᠠᠨᠪᠠᠲᠤ            ᠲᠤᠤᠷᠤᠨ ᠳᠤ ᠤᠷᠤᠭᠰᠠᠠ ᠡᠷᠬᠡ ᠴᠢᠯᠦᠭᠡ            ᠬᠠᠶᠢᠷ᠎ᠠ ᠲᠤᠷᠤᠮᠵᠢᠯᠠᠯ ᠳᠤᠮᠳᠠ ᠪᠠᠶᠢᠳᠠᠭ ᠦᠭᠡᠢ            ᠭᠤᠷᠭᠤᠤᠯᠳᠠᠢ ᠲᠤᠤᠷᠤᠨ ᠳᠤᠳᠤᠷ᠎ᠠ ᠲᠠᠭᠤᠯᠠᠳᠠᠭ ᠦᠭᠡᠢ            ᠬᠦᠩᠵᠦ ᠴᠠᠶᠢᠵᠠᠠ ᠲᠤᠳᠤᠷ᠎ᠠ ᠵᠢᠷᠭᠠᠳᠠᠭ ᠦᠭᠡᠢ                —— ᠨᠢᠭᠡᠡ ᠵᠤᠬᠢᠶᠠᠯ ᠠᠴᠠ ᠤᠩᠰᠢᠭᠰᠠᠠ ᠰᠢᠭ᠋     ᠲᠤᠤᠷᠤᠨ ᠳᠤ ᠬᠦᠴᠦ ᠪᠠᠷ ᠤᠷᠤᠭᠤᠯᠤᠭᠰᠠᠠ ᠬᠡᠭᠡᠷ᠎ᠡ ᠬᠦᠳᠡᠭᠡ ᠶᠢᠨ᠂ ᠤᠢ ᠲᠠᠶᠢᠭ᠎ᠠ ᠶᠢᠨ᠂ ᠠᠭᠤᠯᠠ ᠬᠠᠳᠠᠠ ᠤ᠂ ᠤᠰᠤ ᠮᠦᠷᠡᠡ ᠤ ᠵᠦᠩᠳᠡᠭᠡᠡ ᠤᠯᠠᠠ ᠠᠮᠢᠳᠠᠠ ᠭᠦᠷᠦᠭᠡᠰᠦ ᠶᠢ ᠠᠮᠢᠳᠠᠠ ᠤ ᠬᠦᠷᠢᠶᠠᠯᠠᠩ ᠠᠴᠠ ᠴᠦ ᠶᠤᠮ ᠤᠤ᠂ ᠠᠶ᠎ᠠ ᠦᠭᠡᠶᠢᠬᠡᠡ ᠵᠡᠭᠦᠳᠦᠨ ᠤ ᠪᠠᠨ ᠶᠢᠷᠳᠢᠨᠴᠦ ᠠᠴᠠ ᠴᠦ ᠶᠤᠮ ᠤᠤ᠂ ᠡᠰᠡᠪᠡᠯ ᠬᠠᠮᠢᠭ᠎ᠠ ᠨᠢᠭᠡᠳᠡᠭᠡ ᠎ ᠠᠴᠠ ᠬᠠᠷᠠᠭᠰᠠᠠ ᠰᠢᠭ᠋ ᠰᠠᠨᠠᠭᠳᠠᠨ᠎ᠠ᠃ ᠲᠡᠭᠡᠭᠡᠳ ᠲᠤᠤᠷ ᠪᠣᠯ ᠬᠦᠴᠦᠷᠭᠡᠭᠯᠡᠯ᠂ ᠡᠵᠡᠷᠬᠡᠶᠢᠯᠡᠯ ᠪᠠᠰᠠ ᠤᠷᠤᠩ ᠱᠤᠷᠤᠩ᠃ ᠲᠤᠤᠷ ᠪᠣᠯ ︽ᠲᠠᠮᠤ ᠶᠢᠨ ᠤᠷᠤᠨ︾᠎ ᠠᠴᠠ ᠲᠠᠰᠣᠳᠠᠵᠦ ᠠᠪᠤᠭᠰᠠᠠ ᠲᠠᠭ ᠪᠢᠳᠡᠭᠦᠮᠵᠢᠯᠡᠭᠳᠡᠭᠰᠡᠡ ᠲᠠᠰ ᠬᠠᠷᠠᠩᠭᠤᠢ ᠤᠷᠤᠨ ᠵᠠᠢ ᠭᠡᠳᠡᠭ ᠢ ᠶᠠᠰᠦ ᠪᠠᠨ ᠦᠢᠷᠡᠭᠦᠯᠦᠨ᠂ ᠶᠠᠮᠠᠳᠠᠭ ᠪᠤᠷᠬᠠᠠ ᠢ ᠤᠬᠢᠯᠠᠭᠤᠯᠤᠨ ᠪᠠᠶᠢᠵᠦ ᠮᠡᠳᠡᠷᠡᠭᠰᠡᠡ ᠢᠶᠠᠨ ᠬᠡᠯᠡᠰᠦ᠄           1. ᠲᠤᠤᠷᠤᠨ ᠲᠤᠳᠤᠷᠠᠬᠢ ᠭᠤᠸ᠎ᠠ ᠰᠠᠶᠢᠬᠠᠠ           ᠲᠡᠯᠭᠡᠷ ᠵᠤᠨ ᠤ ᠰᠠᠶᠢᠬᠠᠠ ᠡᠳᠦᠷ ᠪᠠᠶᠢᠭᠰᠠᠠ ᠮᠡᠳᠣ᠃   ᠠᠮᠢᠳᠠᠠ ᠤ ᠬᠦᠷᠢᠶᠡᠯᠡᠩ ᠳᠠᠬᠢ ᠲᠤᠤᠷᠤᠨ ᠪᠠᠶᠢᠰᠢᠩ ᠲᠤᠳᠤᠷ᠎ᠠ ᠲᠤᠭᠤᠰ ᠰᠢᠪᠠᠭᠤ ᠦᠩᠭᠡᠳᠦ ᠦᠳᠦ ᠪᠠᠨ ᠲᠡᠪᠢᠭᠦᠷ ᠰᠢᠭ ᠲᠡᠯᠭᠡᠴᠢᠬᠡᠭᠰᠡᠡ ᠭᠠᠶᠢᠬᠠᠭᠤᠯᠵᠦ ᠵᠤᠭᠰᠤᠨ᠎ᠠ᠃ ︽ᠲᠤᠭᠤᠰ ᠰᠢᠪᠠᠭᠤ ᠦᠳᠦ ᠪᠠᠨ᠂ ᠰᠠᠶᠢᠨ ᠬᠦᠮᠦᠨ ᠨᠡᠷ᠎ᠡ ᠪᠠᠨ︾ ᠭᠡᠳᠡᠭ ᠦᠭᠡ ᠦᠪᠡᠷ ᠤᠨ ᠡᠷᠬᠡ ᠦᠭᠡᠢ ᠪᠤᠳᠤᠭᠳᠠᠵᠦ ᠪᠢᠯᠡ᠃ ᠲᠤᠭᠤᠷᠢᠨ ᠦᠵᠡᠭᠴᠢᠳ ᠱᠠᠬᠢᠯᠳᠤᠨ ᠬᠤᠷᠠᠵᠦ᠂ ᠭᠠᠷ ᠤᠳᠠᠰᠤᠨ ᠤ ᠪᠠᠨ ᠵᠢᠷᠤᠭ ᠲᠤ ᠪᠠᠭᠤᠯᠭᠠᠵᠦ ᠠᠪᠬᠤ ᠨᠢ ᠠᠪᠴᠦ᠂ ︽ᠭᠤᠶᠤ ᠬᠦᠮᠦᠨ ᠎ ᠳᠤ ᠯᠠ ᠦᠳᠦ ᠪᠠᠨ ᠲᠡᠯᠭᠡᠳᠡᠭ ᠶᠤᠮ ᠭᠡᠨ᠎ᠡ ᠯᠠᠢ︾ ᠭᠡᠵᠤ ᠪᠡᠯᠭᠡᠰᠢᠶᠡᠳᠡᠭ ᠨᠢ ᠪᠡᠯᠭᠡᠰᠢᠶᠡᠵᠦ᠂ ᠲᠡᠭᠦᠨ ᠤ ᠦᠵᠡᠰᠭᠦᠯᠠᠩ ᠰᠠᠶᠢᠬᠠᠠ ᠢ ᠦᠭᠡ ᠬᠠᠶᠢᠷᠠᠯᠠᠯ ᠦᠭᠡᠢ ᠠᠮᠠ ᠤᠷᠠᠭᠳᠠᠳᠠᠯ᠎ᠠ ᠱᠠᠭᠰᠢᠷᠠᠳᠠᠭ ᠨᠢ ᠱᠠᠭᠰᠢᠷᠠᠵᠦ ᠰᠦᠢᠳ ᠪᠤᠯᠵᠠᠭᠠᠵᠤ ᠪᠠᠶᠢᠯ᠎ᠠ᠃    ᠭᠤᠶᠤ ᠬᠦᠮᠦᠨ ᠤ ᠡᠮᠦᠨ᠎ᠡ ᠲᠤᠭᠤᠰ ᠰᠢᠪᠠᠭᠤ ᠦᠵᠡᠰᠭᠦᠯᠡᠩᠳᠦ ᠦᠳᠦ ᠪᠠᠨ‌‍ᠰᠤᠯᠤᠩᠭᠠᠷᠠᠭᠤᠯᠤᠨ ᠲᠡᠯᠭᠡᠳᠡᠭ ᠭᠡᠳᠡᠭ ᠢ ᠱᠠᠯ ᠬᠤᠳᠠᠯ ᠭᠡᠵᠤ ᠪᠢ ᠪᠤᠳᠤᠳᠠᠭ᠃ ᠲᠡᠷᠡ ᠤᠯᠠᠠ ᠰᠤᠨᠢᠷᠬᠠᠭᠴᠢ ᠶᠢᠨ ᠲᠤᠳᠤᠷ᠎ᠠ ᠨᠠᠮᠠᠢᠢ ᠪᠠᠭᠳᠠᠭᠠᠭᠠᠳ ᠭᠤᠶᠤ ᠲᠦᠷᠦᠭᠰᠡᠡ ᠬᠦᠮᠦᠨ ᠨᠢᠭᠡ ᠴᠦ ᠪᠠᠶᠢᠭᠰᠠᠠ ᠦᠭᠡᠢ᠃ ᠰᠠᠶᠢᠬᠠᠠ ᠰᠡᠳᠬᠢᠯ ᠲᠠᠢ ᠬᠦᠮᠦᠨ ᠪᠣᠯ ᠬᠠᠷᠢᠨ ᠵᠦᠩᠳᠡᠭᠡᠡ ᠪᠠᠶᠢᠭᠰᠠᠠ ᠪᠠᠶᠢᠬ᠎ᠠ᠃ ᠡᠨᠡ ᠪᠣᠯ ᠬᠦᠮᠦᠨ ᠲᠦᠷᠦᠯᠬᠢᠳᠡᠡ ᠦᠪᠡᠷ ᠢ ᠪᠠᠨ ᠪᠠᠶᠠᠰᠬᠠᠠ ᠤᠷᠠᠮᠰᠢᠭᠤᠯᠬᠤ ᠭᠡᠵᠤ ᠲᠡᠮᠡᠢ ᠪᠠᠯᠠᠢ ᠵᠤᠬᠢᠶᠠᠭᠰᠠᠠ ᠦᠭᠡ ᠪᠠᠶᠢᠵᠦ ᠮᠡᠳᠡᠨ᠎ᠡ᠃ ᠬᠦᠮᠦᠨ ᠲᠦᠷᠦᠯᠬᠢᠳᠡᠡ ᠰᠢᠭ ᠦᠪᠡᠷ ᠢ ᠪᠠᠨ ᠤᠷᠠᠠ ᠭᠠᠶᠢᠬᠠᠯᠳᠠᠢ᠂ ᠤᠬᠠᠭᠠᠯᠢᠭ ᠴᠢᠳᠠᠮᠭᠠᠢ ᠪᠠᠷ ᠮᠡᠬᠡᠯᠡᠡ ᠲᠠᠶᠢᠳᠬᠤᠷᠠᠵᠦ ᠴᠢᠳᠠᠳᠠᠭ ᠠᠮᠢᠳᠠᠠ ᠡᠨᠡ ᠶᠢᠷᠳᠢᠨᠴᠦ ᠳᠤ ᠦᠭᠡᠷ᠎ᠡ ᠪᠤᠢ ᠪᠤᠯᠪᠠ ᠤᠤ⁈    ᠡᠷᠳᠡ ᠤᠷᠢᠳᠦ ᠶᠢᠨ ᠨᠢᠭᠡᠡ ᠴᠠᠭ ᠲᠤ ᠬᠠᠭᠠᠠ ᠤ ᠬᠠᠳᠤᠨ ᠴᠦ ᠶᠤᠮ ᠤᠤ ᠪᠠᠶᠠᠳ ᠨᠤᠶᠠᠳ ᠤᠨ ᠭᠦᠩᠵᠦ ᠎ ᠠᠴᠠ ᠨᠢᠭᠡ ᠨᠢ ᠠᠮᠢᠳᠠᠠ ᠤ ᠬᠦᠷᠢᠶᠠᠯᠠᠩ ᠳᠤ ᠵᠤᠭᠠᠯᠠᠵᠦ᠂ ᠲᠤᠭᠤᠰ ᠰᠤᠨᠢᠷᠬᠠᠬᠤ ᠦᠶ᠎ᠡ ᠳᠤ ᠶᠠᠭ ᠰᠠᠶᠢᠬᠠᠠ ᠲᠤᠭᠤᠰ ᠰᠢᠪᠠᠭᠤ ᠦᠳᠦ ᠪᠠᠨ ᠲᠡᠯᠭᠡᠬᠦ ᠳᠤ ᠲᠠᠭᠠᠷᠠᠭᠰᠠᠠ ᠪᠠᠶᠢᠵᠦ ᠪᠤᠯᠬᠤ ᠶᠤᠮ᠃ ᠪᠢᠯᠳᠠᠤᠴᠢᠯᠠᠯ ᠵᠢᠰᠦᠷᠳᠠᠯ ᠤᠨ ᠠᠷᠭ᠎ᠠ ᠤᠬᠠᠭᠠᠠ ᠳᠤ ᠴᠠᠭᠠᠷᠠᠭᠰᠠᠠ ᠬᠦᠮᠦᠰ ᠡᠶᠢᠮᠦ ᠵᠠᠪᠰᠢᠶᠠᠠ ᠲᠤᠬᠢᠶᠠᠯ ᠢ ᠠᠯᠳᠠᠨ᠎ᠠ ᠭᠡᠵᠤ ᠪᠠᠶᠢᠬᠤ ᠦᠭᠡᠢ᠃ ᠲᠡᠭᠡᠭᠡᠳ ᠯᠠ ᠲᠠᠭᠠᠯᠳᠤᠭᠴᠢ ᠨᠡᠷ ᠨᠢ ︽ᠲᠤᠭᠤᠰ ᠵᠦᠪᠬᠡᠡ ᠲᠡᠭᠦᠰ ᠦᠵᠡᠰᠭᠦᠯᠠᠩ ᠬᠦᠮᠦᠨ ᠳᠤ ᠯᠠ ᠰᠤᠯᠤᠩᠭ᠎ᠠ ᠳᠠᠳᠠᠭᠰᠠᠠ ᠦᠳᠦ ᠪᠠᠨ ᠳᠡᠯᠭᠡᠳᠡᠭ ᠤᠴᠢᠷ ᠲᠠᠢ ᠶᠤᠮ ᠭᠡᠳᠡᠭ᠃ ᠬᠠᠳᠤᠭᠳᠠᠢ ︵ᠠᠪᠠᠭ᠋ᠠᠢ︶ ᠲᠠᠠ ᠤ ᠪᠠᠷ᠎ᠠ ᠪᠠᠷ ᠯᠠ ᠲᠤᠭᠤᠰ ᠦᠳᠦ ᠪᠠᠨ ᠲᠡᠯᠭᠡᠯ᠎ᠡ ᠰᠢᠦ᠃ ᠲᠠᠠ ᠢ ᠲᠡᠯᠡᠬᠡᠢ ᠳᠤ ᠬᠤᠤᠰ ᠦᠭᠡᠢ ᠭᠤᠶᠤ ᠶᠤᠮ ᠭᠡᠳᠡᠭ ᠢ ᠲᠤᠭᠤᠰ ᠰᠢᠪᠠᠭᠤ ᠦᠵᠡᠰᠭᠦᠯᠡᠩᠳᠦ ᠦᠳᠦ ᠪᠠᠨ ᠳᠡᠯᠭᠡᠵᠦ ᠪᠠᠳᠤᠯᠠᠠ ᠬᠠᠷᠠᠭᠤᠯᠤᠯ᠎ᠠ …︾ ᠭᠡᠵᠤ ᠬᠤᠷᠮᠤᠢ ᠬᠤᠳᠠ ᠠᠴᠠ ᠨᠢ ᠠᠳᠢᠰ ᠠᠪᠤᠨ ᠠᠯᠳᠠᠠ ᠨᠠᠪᠰᠠᠭᠠᠨᠠᠠ ᠳᠤᠯᠢᠭᠠᠨᠠᠭᠰᠠᠠ ᠪᠠᠶᠢᠬᠤ ᠯᠠ ᠳ᠋ᠡ᠃ ᠲᠡᠬᠦᠨ ᠠᠴᠠ ᠬᠤᠶᠢᠰᠢ ᠡᠨᠡ ᠦᠭᠡ ︽ᠬᠦᠯ ᠤᠷᠭᠤᠵᠦ︾᠂ ᠠᠮᠠ ᠳᠠᠮᠵᠢᠨ ᠲᠡᠦᠬᠡ ᠦᠷᠳᠡᠭᠡᠯᠡᠵᠦ᠂ ︽ᠠᠮᠢ ᠪᠦᠬᠡ︾᠎ ᠲᠠᠢ ᠦᠨᠦ ᠳᠤ ᠬᠦᠷᠦᠭᠰᠡᠡ ᠪᠠᠶᠢᠵᠦ ᠮᠡᠳᠡᠨ᠎ᠡ᠃    ᠲᠤᠭᠤᠰ ᠦᠳᠦ ᠪᠠᠨ ᠳᠡᠯᠭᠡᠳᠡᠭ ᠨᠢ ᠨᠢᠭᠡᠡ ᠳᠡᠭᠡᠨ ᠬᠠᠶᠢᠷ᠎ᠠ ᠪᠠᠨ ᠢᠯᠡᠷᠬᠡᠶᠢᠯᠡᠵᠦ᠂ ᠪᠡᠶ᠎ᠡ ᠪᠡᠶᠡᠡ ᠳᠡᠭᠡᠨ ᠲᠠᠴᠢᠶᠠᠳᠠᠠ ᠲᠤᠷᠠᠯᠠᠵᠦ ᠪᠠᠶᠢᠭ᠎ᠠ ᠪᠠᠨ ᠢᠯᠡᠷᠬᠡᠶᠢᠯᠡᠵᠦ ᠪᠦᠬᠦᠢ ᠨᠢᠭᠡ ᠵᠦᠢᠯ ᠤᠨ ᠲᠤᠬᠢᠶ᠎ᠠ ᠲᠡᠮᠳᠡᠭ᠂ ᠠᠯᠢ ᠡᠰᠡᠪᠡᠯ ᠬᠠᠯᠠᠭᠤᠴᠠᠬᠤ ᠳᠠᠭᠠᠨ ᠰᠡᠷᠢᠭᠦᠴᠡᠬᠦ ᠭᠡᠰᠡᠡ ᠵᠦᠭᠡᠷ ᠯᠠ ᠨᠢᠭᠡ ᠬᠦᠳᠡᠯᠭᠡᠭᠡᠡ ᠪᠠᠶᠢᠵᠦ ᠴᠦ ᠮᠠᠭᠠᠳ ᠦᠭᠡᠢ᠃ ᠡᠨᠡᠬᠦ ᠲᠤᠷᠭᠠᠠ ᠠᠭᠱᠠᠠ ᠢ ᠬᠦᠮᠦᠰ ︽ᠰᠢᠬᠦᠷᠴᠦ ᠠᠪᠤᠭᠠᠳ︾ ᠦᠪᠡᠷ ᠤᠨ ᠢᠶᠠᠨ ᠨᠡᠷᠡᠯᠬᠡᠭ ᠰᠡᠳᠬᠢᠯ ᠢᠶᠠᠨ ᠲᠡᠵᠢᠭᠡᠬᠦ ᠪᠤᠶᠦ ᠪᠡᠯᠭᠡᠰᠢᠶᠡᠡ ᠲᠠᠶᠢᠳᠬᠤᠷᠠᠬᠤ ᠳᠤ ᠵᠤᠷᠢᠭᠤᠳᠠ ᠠᠰᠢᠭᠯᠠᠭᠰᠠᠠ ᠨᠢ ᠮᠡᠳᠡᠭᠡᠵᠢ᠃ ᠦᠷᠦᠭᠡᠯ ᠢ ᠲᠡᠳᠦᠢ ᠪᠤᠰᠣ ᠦᠪᠡᠷ ᠢ ᠪᠠᠨ ᠬᠠᠭᠤᠷᠴᠤ ᠮᠡᠬᠡᠯᠡᠬᠦ ᠳᠡᠭᠡᠨ ᠭᠠᠷᠭᠠᠭᠤᠳᠠ ᠬᠦᠮᠦᠨ ᠲᠦᠷᠦᠯᠬᠢᠳᠡᠡ ᠡᠶᠢᠮᠦ ᠵᠦᠢᠯ ᠢ ᠵᠤᠬᠢᠶᠠᠮᠵᠢᠯᠠᠠ ᠴᠤᠤᠳᠠᠮᠨᠠᠬᠤ ᠨᠢ ᠶᠠᠭᠤ ᠴᠦ ᠪᠢᠰᠢ᠃ ᠲᠤᠭᠤᠰ ᠭᠡᠨᠡᠳᠳᠡ ᠪᠤᠰᠴᠦ ᠢᠷᠡᠭᠡᠳ ᠡᠷᠬᠡ ᠲᠠᠢ ᠮᠦᠩᠭᠦ ᠲᠠᠢ ᠡᠷᠬᠢᠮᠳᠡᠡ ᠎ ᠳᠤ ᠰᠡᠭᠡᠳᠡᠩ ᠬᠠᠶᠠᠵᠦ ᠪᠠᠩᠵᠠᠯ ᠡᠨᠡ ᠲᠡᠷᠡ ᠪᠠᠨ ᠢᠷᠠᠵᠦ ᠰᠡᠬᠦᠨ ᠢᠰᠪᠠᠯᠵᠠᠳᠠᠭ ᠲᠠᠶᠢᠴᠢᠬᠤ ᠤᠷᠠᠯᠢᠭ ᠤᠨ ᠰᠢᠪᠡᠭᠴᠢᠨ ᠰᠢᠭ ᠦᠳᠦ ᠰᠦᠳᠦ ᠪᠠᠨ ᠲᠡᠯᠭᠡᠭᠡᠳ ᠤᠨᠠᠬᠤ ᠨᠢ ᠶᠠᠭᠤ ᠯᠠ ᠪᠣᠯ᠃    ᠲᠤᠤᠷᠤᠨ ᠳᠤᠳᠤᠷᠠᠬᠢ ᠭᠤᠸ᠎ᠠ ᠰᠠᠶᠢᠬᠠᠠ ᠠᠴᠠ ᠶᠠᠮᠠᠷ ᠰᠡᠳᠬᠢᠯ ᠤᠨ ᠲᠠᠭᠠᠰᠢᠶᠠᠯ ᠠᠪᠬᠤ ᠶᠤᠮ ᠪᠤᠢ︖ ᠲᠡᠨᠳᠡ ᠭᠤᠸ᠎ᠠ ᠰᠠᠶᠢᠬᠠᠠ ᠬᠡᠵᠢᠶ᠎ᠡ ᠴᠦ ᠤᠷᠤᠰᠢᠬᠤ ᠦᠭᠡᠢ᠃ ᠰᠢᠯᠦᠨ ᠳᠤ ᠤᠷᠭᠤᠭᠤᠯᠤᠭᠰᠠᠠ ᠰᠠᠶᠢᠬᠠᠠ ᠴᠡᠴᠡᠭ ᠎ ᠢᠶᠠᠷ ᠶᠠᠭᠤ ᠴᠦ ᠬᠢᠬᠦ ᠪᠢᠯᠡ ᠳ᠋ᠡ᠂ ᠲᠡᠭᠦᠨ ᠲᠠᠢ ᠯᠡ ᠠᠳᠠᠯᠢ᠃ ᠬᠡᠷᠪᠡ ᠪᠠᠶᠢᠭ᠎ᠠ ᠭᠡᠵᠤ ᠮᠤᠭᠤᠶᠢᠳᠯᠠᠪᠠᠯ᠂ ᠲᠡᠷᠡ ᠎ ᠨᠢ ᠬᠠᠭᠤᠷᠮᠠᠭ ᠬᠠᠭᠤᠷᠠᠢ ᠡᠰᠡᠬᠦᠯ᠎ᠡ ᠬᠢᠮᠡᠯ ᠵᠤᠬᠢᠶᠠᠮᠠᠯ ᠠᠴᠠ ᠴᠠᠰᠢ ᠭᠡᠳᠦᠷᠡᠬᠦ ᠦᠭᠡᠢ᠃ ᠵᠢᠩᠬᠢᠨᠢ ᠭᠤᠸ᠎ᠠ ᠰᠠᠶᠢᠬᠠᠠ ᠪᠣᠯ ᠡᠷᠬᠡ ᠴᠢᠯᠦᠭᠡ ᠠᠴᠠ ᠯᠠ ᠲᠡᠯᠭᠡᠷᠡᠳᠡᠭ᠃    ᠲᠤᠭᠤᠰ ᠰᠢᠪᠠᠭᠤᠨ ᠤ ᠦᠨᠡᠨᠬᠦ ᠪᠠᠶᠢᠭᠠᠯᠢᠯᠢᠭ ᠭᠤᠸ᠎ᠠ ᠰᠠᠶᠢᠬᠠᠠ ᠨᠢ ᠬᠠᠯᠠᠭᠤᠨ ᠪᠦᠰᠡᠡ ᠤ ᠤᠢ ᠰᠢᠭᠤᠢ ᠶᠢᠨ ᠦᠷᠭᠡᠡ ᠳᠠᠭᠱᠠᠠ ᠴᠢᠯᠦᠭᠡᠡ ᠳᠤ ᠲᠤᠷ᠎ᠠ ᠪᠠᠷ ᠵᠠᠳᠠᠭᠠᠢ ᠨᠢᠰᠴᠦ ᠪᠠᠭᠤᠬᠤ ᠵᠠᠭᠤᠷ᠎ᠠ ᠪᠠᠨ ᠦᠨᠦᠬᠢ ᠰᠤᠯᠤᠩᠭ᠎ᠠ ᠲᠠᠳᠠᠭᠰᠠᠠ ᠦᠳᠦ ᠪᠠᠨ ᠴᠢᠨᠡᠭᠡ ᠮᠡᠳᠡᠡ ᠳᠡᠯᠭᠡᠬᠦ ᠲᠡᠷᠡ ᠯᠠ ᠠᠭᠱᠠᠨ᠎ᠠ ᠬᠠᠷᠠᠭᠳᠠᠬᠤ ᠪᠠᠶᠢᠬ᠎ᠠ᠃ ᠡᠨᠡ ᠦᠶ᠎ᠡ ᠳᠤ ᠯᠠ ᠬᠠᠷᠢᠨ ᠪᠡᠯᠭᠡᠰᠢᠶᠡᠵᠦ᠂ ᠲᠠᠶᠢᠳᠬᠤᠷᠠᠵᠦ ᠪᠤᠯᠬᠤ ᠮᠡᠳᠣ᠃          2. ᠲᠤᠤᠷᠯᠠᠭᠳᠠᠭᠰᠠᠠ ᠡᠷᠴᠢ ᠬᠦᠴᠦ    ᠪᠠᠶᠠᠨᠬᠤᠳᠠ ᠶᠢᠨ ᠴᠡᠴᠡᠷᠯᠢᠭ ᠲᠤ ᠶᠤᠮᠰᠠᠠ᠃    ᠬᠦᠮᠦᠰ ᠤᠨ ᠨᠢᠳᠤᠨ ᠤ ᠬᠤᠷᠤᠬᠠᠢ ᠭᠠᠷᠭᠠᠵᠦ᠂ ᠴᠡᠭᠡᠵᠢᠨ ᠤ ︽ᠪᠦᠭᠯᠡᠭᠡ︾ ᠮᠤᠯᠳᠤᠯᠬᠤ ᠶᠢᠨ ᠲᠦᠯᠦᠭᠡ ᠬᠠᠮᠢᠭ᠎ᠠ ᠠᠴᠠ ᠴᠦ ᠶᠤᠮ ᠬᠡᠳᠦ ᠬᠡᠳᠦᠨ ᠵᠢᠬᠦᠷᠳᠡᠡ ᠢ ᠲᠤᠤᠷᠤᠨ ᠳᠤ ᠴᠤᠤᠵᠢᠯᠠᠴᠢᠬᠠᠭᠠᠳ ᠰᠤᠨᠢᠷᠬᠠᠭᠤᠯᠵᠦ ᠪᠠᠶᠢᠵᠦ ᠪᠢᠯᠡ᠃ ᠲᠡᠷᠡ ᠳᠡᠭᠡᠭᠦᠷ ᠲᠡᠭᠷᠢ ᠲᠤᠤᠭᠤᠷ ᠨᠢᠰᠦᠭᠡᠳ ᠪᠠᠷ᠎ᠠ ᠰᠡᠭᠦᠳᠡᠷ ᠢᠶᠠᠨ ᠬᠤᠪᠤᠷᠬᠠᠠ ᠬᠠᠷᠠᠭᠤᠯᠳᠠᠭ ᠠᠮᠢᠳᠠᠰ ᠢ ᠬᠡᠳᠦᠬᠡᠡ ᠠᠯᠬᠤᠮ ᠠᠴᠠ ᠬᠠᠷᠠᠵᠦ ᠭᠠᠶᠢᠬᠠᠬᠤ ᠪᠤᠯᠤᠭᠰᠠᠠ ᠳᠠᠭᠠᠨ ᠬᠦᠮᠦᠰ ᠴᠠᠭᠠᠨ᠎ᠠ ᠪᠠᠨ ᠤᠯᠵᠠᠭᠤᠷᠬᠠᠠ᠂ ᠢᠯᠠᠠ ᠲᠡᠶᠢᠯᠦᠭᠴᠢ ᠶᠢᠨ ᠪᠠᠶᠢᠷᠢ ᠲᠠᠢ ᠤᠮᠤᠭ ᠪᠠᠷᠳᠠᠮ ᠬᠠᠷᠠᠴᠠ ᠪᠠᠷ ︽ᠤᠤᠯ ᠨᠢ ᠡᠶᠢᠮᠦ ᠯᠠ ᠨᠤᠪᠰᠢ ᠪᠠᠶᠢᠭᠰᠠᠠ ᠶᠤᠮ ᠤᠤ︾ ᠭᠡᠰᠡᠡ ᠰᠢᠭ ᠲᠤᠭᠤᠮᠵᠢᠷ ᠦᠭᠡᠶᠢᠬᠡᠡ ᠬᠠᠷᠠᠬᠤ ᠪᠦᠭᠡᠳ ᠵᠠᠷᠢᠮ ᠨᠢ ᠲᠤᠤᠷᠤᠨ ᠵᠠᠪᠰᠠᠷ ᠢᠶᠠᠷ ᠶᠠᠭᠤᠮ᠎ᠠ ᠴᠢᠯᠠᠭᠤᠳᠠᠵᠦ᠂ ᠪᠠᠬ᠎ᠠ ᠳᠤᠬᠤᠭᠤ ᠪᠠᠨ ᠬᠠᠩᠭᠠᠵᠦ᠂ ᠳᠤᠭᠤᠭᠢᠳᠠᠶᠢᠬᠠᠠ ᠢᠨᠢᠶᠡᠯᠳᠦᠨ᠎ᠡ᠃    ᠡᠳᠡᠭᠡᠷ ᠵᠢᠭᠦᠷᠳᠡᠡ ᠤ ᠳᠤᠳᠤᠷ᠎ᠠ ᠠᠴᠠ ᠬᠠᠮᠤᠭ ᠤᠨ ᠦᠷᠦᠪᠳᠦᠯᠳᠡᠢ ᠬᠠᠷᠠᠭᠳᠠᠭᠰᠠᠠ ᠨᠢ ᠪᠦᠷᠭᠦᠳ ᠪᠠᠶᠢᠭᠰᠠᠠ ᠶᠤᠮ᠃ ᠠᠭᠠᠷ ᠲᠡᠭᠷᠢ ᠶᠢᠨ ᠭᠦᠨ ᠴᠡᠭᠡᠯ ᠠᠴᠠ ᠪᠤᠳᠠᠠ ᠲᠤᠳᠤᠷ᠎ᠠ ᠪᠤᠯᠳᠠᠯᠵᠠᠠ ᠭᠦᠶᠦᠯᠳᠦᠵᠦ ᠪᠠᠶᠢᠭ᠎ᠠ ᠤᠭᠤᠳᠤᠨ᠎ᠠ ᠎ ᠶᠢ ᠳᠤᠪ ᠳᠤᠳᠤᠬᠠᠠ ᠤᠯᠵᠦ ᠬᠠᠷᠠᠳᠠᠭ ᠬᠤᠷᠴᠠ ᠤᠮᠤᠭᠯᠠᠩ ᠨᠢᠳᠦ ᠨᠢ ᠨᠤᠤᠬᠠᠳᠠᠠ᠂ ︽ᠵᠤᠪᠬᠢ︾᠎ ᠪᠠᠨ ᠳᠠᠭᠠᠭᠠᠬᠤ ᠦᠭᠡᠢ ᠨᠤᠭᠳᠤᠶᠢᠨ ᠵᠤᠭᠰᠤᠬᠤ ᠪᠦᠭᠡᠳ ᠶᠠᠭᠤ ᠶᠢ ᠴᠦ ᠰᠡᠭ ᠳᠠᠳᠠᠠ ᠲᠤᠩᠰᠢᠨ ᠨᠤᠮᠤᠬᠠᠳᠬᠠᠵᠦ ᠴᠢᠳᠠᠳᠠᠭ ᠲᠡᠮᠦᠷ ᠭᠤᠬ᠎ᠠ ᠰᠢᠭ᠋ ᠬᠤᠩᠰᠢᠶᠠᠷ ᠨᠢ ᠶᠠᠮᠠ ᠡᠪᠡᠳᠴᠢᠨ ᠳᠤ ᠢᠳᠡᠭᠳᠡᠭᠰᠡᠡ ᠬᠦᠮᠦᠨ ᠤ ᠬᠠᠮᠠᠷ ᠰᠢᠭ᠋ ᠱᠤᠯᠪᠠᠶᠢᠵᠦ᠂ ᠶᠠᠭᠤ ᠶᠢ ᠴᠦ ᠰᠠᠯᠪᠠ ᠪᠠᠵᠠᠭᠳᠠᠠ ᠰᠢᠬᠦᠷᠴᠦ ᠪᠠᠶᠢᠭᠰᠠᠠ ᠬᠦᠴᠦᠳᠦ ᠰᠠᠪᠠᠷ ᠨᠢ ᠭᠤᠶᠢᠷᠠᠨᠴᠢ ᠬᠡᠦᠬᠡᠳ ᠎ ᠤᠨ ᠰᠠᠭᠠᠷᠢ ᠲᠠᠢ ᠬᠦᠯ ᠮᠡᠳᠣ ᠰᠠᠷᠰᠠᠶᠢᠨ᠂ ᠤᠳᠤᠭ᠎ᠠ ᠵᠠᠭᠤᠭᠰᠠᠠ ᠬᠤᠷᠮᠤᠰᠢᠨ ︵ᠬᠠᠭᠤᠴᠢᠨ ᠢᠰᠡᠭᠡᠢ︶᠎ ᠤ ᠲᠠᠰᠣᠷᠬᠠᠢ ᠰᠢᠭ᠋ ᠪᠤᠯᠴᠢᠬᠠᠭᠰᠠᠠ ᠢ ᠬᠠᠷᠠᠭᠠᠳ᠂ ᠦᠨᠳᠦᠷ ᠲᠡᠭᠷᠢ ᠪᠠᠷ ᠵᠠᠶᠠᠭ᠎ᠠ ᠲᠠᠢ ᠦᠷᠯᠦᠭ ᠳᠠᠶᠢᠴᠢᠨ ᠠᠮᠢᠳᠠᠠ ᠎ ᠤ ᠰᠦᠷ ᠰᠦᠯᠳᠡ ᠶᠢ ᠢᠩᠭᠢᠵᠦ ᠲᠠᠷᠳᠠᠭ ᠲᠤᠨᠢ ᠲᠤᠯᠭᠠᠬᠤ ᠭᠡᠵᠢ ᠳ᠋ᠡ ᠭᠡᠵᠤ ᠦᠪᠡᠷ ᠤᠨ ᠡᠷᠬᠡ ᠦᠭᠡᠢ ᠡᠪᠦᠯ ᠤᠨ ᠬᠦᠢᠳᠡᠡ ᠮᠡᠳᠣ ᠰᠡᠭᠦᠷᠡᠰᠦ ᠠᠯᠳᠠᠬᠤ ᠳᠤ ᠬᠦᠷᠪᠡ᠃           ᠬᠦᠭᠡᠷᠦᠬᠦᠢ ᠲᠡᠷᠡ ᠪᠦᠷᠭᠦᠳ ᠡᠳᠡᠭᠡᠷᠡᠰᠢ ᠦᠭᠡᠢ ᠬᠦᠨᠳᠦ ᠡᠪᠡᠳᠴᠢᠨ ᠳᠤ ᠪᠠᠷᠢᠭᠳᠠᠭᠠᠳ ᠦᠬᠦᠯ ᠢᠶᠠᠨ ᠬᠦᠯᠢᠶᠡᠭᠰᠡᠡ ᠦᠯᠢᠭᠡᠷ ᠤᠨ ᠪᠠᠭᠠᠳᠤᠷ ᠮᠡᠳᠣ᠂ ᠡᠰᠡᠪᠡᠯ ᠬᠢᠯᠢᠰ ᠬᠡᠷᠡᠭ ᠢᠶᠠᠷ ᠱᠤᠷᠤᠩ ᠭᠢᠨᠳᠡᠡ ᠳᠤ ᠰᠠᠭᠤᠭᠰᠠᠠ ᠭᠦᠨ ᠰᠡᠳᠬᠢᠭᠴᠢ ᠰᠢᠭ ᠶᠢᠷᠳᠢᠨᠴᠦ ᠶᠢᠨ ᠬᠠᠷ᠎ᠠ ᠴᠠᠭᠠᠠ ᠬᠠᠳᠠᠭᠤ ᠵᠦᠭᠡᠯᠡᠡ ᠢ ᠪᠢᠰᠢᠯᠭᠠᠠ ᠲᠤᠩᠭᠠᠵᠦ ᠪᠠᠶᠢᠬᠤ ᠮᠡᠳᠣ ᠪᠠᠶᠢᠯᠤᠭ᠎ᠠ᠃ ᠡᠰᠡᠪᠡᠯ ᠡᠨᠡ ︽ᠲᠠᠮᠤ ᠶᠢᠨ ᠭᠠᠵᠠᠷ︾᠎ ᠠᠴᠠ ᠲᠤᠳᠠᠭᠠᠵᠦ ᠭᠠᠷᠤᠭᠠᠳ᠂ ᠲᠠᠷᠠ ᠬᠤᠯᠠ ᠶᠢᠨ ᠲᠡᠭᠷᠢ ᠳᠡᠭᠡᠷ᠎ᠡ ᠠᠴᠠ ᠬᠦᠮᠦᠨ ᠲᠦᠷᠦᠯᠬᠢᠳᠡᠡ ᠤ ᠪᠤᠵᠠᠷ ᠪᠤᠯᠠᠢ᠂ ᠬᠠᠷᠭᠢᠰ ᠬᠡᠷᠴᠡᠬᠡᠢ ᠶᠢ ᠴᠤᠷᠭᠢᠨ ᠰᠢᠷᠳᠡᠵᠦ᠂ ᠦᠢᠯᠡ ᠶᠢᠨ ᠦᠷ᠎ᠡ ᠪᠠᠨ ᠶᠠᠭᠠᠭᠢᠵᠦ ᠡᠳ᠋ᠯᠡᠬᠦ ᠶᠢ ᠨᠢ ᠪᠠᠰᠤᠮᠵᠢᠯᠠᠠ ᠬᠠᠷᠠᠭᠠᠳ᠂ ︽ᠬᠦᠬᠡ ᠢᠨᠢᠶᠡᠳᠦ︾᠎ ᠪᠠᠨ ᠪᠠᠷᠢᠵᠦ ᠶᠠᠳᠠᠠ ᠨᠢᠰᠴᠦ ᠶᠠᠪᠤᠬᠤ ᠰᠠᠨ ᠬᠡᠮᠡᠡ ᠮᠦᠷᠦᠭᠡᠳᠦᠨ ᠵᠤᠭᠰᠤᠬᠤ ᠮᠡᠳᠣ᠃ ᠳᠠᠰᠢᠷᠠᠮ ᠳᠤ ᠬᠡᠯᠡᠬᠦ ᠳᠤ᠂ ᠶᠠᠮᠠᠷᠪᠠ ᠵᠢᠭᠦᠷᠳᠡᠡ ᠢ ᠪᠠᠷᠢᠵᠦ ᠬᠤᠷᠢᠳᠠᠭ ᠦᠭᠡᠢ᠂ ᠨᠡᠩ ᠴᠦ ᠮᠢᠬ᠎ᠠ ᠶᠢ ᠨᠢ ᠢᠳᠡᠬᠦ ᠠᠴᠠ ᠲᠠᠰᠦ ᠴᠡᠭᠡᠷᠯᠡᠵᠦ ᠢᠷᠡᠭᠰᠡᠡ ᠮᠤᠩᠭᠤᠯᠴᠣᠳ ᠤᠨ ᠮᠠᠨᠢ ᠤᠯᠠᠮᠵᠢᠯᠠᠯᠳᠤ ᠨᠢᠭᠡᠡ ᠶᠤᠰᠤ ᠶᠠᠭᠤ ᠨᠢᠭᠡ ᠶᠢ ᠰᠠᠨᠠᠭᠤᠯᠤᠭᠠᠳ ᠪᠠᠶᠢᠭ᠎ᠠ ᠶᠤᠮ ᠪᠢᠰᠢᠤ⁈         ᠰᠠᠷ᠎ᠠ ᠶᠢᠨ ᠳᠠᠷᠠᠭ᠎ᠠ ᠲᠠᠬᠢᠵᠦ ᠤᠴᠢᠬᠤ ᠳᠤ ᠲᠡᠷᠡ ᠪᠦᠷᠭᠦᠳ ᠪᠠᠶᠢᠬᠤ ᠦᠭᠡᠢ ᠪᠤᠯᠴᠢᠬᠠᠭᠰᠠᠠ ᠪᠠᠶᠢᠯ᠎ᠠ᠃ ︽ᠠᠰᠠᠷᠠᠭᠴᠢ ᠰᠤᠪᠢᠯᠠᠭᠴᠢ︾᠎ ᠠᠴᠠ ᠨᠢ ᠠᠰᠠᠭᠤᠬᠤ ᠳᠤ᠂ ᠢᠳᠡᠬᠦ ᠴᠦ ᠦᠭᠡᠢ ᠤᠤᠭᠤᠬᠤ ᠴᠦ ᠦᠭᠡᠢ ︽ᠦᠯᠦᠰᠭᠦᠯᠡᠩ ᠵᠠᠷᠯᠠᠭᠰᠠᠭᠠᠷ︾ ᠪᠠᠶᠢᠭᠠᠳ ︽ᠲᠡᠭᠷᠢ ᠳᠡᠭᠡᠨ ᠬᠠᠯᠢᠭᠰᠠᠠ︾ ᠭᠡᠳ ᠶᠠᠭᠤ ᠴᠦ ᠪᠤᠯᠤᠭ᠎ᠠ ᠦᠬᠡᠢ ᠶᠤᠮ ᠰᠢᠭ᠋ ᠲᠠᠰ ᠲᠠᠰ ᠬᠦᠬᠦᠷᠡᠡ ᠬᠡᠯᠡᠵᠦ ᠪᠢᠯᠡ᠃ ᠲᠡᠭᠷᠢ ᠳᠡᠭᠡᠨ ᠦᠳᠡᠯᠦᠳᠡᠭ ᠮᠦᠷᠳᠡᠯ᠎ᠡ ᠪᠠᠨ ᠦᠬᠦᠳᠡᠭ ᠰᠢᠪᠠᠭᠤ ᠲᠤᠤᠷᠤᠨ ᠳᠤᠳᠤᠷ᠎ᠠ᠂ ᠲᠡᠷᠡᠴᠢᠯᠡᠡ ᠬᠦᠮᠦᠨ ᠤ ᠭᠠᠷ ᠲᠡᠭᠡᠷ᠎ᠡ ᠦᠬᠦᠨ᠎ᠡ ᠭᠡᠳᠡᠭ ᠬᠡᠡ ᠤ ᠭᠤᠳᠤᠮᠰᠢᠭ᠂ ᠬᠡᠡ ᠤ ᠨᠢᠭᠦᠯ ᠬᠢᠯᠢᠨᠴᠡ ᠪᠤᠢ︖        ᠲᠡᠭᠷᠢ ᠶᠢᠨ ᠠᠮᠢᠳᠠᠠ ᠲᠡᠭᠷᠢ ᠳᠡᠭᠡᠨ ᠯᠠ ᠦᠯᠵᠡᠢ ᠲᠠᠢ ᠪᠦᠯᠦᠭᠡ᠃ ᠪᠦᠷᠭᠦᠳ ᠴᠡᠩᠬᠡᠷ ᠲᠡᠭᠷᠢ ᠳᠡᠭᠡᠨ ᠲᠡᠭᠦᠯᠢᠨ ᠱᠤᠩᠭᠤᠯᠬᠤ᠂ ᠡᠰᠡᠬᠦᠯ᠎ᠡ ᠠᠭᠤᠯᠠ ᠶᠢᠨ ᠰᠡᠵᠢᠭᠦᠷ ᠲᠡᠭᠡᠷ᠎ᠡ ᠭᠠᠭᠴᠠᠭᠠᠷᠬᠠᠠ ᠢᠶᠠᠨ ᠱᠤᠮᠪᠤᠶᠢᠵᠦ ᠰᠠᠭᠤᠬᠤ ᠨᠢ ᠦᠨᠡᠬᠡᠷᠡᠨ ᠰᠦᠷ ᠵᠢᠪᠬᠤᠯᠠᠩ ᠲᠠᠢ᠂ ᠦᠭᠡ ᠪᠠᠷ ᠢᠯᠡᠳᠬᠡᠰᠢ ᠦᠭᠡᠢ ᠡᠷᠴᠢ ᠬᠦᠴᠦ ᠲᠠᠢ ᠬᠠᠷᠠᠭᠳᠠᠳᠠᠭ ᠭᠡᠭᠡᠴᠢ᠃ ᠪᠦᠷᠭᠦᠳ ᠭᠡᠳᠡᠭ ᠰᠢᠪᠠᠭᠤ ᠪᠣᠯ ᠪᠦᠬᠦᠶᠢᠯᠡ ᠭᠠᠵᠠᠷ ᠤᠨ ᠠᠮᠢᠳᠠᠠ ᠤ ︽ᠦᠨᠳᠦᠷ ᠠᠪᠬᠤ︾᠎ ᠶᠢᠨ ᠦᠯᠢᠭᠡᠷ ᠵᠢᠱᠢᠶ᠎ᠡ ᠂ ᠭᠠᠶᠢᠬᠠᠰᠢᠷᠠᠯ ᠪᠠᠭ᠋ᠠᠷᠬᠠᠯ ᠮᠥᠨ᠃ ᠲᠡᠷᠡ ᠴᠦ ᠪᠠᠶᠢᠳᠤᠭᠠᠢ ᠡᠨᠡ ᠤᠷᠴᠢᠯᠠᠩ ᠤᠨ ᠬᠦᠴᠦ ᠴᠢᠳᠠᠯ᠂ ᠬᠦᠰᠡᠯ ᠲᠡᠮᠡᠦᠯᠡᠯ᠂ ᠡᠷ᠎ᠡ ᠵᠤᠷᠢᠭ ᠤᠨ ᠪᠡᠯᠬᠡ ᠳᠡᠮᠳᠡᠭ ᠪᠤᠯᠠᠢ᠃   ᠶᠠᠭᠤ ᠶᠢ ᠴᠦ ᠬᠦᠰᠡᠵᠦ ᠪᠤᠯᠳᠠᠭ ᠠᠳᠠᠯ᠎ᠠ ᠪᠠᠨ ᠶᠠᠭᠤ ᠪᠤᠯᠭᠠᠠ ᠢ ᠤᠯᠵᠦ ᠬᠦᠷᠳᠡᠬᠦ ᠪᠤᠯᠤᠮᠵᠢ ᠦᠭᠡᠢ ᠡᠨᠡ ᠲᠡᠭᠦᠰ ᠪᠤᠰᠤ ᠲᠡᠯᠡᠬᠡᠢ ᠳᠤ ᠵᠠᠷᠢᠮ ᠶᠠᠭᠤᠮ᠎ᠠ ᠶᠢ ᠠᠯᠤᠰ ᠵᠠᠢ ᠠᠴᠠ ᠪᠠᠷ᠎ᠠ ᠶᠢ ᠨᠢ ᠬᠠᠷᠠᠵᠦ᠂ ᠬᠤᠯᠠ ᠶᠢᠨ ᠭᠠᠵᠠᠷ ᠎ ᠠᠴᠠ ᠰᠤᠷᠠᠭ ᠢ ᠨᠢ ᠲᠤᠭᠤᠯᠤᠭᠠᠳ ᠰᠠᠭᠤᠬᠤ ᠨᠢ ᠢᠯᠡᠬᠦᠦ ᠭᠦᠨ ᠨᠢᠭᠤᠴᠠᠯᠢᠭ᠂ ᠢᠯᠡᠬᠦᠦ ᠲᠠᠳᠠᠬᠤ ᠬᠦᠴᠦ ᠲᠠᠢ᠂ ᠢᠯᠡᠭᠦᠦ ᠰᠦᠵᠢᠭ ᠪᠢᠰᠢᠷᠡᠯ᠂ ᠢᠯᠡᠬᠦᠦ ᠰᠡᠳᠬᠢᠯ ᠤᠨ ᠲᠠᠭᠠᠰᠢᠶᠠᠯ ᠲᠦᠷᠦᠳᠡᠭ ᠮᠡᠳᠣ᠃ ᠲᠡᠭᠦᠨ ᠢ ᠭᠠᠷ ᠲᠠᠭᠠᠨ ᠤᠷᠤᠭᠤᠯᠤᠭᠠᠳ ᠠᠪᠤᠴᠢᠬᠠᠪᠠᠯ ᠡᠰᠡᠬᠦᠯ᠎ᠡ ᠪᠦᠷ ᠲᠡᠷᠭᠡᠳᠡ ᠪᠠᠨ ᠪᠠᠶᠢᠯᠭᠠᠭᠠᠳ ᠳᠠᠰᠴᠢᠬᠠᠬᠤ ᠶᠤᠮ ᠪᠣᠯ ᠦᠨᠦᠬᠢ ᠬᠦᠮᠦᠨ ᠬᠡᠮᠡᠭᠴᠢ ᠠᠮᠢᠳᠠᠠ ᠤ ᠴᠢᠨᠢ ᠤᠪ ᠵᠢᠪ ᠤᠶᠢᠪᠤᠷᠭᠠᠠ ᠵᠠᠩ ᠨᠢ ᠤᠪᠤᠯᠵᠠᠭᠠᠳ᠂ ᠦ ᠰᠡᠪ ᠢ ᠨᠢ ᠮᠠᠯᠳᠠᠵᠦ᠂ ᠭᠤᠯᠤᠭᠠᠳ ᠰᠢᠯᠢᠭᠡᠳ ᠮᠠᠶ᠋ᠢᠭᠯᠠᠵᠦ ᠡᠬᠢᠯᠡᠬᠦ ᠨᠢ ᠭᠠᠷᠴᠠᠭ᠎ᠠ ᠦᠭᠡᠢ᠃ ᠡᠨᠡ ᠪᠣᠯ ᠬᠦᠮᠦᠨ ᠲᠦᠷᠦᠯᠬᠢᠳᠡᠡ ᠤ ᠭᠠᠤᠯᠢ ᠎ ᠨᠢ ᠪᠢᠰᠢ ᠬᠠᠤᠯᠢ ᠨᠢ ᠭᠡᠯᠳᠡᠢ᠃                   3. ᠲᠤᠤᠷᠯᠠᠭᠳᠠᠭᠰᠠᠠ ᠬᠡᠶᠢᠮᠦᠷᠢ         ᠪᠠᠰᠠ ᠯᠠ ᠴᠡᠴᠡᠷᠯᠢᠭ ᠲᠤ᠃ ᠮᠥᠨ ᠯᠠ ᠲᠤᠤᠷᠤᠨ ᠳᠤᠳᠤᠷ᠎ᠠ᠃        ᠲᠡᠯᠡᠬᠡᠢ ᠶᠢᠨ ᠲᠠᠩᠰᠠᠠ ᠠᠴᠠ ᠲᠠᠶᠢᠵᠢᠵᠦ ᠬᠤᠪᠤᠷᠳᠠᠵᠦ ᠪᠠᠶᠢᠭ᠎ᠠ ᠭᠡᠯ᠎ᠡ ᠴᠦ ᠨᠢᠭᠡ ᠴᠠᠭᠠᠠ ᠰᠠᠭᠠᠷᠠᠯ ᠪᠤᠤᠬᠠᠢ ︵ᠴᠢᠨ᠋ᠸ᠎ᠠ︶᠎ ᠶᠢ ᠬᠠᠮᠢᠭ᠎ᠠ ᠠᠴᠠ ᠬᠡᠡ ᠭᠡᠭᠴᠢ ︽ᠪᠠᠭᠠᠳᠤᠷᠯᠢᠭ︾ ᠡᠷ᠎ᠡ ᠨᠢ ᠪᠠᠷᠢᠵᠦ ᠢᠷᠡᠭᠡᠳ ᠬᠤᠳᠠᠯᠳᠤᠵᠦ ᠦᠭᠭᠦᠭᠰᠡᠡ ᠢ ᠮᠡᠳᠡᠬᠦ ᠦᠭᠡᠢ ᠨᠢᠭᠡ ᠯᠠ ᠮᠡᠳᠡᠬᠦ ᠳᠤ ᠲᠤᠤᠷᠤᠨ ᠲᠤᠳᠤᠷ᠎ᠠ ᠰᠡᠮ ᠰᠡᠮ ᠱᠤᠭᠰᠢᠵᠦ ᠪᠠᠶᠢᠬᠤ ᠲᠠᠢ ᠨᠢ ︽ᠠᠵᠠ︾᠎ ᠪᠠᠷ ᠲᠠᠭᠠᠷᠠᠵᠦ ᠪᠢᠯᠡ᠃ ᠬᠡᠬᠡᠷ᠎ᠡ ᠶᠢᠨ ᠨᠤᠬᠠᠢ ᠶᠢ ᠬᠠᠷᠠᠪᠠᠯ ᠬᠡᠶᠢᠮᠦᠷᠢ ᠯᠤᠩᠳᠠ ᠰᠡᠷᠭᠦᠳᠡᠭ ᠶᠤᠮ ᠭᠡᠨ᠎ᠡ ᠯᠡᠢ ᠭᠡᠵᠤ ᠪᠡᠯᠭᠡᠰᠢᠶᠡᠡ᠂ ᠤᠳᠠᠭᠠᠠ ᠭᠡᠭᠴᠢ ᠨᠢ ᠬᠠᠷᠠᠵᠦ ᠵᠤᠭᠰᠤᠭᠰᠠᠠ ᠢᠶᠠᠨ ᠨᠢᠭᠤᠭᠠᠳ ᠶᠠᠭᠠᠭᠢᠬᠤᠪ᠃    ᠴᠢᠨ᠋ᠸ᠎ᠠ ᠴᠦ ᠭᠡᠵᠢ ᠳ᠋ᠡ ᠬᠦᠭᠡᠷᠦᠬᠦᠢ᠂ ᠴᠢᠨ᠋ᠸ᠎ᠠ ᠶᠢᠨ ᠰᠦᠭ ᠶᠤᠮ ᠤᠤ ᠤᠷᠤᠨᠴᠤᠭ ᠭᠡᠪᠡᠯ ᠳᠦᠬᠦᠵᠦ ᠤᠴᠢᠬᠤ ᠪᠠᠶᠢᠬ᠎ᠠ᠃ ᠬᠤᠶᠠᠷ ᠭᠡᠳᠡᠰᠦ ᠨᠢ ᠨᠡᠶᠢᠯᠡᠡ ᠠᠯᠳᠠᠵᠦ᠂ ᠨᠤᠤᠰᠤ ᠦᠰᠦ ᠨᠢ ᠬᠠᠯᠴᠠᠭᠠᠶᠢᠷᠠᠭᠠᠳ᠂ ᠰᠦᠷ ᠰᠦᠯᠳᠡ ᠦᠩᠭᠡ ᠵᠢᠰᠦ ᠪᠠᠨ ᠪᠦᠷᠢᠮᠦᠰᠦᠨ ᠭᠡᠭᠡᠵᠦ ᠤᠷᠬᠢᠭᠰᠠᠠ ᠠᠮᠢᠳᠠᠠ ᠲᠤᠤᠷᠯᠠᠭᠳᠠᠭᠰᠠᠠ ᠠᠯᠠᠭᠠᠠ ᠴᠢᠨᠡᠭᠡᠡ ᠤᠷᠤᠨ ᠵᠠᠢ ᠲᠤᠳᠤᠷ᠎ᠠ ᠵᠡᠭᠦᠨᠰᠢ ᠪᠠᠷᠠᠭᠤᠨᠰᠢ ᠡᠮᠦᠨᠡᠰᠢ ᠬᠤᠶᠢᠰᠢ ᠵᠤᠭᠰᠤᠭ᠎ᠠ ᠵᠢᠯᠤᠭᠤ ᠦᠭᠡᠢ ᠠᠷᠭ᠎ᠠ ᠲᠠᠰᠣᠷᠠᠭᠰᠠᠠ ᠪᠠᠶᠢᠳᠠᠯ ᠎ ᠲᠠᠢ ᠱᠤᠭᠰᠢᠬᠤ ᠪᠦᠭᠡᠳ ᠠᠳᠡ ᠲᠡᠨᠳᠡ ᠠᠴᠠ ᠬᠠᠰᠭᠢᠷᠴᠦ ᠤᠷᠢᠯᠠᠭᠰᠠᠠ ᠬᠦᠮᠦᠰ ᠤᠷᠤᠭᠤ ᠵᠠᠨᠤᠯᠬᠢᠯᠠᠭᠰᠠᠠ ᠬᠦᠢᠳᠡᠡ ᠨᠢᠳᠦ ᠴᠢᠯᠠᠭᠤᠳᠠᠬᠤ ᠪᠤᠶᠦ ᠵᠠᠷᠢᠮ ᠳᠠᠭᠠᠨ ᠠᠷᠬᠢᠷᠠᠨ ᠲᠠᠭᠠᠷᠢᠬᠤ ᠭᠡᠵᠤ ᠤᠷᠤᠯᠳᠤᠨ᠎ᠠ᠃ ᠪᠤᠯᠵᠦ ᠦᠭᠪᠡᠯ ᠬᠤᠭᠤᠯᠠᠢ ᠶᠢ ᠨᠢ ᠬᠠᠤ ᠳᠠᠳᠠᠴᠢᠬᠠᠶ᠎ᠡ ᠭᠡᠵᠤ ᠪᠤᠳᠤᠵᠦ ᠪᠠᠶᠢᠬᠤ ᠰᠢᠭ᠋᠃ ᠲᠡᠭᠦᠨ ᠤ ᠠᠷᠢᠶᠠᠳᠠᠨᠯᠢᠭ ᠰᠢᠨᠵᠢ ᠠᠴᠠ ᠡᠨᠡ ᠨᠢ ᠯᠡ ᠦᠯᠡᠳᠡᠭᠰᠡᠡ ᠮᠡᠳᠣ᠃ ᠬᠦᠮᠦᠰ ᠤᠯᠠᠮ ᠲᠠᠪᠠᠯᠠᠵᠦ᠂ ᠶᠠᠭᠤᠮ᠎ᠠ ᠰᠢᠳᠡᠡ ᠬᠠᠰᠬᠢᠷᠴᠦ ᠭᠤᠭᠤᠭᠯᠠᠠ᠂ ᠪᠠᠬ᠎ᠠ ᠲᠤᠬᠤᠭᠤ ᠪᠠᠨ ᠬᠠᠩᠭᠠᠨ᠎ᠠ᠃ ᠬᠡᠷᠪᠡ ᠬᠦᠳᠡᠭᠡ ᠬᠡᠬᠡᠷ᠎ᠡ ᠡᠨᠡ ᠠᠮᠢᠳᠠᠠ ᠲᠠᠢ ᠡᠶᠢᠮᠦ ᠤᠶᠢᠷᠬᠠᠠ ᠵᠠᠶᠢᠨ ᠳᠤ ᠬᠠᠯᠵᠠ ᠲᠤᠯᠭᠠᠷᠠᠭᠰᠠᠠ ᠪᠣᠯ ᠶᠠᠭᠤᠨ ᠤ ᠬᠢᠨᠢ ︽ᠡᠯᠡᠭ  ᠪᠠᠷᠢᠵᠦ︾ ᠡᠯᠳᠡᠪᠯᠡᠬᠦ ᠲᠠᠢ᠂ ᠠᠯᠢ ᠬᠡᠳᠦᠶᠢᠨᠡᠢ ᠵᠠᠷᠢᠮ ᠬᠦᠮᠦᠰ ᠤᠨ ᠵᠢᠷᠦᠬᠡ ᠨᠢ ᠬᠠᠭᠠᠷᠠᠵᠦ᠂ ᠰᠦᠨᠡᠰᠦ ᠨᠢ ᠵᠠᠶᠢᠯᠠᠭᠠᠳ᠂ ᠴᠢᠨ᠋ᠸ᠎ᠠ ᠶᠢᠨ ︽ᠡᠯᠢᠭᠡ ᠬᠦᠰᠢᠭᠡᠬᠦ ᠦᠭᠡᠢ︾ ᠪᠣᠯ ᠪᠠᠯᠡᠡ ᠵᠠᠭᠤᠰᠢ ᠪᠤᠯᠬᠤ ᠨᠢ ᠡᠨᠡᠦᠬᠡᠡ ᠳᠤ ᠭᠡᠵᠤ ᠮᠡᠳᠡ᠃ ᠨᠠᠭᠠᠳᠤ ᠵᠠᠬ᠎ᠠ ᠨᠢ ᠦᠮᠦᠳᠦᠨ ᠳᠡᠭᠡᠨ ᠦᠳᠬᠡᠡ ᠰᠢᠩᠭᠡᠡ ᠢᠶᠠᠨ ᠠᠯᠳᠠᠵᠦ᠂ ᠰᠢᠪᠰᠢᠭ ᠢᠶᠠᠨ ᠲᠠᠷᠢᠨ᠎ᠠ᠃ ᠡᠭᠦᠨ ᠠᠴᠠ ᠤᠳᠤ ᠶᠢᠨ ᠵᠠᠷᠢᠮ ᠬᠦᠮᠦᠰ ᠴᠠᠬᠢᠮ ᠰᠦᠯᠵᠢᠶᠡᠡ ᠤ ᠠᠷᠦ ᠳᠤ ᠰᠠᠭᠤᠭᠠᠳ ᠨᠡᠷ᠎ᠡ ᠵᠢᠰᠦ ᠪᠠᠨ ᠪᠤᠷᠤᠭᠤᠯᠠᠠ᠂ ᠬᠤᠪᠢ ᠶᠢᠨ ᠠᠳᠠᠭ᠎ᠠ ᠬᠤᠷᠤᠰᠤᠯ ᠢᠶᠠᠨ ᠲᠤᠳᠤᠷᠬᠠᠢ ᠬᠡᠮᠵᠢᠶᠡᠡ ᠳᠤ ᠲᠠᠶᠢᠯᠠᠵᠦ᠂ ᠲᠦᠷ ᠴᠦ ᠠᠳᠤᠭᠠᠢ ᠠᠳᠬᠠᠭ ᠰᠡᠳᠬᠢᠯ ᠤᠨ ᠢᠶᠠᠨ ᠲᠡᠩᠴᠡᠭᠦᠷᠢ ᠶᠢ ᠤᠯᠵᠦ ᠠᠪᠬᠤ ᠶᠢ ᠭᠤᠷᠢᠳᠠᠠ᠂ ᠬᠡᠡ ᠨᠢᠭᠡᠨ ᠤ ᠬᠤᠪᠢ ᠶᠢᠨ ᠨᠢᠭᠤᠴᠠ ᠤᠷᠤᠭᠤ ᠦᠩᠭᠡᠯᠵᠡᠵᠦ᠂ ᠬᠦᠮᠦᠨ ᠴᠢᠨᠠᠷ ᠢ ᠲᠤᠷᠤᠮᠵᠢᠯᠠᠠ ︽ᠭᠠᠯᠠᠯᠳᠠᠭ︾ ︽ᠬᠡᠷᠡᠮ ᠤᠨ ᠴᠠᠭᠠᠨᠠᠬᠢ ᠪᠠᠭᠠᠳᠤᠷ ᠤᠳ︾ ᠪᠤᠯᠤᠨ ᠲᠡᠮᠦᠷ ᠲᠤᠤᠷ ᠢᠶᠠᠷ ︽ᠲᠦᠷᠡᠢ ᠪᠠᠷᠢᠵᠦ︾ ᠶᠠᠭᠠᠭᠢᠵᠦ ᠴᠦ ᠴᠢᠳᠠᠬᠤ ᠪᠠᠨ ᠪᠤᠯᠢᠭᠰᠠᠠ ᠴᠢᠨ᠋ᠸ᠎ᠠ ᠤᠷᠤᠭᠤ ᠲᠤᠬᠤᠭᠤᠷᠬᠠᠠ ︽ᠭᠠᠯᠵᠠᠭᠤᠷᠠᠵᠦ︾ ᠪᠠᠶᠢᠭ᠎ᠠ ᠡᠳᠡᠭᠡᠷ ᠬᠦᠮᠦᠰ ᠬᠤᠶᠠᠷ ᠬᠤᠭᠤᠷᠤᠨᠳᠤ ᠪᠠᠨ ᠶᠠᠮᠠᠷ ᠶᠡᠭᠡ ᠳᠦᠰᠳᠡᠢ ᠶᠤᠮ ᠪᠤᠢ᠂ ᠶᠤᠰᠤᠳᠠᠢ ᠯᠠ ᠨᠢᠭᠡ ᠡᠯᠵᠢᠭᠡᠡ ᠤ ᠲᠡᠩᠨᠡᠭᠡ ᠶᠤᠮ ᠳ᠋ᠡ ᠭᠡᠵᠤ ᠦᠪᠡᠷ ᠤᠨ ᠡᠷᠬᠡ ᠦᠭᠡᠢ ᠬᠤᠯᠪᠤᠨ ᠪᠤᠳᠤᠬᠤ ᠳᠤ ᠬᠦᠷᠴᠦ ᠪᠢᠯᠡ᠃ ᠬᠦᠮᠦᠨ ᠤ ᠳᠤᠳᠤᠭᠠᠳᠤ ᠰᠡᠳᠬᠢᠯ ᠤᠨ ᠡᠷᠢᠶᠡᠡ ᠴᠤᠬᠤᠷ ᠡᠶᠢᠮᠦ ᠯᠠ ᠦᠯᠦ ᠶᠠᠯᠢᠭᠬᠠᠠ ᠤᠴᠢᠷ ᠲᠡᠭᠡᠷ᠎ᠡ ᠠᠴᠠ ᠴᠦ ᠲᠦᠪᠡᠭ ᠦᠭᠡᠢ ᠬᠠᠷᠠᠭᠳᠠᠭᠠᠳ ᠪᠠᠶᠢᠬᠤ ᠶᠢ ᠶᠠᠭᠠᠭᠢᠶ᠎ᠠ ᠬᠡᠬᠦᠪ᠃    ᠬᠡᠬᠡᠷ᠎ᠡ ᠶᠢᠨ ᠠᠮᠢᠳᠠᠠ ᠬᠡᠬᠡᠷ᠎ᠡ ᠳᠡᠭᠡᠨ ᠪᠠᠶᠢᠬᠤ ᠰᠠᠶᠢᠬᠠᠠ᠃ ᠬᠦᠴᠦᠳᠦ ᠠᠮᠢᠳᠠᠠ ᠬᠡᠵᠢᠶᠡᠳᠡ ᠬᠦᠬᠡ ᠲᠡᠭᠷᠢ ᠎ ᠶᠢᠨ ᠬᠢ ᠡᠰᠡᠪᠡᠯ ᠬᠦᠳᠡᠭᠡ ᠬᠡᠬᠡᠷ᠎ᠡ ᠶᠢᠨ ᠬᠢ ᠪᠠᠶᠢᠳᠠᠭ ᠰᠠᠨᠵᠠᠢ᠃ ᠲᠡᠳᠡᠭᠡᠷ ᠠᠮᠢᠳᠠᠳ ᠠᠴᠠ ᠶᠡᠬᠡᠩᠬᠡᠢ ᠨᠢ ᠠᠵᠠ ᠪᠤᠰᠤ ᠪᠠᠷ ᠬᠦᠮᠦᠨ ᠤ ᠡᠷᠬᠡᠰᠢᠶᠡᠯ ᠳᠤ ᠤᠷᠤᠵᠦ᠂ ᠪᠠᠶᠠᠵᠢᠬᠤ ᠬᠦᠷᠦᠩᠭᠡᠵᠢᠬᠦ ᠶᠢᠨ ᠢᠷᠤᠭᠠᠯ ᠦᠭᠡᠢ ᠬᠦᠰᠡᠯ ᠰᠢᠨᠦᠯ ᠎ ᠢ ᠬᠠᠩᠭᠠᠬᠤ ᠦᠭᠡᠰᠢ ᠪᠤᠯᠤᠭᠠᠳ᠂ ᠲᠡᠮᠦᠷ ᠲᠤᠤᠷ ᠤᠨ ᠴᠠᠭᠠᠨ᠎ᠠ ᠤᠷᠤᠵᠦ ᠬᠦᠢᠴᠡᠪᠡᠯ ᠲᠡᠭᠡᠭᠡᠳ ︽ᠠᠮᠢᠳᠤ ᠦᠬᠦᠳᠡᠯ︾ ᠪᠤᠯᠤᠯ᠎ᠠ ᠭᠡᠰᠡᠡ ᠦᠭᠡ᠃        ᠴᠢᠨ᠋ᠸ᠎ᠠ ᠶᠢ ᠬᠡᠶᠢᠮᠦᠷᠢ ᠶᠢᠨ ᠠᠮᠢᠳᠠᠠ ᠭᠡᠳᠡᠭ ᠰᠠᠨ᠃ ᠬᠡᠬᠦ ᠳᠡᠭᠡᠨ ᠲᠡᠮᠦᠷ ᠲᠤᠤᠷᠤᠨ ᠤ ᠴᠠᠭᠠᠨ᠎ᠠ ᠪᠤᠰᠤ ᠬᠠᠷᠢᠨ ᠲᠡᠯ᠎ᠡ ᠬᠡᠬᠡᠷ᠎ᠡ ᠪᠠᠷ ᠰᠠᠯᠬᠢ ᠰᠢᠭ᠋ ᠲᠠᠪᠬᠢᠵᠦ ᠶᠠᠪᠤᠬᠤ ᠳᠠᠭᠠᠨ ᠰᠢᠦ ᠳ᠋ᠡ᠃ ᠲᠡᠭᠦᠨ ᠢ ᠪᠠᠷᠢᠵᠦ ᠠᠪᠤᠭᠠᠳ ᠶᠠᠭᠠᠭᠢᠵᠦ ᠠᠷᠭᠠᠳᠠᠭᠰᠠᠠ ᠴᠦ᠂ ᠠᠶᠤᠯᠭᠠᠭᠰᠠᠠ ᠴᠦ ᠪᠤᠰᠤᠳ ᠠᠮᠢᠳᠠᠠ ᠲᠠᠢ ᠠᠳᠠᠯᠢᠳᠬᠠᠪᠠᠯ ᠭᠠᠷᠰᠢᠬᠤ ᠳᠤ ᠮᠠᠰᠢ ᠬᠡᠴᠡᠬᠦᠦ ᠮᠦᠷᠳᠡᠭᠡᠡ ᠤᠨᠠᠭᠠᠠ ᠴᠢᠨᠠᠷ ᠢᠶᠠᠨ ᠦᠬᠦᠨ ᠦᠬᠦᠳᠡᠯ᠎ᠡ ᠪᠠᠨ ᠬᠠᠳᠠᠭᠠᠯᠠᠳᠠᠭ ᠭᠡᠨ᠎ᠡ᠃ ᠲᠡᠶᠢᠮᠦ ᠠᠴᠠ ᠬᠦᠮᠦᠨ ᠤ ᠠᠴᠢ ᠲᠤᠰᠠ ᠶᠢ ᠤᠭᠳᠤ ᠰᠠᠨᠠᠳᠠᠭ ᠦᠭᠡᠢ ᠴᠠᠰᠢ ᠪᠠᠨ ᠰᠠᠨᠠᠭ᠎ᠠ ᠲᠠᠢ ᠬᠦᠮᠦᠨ ᠢ ︽ᠴᠢᠨ᠋ᠸ᠎ᠠ ᠶᠢᠨ ᠪᠡᠯᠳᠡᠷᠭᠡ︾ ᠭᠡᠵᠤ ᠬᠠᠷᠢᠶᠠᠳᠠᠭ ᠪᠢᠰᠢ ᠪᠢᠯᠢᠦ᠃ ᠬᠦᠳᠡᠭᠡ ᠬᠡᠬᠡᠷ᠎ᠡ ᠪᠠᠷ ᠵᠠᠶᠠᠭ᠎ᠠ ᠲᠠᠢ ᠴᠢᠨ᠋ᠸ᠎ᠠ ᠮᠡᠳᠣ ᠶᠢᠨ ᠠᠮᠢᠳᠠᠠ ᠢ ᠬᠦᠴᠦ ᠪᠠᠷ ᠲᠤᠤᠷ ᠤᠨ ᠴᠠᠭᠠᠨ᠎ᠠ ᠶᠠᠯᠠᠳᠠᠠ ᠮᠡᠳᠣ ᠬᠤᠷᠢᠵᠦ᠂ ᠦᠪᠡᠷ ᠤᠨ ᠠᠶ᠎ᠠ ᠲᠠᠩ ᠳᠠᠭᠠᠨ ᠨᠡᠶᠢᠴᠡᠬᠦᠯᠬᠦ ᠭᠡᠳᠡᠭ ᠴᠢᠨᠢ ᠶᠠᠮᠠᠷ ᠮᠠᠭᠤᠬᠠᠢ ᠬᠠᠳᠠᠭᠤ ᠬᠠᠷᠭᠢᠰ ᠴᠢᠨᠠᠷ ᠪᠤᠢ᠃    ᠰᠠᠷ᠎ᠠ ᠰᠢᠬᠠᠮ ᠪᠤᠯᠤᠭᠠᠳ ︽ᠬᠡᠶᠢᠮᠦᠷᠢ ᠪᠠᠨ ᠰᠡᠷᠭᠦᠭᠡᠬᠦ︾ ᠭᠡᠳ ᠠᠬᠢᠭᠠᠳ ᠤᠴᠢᠬᠤ ᠳᠤ ᠦᠨᠦᠬᠢ ᠴᠠᠭᠠᠠ ᠰᠠᠭᠠᠷᠠᠯ ᠪᠤᠤᠬᠠᠢ ᠮᠦᠷ ᠰᠤᠷᠠᠭ ᠦᠭᠡᠢ ᠪᠤᠯᠴᠢᠬᠠᠭᠰᠠᠠ ᠪᠠᠶᠢᠯ᠎ᠠ᠃ ᠬᠠᠮᠢᠭᠠᠰᠢ ᠪᠠᠨ ᠳᠠᠯᠳᠠ ᠬᠢᠭᠰᠡᠡ ᠢ ᠡᠰᠡ ᠮᠡᠳᠡᠪᠡ᠃ ᠬᠡᠡ ᠠᠴᠠ ᠴᠦ ᠠᠰᠠᠭᠤᠭᠰᠠᠠ ᠦᠭᠡᠢ᠃ ᠠᠰᠠᠭᠤᠬᠤ ᠶᠢᠨ ᠴᠦ ᠬᠡᠷᠡᠭ ᠠᠯᠠᠭ᠎ᠠ᠃ ᠮᠦᠩᠭᠦᠨ ᠰᠤᠷ ᠢᠶᠠᠨ ᠮᠦᠩᠬᠡ ᠲᠡᠭᠷᠢ ᠶᠢᠨ ᠰᠠᠯᠬᠢ ᠪᠠᠷ ᠲᠠᠭᠠᠯᠠᠭᠤᠯᠵᠦ ᠲᠠᠪᠬᠢᠳᠠᠭ ᠲᠤᠭᠰᠢᠨ ᠬᠡᠶᠢᠮᠦᠷᠢ ᠲᠠᠢ ᠨᠢᠭᠡᠡ ᠠᠷᠢᠶᠠᠳᠠᠠ ᠡᠶᠢᠨᠬᠦ ᠰᠢᠨᠤᠬᠠᠢ ᠬᠦᠮᠦᠨ ᠤ ᠭᠠᠷ ᠲᠤ ᠦᠷᠡᠭᠳᠡᠭᠰᠡᠡ ᠠᠵᠢ᠃ ᠦᠷᠡᠭᠳᠡᠬᠦ ᠦᠷᠡᠭᠳᠡᠬᠦ ᠳᠡᠭᠡᠨ ᠪᠠᠶᠢᠭᠠᠯᠢ ᠠᠴᠠ ᠵᠠᠶᠠᠭᠠᠭᠰᠠᠠ ᠲᠡᠷᠡ ᠯᠡ ᠴᠢᠨᠡᠷ ᠢᠶᠠᠨ ᠭᠡᠭᠡᠬᠦ ᠦᠭᠡᠢ ᠪᠠᠶᠢᠭᠰᠠᠭᠠᠷ ᠪᠠᠶᠢᠭᠠᠳ ᠦᠷᠡᠭᠳᠡᠭᠰᠡᠡ ᠭᠡᠳᠡᠭ ᠲᠤ ᠡᠷᠡᠭᠡᠯᠵᠡᠬᠦ ᠦᠭᠡᠢ ᠪᠠᠶᠢᠨ᠎ᠠ᠃ ᠶᠡᠷᠦᠨᠢ ᠲᠡᠭᠡᠭᠡᠳ ᠶᠠᠮᠠᠷᠪᠠ ᠠᠮᠢᠳᠠᠠ ︵ᠬᠦᠮᠦᠨ ᠴᠦ ᠭᠡᠰᠡᠡ︶ ᠦᠪᠡᠷ ᠤᠨ ᠬᠢ ᠪᠠᠷ ᠢᠶᠠᠨ ᠪᠠᠶᠢᠵᠦ ᠪᠠᠶᠢᠭᠠᠳ ᠲᠠᠭᠤᠰᠬᠤ ᠰᠠᠶᠢᠬᠠᠠ᠃ ᠶᠠᠮᠠᠷ ᠨᠢᠭᠡᠡ ᠠᠷᠭ᠎ᠠ ᠵᠠᠯᠢ᠂ ᠪᠠᠭᠠᠰᠢ ᠪᠠᠰᠢᠷ ᠲᠤ ᠲᠤᠯᠤᠭᠠᠢ ᠡᠷᠭᠢᠵᠦ᠂ ᠤᠭ ᠴᠢᠨᠠᠷ ︵ᠰᠠᠶᠢᠠ ᠴᠢᠨᠠᠷ ᠢ ᠬᠡᠯᠡᠵᠦ ᠪᠠᠶᠢᠨ᠎ᠠ︶᠎ ᠠᠴᠠ ᠪᠠᠨ ᠤᠷᠪᠠᠠ ᠲᠡᠷᠰᠯᠡᠬᠦ ᠪᠣᠯ ᠠᠳᠠᠭ ᠤᠨ ᠭᠤᠳᠤᠮᠰᠢᠭ ᠬᠡᠮᠡᠡ ᠪᠤᠳᠤᠨᠠᠮ᠃ ᠤᠳᠤ ᠶᠢᠨ ᠨᠡᠶᠢᠭᠡᠮ ᠳᠤ ᠡᠶᠢᠮᠦ ᠬᠦᠮᠦᠰ ᠤᠨ ᠲᠤᠭ᠎ᠠ ᠡᠳᠦᠷ ᠢᠷᠡᠬᠦᠶ᠎ᠡ ᠦᠰᠦᠨ ᠪᠤᠵᠠᠭᠠᠶᠢᠷᠠᠵᠦ᠂ ᠲᠡᠭᠦᠨ ᠢᠶᠠᠨ ︽ᠮᠡᠷᠭᠡᠡ ᠴᠡᠴᠡᠨ︾᠎ ᠳᠤ ᠲᠤᠭᠠᠴᠢᠵᠦ᠂ ᠠᠰᠢᠭ ᠬᠦᠷᠳᠡᠨ ᠠᠯᠳᠠᠷᠰᠢᠨ ᠮᠠᠨᠳᠤᠬᠤ ᠪᠤᠯᠵᠠᠢ᠃ ᠪᠢᠳᠡ ᠴᠢᠨ᠋ᠸ᠎ᠠ ᠠᠴᠠ ᠰᠤᠷᠤᠯᠴᠠᠬᠤ ᠶᠠᠭᠤᠮ᠎ᠠ ᠲᠡᠩᠴᠢ ᠶᠡᠭᠡ ᠲᠠᠩᠴᠢ ᠶᠡᠭᠡ ᠪᠠᠶᠢᠨ᠎ᠠ ᠳ᠋ᠡ᠃     ᠬᠦᠮᠦᠨ ᠪᠣᠯ ᠠᠯᠢ ᠡᠷᠳᠡᠡ ᠠᠴᠠ ᠬᠡᠶᠢᠮᠦᠷᠢ ᠬᠡᠰᠢᠭ ᠪᠤᠶᠠᠠ ᠢᠶᠠᠨ᠂ ᠪᠠᠶᠢᠭᠠᠯᠢ ᠲᠠᠢ ᠵᠤᠬᠢᠴᠠᠠ ᠠᠮᠢᠳᠤᠷᠠᠬᠤ ᠴᠢᠳᠠᠪᠤᠷᠢ ᠪᠠᠨ᠂ ᠪᠠᠶᠢᠪᠠᠰᠣ ᠵᠤᠬᠢᠬᠤ ᠬᠦᠮᠦᠡᠯᠢᠭ ᠵᠠᠩ ᠴᠢᠨᠠᠷ ᠢᠶᠠᠨ ᠲᠠᠪᠬᠤᠷ ᠲᠠᠪᠬᠤᠷ ᠦᠯᠦ ᠦᠵᠡᠭᠳᠡᠭᠴᠢ ︽ᠲᠤᠤᠷ︾᠎ ᠤᠨ ᠴᠠᠭᠠᠨ᠎ᠠ ᠤᠬᠠᠮᠰᠠᠷ ᠲᠠᠢ ᠤᠬᠠᠮᠰᠠᠷ ᠦᠭᠡᠢ ᠪᠤᠯᠠᠰᠢᠯᠠᠵᠦ ᠤᠷᠬᠢᠭᠰᠠᠠ ᠪᠦᠭᠡᠳ ᠤᠳᠤ ᠤᠯᠠᠮ ᠬᠡᠴᠡᠭᠦᠳᠡᠭᠰᠡᠭᠡᠷ ᠪᠠᠶᠢᠨ᠎ᠠ᠃ ᠲᠡᠭᠦᠨ ᠢᠶᠠᠨ ᠬᠠᠷᠢᠨ ᠲᠡᠷᠢᠬᠦᠨ ᠤᠬᠠᠭᠠᠠ ᠲᠦᠷᠭᠡᠡ ᠬᠦᠭᠵᠢᠯ ᠭᠡᠵᠤ ᠰᠦᠷᠵᠢᠭᠡᠨᠡᠬᠦ ᠨᠢ ᠢᠨᠢᠶᠡᠳᠦᠮᠳᠡᠢ ᠠᠭᠠᠳ ᠢᠴᠢᠬᠦᠷᠢ ᠲᠠᠢ᠃ ᠦᠪᠡᠷ ᠢ ᠪᠠᠨ ᠲᠤᠤᠷᠤᠨ ᠳᠤ ᠬᠢᠵᠦ ᠤᠷᠤᠭᠤᠯᠤᠭᠰᠠᠠ ᠬᠦᠮᠦᠰ ᠯᠠ ᠠᠮᠢᠳᠠᠠ ᠠᠳᠤᠭᠤᠰᠤ ᠶᠢ ᠲᠤᠤᠷᠤᠨ ᠲᠤᠳᠤᠷ᠎ᠠ ᠬᠡᠨᠡᠭ ᠴᠦ ᠦᠭᠡᠢ ᠬᠠᠶᠠᠵᠦ ᠤᠷᠬᠢᠳᠠᠭ ᠠᠵᠢ᠃ ︽ᠲᠤᠤᠷᠤᠨ ᠳᠤ ᠦᠰᠦᠭᠰᠡᠡ ᠰᠢᠪᠠᠭᠤ ᠨᠢᠰᠬᠦ ᠶᠢ ᠡᠪᠡᠳᠴᠢᠨ ᠭᠡᠵᠤ ᠪᠤᠳᠤᠳᠠᠭ︾ ᠭᠡᠰᠡᠡ ᠭᠦᠨ ᠤᠳᠬᠠᠳᠤ ᠦᠭᠡ ᠪᠤᠢ᠃ ᠲᠡᠷᠡ ︽ᠲᠤᠤᠷᠤᠨ ᠳᠤ ᠦᠰᠦᠭᠰᠡᠡ ᠰᠢᠪᠠᠭᠤ︾᠎ ᠨᠢ ᠤᠳᠤ ᠬᠦᠮᠦᠨ ᠪᠢᠳᠡ ᠦᠪᠡᠷ ᠢᠶᠠᠨ ᠪᠠᠶᠢᠵᠦ ᠲᠠᠭᠠᠷᠠᠬᠤ ᠨᠢ᠃         ᠨᠡᠶᠢᠳᠡ ᠶᠢᠨ ᠴᠡᠴᠡᠷᠯᠢᠭ ᠤᠨ ᠲᠤᠤᠷᠤᠨ ᠲᠤᠳᠤᠷ᠎ᠡ ︽ᠱᠣᠷᠣᠩᠵᠢᠭᠰᠠᠠ︾ ᠠᠮᠢᠳᠠᠠ ᠭᠤᠤᠯᠳᠠᠠ ᠎ ᠨᠤᠭᠤᠳ ᠤᠨ ᠬᠤᠪᠢ ᠲᠠᠪᠢᠯᠠᠩ ᠪᠦᠷ ᠯᠠ ᠬᠦᠮᠦᠨ ᠤ ᠠᠶ᠎ᠠ ᠲᠤᠬ᠎ᠠ ᠠᠭᠠᠰᠢ ᠠᠷᠠᠨᠰᠢᠨ ᠳᠤ ᠨᠡᠶᠢᠯᠡᠵᠦ ᠨᠡᠶᠢᠴᠡᠵᠦ ᠦᠯᠦ ᠴᠢᠳᠠᠠ᠂ ᠡᠵᠡᠡ ᠤ ᠪᠠᠨ ᠮᠦᠩᠭᠦᠨ ᠤ ᠲᠦᠷᠡᠶᠢᠪᠴᠢ ᠶᠢ ᠲᠡᠶᠢᠮᠦ ᠴᠦ ᠶᠡᠭᠡ ︽ᠲᠠᠷᠭᠤᠯᠠᠭᠤᠯᠵᠦ︾ ︵ᠪᠠᠨᠳᠠᠶᠢᠯᠭᠠᠵᠦ︶ ᠠᠮᠵᠢᠯ ᠦᠭᠡᠢ ᠲᠡᠭᠡᠰᠭᠢᠭᠡᠳ ᠨᠢᠳᠦ ᠠᠨᠢᠳᠠᠭ ᠪᠤᠯᠤᠯᠳᠠᠢ᠃ ᠡᠨᠡ ᠮᠡᠳᠣ ᠪᠠᠷ ᠪᠢᠳᠡ ᠦᠪᠡᠷ ᠤᠨ ᠬᠡᠷᠡᠭᠴᠡᠭᠡᠨ ᠳᠡᠭᠡᠨ ᠦᠢᠯᠡᠴᠢᠯᠡᠬᠦᠯᠬᠦ ᠶᠢᠨ ᠲᠦᠯᠦᠭᠡ ᠪᠠᠶᠢᠭᠠᠯᠢ ᠲᠡᠯᠡᠬᠡᠢ ᠶᠢᠨ ᠬᠡᠴᠢᠨᠡᠭᠡᠡ ᠤᠯᠠᠠ ᠤᠩᠭᠤᠨ ᠵᠡᠷᠯᠢᠭ ᠠᠮᠢᠳᠠᠠ ᠠᠷᠢᠶᠠᠳᠠᠠ ᠤ ᠪᠠᠶᠢᠭᠠᠯᠢᠯᠢᠭ ᠰᠢᠨᠵᠢ ᠶᠢ ᠠᠯᠪᠠ ᠪᠠᠷ ᠠᠯᠳᠠᠭᠳᠠᠭᠤᠯᠬᠤ ᠪᠤᠶᠦ ᠴᠢᠨᠠᠭᠰᠢᠯᠠᠪᠠᠯ ᠠᠮᠢ ᠶᠢ ᠨᠢ ᠬᠡᠷᠴᠡᠬᠡᠢ ᠪᠠᠷ ᠬᠤᠷᠤᠭᠠᠵᠦ ᠪᠠᠶᠢᠭ᠎ᠠ ᠶᠢ ᠶᠠᠭᠠᠭᠢᠨ ᠪᠦᠷᠢᠳᠬᠡᠵᠦ ᠴᠢᠳᠠᠬᠤ᠃ ᠮᠠᠭᠠᠳ ᠦᠭᠡᠢ ᠢᠩᠬᠢᠵᠦ ᠬᠢᠬᠦ ᠨᠢ ᠬᠦᠮᠦᠰ ᠤᠨ ᠪᠠᠶᠢᠭᠠᠯᠢ ᠶᠢᠷᠳᠢᠨᠴᠦ ᠶᠢ ᠡᠷᠭᠡᠰᠢᠶᠡᠯ ᠳᠡᠭᠡᠨ ᠤᠷᠤᠭᠤᠯᠤᠭᠰᠠᠠ ᠤ ᠳᠤᠳᠤ ᠢᠯᠡᠷᠡᠯ᠂ ᠲᠤᠮᠤᠬᠠᠠ ᠠᠯᠬᠤᠮ ᠪᠠᠶᠢᠵᠦ ᠪᠤᠯᠬᠤ᠃ ᠪᠠᠰᠠ ᠬᠦᠮᠦᠰ ᠤᠨ ᠨᠢᠳᠦ ᠰᠡᠳᠬᠢᠯ ᠢᠶᠠᠨ ᠪᠠᠶᠠᠰᠬᠠᠠ ᠴᠡᠩᠭᠡᠭᠦᠯᠬᠦ ᠶᠢᠨ ᠵᠠᠶᠢᠯᠠᠰᠢ ᠦᠭᠡᠢ ᠱᠠᠭᠠᠷᠳᠠᠯᠠᠭ᠎ᠠ ᠴᠦ ᠪᠠᠶᠢᠵᠦ ᠪᠤᠯᠬᠤ ᠲᠠᠯ᠎ᠠ ᠲᠠᠢ᠃        ᠶᠠᠮᠠᠷᠪᠠ ᠠᠮᠢᠳᠠᠠ ᠭᠦᠷᠦᠭᠡᠰᠦ ᠲᠡᠭᠷᠢ ᠪᠤᠷᠬᠠᠠ ᠠᠴᠠ ᠲᠤᠭᠳᠠᠭᠠᠵᠦ ᠦᠭᠭᠦᠭᠰᠡᠡ ᠲᠡᠷᠡ ᠯᠠ ᠤᠷᠤᠨ ᠵᠠᠢ ᠳᠤ ᠵᠠᠶᠠᠭ᠎ᠠ ᠲᠠᠪᠢᠯᠠᠩ ᠢᠶᠠᠷ ᠢᠶᠠᠨ᠂ ᠵᠠᠶ᠋ᠢᠭ ᠶᠤᠰᠤ ᠪᠠᠷ ᠢᠶᠠᠨ ᠤᠷᠤᠰᠢᠨ ᠲᠤᠭᠳᠠᠨᠢᠵᠦ ᠪᠠᠶᠢᠪᠠᠯ ᠡᠷᠬᠡ ᠴᠢᠯᠦᠭᠡ ᠪᠠᠨ ᠵᠢᠩᠬᠢᠨᠢ ᠡᠳ᠋ᠯᠡᠵᠦ ᠪᠠᠶᠢᠭ᠎ᠠ ᠨᠢ ᠲᠡᠷᠡ ᠶᠤᠮ᠃ ᠭᠡᠳᠡᠯ᠎ᠡ ᠪᠢᠳᠡ ᠲᠡᠳᠡᠭᠡᠷ ᠠᠮᠢᠳᠠᠰ ᠢ ᠤᠭᠳᠤ ᠵᠦᠭᠡᠷ ᠪᠠᠶᠢᠯᠭᠠᠬᠤ ᠦᠭᠡᠢ ᠡᠷᠬᠡ ᠳᠠᠷᠬ᠎ᠠ ᠳᠤ ᠨᠢ ᠲᠤᠷ᠎ᠠ ᠲᠠᠢ ᠴᠠᠭ ᠲᠠᠭᠠᠨ ᠬᠠᠯᠳᠠᠵᠦ᠂ ᠤᠭ ᠲᠠᠰᠤᠷᠠᠯ ᠤᠵᠢᠭ ᠵᠤᠪᠠᠯᠠᠩ ᠢ ᠨᠢ ᠦᠯᠦ ᠬᠠᠷᠠᠭᠠᠯᠵᠠᠠ ᠲᠤᠭᠯᠠᠭᠠᠮ ᠲᠤᠬᠤᠭᠤ ᠪᠠᠨ ᠬᠠᠩᠭᠠᠠ ᠠᠮᠢᠳᠤᠷᠠᠬᠤ ᠨᠢ ᠪᠢᠳᠡᠡ ᠤ ᠭᠡᠮ ᠪᠢᠰᠢ ᠵᠠᠩ ᠪᠤᠯᠴᠢᠬᠠᠭᠰᠠᠠ ᠵᠦᠢᠯ᠃ ᠲᠡᠭᠦᠨ ᠠᠴᠠ ᠰᠢᠯᠳᠠᠭᠠᠯᠠᠭᠰᠠᠠ ︽ᠦᠢᠯᠡ ᠶᠢᠨ ᠦᠷ᠎ᠡ︾᠎ ᠶᠢ ᠶᠠᠮᠠᠷ ᠨᠢᠭᠡ ᠬᠡᠮᠵᠢᠶ᠎ᠡ ᠪᠠᠷ ᠡᠳᠦᠭᠡ ᠠᠴᠠ ᠡᠬᠢᠯᠡᠡ ᠬᠦᠮᠦᠨ ᠲᠦᠷᠦᠯᠬᠢᠳᠡᠡ ᠵᠠᠬ᠎ᠠ ᠵᠤᠬ᠎ᠠ ᠠᠴᠠ ᠨᠢ ᠠᠮᠰᠠᠵᠦ ᠪᠠᠶᠢᠬᠤ ᠰᠢᠭ᠋᠃ ᠠᠶᠤᠮᠰᠢᠭᠳᠦ ᠲᠤᠬᠢᠶᠠᠯᠳᠤᠯ ᠤᠳ ᠢ ᠠᠳᠡ ᠲᠦᠷ ᠬᠡᠯᠡᠬᠦ ᠪᠠᠨ ᠪᠠᠶᠢᠶ᠎ᠠ᠃ ᠵᠦᠭᠡᠷ ᠯᠠ ᠡᠳᠦᠷ ᠲᠤᠳᠤᠮ ᠤᠨ ᠠᠮᠢᠳᠤᠷᠠᠯ ᠤᠨ ᠣᠷᠴᠢᠨ ᠤ ᠵᠢᠵᠢᠭ ᠰᠠᠵᠢᠭ ᠠᠴᠠ ᠵᠢᠱᠢᠶᠠᠯᠡᠬᠦ ᠳᠤ ᠬᠠᠩᠭᠠᠯᠳᠠᠳᠠᠢ᠃ ᠤᠳᠤ ᠪᠢᠳᠡ ︵ᠭᠤᠤᠯᠳᠠᠭᠤ ᠬᠤᠳᠠ ᠰᠠᠭᠤᠷᠢᠨ ᠭᠠᠵᠠᠷ︶ ᠡᠳᠦᠷ ᠲᠤᠳᠤᠮ ᠴᠠᠭ ᠳᠤᠳᠤᠮ ᠳᠤ ᠢᠯᠡ ᠳᠠᠯᠳᠠ ᠲᠤᠷᠠᠨᠳᠤᠭᠤᠷ ︵ᠭᠤᠤᠯᠳᠠᠭᠤ ᠨᠢᠭᠤᠴᠠ ᠺᠠᠮᠧᠷ︶᠎ ᠤᠨ ᠬᠠᠷᠠᠭ᠎ᠠ ᠬᠢᠨᠠᠯᠳᠠ ᠲᠤᠤᠷ᠎ᠠ ᠦᠢᠯᠡ ᠬᠦᠳᠡᠯᠦᠯ ᠢᠶᠠᠨ ᠵᠤᠬᠢᠴᠠᠭᠤᠯᠤᠨ᠂ ᠴᠢᠩᠨᠠᠬᠤ ᠲᠦᠬᠦᠭᠡᠷᠦᠮᠵᠢ ᠎ ᠶᠢᠨ ᠡᠷᠬᠡᠰᠢᠶᠠᠯ ᠲᠤᠤᠷ᠎ᠠ ᠦᠭᠡ ᠶᠠᠷᠢᠶ᠎ᠡ ᠪᠠᠨ ᠴᠡᠩᠨᠡᠵᠦ᠂ ᠶᠡᠷᠦᠨᠢ ᠲᠡᠭᠡᠭᠡᠳ ᠪᠦᠬᠦ ᠮᠡᠳᠡᠭᠡ ᠬᠤᠯᠪᠤᠭᠠᠠ ᠤ ᠠᠭᠠᠯᠵᠢᠠ ᠲᠤᠤᠷ ᠲᠤᠳᠤᠷ᠎ᠠ ︽ᠰᠡᠭᠦᠳᠡᠷ ᠠᠴᠠ ᠠᠶᠦᠵᠦ᠂ ᠰᠡᠭᠦᠯ ᠠᠴᠠ ᠪᠠᠨ ᠰᠤᠴᠢᠨ︾ ᠠᠮᠢᠳᠤᠷᠠᠵᠠᠭᠠᠵᠦ ᠪᠠᠶᠢᠨ᠎ᠠ᠃ ᠡᠨᠡ ᠴᠢᠨᠢ ᠲᠡᠭᠡᠭᠡᠳ ᠲᠤᠤᠷᠯᠠᠭᠳᠠᠭᠰᠠᠠ᠂ ᠭᠠᠪᠠᠯᠠᠭᠳᠠᠭᠰᠠᠠ᠂ ᠲᠦᠩᠭᠡᠯᠡᠭᠳᠡᠭᠰᠡᠡ᠂ ᠲᠤᠮᠢᠶᠠᠴᠢᠯᠠᠭᠳᠠᠭᠰᠠᠠ ᠡᠷᠬᠡ ᠴᠢᠯᠦᠭᠡ ᠪᠢᠰᠢ ᠶᠠᠭᠤ ᠪᠤᠢ︖ ᠡᠨᠡ ᠲᠡᠭᠡᠭᠡᠳ ᠡᠷᠬᠡ ᠴᠢᠯᠦᠭᠡ ᠪᠠᠨ ᠪᠤᠯᠢᠶᠠᠯᠭᠠᠵᠦ ᠠᠮᠢᠳᠤᠷᠠᠵᠦ ᠪᠠᠶᠢᠭ᠎ᠠ ᠪᠢᠰᠢ ᠭᠡᠵᠢ ᠤᠤ︖ ᠡᠨᠡ ᠪᠦᠬᠦᠨ ᠳᠡᠭᠡᠨ ᠪᠢᠳᠡ ᠲᠤᠤᠷᠤᠨ ᠳᠤ ᠪᠠᠶᠢᠭ᠎ᠠ ᠠᠮᠢᠳᠠᠳ ᠠᠴᠠ ᠲᠠᠪᠠᠭ᠋ᠤ ᠠᠴᠠ ᠪᠢᠰᠢ ᠳᠤᠳᠠᠬᠤ ᠪᠠᠷ ᠦᠭᠡᠢ ᠦᠪᠡᠷ ᠤᠨ ᠮᠡᠳᠡᠯ ᠦᠭᠡᠢ ᠲᠠᠰᠤᠨ ᠵᠤᠬᠢᠴᠠᠵᠠᠢ᠃ ︽ᠦᠨ᠎ᠡ ᠦᠭᠡᠢ ᠵᠦᠢᠯᠡᠰ ᠵᠦᠪᠬᠡᠡ ᠬᠠᠪᠬᠠᠠ ᠳᠤ ᠪᠠᠶᠢᠳᠠᠭ︾ ᠰᠢᠦ ᠳ᠋ᠡ᠃        ᠡᠨᠡ ᠲᠡᠯᠡᠬᠡᠢ ᠠᠴᠠ ᠡᠷᠬᠡ ᠴᠢᠯᠦᠭᠡ ᠶᠠᠪᠤᠨ ᠶᠠᠪᠤᠨ ᠬᠤᠯᠠᠳᠤᠭᠰᠠᠭᠠᠷ ᠪᠠᠶᠢᠭ᠎ᠠ ᠶᠢ ᠲᠤᠤᠷᠯᠠᠭᠳᠠᠭᠰᠠᠠ ᠠᠮᠢᠳᠠᠠ ᠎ ᠤ ᠶᠢᠷᠳᠢᠨᠴᠦ ᠠᠴᠠ ᠪᠤᠰᠤ ᠤᠷᠤᠰᠢᠨ ᠪᠦᠬᠦᠢ ᠦᠪᠡᠷ ᠤᠨ ᠤᠷᠴᠢᠨ ᠨᠦᠬᠦᠴᠡᠯ᠂ ᠬᠦᠴᠦᠳᠡᠢ ᠬᠦᠭᠵᠢᠵᠦ ᠪᠠᠶᠢᠭ᠎ᠠ ᠬᠦᠭᠵᠢᠯ ᠲᠡᠪᠰᠢᠯ ᠠᠴᠠ ᠬᠠᠷᠠᠬᠤ ᠳᠤ ᠯᠠ ᠶᠠᠭᠤ ᠪᠦᠬᠦᠨ  ᠲᠤᠳᠤᠷᠬᠠᠢ ᠠᠭᠠᠳ ᠬᠠᠩᠭᠠᠯᠳᠠᠳᠠᠢ ᠠᠮᠤᠢ᠃ ︽ᠡᠷᠬᠡ ᠴᠢᠯᠦᠭᠡ ᠶᠢ ᠤᠬᠠᠭᠠᠨᠳᠠᠠ ᠮᠡᠷᠭᠡᠳ ᠯᠠ ᠤᠯᠵᠦ ᠠᠪᠳᠠᠭ᠃ ᠪᠤᠰᠤᠳ ᠪᠦᠬᠦ ᠬᠦᠮᠦᠰ ᠲᠤ ᠡᠷᠬᠡ ᠴᠢᠯᠦᠭᠡ ᠬᠦᠷᠳᠡᠭᠡᠯ ᠦᠭᠡᠢ …︾ ᠭᠡᠰᠡᠡ ᠡᠷᠳᠡᠡ ᠤ ᠭᠧᠷᠭ ᠤᠨ ᠠᠤᠭ᠎ᠠ ᠭᠦᠨ ᠤᠬᠠᠭᠠᠨᠳᠠᠠ ᠽᠧᠨᠤᠨ ᠤ ᠰᠤᠷᠭᠠᠯ ᠨᠤᠮᠯᠠᠯ ᠦᠨᠦ ᠶᠢᠨ ᠬᠦᠮᠦᠰ ᠲᠤ ᠶᠠᠭᠤ ᠨᠢᠭᠡ ᠶᠢ ᠢᠯᠡᠴᠢᠯᠡᠡ ᠮᠡᠳᠡᠭᠦᠯᠦᠭᠡᠳ ᠪᠠᠶᠢᠬᠤ ᠮᠡᠳᠣ᠃        ᠲᠤᠤᠷᠯᠠᠭᠳᠠᠭᠰᠠᠠ ᠠᠮᠢᠳᠠᠠ ᠢ ᠪᠢᠳᠡᠬᠡᠢ ᠡᠯᠡᠭᠯᠡ᠂ ᠦᠪᠡᠷ ᠢ ᠪᠠᠨ ᠡᠯᠡᠭᠯᠡ︕ ᠬᠦᠮᠦᠰ ᠡ᠃                                                               2014 -- 07--23᠎ ᠠᠴᠠ 07--27 ᠪᠤᠯᠳᠠᠯ᠎ᠠ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号