| ᠵᠡᠭᠦᠨᠭᠠᠷ ᠪᠤᠶᠠᠨᠪᠠᠲᠤ | ᠬᠡᠶᠢᠳᠦ ᠪᠦᠮᠪᠦᠭᠡ ᠶᠢ ᠴᠢᠨᠡᠭᠡᠡ ᠳᠤ ᠨᠢ ᠲᠤᠯᠳᠠᠯ᠎ᠠ ᠬᠡᠶᠢᠯᠡᠴᠢᠬᠡᠪᠡᠯ ᠠᠳᠡ ᠲᠡᠨᠳᠡ ᠬᠠᠮᠢᠭ᠎ᠠ ᠪᠤᠯᠭᠠᠠ ᠣᠯᠠ | ᠰᠠᠭᠤᠷᠢ ᠦᠭᠡᠢ ᠤᠶᠢᠵᠦ ᠲᠡᠭᠳᠡᠬᠦ ᠶᠤᠮ ᠤᠤ ᠡᠰᠡᠪᠡᠯ ᠠᠭᠠᠷ ᠰᠠᠯᠬᠢᠨ ᠳᠤ ᠬᠡᠶᠢᠰᠦᠭᠡᠳ ᠠᠷᠢᠯᠴᠢᠬᠠᠬᠤ ᠭᠡᠳ | ᠪᠠᠶᠢᠳᠠᠭ ᠰᠠᠨ᠃ ᠲᠡᠭᠦᠨ ᠢ ᠬᠠᠷᠠᠬᠤ ᠳᠤ︵ᠨᠡᠩ ᠴᠦ ᠤᠬᠠᠭ᠎ᠠ ᠰᠠᠨᠠᠭ᠎ᠠ ᠬᠦᠢᠴᠡᠳ ᠰᠠᠭᠤᠭ᠎ᠠ ᠦᠭᠡᠢ ᠪᠠᠯᠴᠢᠷᠬᠠᠠ | ᠬᠡᠦᠬᠡᠳ ᠲᠤ ᠪᠣᠯ︶ ︽ᠬᠡᠶᠢᠷᠬᠡᠵᠦ︾ ᠲᠤᠮᠤᠷᠠᠭᠠᠳ ᠦᠩᠭᠡᠯᠢᠭ ᠦᠬᠦᠭᠡᠷᠳᠡᠮᠡ ᠪᠤᠯᠴᠢᠬᠠᠭᠰᠠᠠ ᠬᠠᠷᠠᠭᠳᠠᠳᠠᠭ | ᠬᠡᠳᠦᠢ ᠴᠦ ᠦᠨᠡᠡ ᠳᠡᠭᠡᠨ ᠬᠠᠷᠢᠨ ᠬᠤᠪᠢ ᠶᠢᠨ ᠵᠢᠩ ᠨᠢ ᠲᠡᠩᠳᠡᠭᠦᠦ ᠬᠦᠩᠭᠡᠷᠡᠭᠡᠳ ᠲᠡᠶᠢᠮᠦ ᠪᠤᠯᠴᠢᠬᠠᠵᠦ ᠪᠠᠶᠢᠭ᠎ᠠ | ᠬᠡᠷᠡᠭ᠃ ᠮᠠᠠ ᠤ ᠵᠠᠷᠢᠮ ᠵᠤᠬᠢᠶᠠᠯᠴᠢ᠂ ᠰᠢᠯᠦᠭᠴᠢ᠂ ᠡᠷᠳᠡᠮᠳᠡᠡ ᠬᠡᠮᠡᠭᠴᠢ ᠬᠦᠮᠦᠰ ᠡᠨᠡ ᠬᠡᠶᠢᠳᠦ ᠪᠦᠮᠪᠦᠭᠡ ᠲᠠᠢ | ᠠᠳᠠᠯᠢ ᠲᠤᠮᠤᠷᠠᠬᠤ ᠲᠤᠳᠤᠮ ᠢᠶᠠᠨ︽ᠬᠦᠩᠭᠡᠷᠡᠭᠡᠳ︾᠂ ᠶᠡᠬᠡᠷᠬᠡᠬᠦ ᠲᠤᠰᠤᠮᠢᠶ᠋ᠡᠨ ᠵᠢᠵᠢᠭᠷᠡᠭᠡᠳᠪᠠᠶᠢᠬᠤ ᠨᠢ | ᠬᠠᠴᠢᠷᠬᠠᠯᠳᠠᠢ ᠶᠤᠮ᠃ | ᠡᠳᠡᠭᠡᠷ ᠬᠦᠮᠦᠰ ᠤᠨ ᠵᠡᠷᠭᠡ ᠵᠢᠩᠰᠡ᠂ ᠴᠤᠯᠠ ᠮᠢᠨᠳᠠᠭ᠂ ᠱᠠᠩ ᠬᠠᠷᠠᠮᠵᠢ ᠨᠢ ᠨᠡᠮᠡᠭᠳᠡᠬᠦ ᠶᠢᠨ ᠬᠢᠷᠢ ᠪᠠᠷ | ᠭᠢᠰᠬᠢᠵᠦ ᠢᠷᠡᠭᠰᠡᠡ ᠵᠠᠮ ᠮᠦᠷ ᠢᠶᠠᠨ ᠭᠡᠳᠡᠷᠭᠦ ᠬᠠᠷᠠᠵᠦ ᠲᠤᠩᠭᠠᠬᠤ ᠨᠢ ᠤᠯᠠᠮ ᠢᠶᠠᠷ ᠪᠠᠭᠠᠰᠴᠦ᠂ ᠲᠠᠨᠢᠨ ᠮᠡᠳᠡᠬᠦᠢ | ᠶᠢᠨ ᠮᠡᠯᠮᠡᠢ ᠨᠢ ᠪᠤᠳᠤᠩᠭᠤᠶᠢᠷᠠᠠ᠂ ᠤᠷᠤᠭᠰᠢ ᠲᠡᠮᠡᠦᠯᠡᠬᠦ ᠡᠷᠴᠢ ᠬᠦᠴᠦ ᠨᠢ ᠰᠤᠯᠠᠷᠠᠵᠦ᠂ ᠰᠡᠷᠡᠬᠦᠢ᠂ ᠰᠡᠳᠬᠢᠬᠦᠢ᠂ | ᠤᠬᠠᠭᠠᠷᠠᠬᠤᠢ ᠨᠢ ᠬᠦᠰᠢᠭᠦᠳᠡᠭᠡᠳ᠂ ᠴᠤᠬᠤᠮ ᠬᠡᠡ ᠪᠤᠢ ᠭᠡᠳᠡᠭ ᠤᠨ ︽ᠭᠠᠤᠯᠢ ᠨᠢ ᠴᠤᠬᠤᠶᠢᠭᠠᠳ︾ ᠢᠷᠡᠳᠡᠭ | ᠰᠠᠨᠵᠠᠢ᠃ | ᠵᠠᠷᠢᠮ ︽ᠲᠤᠮᠤᠴᠤᠤᠯ︾ ᠬᠡᠮᠡᠭᠳᠡᠭᠴᠢ ᠶᠢᠨ ᠬᠢᠴᠢᠶᠡᠯ ᠪᠤᠶᠦ ᠢᠯᠡᠳᠬᠡᠯ ︵ᠲᠠᠶᠢᠯᠦᠮᠵᠢ︶ ᠢ ᠰᠤᠨᠤᠰᠬᠤ | ᠡᠰᠡᠪᠡᠯ ᠪᠢᠴᠢᠭᠰᠡᠡ ᠲᠤᠭᠤᠷᠪᠢᠭᠰᠠᠠ ᠢ ᠨᠢ ᠤᠩᠰᠢᠬᠤ ᠳᠤ ᠦᠨᠡᠬᠡᠷ ᠰᠡᠳᠬᠢᠯ ᠭᠤᠩᠰᠤᠶᠢᠯᠭᠠᠵᠦ᠂ ᠰᠦᠵᠢᠭ | ᠪᠠᠭᠤᠷᠠᠬᠤ ᠠᠴᠠ ᠴᠠᠭᠠᠰᠢ ᠦᠭᠡᠢ᠃ ᠰᠢᠨ᠎ᠡ ᠰᠤᠳᠤᠨ ᠵᠦᠢᠯ ᠨᠢᠭᠡ ᠴᠦ ᠪᠠᠶᠢᠳᠠᠭ ᠦᠭᠡᠢ ᠪᠦᠭᠡᠳ ᠪᠦᠷ ᠯᠠ | ᠪᠤᠰᠤᠳ ᠢ ᠵᠢᠮᠯᠡᠭᠰᠡᠡ ᠰᠤᠷᠭᠠᠭᠰᠠᠠ︽ᠲᠠᠪᠤᠰᠣ ᠦᠭᠡᠢ︾ ᠶᠠᠷᠢᠶ᠎ᠡ ᠯᠠ ᠪᠠᠶᠢᠳᠠᠭ᠃ ᠡᠰᠡ ᠪᠣᠯ ᠵᠦᠭᠡᠷ ᠯᠠ ᠦᠪᠡᠷ | ᠢ ᠪᠠᠨ ᠮᠠᠭᠳᠠᠵᠦ ᠮᠠᠷᠵᠠᠩᠨᠠᠭᠠᠳ ᠯᠠ᠃ ᠪᠢ ᠲᠡᠷᠡ ᠪᠦᠳᠦᠭᠡᠯ ᠢᠶᠠᠨ ᠲᠤᠭᠤᠷᠪᠢᠬᠤ ᠳᠠᠭᠠᠨ ᠶᠠᠭᠠᠬᠢᠵᠦ ᠶᠠᠭᠠᠭᠢᠵᠦ | ᠰᠡᠳᠬᠢᠨ᠂ ᠶᠠᠭᠠᠬᠢᠵᠦ ᠶᠠᠭᠠᠭᠢᠵᠦ ᠪᠢᠴᠢᠵᠦ ᠵᠠᠰᠠᠭᠠᠳ᠂ ᠶᠠᠮᠠᠷ ᠶᠠᠮᠠᠷ ᠨᠡᠷᠡᠳᠦ ᠬᠦᠮᠦᠰ ᠤᠨ ᠠᠩᠬᠠᠷᠤᠯ ᠤᠨ ᠲᠦᠪ | ᠲᠤ ᠤᠷᠤᠵᠦ᠂ ᠦᠨᠳᠦᠷ ᠢᠶᠠᠷ ᠦᠨᠡᠯᠡᠭᠦᠯᠦᠭᠡᠳ᠂ ᠡᠴᠦᠰ ᠲᠡᠭᠡᠨ ᠶᠠᠮᠠᠷ ᠶᠠᠮᠠᠷ ᠬᠡᠮᠵᠢᠶᠡᠡ ᠤ ᠱᠠᠩᠨᠠᠯ ᠬᠦᠬᠢᠭᠦᠯᠦᠯ | ᠬᠦᠷᠳᠡᠭᠰᠡᠡ᠂ ᠶᠠᠭᠠᠭᠢᠭᠰᠠᠠ ᠶᠠᠭᠠᠭᠢᠭᠰᠠᠠ ᠬᠡᠬᠦ ᠮᠡᠳᠦᠴᠢᠯᠡᠡ᠃ ᠦᠷᠦᠭᠡᠯ ᠪᠤᠰᠤᠳ ᠤᠨ ᠲᠤᠬᠠᠢ ᠶᠠᠷᠢᠵᠦ ᠪᠢᠴᠢᠭᠰᠡᠡ | ᠬᠢᠭᠡᠳ ᠡᠰᠢ ᠲᠠᠳᠠᠭᠰᠠᠠ ᠵᠦᠢᠯ ᠤᠨ ᠲᠡᠶᠢᠯᠦᠩᠬᠢ ᠨᠢ ᠶᠡᠭᠡ ᠦᠨᠳᠦᠰᠦᠳᠡᠡ ᠤ᠂ ᠲᠤᠮᠤ ᠬᠦᠷᠦᠨ ᠤ ᠵᠤᠬᠢᠶᠠᠯᠴᠢ | ᠰᠢᠯᠦᠭᠴᠢ ᠪᠢᠰᠢ ᠪᠣᠯ ᠬᠠᠷᠢ ᠡᠷᠳᠡᠮᠳᠡᠡ ᠨᠡᠷ ᠤᠨ ᠰᠤᠳᠤᠯᠤᠯ ᠦᠭᠦᠯᠡᠯ ᠤᠨ ᠵᠤᠬᠢᠶᠠᠯ ᠪᠦᠳᠦᠭᠡᠯ ᠪᠠᠶᠢᠬᠤ ᠨᠢ | ᠤᠯᠠᠨᠳᠠ᠂ ᠬᠠᠷᠢᠨ ᠦᠪᠡᠷ ᠤᠨ ᠦᠨᠳᠦᠰᠦᠳᠡᠡ ᠤ ᠪᠠᠨ ᠲᠤᠬᠠᠢ ᠴᠡᠭᠡᠷ ᠲᠠᠢ ᠶᠤᠮ ᠰᠢᠭ ᠠᠮᠠᠠ ᠳᠠᠭᠠᠨ ᠠᠪᠳᠠᠭ | ᠦᠭᠡᠢ ᠨᠢ ᠬᠠᠴᠢᠨ᠃ ᠲᠡᠳᠡ ᠨᠡᠷ ᠲᠤᠮᠤᠴᠤᠤᠯ ᠤᠨ ᠵᠢᠨᠳᠠᠭᠠᠠ ᠤ ᠵᠡᠷᠭᠡᠯᠡᠯ ᠳᠤ ᠬᠦᠷᠦᠭᠰᠡᠡ ᠪᠤᠶᠤ ᠲᠡᠭᠦᠨ ᠠᠴᠠ | ︽ᠭᠠᠳᠤᠯᠤᠭᠠᠳ ᠶᠠᠪᠤᠴᠢᠬᠠᠭᠰᠠᠠ︾ ᠬᠦᠮᠦᠰ ᠤᠴᠢᠷ ᠠᠴᠠ ᠢᠩᠬᠢᠵᠦ ᠬᠡᠯᠡᠬᠦ ᠬᠡᠷᠡᠭᠴᠡᠭᠡ ᠱᠠᠭᠠᠷᠳᠠᠯᠭ᠎ᠠ ᠪᠠᠶᠢᠳᠠᠭ | ᠯᠠ ᠪᠠᠶᠢᠬ᠎ᠠ᠃ ᠲᠤᠮᠤᠴᠤᠤᠯ ᠤᠨ ᠵᠠᠷᠭᠡᠯᠡᠯ ᠳᠤ ᠬᠦᠷᠦᠭᠡ ᠦᠭᠡᠢ ᠬᠦᠮᠦᠰ ᠲᠡᠭᠦᠨ ᠢ ᠨᠢ ᠤᠶᠢᠯᠭᠠᠵᠦ ᠶᠠᠳᠠᠭᠠᠳ | ᠪᠠᠶᠢᠳᠠᠭ ᠴᠦ ᠪᠠᠶᠢᠵᠦ ᠮᠠᠭᠠᠳ ᠦᠭᠡᠢ᠃ ᠪᠦᠷᠭᠦᠳ ᠬᠡᠳᠦᠢ ᠦᠨᠳᠦᠷ ᠨᠢᠰᠪᠡᠴᠦ ᠡᠭᠦᠷ ᠢᠶᠠᠨ ᠭᠠᠵᠠᠷ ᠲᠡᠭᠡᠷ᠎ᠡ | ᠵᠠᠰᠠᠵᠦ᠂ ᠰᠡᠭᠦᠳᠡᠷ ᠨᠢ ᠮᠥᠨ ᠭᠠᠵᠠᠷ ᠲᠤ ᠲᠤᠰᠳᠠᠭ ᠰᠢᠦ ᠳ᠋ᠡ᠃ ᠶᠠᠭᠠᠭᠢᠵᠦ ᠲᠤᠮᠤᠷᠠᠯᠠ ᠭᠡᠳ ᠦᠨᠳᠦᠰᠦ | ᠤᠭᠰᠠᠭᠠᠠ ᠤ ᠪᠠᠨ ᠬᠠᠷᠢᠶᠠᠯᠠᠯ ᠠᠴᠠ ᠬᠠᠯᠢᠭᠠᠳ ᠭᠠᠷᠴᠢᠬᠠᠮᠠᠷ ᠦᠭᠡᠢ ᠪᠠᠶᠢᠯᠳᠠᠢ᠃ ᠬᠡᠳᠦᠨ ᠶᠠᠭᠤᠮ᠎ᠠ ᠪᠢᠴᠢᠵᠦ | ᠰᠤᠳᠤᠯᠴᠢᠬᠠᠭᠠᠳ ᠦᠨᠳᠦᠰᠦ ᠤᠭᠰᠠᠭᠠᠳᠠᠠ ᠤ ᠪᠠᠨ ᠵᠡᠯ᠎ᠡ ᠠᠴᠠ ᠠᠯᠳᠠᠭᠤᠷᠠᠠ᠂ ᠶᠠᠭ ᠯᠠ ᠬᠡᠶᠢᠳᠦ ᠪᠦᠮᠪᠦᠭᠡ ᠰᠢᠭ | ᠲᠠᠰᠤᠷᠠᠴᠢᠬᠠᠬᠤ ᠭᠡᠳ ᠪᠠᠶᠢᠳᠠᠭ ᠢ ᠨᠢ ᠤᠶᠢᠯᠭᠠᠵᠦ ᠶᠠᠳᠠᠨ᠎ᠠ᠃ ︽ᠬᠦᠮᠦᠨ ᠤ ᠢᠰᠢᠭᠡᠡ ᠤ ᠬᠦᠵᠦᠭᠦᠦ ᠪᠦᠳᠦᠭᠦᠨ︾ | ᠭᠡᠭᠴᠢ ᠪᠠᠷ ᠬᠠᠷᠢ ᠭᠠᠳᠠᠨ᠎ᠠ ᠶᠢᠨ ᠶᠠᠭᠤᠮ᠎ᠠ ᠪᠦᠬᠦᠨ ᠢ ᠪᠤᠷᠬᠠᠨᠴᠢᠯᠠᠠ ᠰᠦᠵᠢᠭᠯᠡᠵᠦ᠂ ᠦᠨᠡᠡ ᠬᠤᠳᠠᠯ ᠰᠠᠶᠢᠨ | ᠮᠠᠭᠤ ᠶᠢ ᠨᠢ ᠴᠦ ᠴᠡᠩᠨᠡᠵᠦ ᠲᠤᠩᠭᠠᠭᠠᠯ ᠦᠭᠡᠢ ᠬᠤᠰᠢᠭᠤᠷᠠᠠ ᠳᠠᠭᠤᠷᠢᠶᠠᠳᠠᠭ ᠨᠢ ᠮᠠᠠ ᠤ ᠨᠡᠯᠢᠶᠡᠳ | ᠮᠤᠩᠭᠤᠯᠴᠤᠳ ᠤᠨ ᠭᠡᠮ ᠪᠢᠰᠢ ᠵᠠᠩ ᠪᠤᠯᠤᠭᠠᠳ ᠶᠡᠭᠡ ᠤᠳᠠᠵᠦ ᠪᠠᠶᠢᠨ᠎ᠠ᠃ ᠡᠨᠡ ︽ᠨᠡᠶᠢᠳᠡᠯᠢᠭ ᠲᠤᠮᠤᠭᠤ︾ ᠮᠠᠠ | ᠤ ᠵᠠᠷᠢᠮ︽ᠲᠤᠮᠤᠴᠤᠤᠯ︾ ᠳᠤ ᠬᠦᠴᠦᠳᠡᠢ ᠬᠠᠯᠳᠠᠪᠤᠷᠢᠯᠠᠭᠰᠠᠠ ᠨᠢ ᠬᠠᠷᠠᠮᠰᠠᠯ ᠪᠢᠰᠢ ᠬᠠᠮᠠᠭᠤᠷᠠᠯ᠂ ᠠᠳᠡᠭᠦᠷᠡᠯ | ᠪᠢᠰᠢ ᠡᠷᠭᠢᠭᠦᠳᠡᠯ᠂ ᠰᠤᠷᠳᠤᠭᠤᠯᠤᠯ ᠪᠢᠰᠢ ᠰᠤᠯᠢᠶᠠᠷᠠᠯ ᠭᠡᠯᠳᠡᠢ᠃ ᠵᠠᠷᠢᠮ ᠨᠢ ᠮᠤᠩᠭᠤᠯ ᠦᠨᠳᠦᠰᠦᠳᠡᠡ ᠤ ᠪᠠᠨ ᠵᠠᠩ | ᠦᠢᠯᠡ᠂ ᠤᠯᠠᠮᠵᠢᠯᠠᠯᠳᠤ ᠶᠤᠰᠤ ᠰᠤᠷᠳᠠᠬᠤᠨ᠂ ᠢᠵᠠᠭᠤᠷ ᠭᠠᠷᠤᠯ ᠡᠭᠦᠰᠦᠯ ᠢᠶᠠᠨ ᠬᠦᠷᠳᠡᠯ᠎ᠡ ᠦᠯᠦ | ᠲᠤᠭᠤᠮᠰᠤᠷᠯᠠᠬᠤ ᠴᠢᠨᠠᠭᠰᠢᠯᠠᠪᠠᠯ ᠮᠤᠩᠭᠤᠯ ᠬᠡᠯᠡᠡ ᠤ ᠦᠭᠡᠰ ᠤᠨ ᠰᠠᠩ ᠢᠶᠠᠨ ᠴᠦ ᠮᠠᠷᠳᠠᠬᠤ ᠶᠢᠨ ᠰᠠᠯᠬᠢᠨ ᠳᠤ | ᠪᠠᠷᠤᠭ ᠢ ᠨᠢ ᠬᠡᠶᠢᠰᠭᠡᠵᠦ ᠤᠷᠭᠢᠭᠠᠳ᠂ ᠰᠠᠭᠠᠷᠮᠠᠭ ᠰᠡᠳᠬᠢᠵᠦ ᠬᠤᠯᠢᠮᠠᠭ ᠶᠠᠷᠢᠬᠤ ᠠᠴᠠ ᠦᠭᠡᠷ᠎ᠡ ᠠᠷᠭ᠎ᠠ ᠦᠭᠡᠢ | ᠶᠢᠨ ᠢᠷᠮᠡᠭ ᠲᠤ ᠲᠤᠯᠴᠢᠬᠠᠭᠰᠠᠠ ᠪᠠᠶᠢᠬᠤ ᠨᠢ ᠶᠠᠭᠤ ᠴᠦ ᠪᠢᠰᠢ᠃ ᠡᠬᠦᠨ ᠳᠡᠭᠡᠨ ᠲᠡᠳᠡ ᠮᠠᠨᠢ ᠤᠭᠳᠦ ᠨᠢᠭᠤᠷ | ᠤᠯᠠᠶᠢᠳᠠᠭ ᠦᠭᠡᠢ ᠪᠦᠭᠡᠳ ᠭᠡᠳᠡᠷᠭᠦ ᠪᠠᠨ ᠬᠠᠷᠢᠨ ᠬᠤᠳᠠᠵᠢᠯᠳᠡ ᠳᠡᠪᠰᠢᠯᠳᠡ ᠭᠡᠵᠤ ᠬᠡᠨᠡᠭ ᠴᠦ ᠦᠭᠡᠢ ᠦᠮᠦᠭᠡᠷᠡᠵᠦ | ᠰᠠᠭᠤᠨ᠎ᠠ᠃ ᠬᠢᠳᠡᠳ ᠢᠶᠠᠷ ᠬᠡᠯᠡᠵᠦ ᠪᠢᠴᠢᠵᠦ ᠴᠢᠳᠠᠳᠠᠭ ᠢᠶᠠᠷ ᠢᠶᠠᠨ ᠬᠡᠮᠵᠢᠶᠡᠯᠡᠰᠢ ᠦᠭᠡᠢ ᠪᠠᠭ᠋ᠠᠷᠬᠠᠨ᠎ᠠ᠃ ᠬᠢᠳᠡᠳ | ᠪᠢᠳᠡᠭᠡᠢ ᠬᠡᠯᠡ ᠠᠩᠭ᠍ᠯᠢ᠂ ᠹᠷᠠᠨᠼᠢ᠂ ᠶᠠᠫᠤᠨ᠂ ᠰᠤᠯᠤᠩᠭᠤᠰ ᠭᠡᠳ ᠬᠡᠳᠦ ᠬᠡᠳᠦᠨ ᠬᠡᠯᠡ ᠪᠠᠷ ᠴᠢᠯᠦᠭᠡᠳᠡᠢ ᠶᠠᠷᠢᠵᠦ | ᠪᠢᠴᠢᠵᠦ ᠪᠠᠶᠢᠪᠠᠯ ᠦᠨᠡᠬᠡᠷ ᠬᠦᠨᠳᠦᠳᠬᠡᠡ ᠪᠢᠰᠢᠭᠦᠷᠢᠰᠢᠳᠡᠢ ᠬᠦᠮᠦᠰ ᠤᠨ ᠲᠤᠭᠠᠠ ᠳᠤ ᠭᠠᠷᠴᠠᠭ᠎ᠠ ᠦᠭᠡᠢ ᠤᠷᠤᠨ᠎ᠠ | ᠯᠠ ᠳ᠋ᠡ᠃ ᠬᠠᠷᠢᠨ ᠲᠡᠷᠡ ᠶᠢ ᠪᠠᠨ ᠪᠠᠷᠳᠠᠮᠨᠠᠵᠦ ᠭᠠᠶᠢᠬᠠᠭᠤᠯᠬᠤ ᠶᠢᠨ ᠪᠠᠷᠠᠭᠳᠠᠰᠢ ᠦᠭᠡᠢ ᠪᠠᠶᠠᠠ ᠬᠦᠷᠦᠩᠭᠡ | ᠪᠤᠯᠭᠠᠴᠢᠬᠠᠳᠠᠭ ᠢᠶᠠᠷ ᠪᠠᠷᠠᠬᠤ ᠦᠭᠡᠢ ᠦᠪᠡᠷ ᠤᠨ ᠬᠡᠯᠡ ᠰᠤᠶᠤᠯ ᠠᠴᠠ ᠪᠠᠨ ᠬᠦᠨᠳᠡᠶᠢᠷᠡᠨ ᠲᠠᠶᠢᠵᠢᠳᠠᠭ ᠨᠢ | ᠠᠭᠤᠴᠢᠯᠠᠵᠦ ᠪᠤᠯᠤᠮ᠎ᠠ ᠦᠭᠡᠢ ᠰᠠᠨᠠᠭᠳᠠᠨ᠎ᠠ᠃ ᠭᠠᠳᠠᠭᠠᠳᠤ ᠬᠡᠯᠡ ᠪᠣᠯ ᠭᠠᠶᠢᠬᠠᠭᠤᠯᠳᠠᠭ ᠴᠠᠮᠢᠷᠬᠠᠯ ᠪᠢᠰᠢ᠃ ᠲᠠᠷᠡ | ᠪᠣᠯ ᠪᠠᠭᠠᠵᠢ᠃ ᠲᠡᠷᠡ ᠪᠣᠯ ᠪᠤᠰᠤᠳ ᠤᠨ ᠰᠤᠶᠤᠯ ᠳᠤ ᠨᠡᠪᠳᠡᠷᠡᠬᠦ ᠬᠦᠦᠷ ᠮᠥᠨ᠃ ᠢᠵᠠᠭᠤᠷ ᠰᠤᠶᠤᠯ᠂ ᠢᠷᠠᠭᠤ | ᠲᠡᠦᠬᠡ᠂ ᠡᠬᠡ ᠬᠡᠯᠡ ᠪᠣᠯ ᠬᠠᠷᠢᠨ ᠴᠢᠨᠦ ᠵᠢᠩᠬᠢᠨᠢ ᠰᠢᠪᠬᠠᠭᠳᠠᠰᠢ ᠦᠭᠡᠢ᠂ ᠦᠨᠡᠯᠡᠰᠢ ᠦᠭᠡᠢ ᠦᠪ ᠬᠦᠷᠦᠩᠬᠡ | ᠪᠠᠶᠢᠬᠤ ᠳᠠᠭᠠᠨ ᠲᠠᠭᠠᠷᠠᠨ᠎ᠠ᠃ ᠡᠭᠦᠨ ᠢ ᠳᠡᠳᠡ ᠨᠡᠷ ᠬᠡᠡ ᠠᠴᠠ ᠴᠦ ᠲᠤᠳᠠᠬᠤ ᠦᠭᠡᠢ ᠮᠡᠳᠡᠳᠡᠭ ᠶᠤᠮ ᠰᠢᠭ | ᠴᠢᠷᠠᠶᠢᠯᠠᠳᠠᠭ ᠪᠤᠯᠪᠠᠴᠦ ᠬᠢᠭᠰᠡᠡ ᠠᠵᠢᠯ᠂ ᠬᠡᠯᠡᠭᠰᠡᠡ ᠦᠭᠡ ᠨᠢ ᠬᠠᠷᠢᠨ ᠲᠡᠭᠷᠢ ᠭᠠᠵᠠᠷ ᠰᠢᠭ᠋ ᠵᠦᠷᠢᠵᠦ᠂ ᠲᠡᠮᠡᠭᠡ | ᠢᠮᠠᠭ᠎ᠠ ᠰᠢᠭ᠋ ᠢᠯᠭᠠᠭ᠎ᠠ ᠲᠠᠢ ᠪᠠᠶᠢᠳᠠᠭ ᠨᠢ ᠢᠨᠢᠶᠡᠳᠦᠮᠳᠡᠢ᠃ ᠴᠢ ᠲᠤᠮᠤ ᠤᠤ ᠵᠢᠵᠢᠭ ᠤᠤ ᠭᠡᠳᠡᠭ ᠢᠶᠠᠨ ᠬᠡᠯᠡᠬᠦ ᠪᠠᠷ | ᠢᠶᠠᠨ ᠪᠤᠰᠤ ᠬᠢᠬᠦ ᠪᠠᠷ ᠢᠶᠠᠨ ᠬᠠᠷᠠᠭᠤᠯᠬᠤ ᠭᠡᠷᠡᠭᠳᠡᠢ᠃ ᠠᠮᠠ ᠠᠵᠢᠯ ᠬᠤᠶᠠᠷ ᠨᠢ ᠠᠯᠳᠠ ᠵᠦᠷᠢᠭᠰᠡᠡ ᠬᠦᠮᠦᠨ ᠢ | ᠪᠢᠳᠡ ︽ᠲᠤᠮᠤ ᠬᠦᠮᠦᠨ︾ ᠭᠡᠵᠤ ᠦᠨᠡᠯᠡᠵᠦ ᠬᠡᠷᠬᠢᠨ ᠪᠤᠯᠬᠤ᠃ ᠬᠠᠷᠢ ᠬᠡᠯᠡ᠂ ᠬᠠᠷᠢ ᠰᠡᠳᠬᠢᠬᠦᠢ᠂ ᠬᠠᠷᠢ ᠦᠵᠡᠯ | ᠪᠠᠷᠢᠮᠳᠠᠯᠠᠯ ᠢᠶᠠᠷ ᠦᠨᠳᠦᠰᠦᠳᠡᠡ ᠢᠶᠠᠨ ᠠᠪᠤᠷᠠᠵᠦ ᠪᠠᠶᠢᠭᠰᠠᠠ ᠲᠡᠶᠢᠮᠦ ᠦᠯᠢᠭᠡᠷ ᠵᠢᠱᠢᠶ᠎ᠡ ᠲᠡᠯᠡᠬᠡᠢ ᠶᠢᠨ ᠬᠠᠮᠢᠭ᠎ᠠ | ᠠᠴᠠ ᠴᠦ ᠤᠯᠳᠠᠬᠤ ᠦᠭᠡᠢ ᠭᠡᠳᠡᠭ ᠢ ᠪᠢ ᠪᠠᠳᠤᠳᠠᠢ ᠬᠡᠯᠡᠵᠦ ᠴᠢᠳᠠᠨ᠎ᠠ᠃ | ᠬᠠᠭᠠᠰ ᠬᠤᠭᠤᠰᠬᠠᠠ ᠤᠯᠵᠦ ᠮᠡᠳᠡᠭᠰᠡᠡ ᠬᠠᠷᠢ ᠶᠢᠨ ᠰᠤᠶᠤᠯ ᠢᠶᠠᠷ ᠤᠨᠠᠭᠠᠠ ᠮᠤᠩᠭᠤᠯ ᠲᠠᠷᠢᠬᠢ ᠪᠠᠨ | ᠴᠡᠪᠡᠷᠬᠡᠡ ᠭᠡᠭᠴᠢ ᠨᠢ ︽ᠰᠠᠪᠤᠩᠳᠠᠭᠠᠳ︾ ᠤᠭᠢᠶᠠᠴᠢᠬᠠᠭᠰᠠᠠ ᠨᠢᠭᠡ ᠬᠡᠰᠡᠭ ︽ᠲᠤᠮᠤᠴᠤᠤᠯ︾ ᠮᠠᠠ ᠤ ᠤᠷᠴᠢᠨ | ᠳᠤ ᠮᠠᠠ ᠤ ᠲᠡᠷᠭᠡᠳᠡ ᠱᠠᠯᠬᠠᠶᠢᠵᠦ ᠶᠠᠪᠤᠨ᠎ᠠ᠃ ᠲᠡᠳᠡᠡ ᠤ ᠨᠢᠳᠦ ᠰᠡᠳᠬᠢᠯ ᠳᠤ ᠬᠠᠷᠢ ᠬᠦᠮᠦᠰ ᠬᠠᠷᠢ ᠰᠤᠶᠤᠯ ᠠᠴᠠ | ᠢᠯᠡᠭᠦᠦ ᠰᠠᠶᠢᠬᠠᠠ ᠶᠠᠭᠤᠮ᠎ᠠ ᠦᠭᠡᠢ ᠮᠡᠳᠣ᠃ ᠪᠤᠰᠤᠳ ᠤᠨ ᠰᠤᠶᠤᠯ ᠠᠴᠠ ᠰᠢᠯᠢᠳᠡᠭ ᠵᠦᠢᠯᠠᠰ ᠢ ᠨᠢ ᠰᠢᠮ᠎ᠡ | ᠲᠠᠵᠢᠭᠡᠯ ᠪᠤᠯᠭᠠᠵᠦ ᠠᠰᠢᠭᠯᠠᠬᠤ ᠶᠢ ᠬᠡᠡ ᠪᠠᠶᠢᠭ ᠬᠡᠬᠦᠪ᠃ ᠬᠠᠷᠢᠨ ᠬᠠᠷᠢ ᠰᠤᠶᠤᠯ ᠤᠨ ᠡᠮᠦᠨ᠎ᠡ ᠭᠠᠷ ᠢᠶᠠᠨ | ᠰᠠᠷᠪᠠᠶᠢᠨ ᠡᠪᠦᠳᠦᠭ ᠰᠦᠬᠦᠷᠡᠡ ᠪᠠᠭᠤᠵᠦ ᠦᠭᠭᠦᠭᠡᠳ᠂ ᠲᠡᠭᠦᠨ ᠳᠤ ᠬᠠᠭᠤᠷᠠᠢ ᠡᠯᠡᠰᠦᠨ ᠲᠡᠭᠡᠷ᠎ᠡ ᠳᠤᠰᠤᠭᠰᠠᠠ | ᠪᠤᠷᠤᠭᠠᠠ ᠤ ᠲᠤᠰᠤᠯ ᠰᠢᠭ᠋ ᠠᠭᠤᠰᠤᠨ ᠰᠢᠩᠭᠡᠵᠦ᠂ ︽ᠪᠤᠰᠤᠳ ᠤᠨ ᠪᠤᠷᠬᠠᠠ ᠳᠤ ᠲᠤᠯᠤᠭᠠᠢ ᠪᠠᠨ ᠲᠤᠰᠢᠶᠡᠡ︾᠂ | ᠦᠪᠡᠷ ᠤᠨ ᠦᠨᠳᠦᠰᠦ ᠤᠭᠰᠠᠭ᠎ᠠ᠂ ᠦᠭᠡ ᠬᠡᠯᠡ᠂ ᠦᠰᠦᠭ ᠪᠢᠴᠢᠭ᠂ ᠦᠪᠡᠷᠮᠢᠴᠡ ᠰᠤᠶᠤᠯ᠂ ᠵᠠᠩ ᠦᠢᠯᠡ ᠪᠠᠨ | ᠲᠤᠤᠷᠠᠰᠢᠶᠠᠠ ᠦᠵᠡᠬᠦ᠂ ᠲᠤᠭᠤᠭᠢᠯᠠᠠ ᠱᠤᠤᠯᠠᠬᠤ ᠴᠢᠨᠠᠭᠰᠢᠯᠠᠪᠠᠯ ᠦᠵᠡᠡ ᠶᠠᠳᠠᠬᠤ᠂ ᠦᠪᠡᠷ ᠤᠨ ᠦᠨᠳᠦᠰᠦᠳᠡᠡ | ᠢᠶᠠᠨ ᠮᠠᠨᠳᠤᠭᠤᠯᠬᠤ ᠲᠤᠬᠠᠢ ᠶᠠᠷᠢᠵᠦ ᠪᠢᠴᠢᠭᠰᠡᠡ ᠬᠦᠮᠦᠨ ᠢ ︽ᠦᠨᠳᠦᠰᠦᠳᠡᠡ ᠤ ᠢᠪᠴᠦᠦ ᠦᠵᠡᠯᠳᠡᠡ︾ ᠭᠡᠵᠤ | ᠱᠤᠭᠤᠪᠳᠤᠷᠯᠠᠠ ᠭᠠᠳᠠᠭᠤᠷᠬᠠᠵᠦ᠂ ᠮᠠᠯᠠᠭᠠᠶᠢᠳᠠᠠ ᠰᠢᠳᠡᠮᠳᠡᠬᠦ ᠶᠤᠮ ᠤᠤ ᠡᠰᠡᠪᠡᠯ ᠪᠦᠷ ᠲᠡᠭᠦᠨ ᠢ ᠬᠤᠪᠯᠠᠠ | ᠬᠤᠳᠠᠯᠳᠤᠵᠦ᠂ ᠲᠡᠭᠦᠪᠡᠷ ᠢᠶᠠᠨ ᠤᠯᠤᠰ ᠲᠦᠷᠦ ᠶᠢᠨ ᠡᠬᠢᠨ ᠤ ᠠᠯᠢ ᠡᠰᠡᠪᠡᠯ ᠡᠴᠦᠰ ᠤᠨ | ︽ᠬᠦᠷᠦᠩᠭᠡ ᠶᠢᠨ ᠬᠤᠷᠠᠮᠳᠤᠭᠤᠯᠭ᠎ᠠ︾ ᠪᠤᠯᠭᠠᠠ᠂ ᠠᠯᠳᠠᠷ ᠨᠡᠷ᠎ᠡ ᠶᠢᠨ ᠬᠦᠷᠳᠡᠭᠡᠯ᠂ ᠠᠯᠪᠠᠠ ᠲᠤᠰᠢᠶᠠᠯ ᠤᠨ | ᠲᠡᠪᠰᠢᠯ᠂ ᠠᠰᠢᠭ ᠰᠤᠨᠢᠷᠬᠠᠯ ᠤᠨ ᠨᠡᠮᠡᠭᠳᠡᠯ ᠢᠶᠠᠨ ᠠᠬᠢᠭᠤᠬᠠᠠ ᠰᠢᠭ᠋ ᠤᠯᠵᠦ ᠬᠦᠷᠳᠡᠳᠡᠭ ᠬᠢᠳᠡᠳ ᠤᠨ ᠰᠢᠨ᠎ᠡ ᠪᠡᠷᠢ | ᠶᠢᠨ ᠪᠠᠩᠵᠠᠯ ᠰᠢᠭ᠋ ︽ᠤᠪ ᠤᠯᠠᠭᠠᠠ ᠬᠦᠮᠦᠨ︾ ᠢ ᠪᠢᠳᠡ ᠲᠤᠮᠤ ᠬᠦᠮᠦᠨ᠂ ᠤᠠᠬᠠᠭᠠᠯᠢᠭ ᠬᠦᠮᠦᠨ᠂ | ᠤᠳᠤᠷᠢᠳᠤᠭᠴᠢ ᠬᠦᠮᠦᠨ᠂ ᠦᠯᠢᠭᠡᠷ ᠵᠢᠱᠢᠶ᠎ᠡ ᠬᠦᠮᠦᠨ᠂ ᠤᠶᠤᠨ ᠰᠠᠨᠠᠭᠠᠠ ᠤ ᠮᠠᠩᠯᠠᠶᠢᠯᠠᠭᠴᠢ᠂᠂᠂ ᠬᠡᠮᠡᠡ | ᠲᠤᠮᠢᠶᠠᠯᠠᠠ ᠬᠦᠨᠳᠦᠯᠡᠬᠦ ᠦᠨᠳᠦᠰᠦᠯᠡᠯ ᠪᠠᠶᠢᠨ᠎ᠠ ᠤᠤ︖ ᠬᠦᠴᠦᠳᠡᠢ ᠲᠠᠶᠠᠭᠠᠷᠰᠢᠵᠦ ᠪᠦᠬᠦᠢ ᠡᠨᠡ ᠴᠠᠭ ᠡᠷᠢᠨ ᠳᠤ | ᠶᠠᠭᠠᠭᠢᠵᠦ ᠦᠪᠡᠷ ᠢ ᠪᠠᠨ ︵ᠮᠤᠩᠭᠤᠯ ᠢᠶᠠᠨ︶ ᠠᠪᠴᠦ ᠦᠯᠡᠳᠡᠬᠦ ᠶᠢᠨ ᠬᠡᠷᠡᠯᠳᠦ ᠴᠠᠮᠬᠠᠭ ᠠᠮᠢᠳᠤ ᠲᠠᠭᠤᠷᠢᠶᠠᠯ | ᠪᠠᠶᠢᠪᠠᠰᠣ ᠵᠤᠬᠢᠬᠤ ᠬᠦᠮᠦᠰ ᠤᠨ ᠲᠡᠷᠢᠬᠦᠨ ᠡᠩᠨᠡᠭᠡᠡ ᠳᠤ ᠡᠶᠢᠮᠦ ᠬᠦᠮᠦᠰ ᠵᠦᠢ ᠶᠤᠰᠤᠭᠠᠷ ᠲᠤᠷᠠᠶᠢᠵᠦ ᠪᠠᠶᠢᠬᠤ | ᠶᠤᠰᠤᠳᠠᠢ ᠶᠤᠮᠰᠠᠠ᠃ ᠭᠡᠳᠡᠯ᠎ᠡ ᠰᠠᠨᠠᠭᠰᠠᠠ ᠠᠴᠠ ᠭᠠᠳᠠᠭᠤᠷ ᠮᠠᠠ ᠤ ᠵᠠᠷᠢᠮ ᠴᠦᠭᠡᠡ ᠲᠤᠭᠠᠠ ︵ᠴᠦᠭᠡᠡ ᠬᠡᠮᠡᠡ | ᠪᠠᠰᠤᠵᠦ ᠦᠯᠦ ᠪᠤᠯᠤᠨ᠎ᠠ︶ ᠤ ᠡᠷᠳᠡᠮᠳᠡᠡ᠂ ᠰᠤᠳᠤᠯᠤᠭᠠᠴᠢ᠂ ᠵᠤᠬᠢᠶᠠᠯᠴᠢ᠂ ᠢᠷᠠᠭᠤ ᠨᠠᠶᠢᠷᠠᠭᠴᠢ ᠪᠤᠶᠦ ᠲᠠᠷᠤᠭ᠎ᠠ | ᠨᠡᠷ ᠬᠠᠷᠢᠨ ᠲᠤᠮᠤᠷᠠᠬᠤ ᠳᠤᠰᠤᠮ ᠢᠶᠠᠨ ᠵᠢᠵᠢᠭ ᠵᠠᠩ ᠭᠠᠷᠭᠠᠵᠦ᠂ ᠲᠤᠮᠤᠷᠠᠭᠠᠳ ᠪᠦᠷ ᠦᠪᠡᠷ ᠠᠴᠠ ᠪᠠᠨ ᠪᠤᠰᠤᠳ | ᠢ ᠪᠠᠭᠳᠠᠭᠠᠵᠦ ᠴᠢᠳᠠᠬᠤ ᠪᠠᠨ ᠪᠤᠯᠢᠭᠠᠳ᠂ ᠬᠠᠷ᠎ᠠ ᠠᠮᠢ ᠪᠠᠨ ᠯᠠ ᠬᠢᠴᠢᠶᠠᠩᠬᠦᠶᠢᠯᠠᠠ ᠭᠤᠶᠢᠭᠤᠷᠠᠵᠦ ᠶᠠᠪᠤᠬᠤ ᠨᠢ | ᠠᠪᠤᠰᠢ ᠦᠭᠡᠢ ᠭᠤᠳᠤᠮᠰᠢᠭᠳᠠᠢ ᠰᠠᠨᠠᠭᠳᠠᠨ᠎ᠠ᠃ | ᠮᠠᠠ ᠤ ᠵᠠᠷᠢᠮ ᠵᠤᠬᠢᠶᠠᠯᠴᠢ ᠰᠢᠯᠦᠭᠴᠢ ᠨᠢᠭᠡ ᠬᠤᠶᠠᠷ ᠲᠤᠮᠤ ᠱᠠᠩᠨᠠᠯ ᠠᠪᠤᠴᠢᠬᠠᠭᠠᠳ᠂ ᠷᠠᠳᠢᠤ᠋ ᠲᠧᠯᠸᠢᠰ | ᠢᠶᠠᠷ ᠲᠠᠭᠤ ᠬᠤᠭᠤᠯᠠᠢ᠂ ᠭᠡᠭᠡᠡ ᠲᠦᠷᠢ ᠨᠢ ᠬᠡᠳᠦ ᠤᠳᠠᠭ᠎ᠠ ᠰᠠᠴᠤᠭᠳᠠᠭᠠᠳ ᠯᠠ ᠠᠯᠳᠠᠷ ᠨᠡᠷ᠎ᠡ ᠨᠢ ᠲᠡᠭᠷᠢ ᠳᠤ | ᠲᠤᠯᠵᠦ᠂ ᠠᠨᠳᠠ ᠨᠠᠶᠢᠵᠠ ᠦᠵᠦᠭ ᠨᠢᠭᠡᠳᠡᠡᠢᠶ᠋ᠡᠨ ᠪᠤᠤ ᠬᠡᠯᠡ ᠬᠡᠡ ᠨᠢᠭᠡᠡ ᠢ ᠴᠦ ᠦᠯᠦ ᠲᠤᠭᠤᠮᠰᠠᠷᠯᠠᠠ ᠶᠡᠬᠡᠷᠭᠡᠭ | ᠪᠠᠷᠳᠠᠮ᠂ ᠬᠦᠬᠡᠷᠦᠦ ᠰᠠᠭᠰᠠᠭᠤ ᠪᠤᠯᠴᠢᠬᠠᠳᠠᠭ ᠨᠢ ᠡᠨᠡᠭᠦᠬᠡᠡ ᠳᠤ᠃ ᠲᠡᠭᠡᠵᠦ ᠤᠯᠤᠭᠰᠠᠠ ᠠᠯᠳᠠᠷ ᠨᠡᠷ᠎ᠡ ᠪᠠᠨ | ᠠᠰᠢᠭᠯᠠᠵᠦ᠂ ᠬᠡᠳᠦᠨ ᠵᠢᠯ ᠪᠤᠰᠤᠳ ᠤᠨ ᠮᠠᠭᠳᠠᠭᠠᠯ ᠰᠠᠶᠢᠰᠢᠶᠠᠯ᠂ ᠪᠢᠰᠢᠷᠡᠯ ᠬᠦᠨᠳᠦᠳᠬᠡᠯ ᠤᠨ ᠲᠤᠮᠳᠠ ᠬᠦᠪᠦᠵᠦ | ᠬᠦᠭᠰᠡᠵᠦ᠂ ᠬᠤᠭᠤᠰᠤᠨ ᠨᠡᠷᠡᠯᠬᠡᠭ ᠰᠡᠳᠬᠢᠯ ᠢᠶᠠᠨ ᠲᠡᠵᠢᠭᠡᠵᠦ ᠪᠠᠶᠠᠰᠬᠠᠵᠦ ᠶᠠᠪᠤᠬᠤ ᠨᠢ ᠪᠤᠢ᠃ ᠤᠳᠤ ᠲᠡᠯᠡᠬᠡᠢ | ᠲᠠᠶᠠᠭᠠᠷ ︽15 ᠮᠢᠨᠦ᠋ᠲ ᠤᠨ ᠴᠤᠤ ᠠᠯᠳᠠᠷ︾ ᠭᠡᠰᠡᠡ ᠨᠡᠷ᠎ᠡ ᠲᠤᠮᠢᠶ᠎ᠠ ᠶᠠᠪᠤᠭᠠᠳ ᠪᠠᠶᠢᠨ᠎ᠠ᠃ ᠲᠡᠷᠡ ᠨᠢ ᠶᠠᠭᠤ | ᠭᠡᠪᠡᠯ᠄ ᠶᠠᠮᠠᠷ ᠨᠢᠭᠡ ᠬᠦᠮᠦᠨ ᠪᠤᠶᠦ ᠦᠵᠡᠭᠳᠡᠯ ᠨᠢ ᠮᠡᠳᠡᠭᠡᠯᠡᠯ ᠤᠨ ᠬᠡᠷᠡᠭᠰᠡᠯ ᠢᠶᠠᠷ ᠪᠤᠭᠤᠨᠢᠬᠠᠠ ᠬᠤᠭᠤᠴᠠᠭᠠᠠ ᠳᠤ | ᠰᠤᠷᠳᠠᠯᠴᠢᠯᠠᠭᠳᠠᠭᠠᠳ ᠤᠯᠤᠭᠰᠠᠠ ᠦᠷ᠎ᠡ ᠳ᠋ᠦᠩ ᠪᠤᠶᠦ ᠨᠡᠷ᠎ᠡ ᠠᠯᠳᠠᠷᠰᠢᠯ ᠢ ᠬᠡᠯᠡᠳᠡᠭ ᠭᠡᠨ᠎ᠡ᠃ ᠮᠡᠳᠡᠭᠡᠯᠡᠯ ︵ | ᠰᠤᠷᠠᠭ ᠵᠠᠩᠬᠢ︶ ᠤᠨ ᠲᠠᠪᠠᠯᠭᠠᠠ ᠠᠰᠤᠷᠦ ᠬᠤᠷᠳᠤᠨ ᠠᠭᠠᠳ ᠬᠦᠴᠦᠷᠬᠡᠭ ᠪᠤᠯᠤᠭᠰᠠᠠ ᠦᠨᠦ ᠴᠠᠭ ᠲᠤ ᠨᠡᠷ᠎ᠡ | ᠭᠠᠷᠤᠶ᠎ᠠ ᠭᠡᠪᠡᠯ ᠲᠡᠷᠡ ᠰᠢᠭ ᠠᠮᠠᠷᠬᠠᠠ ᠨᠢ ᠦᠭᠡᠢ ᠮᠡᠳᠣ᠃ ᠭᠡᠳᠡᠯ᠎ᠡ ᠤᠳᠠᠭᠠᠠ ᠲᠠᠭᠠᠭᠠᠮᠭᠠᠢ ᠪᠠᠷ ᠲᠡᠷᠡ ᠨᠡᠷ᠎ᠡ | ᠠᠯᠳᠠᠷᠰᠢᠯ ᠢᠶᠠᠨ ᠬᠡᠪ ᠢᠶᠠᠷ ᠪᠠᠶᠢᠯᠭᠠᠶ᠎ᠠ ᠭᠡᠪᠡᠯ ᠡᠷᠭᠢᠭᠡᠳ ᠪᠠᠰᠠ ᠬᠦᠴᠢᠷᠳᠡᠢ ᠪᠤᠯᠤᠭᠰᠠᠠ ᠠᠵᠢ᠃ ᠲᠦᠷᠰᠦᠳᠦ | ᠰᠦᠯᠵᠢᠶ᠎ᠡ ᠪᠠᠷ ᠦᠪᠡᠷ ᠢ ᠪᠠᠨ ᠲᠦᠷᠰᠦᠵᠢᠭᠦᠯᠦᠭᠡᠳ | ︵ᠺᠯᠢᠪᠵᠢᠭᠦᠯᠦᠭᠡᠳ︶ ᠰᠠᠴᠤᠴᠢᠬᠠᠬᠤ ᠶᠤᠮ ᠪᠣᠯ ᠴᠢ ᠲᠡᠷᠡ ᠲᠤᠤᠷ᠎ᠠ ᠪᠠᠨ ᠨᠡᠷ᠎ᠡ ᠴᠤᠤ ᠳᠤ ᠭᠠᠷᠴᠦ ᠴᠢᠳᠠᠬᠤ | ᠪᠦᠷᠢᠨ ᠪᠤᠯᠤᠮᠵᠢ ᠬᠠᠩᠭᠠᠭᠳᠠᠯᠠ ᠭᠡᠰᠡᠡ ᠦᠭᠡ᠃ ᠬᠡᠬᠦ ᠳᠡᠭᠡᠨ ᠡᠨᠡ ᠨᠡᠷ᠎ᠡ ᠠᠯᠳᠠᠷᠰᠢᠯ ᠴᠢᠨᠢ ᠵᠦᠪᠬᠡᠡ ︽15 | ᠮᠢᠨᠦ᠋ᠲ ᠤᠨ ᠴᠤᠤ ᠠᠯᠳᠠᠷ︾ ᠪᠠᠶᠢᠬᠤ ᠮᠠᠭᠠᠳᠯᠠᠯ ᠲᠠᠢ ᠶᠤᠮ ᠪᠠᠶᠢᠨ᠎ᠠ᠃ ᠲᠡᠮᠡᠢ ᠤᠳᠠᠬᠤ ᠦᠭᠡᠢ ᠪᠠᠷ ᠴᠢᠮᠠᠢᠢ | ᠪᠢᠰᠢᠷᠡᠵᠦ ᠰᠢᠳᠦᠵᠦ ᠨᠡᠬᠡᠯ ᠲᠠᠭᠠᠯ ᠪᠤᠯᠵᠦ ᠪᠠᠶᠢᠭᠰᠠᠠ ᠬᠦᠮᠦᠰ ᠴᠢᠨᠢ ᠲᠡᠭᠡᠰᠭᠢᠭᠡᠳ ᠰᠠᠨᠠᠬᠤ ᠪᠠᠨ ᠪᠤᠯᠢᠵᠦ᠂ | ᠦᠭᠡᠷ᠎ᠡ ᠪᠠᠰᠠ ᠨᠢᠭᠡ ︽ᠰᠢᠨ᠎ᠠ ᠤᠳᠤ︾ ᠶᠢ ᠬᠦᠭᠡᠭᠡᠴᠡᠯᠳᠦᠭᠡᠳ ᠠᠷᠢᠯᠬᠤ ᠨᠢ ᠶᠠᠭᠤ ᠴᠦ ᠪᠢᠰᠢ᠃ ᠤᠴᠢᠷ ᠨᠢ ︽ | ᠠᠮᠢ ᠨᠠᠭᠠᠨ᠎ᠠ ᠲᠠᠮᠤ ᠴᠠᠭᠠᠨ᠎ᠠ︾ ᠳᠤ ᠬᠦᠷᠦᠭᠰᠡᠡ ᠡᠨᠡᠬᠦ ᠦᠷᠢᠰᠦᠯᠳᠦᠭᠡᠡ ᠤ ᠴᠠᠭ ᠲᠤ ᠠᠯᠳᠠᠷᠰᠢᠬᠤ ᠨᠢ ᠴᠦ | ᠬᠤᠷᠳᠤᠨ᠂ ᠠᠯᠠᠭ᠎ᠠ ᠪᠤᠯᠬᠤ ᠨᠢ ᠴᠦ ᠬᠤᠷᠳᠤᠨ᠂ ᠪᠠᠳᠠᠷᠠᠬᠤ ᠨᠢ ᠴᠦ ᠬᠤᠷᠳᠤᠨ᠂ ᠪᠠᠯᠠᠷᠠᠬᠤ ᠨᠢ ᠴᠦ ᠬᠤᠷᠳᠤᠨ | ᠠᠮᠤᠢ᠃ ᠡᠶᠢᠮᠦ ᠠᠴᠠ ︽ᠪᠢ ᠴᠢᠨᠢ ᠠᠯᠳᠠᠷ ᠤᠨ ᠴᠡᠭᠡᠯ ᠳᠤ ᠬᠦᠷᠦᠭᠰᠡᠡ ᠮᠤᠨᠳᠠᠭ ᠬᠦᠮᠦᠨ᠃ ᠢᠩᠬᠢᠭᠡᠳ | ᠪᠤᠯᠤᠭ᠎ᠠ᠂᠂᠂︾ ᠭᠡᠵᠤ ᠠᠭᠠᠷᠬᠠᠵᠦ ᠶᠠᠪᠤᠬᠤ ᠶᠢᠨ ᠤᠷᠤᠨ ᠳᠤ ᠤᠶᠤᠨ ᠤ ᠨᠡᠮᠡᠯᠳᠡ ᠴᠡᠨᠡᠭ ᠢᠶᠠᠷ ᠲᠠᠰᠤᠷᠠᠯᠳᠠ | ᠦᠭᠡᠢ ᠦᠪᠡᠷ ᠢ ᠪᠠᠨ ᠴᠡᠨᠡᠭᠯᠡᠵᠦ ᠪᠠᠶᠢᠪᠠᠯ ᠲᠡᠭᠡᠷ᠎ᠡ ᠶᠤᠮ ᠤᠤ ᠳ᠋ᠠ᠃ ᠮᠠᠭᠳᠠᠭᠠᠯ ᠤᠨ ᠬᠠᠵᠠᠭᠤ ᠪᠠᠷ ᠮᠠᠷᠰᠠᠭᠠᠨᠠᠬᠤᠢ | ᠪᠠᠰᠠ ᠮᠠᠷᠳᠠᠬᠤᠢ ᠲᠠᠰᠢᠷᠯᠠᠵᠦ ᠶᠠᠪᠤᠭ᠎ᠠ ᠭᠡᠳᠡᠭ ᠢ ᠮᠠᠷᠳᠠᠭᠤᠵᠠᠢ︕ ᠦᠪᠡᠷ ᠢ ᠪᠠᠨ ᠬᠦᠭᠵᠢᠬᠦᠯᠵᠦ ᠴᠢᠳᠠᠬᠤ ᠦᠭᠡᠢ | ᠪᠠᠶᠢᠵᠦ᠂ ᠦᠷᠦᠭᠡᠯ ᠢ ᠬᠦᠭᠵᠢᠭᠦᠯᠵᠦ ᠴᠢᠳᠠᠬᠤ ᠶᠤᠮ ᠭᠡᠵᠢ ᠤᠤ⁈ ᠪᠤᠭᠤᠨᠢᠬᠠᠠ ᠬᠤᠭᠤᠴᠠᠭᠠᠠ ᠳᠤ ᠭᠢᠯᠠᠰᠭᠢᠨ | ᠲᠤᠳᠤᠷᠠᠭᠰᠠᠠ ︽ᠲᠤᠮᠤ ᠠᠪᠤᠭᠠᠢ︾ ᠮᠢᠨᠢ᠃ ᠬᠡᠳᠡᠯ᠎ᠡ ᠰᠠᠶᠢᠨ ᠮᠤᠷᠢᠨ ᠤ ᠨᠡᠷ᠎ᠡ ᠰᠠᠶᠢᠳᠦᠷ ᠬᠦᠮᠦᠨ ᠤ ᠠᠯᠳᠠᠷ | ᠲᠡᠷᠡ ᠲᠠᠢ ᠲᠡᠷᠡ ᠦᠭᠡᠢ ᠮᠠᠷᠳᠠᠭᠳᠠᠬᠤ ᠶᠤᠰᠤ ᠦᠭᠡᠢ ᠯᠠ ᠳ᠋ᠡ᠃ | ᠮᠠᠠ ᠤ ᠳᠤ ᠨᠡᠯᠢᠶᠡᠳ ᠡᠷᠳᠡ ᠴᠠᠭ ᠠᠴᠠ ᠡᠶᠢᠮᠦ ᠨᠢᠭᠡ ᠭᠠᠵᠢᠭ ᠦᠵᠡᠭᠳᠡᠯ ᠶᠠᠪᠤᠭᠠᠳ ᠢᠷᠡᠭᠰᠡᠡ ᠪᠦᠭᠡᠳ | ᠤᠳᠤ ᠴᠦ ᠦᠨ᠎ᠡ ᠴᠡᠨ᠎ᠡ ᠪᠠᠨ ᠠᠯᠳᠠᠬᠤ ᠦᠭᠡᠢ ᠤᠯᠠᠮ ᠪᠦᠷ ᠲᠠᠭᠠᠭᠠᠮᠵᠢᠷᠠᠠ ᠦᠷᠭᠦᠯᠵᠢᠯᠡᠭᠰᠡᠭᠡᠷ ᠪᠠᠶᠢᠨ᠎ᠠ᠃ | ᠲᠡᠷᠡ ᠨᠢ ᠲᠠᠪᠤ ᠭᠤᠷᠪᠠᠠ ᠰᠢᠯᠦᠭ ᠢᠶᠠᠨ ᠤᠪᠤᠭ᠎ᠠ ᠨᠡᠷᠡᠳᠡᠢ ᠰᠢᠭ ᠬᠡᠳᠦᠨ ᠰᠡᠳᠭᠦᠯ ᠰᠤᠨᠢᠨ ᠲᠡᠭᠡᠷ᠎ᠡ | ᠨᠡᠶᠢᠳᠡᠯᠡᠭᠦᠯᠴᠢᠬᠡᠪᠡᠯ ᠰᠢᠯᠦᠭᠴᠢ ᠪᠤᠶᠦ ᠢᠷᠠᠭᠤ ᠨᠠᠶᠢᠷᠠᠭᠴᠢ ᠬᠡᠬᠦ︔ ᠬᠡᠳᠦᠨ ᠰᠤᠳᠤᠯᠭᠠᠠ ᠤ ᠦᠭᠦᠯᠡᠯ ᠰᠢᠤᠬᠠᠠ | ᠶᠠᠭᠤᠮ᠎ᠠ ᠤᠷᠤᠨ ᠤ ᠲᠤᠳᠤᠨ᠎ᠠ ᠭᠠᠳᠠᠨ᠎ᠠ ᠶᠢᠨ ᠬᠢᠳᠡᠳ ᠮᠤᠩᠭᠤᠯ ᠲᠤᠮᠤᠬᠠᠠ ᠰᠡᠳᠬᠦᠯ ᠳᠤ ᠠᠷᠭᠠᠯᠠᠭᠠᠳ | ᠭᠠᠷᠭᠠᠴᠢᠬᠠᠪᠠᠯ ᠡᠷᠳᠡᠮᠳᠡᠡ ᠮᠡᠷᠭᠡᠳ ᠬᠡᠭᠦ ︵ᠳ᠋ᠤᠺᠲ᠋ᠤᠷ ᠴᠤᠯᠠ ᠲᠠᠢ ᠪᠣᠯ ᠨᠡᠩ ᠴᠦ ᠠᠶᠤᠮᠠᠷ ᠶᠤᠮ ᠪᠤᠯᠤᠨ᠎ᠠ︶︔ | ᠤᠩᠰᠢᠭᠴᠢ ᠶᠢᠨ ᠴᠠᠷ᠎ᠠ ᠬᠦᠷᠢᠶ᠎ᠡ ᠶᠢ ᠦᠯᠦ ᠬᠠᠮᠢᠶᠠᠷᠤᠨ ᠨᠢᠭᠡ ᠷᠤᠮᠠᠠ ᠡᠰᠡᠭᠦᠯ᠎ᠡ ᠨᠢᠭᠡ ᠦᠭᠦᠯᠡᠯᠭᠡ ᠲᠤᠭᠤᠵᠢ ᠶᠢᠨ | ᠨᠤᠮ ᠬᠡᠪᠯᠡᠭᠦᠯᠦᠭᠰᠡᠡ ᠨᠢ ᠶᠤᠮ ᠪᠣᠯ ᠠᠯᠳᠠᠷᠳᠦ ᠵᠤᠬᠢᠶᠠᠯᠴᠢ ᠬᠡᠬᠦ︔ ᠰᠤᠨᠤᠰᠤᠭᠴᠢ ᠪᠠᠶᠢᠬᠤ ᠡᠰᠡᠬᠦ ᠶᠢ ᠦᠯᠦ | ᠬᠠᠮᠢᠶᠠᠷᠤᠨ ᠨᠢᠭᠡ ᠬᠤᠶᠠᠷ ᠳᠠᠭᠤᠨ ᠤ ᠴᠤᠮᠤᠭ ᠭᠠᠷᠭᠠᠭᠰᠠᠠ ᠯᠠ ᠪᠣᠯ ᠨᠡᠷᠡᠳᠦ ᠲᠠᠭᠤᠴᠢᠨ ᠬᠡᠭᠦᠴᠢᠯᠡᠡ ᠬᠤᠳᠠᠯ | ᠦᠨᠡᠡ ᠮᠠᠯᠠᠭᠠᠶᠢᠳᠠᠠ ᠴᠤᠯᠠᠯᠠᠭᠰᠠᠭᠠᠷ ᠪᠠᠶᠢᠭᠠᠳ ︽ᠲᠤᠯᠤᠭᠠᠢ ᠶᠢ ᠨᠢ ᠪᠦᠳᠦᠷᠡᠭᠦᠯᠦᠭᠡᠳ︾ ᠬᠠᠶᠠᠴᠢᠬᠠᠳᠠᠭ ᠪᠠᠶᠢᠨ᠎ᠠ | ᠃ ᠶᠤᠰᠤᠳᠠᠢ ᠯᠠ︽ᠪᠢᠷᠠᠭᠤ ᠦᠭᠡᠢ ᠪᠤᠯᠤᠭ᠎ᠠ ᠪᠠᠶᠢᠵᠦ ᠪᠤᠬ᠎ᠠ ᠶᠢᠨ ᠪᠠᠭᠠᠳᠠᠯ ᠢᠶᠠᠷ ᠪᠠᠭᠠᠨ᠎ᠠ︾ ᠭᠡᠳᠡᠭ ᠨᠢ ᠲᠡᠷᠡ᠃ | ᠦᠨᠦᠬᠢ ᠬᠦᠮᠦᠰ ᠴᠢᠨᠢᠡᠭᠦᠪᠡᠷ ᠵᠶ᠋ᠡᠨᠡᠷᠮᠡᠰᠢᠭᠡᠳ ︽ᠰᠢᠯᠢᠨ ᠬᠦᠵᠦᠭᠦᠦ ᠨᠢ ᠳᠠᠳᠠᠭᠠᠳ︾ ᠡᠬᠢᠯᠡᠨ᠎ᠡ᠃ ᠨᠢᠭᠡ ᠯᠠ | ᠦᠭᠡ ᠪᠠᠷ ᠬᠡᠯᠡᠪᠡᠯ ᠲᠤᠮᠤᠷᠠᠭᠠᠳ ᠡᠬᠢᠯᠡᠨ᠎ᠡ᠃ ᠲᠡᠭᠡᠭᠡᠳ ᠲᠡᠳᠡᠨᠡᠷ ᠴᠢᠨᠢ ᠬᠡᠡ ᠢ ᠴᠦ ᠲᠤᠭᠤᠬᠤ ᠪᠠᠨ ᠪᠤᠯᠢᠵᠦ᠂ | ᠲᠡᠭᠡᠭᠦᠷ ᠬᠠᠷᠠᠵᠦ ᠲᠦᠷᠪᠡᠯᠵᠢᠨ ᠠᠯᠬᠤᠬᠤ ᠪᠦᠭᠡᠳ ᠮᠠᠭᠳᠠᠭᠠᠯ ᠰᠠᠶᠢᠰᠢᠶᠠᠯ ᠤᠨ ᠦᠭᠡ ᠰᠤᠨᠤᠰᠬᠤ ᠴᠢᠬᠢ ᠪᠠᠶᠢᠬᠤ | ᠠᠴᠠ ᠪᠢᠰᠢ ᠰᠠᠨᠠᠭᠤᠯᠭ᠎ᠠ ᠰᠢᠭᠦᠮᠵᠢᠯᠠᠯ ᠤᠨ ᠦᠭᠡ ᠬᠦᠯᠢᠶᠡᠵᠦ ᠠᠪᠬᠤ ᠰᠡᠳᠬᠢᠯ ᠤᠨ ᠪᠠᠭᠳᠠᠭᠠᠮᠵᠢ ᠦᠭᠡᠢ ᠪᠤᠯᠵᠦ | ᠬᠡᠯᠳᠤᠰᠬᠢᠪᠡᠯ ᠦᠰᠢᠶᠡᠳᠡᠡ ᠪᠤᠯᠵᠦ ᠶᠠᠳᠠᠬᠤ ᠦᠭᠡᠢ᠃ ᠤᠴᠢᠷ ᠨᠢ ︽ᠲᠠᠷᠬᠠᠯᠠᠴᠢᠬᠠᠭᠰᠠᠠ︾ ᠲᠤᠮᠤ ᠬᠦᠮᠦᠨ ᠢ | ᠬᠡᠡ ᠴᠦ ᠬᠡᠯᠡᠵᠦ ᠪᠤᠯᠳᠠᠭ ᠦᠭᠡᠢ ᠠᠵᠠᠢ᠃ ᠶᠤᠰᠤᠳᠠᠢ ᠯᠠ ︽ᠨᠠᠮᠠᠢᠢ ᠬᠡᠡ ᠬᠡᠯᠡᠬᠦ ᠪᠤᠢ᠂ ᠨᠤᠬᠠᠢ ᠶᠢ ᠬᠡᠡ ᠰᠠᠭᠠᠬᠤ | ᠪᠤᠢ︾ ᠭᠡᠰᠡᠡ ᠰᠡᠳᠬᠢᠬᠦᠢ ᠲᠠᠢ ᠪᠤᠯᠵᠦ ᠬᠦᠢᠴᠡᠨ᠎ᠡ᠃ ᠬᠡᠳᠡᠯ᠎ᠡ ᠡᠳᠡᠭᠡᠷ ᠬᠦᠮᠦᠰ ᠡᠷᠳᠡᠮ ᠤᠨ ᠰᠠᠪᠠ ᠨᠢ | ᠲᠤᠮᠳᠠᠭᠤᠷ ᠪᠤᠶᠦ ᠶᠠᠭᠤ ᠴᠦ ᠦᠭᠡᠢ ᠬᠤᠭᠤᠰᠤᠨ ᠰᠠᠨᠵᠢᠭᠠᠨᠠᠵᠦ ᠪᠠᠶᠢᠳᠠᠭ ᠢᠶᠠᠨ ᠦᠯᠦ ᠤᠬᠠᠭᠠᠷᠠᠨ᠎ᠠ᠃ ᠦᠢᠷ᠎ᠡ | ᠵᠠᠭᠤᠷ᠎ᠠ ᠭᠦᠶᠦᠳᠡᠭ ᠲᠡᠮᠡᠭᠡ ᠬᠤᠶᠠᠷ ᠭᠤᠷᠪᠠᠠ ᠲᠤᠯᠤᠭᠠᠢ ᠲᠠᠪᠠᠳᠠᠯ᠎ᠠ ᠮᠠᠨᠠᠷᠠᠭᠠᠵᠦ ᠠᠪᠤᠭᠠᠳ ᠯᠠ ᠲᠦᠩᠭᠡᠵᠢ | ᠱᠤᠭᠰᠢᠵᠦ ᠬᠡᠪᠳᠡᠬᠦ ᠶᠢᠨ ᠨᠠᠭᠠᠭᠤᠷ ᠴᠠᠭᠠᠭᠤᠷ ᠵᠤᠷᠢᠭᠰᠠᠠ ᠭᠠᠵᠠᠷ ᠤᠨ ᠢᠶᠠᠨ ᠪᠠᠷ᠎ᠠ ᠬᠠᠷᠠᠳᠠᠭ ᠲᠠᠢ ᠡᠭᠡᠭᠡ ᠠᠳᠠᠯᠢ | ᠭᠡᠯᠳᠡᠢ᠃ ᠮᠠᠠ ᠤ ᠵᠠᠷᠢᠮ ᠤᠷᠠᠠ ᠵᠤᠬᠢᠶᠠᠯ ᠤᠨ ᠲᠠᠪᠴᠠᠩ ᠳᠤ ᠵᠠᠭᠤᠷ᠎ᠠ ᠵᠠᠭᠤᠷᠬᠠᠠ ᠭᠢᠯᠡᠰ ᠭᠠᠷᠴᠦ ᠢᠷᠡᠭᠰᠡᠡ | ᠬᠦᠮᠦᠰ ᠲᠡᠭᠡᠰᠭᠢᠭᠡᠳ ᠴᠢᠮᠡᠭᠡ ᠰᠤᠷᠠᠭ ᠠᠯᠳᠠᠷᠠᠳᠠᠭ ᠤᠨ ᠤᠴᠢᠷ ᠨᠢ ᠨᠢᠭᠡ ᠳᠤ᠂ ᠲᠡᠭᠦᠨ ᠳᠤ ᠲᠠᠭᠠᠭᠠᠮᠠᠭᠠᠢ | ᠠᠪᠢᠶᠠᠰ ᠲᠤᠳᠠᠮᠠᠭ᠃ ᠬᠤᠶᠠᠷ ᠲᠤ᠂ ᠮᠡᠳᠡᠯᠭᠡ ᠪᠤᠯᠪᠠᠰᠤᠷᠠᠯ ᠤᠨ ᠭᠦᠨ ᠲᠠᠪᠬᠤᠷᠭ᠎ᠠ ᠪᠠᠶᠢᠬᠤ ᠦᠭᠡᠢ᠃ ᠤᠯᠵᠦ | ᠠᠪᠤᠭᠰᠠᠠ ᠵᠢᠭᠠᠬᠠᠠ ᠶᠠᠭᠤᠮ᠎ᠠ ᠪᠠᠨ ᠬᠦᠪᠢᠭᠡᠳ ᠪᠠᠷᠠᠴᠢᠬᠠᠪᠠᠯ ᠲᠡᠬᠡᠷ᠎ᠡ ᠬᠡᠯᠡᠭᠰᠡᠡ ︽ᠦᠢᠷ᠎ᠡ ᠭᠦᠶᠦᠳᠡᠯ︾ ᠲᠠᠢ | ᠲᠡᠮᠡᠭᠡ ᠰᠢᠭ ᠪᠤᠯᠤᠨ᠎ᠠ᠃ ᠭᠤᠷᠪᠠ ᠳᠤ᠂ ᠮᠡᠳᠡᠯᠭᠡ ᠦᠭᠡᠢ ᠪᠠᠨ ᠮᠡᠳᠡᠬᠦ ᠦᠭᠡᠢ ᠮᠡᠳᠡᠮᠡᠬᠡᠶᠢᠷᠡᠬᠦ ᠲᠤᠷᠠᠳᠠᠢ᠃ ᠨᠢᠭᠡ | ᠦᠵᠡᠵᠦ ᠰᠤᠨᠤᠰᠤᠭᠰᠠᠠ ᠢᠶᠠᠨ ᠠᠷᠪᠠ ᠲᠠᠪᠦ ᠪᠠᠷ ᠦᠷᠡᠵᠢᠬᠦᠯᠵᠦ ᠶᠠᠷᠢᠬᠤ᠃ ᠲᠡᠮᠡᠢ ᠬᠡᠳᠦᠨ ᠵᠢᠯ ᠪᠤᠯᠤᠯ ᠦᠭᠡᠢ | ᠭᠠᠤᠯᠢ ᠨᠢ ᠴᠤᠬᠤᠶᠢᠨᠠ᠃ ᠲᠦᠷᠪᠡ ᠳᠤ᠂ ᠤᠷᠠᠠ ᠵᠤᠬᠢᠶᠠᠯ ᠳᠤ ᠦᠨᠡᠡ ᠰᠠᠨᠠᠭᠠᠠ ᠠᠴᠠ ᠪᠠᠨ ᠲᠤᠷᠠᠳᠠᠢ ᠪᠤᠰᠤ᠃ | ᠶᠠᠮᠠᠷ ᠨᠢᠭᠡᠡ ᠭᠠᠳᠠᠭᠠᠳᠤ ᠰᠢᠯᠳᠠᠭᠠᠠ ︵ᠰᠡᠳᠡᠯᠳᠡ︶ ᠤ ᠨᠦᠯᠦᠭᠡ ᠠᠴᠠ ᠬᠡᠳᠦᠨ ᠮᠢᠨᠦ᠋ᠲ ︽ᠬᠠᠯᠠᠭᠤᠷᠠᠭᠰᠠᠠ︾ | ᠬᠡᠷᠡᠭ᠃ ᠲᠠᠪᠤ ᠳᠤ᠂ ᠤᠯᠤᠭᠰᠠᠠ ᠠᠮᠵᠢᠯᠳᠠ ᠳᠠᠭᠠᠨ ᠪᠤᠶᠦ ᠤᠯᠠᠠ ᠨᠡᠶᠢᠳᠡ ᠶᠢᠨ ᠤᠷᠤ ᠲᠠᠢ ᠤᠷᠤ ᠦᠭᠡᠢ | ᠮᠠᠭᠳᠠᠭᠠᠯ ᠰᠠᠶᠢᠰᠢᠶᠠᠯ ᠳᠤ ᠲᠡᠩᠳᠡᠭᠦᠦ ᠡᠷᠳᠡ ᠬᠠᠨᠤᠮᠰᠢᠵᠦ᠂ ᠦᠪᠡᠷ ᠤᠨ ᠵᠠᠮ ᠢᠶᠠᠨ ᠦᠪᠡᠷ ᠢᠶᠠᠨ ᠬᠠᠭᠠᠵᠦ | ᠤᠷᠬᠢᠬᠤ᠃ ᠵᠢᠷᠭᠤᠭ᠎ᠠ ᠳᠤ᠂ ᠠᠯᠪᠠᠠ ᠲᠤᠰᠢᠶᠠᠯ ᠳᠤ ᠠᠬᠢᠭᠤᠬᠠᠠ ᠲᠡᠪᠰᠢᠭᠰᠡᠡ᠃ ᠤᠷᠠᠠ ᠵᠤᠬᠢᠶᠠᠯ ᠪᠣᠯ ᠰᠡᠳᠬᠢᠯ | ᠵᠢᠷᠦᠬᠡ ᠪᠠᠨ ᠨᠢᠭᠡ ᠯᠠ ᠵᠦᠢᠯ ᠳᠤ ᠳᠠᠶᠢᠴᠢᠯᠠᠠ ᠠᠵᠢᠯᠯᠠᠬᠤ ᠤᠴᠢᠷᠳᠡᠢ | ︽ᠭᠠᠭᠴᠠᠭᠠᠷᠴᠢᠯᠠᠭᠰᠠᠠ ᠠᠵᠢᠯ︾ ᠪᠤᠯᠬᠤᠷ ᠰᠢᠷᠢᠯᠳᠦᠭᠰᠡᠡ ᠤᠯᠤᠰᠤ ᠰᠢᠭ᠋ ᠠᠯᠪᠠᠠ ᠤ ᠡᠶᠢᠮᠦ ᠲᠡᠶᠢᠮᠦ ᠠᠵᠢᠯ᠂ | ᠰᠦᠯᠵᠢᠭᠰᠡᠡ ᠲᠤᠤᠷ ᠰᠢᠭ᠋ ᠨᠡᠶᠢᠬᠡᠮ ᠤᠨ ᠬᠠᠷᠢᠴᠠᠭᠠᠠ ᠳᠤ ᠬᠤᠳᠬᠤᠯᠳᠤᠵᠦ ᠪᠠᠶᠢᠭᠠᠳ ᠤᠷᠠᠠ ᠪᠦᠳᠦᠭᠡᠯ ᠤᠨ ᠨᠡᠩ | ᠦᠨᠳᠦᠷ ᠲᠡᠭᠳᠡᠷ ᠲᠤ ᠭᠠᠷᠤᠮᠠᠷ ᠪᠠᠶᠢᠭᠰᠠᠠ ᠠᠯᠳᠠᠠ ᠪᠤᠯᠤᠮᠵᠢ ᠪᠠᠨ ᠠᠯᠳᠠᠵᠦ ᠤᠷᠬᠢᠬᠤ ᠬᠡᠬᠦ ᠮᠡᠳᠦᠴᠢᠯᠡᠡ᠃ ᠦᠨᠡᠡ | ᠳᠡᠭᠡᠨ ᠡᠳᠡᠭᠡᠷ ᠬᠦᠮᠦᠰ ᠲᠤᠮᠤᠴᠤᠤᠯ ᠤᠨ ᠵᠢᠩᠳᠡᠭᠠᠠ ᠤ ᠬᠤᠷᠮᠦᠢ ᠪᠠᠯ ᠳᠤ ᠨᠢ ᠪᠢᠳᠡᠬᠡᠢ ᠬᠡᠯᠡ ᠪᠡᠯᠴᠢᠭᠡᠷ ᠤᠨ ᠵᠠᠬ᠎ᠠ | ᠳᠤ ᠨᠢ ᠴᠦ ᠨᠠᠭᠠᠯᠳᠤᠬᠤ ᠪᠠᠷ ᠦᠭᠡᠢ ᠬᠡᠮᠵᠢᠶᠡᠡ ᠤ ᠬᠦᠮᠦᠰ ᠯᠠ ᠳ᠋ᠡ᠃ ᠨᠢ ᠨᠥ᠋ ᠦᠭᠡᠢ ᠬᠡᠯᠡᠬᠦ ᠳᠤ ᠨᠡᠷ᠎ᠡ ᠨᠢ ︽ | ᠲᠤᠮᠤᠴᠦᠦᠯ︾ ᠬᠡᠮᠡᠬᠦ ᠬᠠᠭᠤᠷᠠᠢ ᠮᠤᠳᠤᠨ ᠤ ᠰᠠᠯᠠᠭᠠᠠ ᠳᠤ ᠡᠯᠭᠦᠭᠳᠡᠭᠰᠡᠡ ᠲᠡᠳᠦᠢ ᠪᠤᠯᠪᠠᠴᠦ ᠨᠢᠳᠡᠷ ᠨᠢ ᠬᠠᠷᠢᠨ | ᠨᠡᠯᠢᠶᠡᠳ ᠵᠠᠢ ᠲᠠᠢ ᠪᠠᠶᠢᠭᠰᠠᠭᠠᠷ᠃ ︽ᠰᠡᠭᠦᠯ ᠬᠤᠯᠪᠤᠭᠴᠢ ᠰᠢᠯᠦᠭ ᠤᠷᠤᠨᠴᠠᠯᠠᠭᠴᠢ︾ ᠲᠡᠳᠦᠢ ᠬᠦᠮᠦᠰ ᠶᠠᠭᠠᠭᠢᠵᠦ | ᠦᠪᠡᠷ ᠢ ᠪᠠᠨ ᠲᠤᠮᠤᠴᠤᠤᠯ ᠤᠨ ᠲᠠᠪᠬᠤᠷᠭ᠎ᠠ ᠳᠤ ᠪᠠᠭᠳᠠᠭᠠᠵᠦ ᠪᠤᠳᠤᠳᠠᠭ ᠪᠠᠶᠢᠨ᠎ᠠ ᠡ⁈ ᠨᠢᠭᠤᠷ ᠨᠢ ᠤᠯᠠᠶᠢᠳᠠᠭ | ᠴᠦ ᠪᠤᠯᠤᠭᠠᠰᠠᠢ᠂ ᠢᠴᠢᠭ᠂ ᠢᠴᠢᠭ︕ | ᠠᠭᠠᠷ ᠲᠤ ᠲᠡᠭᠳᠡᠬᠦ ᠬᠡᠢ ᠪᠦᠮᠪᠦᠯᠢᠭ ᠮᠡᠳᠣ ᠬᠡᠶᠢᠰᠪᠦᠷᠯᠢᠭ ᠨᠡᠷ᠎ᠡ ᠴᠤᠤ ᠳᠤ ᠭᠠᠷᠴᠢᠠᠬᠠᠭᠠᠳ ᠪᠠᠶᠢᠭ᠎ᠠ ᠪᠠᠨ | ᠮᠡᠳᠡᠬᠦ ᠦᠭᠡᠢ ᠶᠠᠭᠠᠭᠢᠵᠦ ᠦᠪᠡᠷ ᠢ ᠪᠠᠨ ᠰᠤᠷᠳᠠᠯᠴᠢᠯᠠᠠ ᠠᠯᠳᠠᠷᠰᠢᠭᠤᠯᠤᠭᠰᠠᠠ ᠴᠦ ︽ᠡᠯᠵᠢᠭᠡ ᠲᠤᠭᠤᠷᠠᠢ ᠪᠠᠷ | ᠢᠶᠠᠨ ᠲᠠᠨᠢᠭᠳᠠᠨ᠎ᠠ︾ ᠭᠡᠭᠴᠢ ᠪᠠᠷ ᠴᠢ ᠬᠡᠡ ᠪᠤᠢ ᠭᠡᠳᠡᠭ ᠨᠢ ᠬᠡᠯᠡᠭᠰᠡᠡ ᠦᠭᠡ᠂ ᠬᠢᠭᠰᠡᠡ ᠠᠵᠢᠯ᠂ ᠪᠢᠴᠢᠭᠰᠡᠡ | ᠵᠤᠬᠢᠶᠠᠯ᠂ ᠪᠦᠳᠦᠭᠡᠭᠰᠡᠡ ᠦᠢᠯᠡ ᠪᠠᠷ ᠨᠢ ᠢᠯᠡᠡ ᠳᠠᠯᠠᠠ ᠲᠠᠨᠢᠭᠳᠠᠭᠠᠳ᠂ ᠪᠤᠰᠤᠳ ᠲᠤ ᠬᠠᠷᠢᠨ ᠵᠢᠵᠢᠭᠷᠡᠵᠦ | ᠦᠵᠡᠭᠳᠡᠳᠡᠭ ᠨᠢ ᠶᠡᠭᠡ ᠰᠠᠨᠠᠭ᠎ᠠ ᠪᠡᠶᠡᠡ ᠳᠤ ᠵᠤᠬᠢᠳᠠᠭ ᠦᠭᠡᠢ᠂ ᠢᠰᠡᠭᠡᠢ ᠬᠠᠪᠳᠠᠭ᠎ᠠ ᠲᠠᠰᠢᠶᠠᠠ ᠳᠤ ᠵᠤᠬᠢᠳᠠᠭ | ᠦᠭᠡᠢ ᠶᠢᠨ ᠦᠨᠡᠡ ᠵᠢᠱᠢᠶ᠎ᠡ ᠭᠡᠯᠳᠡᠢ᠃ ︽ᠲᠡᠭᠷᠢ ᠲᠦᠮᠡᠡ ᠨᠢᠳᠦ ᠲᠠᠢ᠂ ᠤᠯᠠᠠ ᠤ ᠨᠢᠳᠦ ᠤᠳᠤ︾ ᠭᠡᠳᠡᠭ ᠢ | ᠤᠠᠬᠠᠭᠠᠯᠢᠭ ᠲᠡᠳᠡᠨᠡᠷ ᠮᠠᠨᠢ ᠮᠠᠷᠳᠠᠮᠠᠷ ᠦᠭᠡᠢ ᠶᠤᠮ ᠳ᠋ᠠ᠃ ᠨᠡᠩ ᠴᠦ ᠴᠤᠬᠤᠮ ᠬᠡᠡ ᠪᠠᠶᠢᠵᠦ ᠪᠤᠢ ᠭᠡᠳᠡᠭ ᠢ ᠴᠠᠭ | ᠬᠤᠭᠤᠴᠠᠭ᠎ᠠ ᠲᠡᠦᠬᠡ ᠴᠠᠳᠢᠭ ᠬᠤᠶᠠᠷ ᠰᠢᠭᠦᠨ ᠲᠤᠩᠭᠠᠨ᠎ᠠ ᠭᠡᠳᠡᠭ ᠢ ᠰᠠᠨᠠᠬᠤ ᠦᠭᠡᠢ ᠪᠠᠶᠢᠮᠠᠷ ᠦᠭᠡᠢ ᠶᠤᠮ᠃ | ᠲᠤᠮᠤ ᠬᠦᠮᠦᠰ ᠲᠡᠭᠷᠢᠯᠢᠭ ᠪᠠᠶᠢᠬᠤ ᠶᠤᠰᠤᠳᠠᠢ᠃ ᠲᠡᠭᠷᠢᠯᠢᠭ ᠪᠠᠶᠢᠨ᠎ᠠ ᠭᠡᠳᠡᠭ ᠴᠢᠨᠢ ᠤᠶᠤᠨᠯᠢᠭ ᠪᠠᠶᠢᠨ᠎ᠠ | ᠭᠡᠰᠡᠡ ᠦᠭᠡ᠃ ᠦᠪᠡᠷ ᠤᠨ ᠨᠢᠳᠦ ᠪᠠᠷ ᠬᠤᠷᠸ᠎ᠠ ᠶᠢ ᠬᠠᠷᠠᠨ᠎ᠠ ᠭᠡᠰᠡᠡ ᠦᠭᠡ᠃ ᠬᠠᠷᠢᠨ ᠪᠤᠰᠤᠳ ᠤᠨ ᠪᠦᠷᠦᠭ | ᠪᠠᠷᠤᠭᠬᠠᠨ ᠨᠢᠳᠦᠨ ᠤ ᠰᠢᠯ ᠵᠡᠭᠦᠭᠡᠳ ᠦᠪᠡᠷ ᠤᠷᠤᠭᠤ ᠪᠠᠨ᠂ ᠦᠨᠳᠦᠰᠦᠳᠡᠡ ᠤᠷᠤᠭᠤ ᠪᠠᠨ ᠬᠠᠷᠠᠨ᠎ᠠ ᠭᠡᠰᠡᠡ | ᠦᠭᠡ ᠪᠢᠰᠢ᠃ ᠪᠤᠷᠬᠠᠠ ᠠᠴᠠ ᠵᠠᠶᠠᠭᠠᠭᠰᠠᠠ ᠲᠤᠯᠤᠭᠠᠢ ᠶᠢᠨ ᠴᠢᠳᠠᠯ᠂ ᠭᠡᠭᠡᠷᠡᠭᠰᠡᠡ ᠤᠬᠠᠭᠠᠠ ᠬᠤᠶᠠᠷ ᠢᠶᠠᠷ ᠯᠠ | ᠲᠤᠮᠤᠷᠠᠬᠤ ᠤᠴᠢᠷ ᠲᠠᠢ ᠪᠠᠶᠢᠭ᠎ᠠ ᠶᠤᠮ᠃ ᠤᠷᠤᠰᠬᠠᠯ ᠲᠠᠭᠠᠭᠠᠳ ︽ᠬᠦᠪᠦᠵᠦ︾ ᠶᠠᠪᠤᠳᠠᠭ ᠬᠠᠳᠠᠭᠰᠠᠠ ᠨᠠᠪᠴᠢ | ᠰᠢᠭ᠋ ᠬᠦᠮᠦᠰ ᠤᠷᠠᠠ ᠵᠤᠬᠢᠶᠠᠯ ᠤᠨ ᠲᠡᠦᠬᠡᠡ ᠳᠤ ᠤᠷᠳᠤ ᠨᠠᠰᠤᠯᠠᠵᠦ ᠴᠢᠳᠠᠬᠤ ᠦᠭᠡᠢ ᠡ᠃ ᠵᠠᠷᠢᠮ ᠬᠦᠮᠦᠨ ᠤ | ᠵᠤᠷᠢᠭᠤᠳᠠ ᠮᠤᠰᠬᠢᠨ ᠭᠤᠶᠢᠪᠢᠭᠤᠯᠤᠭᠰᠠᠠ ᠲᠡᠦᠬᠡ ᠶᠢᠨ ︽ᠬᠡᠯᠳᠡᠷᠬᠡᠢ︾ ᠪᠠᠷ ᠦᠪᠡᠷ ᠢ ᠪᠠᠨ ᠬᠤᠶᠠᠭᠯᠠᠵᠦ᠂ | ᠨᠠᠭᠠᠰᠢ ᠪᠠᠨ ᠲᠡᠩᠬᠡᠭᠡ ᠮᠡᠳᠡᠡ ᠬᠠᠵᠠᠭᠠᠢ ᠪᠤᠷᠤᠭᠤ ᠪᠤᠷᠠᠵᠦ ᠪᠠᠶᠢᠭᠠᠳ | ︽ᠲᠤᠮᠤ︾ ᠭᠡᠪ ᠢᠶᠠᠷ ᠪᠦᠷ ᠴᠦ ᠦᠯᠡᠳᠡᠵᠦ ᠴᠢᠳᠠᠬᠤ ᠦᠭᠡᠢ᠃ ︽ᠦᠪᠡᠷ ᠤᠨ ᠴᠡᠷᠢᠭ ᠢ ᠡᠰᠡ ᠲᠡᠳᠭᠦᠪᠡᠯ | ᠬᠠᠷᠢ ᠶᠢᠨ ᠴᠡᠷᠢᠭ ᠢ ᠲᠡᠵᠢᠭᠡᠬᠦ ᠳᠤ ᠬᠦᠷᠦᠨ᠎ᠡ︾ ᠭᠡᠰᠡᠡ ᠬᠦᠴᠦᠳᠦ ᠦᠬᠡ ᠪᠤᠢ ᠪᠦᠯᠦᠭᠡ᠃ ︽ᠲᠤᠮᠤ ᠲᠦᠷᠢ | ᠲᠤᠮᠤ ᠪᠠᠷ ᠢᠶᠠᠨ᠂ ᠦᠦᠬᠡ ᠲᠡᠦᠬᠡ ᠦᠨᠡᠡ ᠢᠶᠠᠷ ᠢᠶᠠᠨ ᠦᠯᠡᠳᠡᠬᠦ ᠶᠤᠰᠤᠳᠠᠢ︾ ᠭᠡᠵᠤ ᠮᠤᠩᠭᠤᠯ ᠤᠯᠤᠰ ᠤᠨ | ᠲᠡᠦᠬᠡ ᠶᠢᠨ ᠤᠬᠠᠭᠠᠠ ᠤ ᠠᠺᠠᠳᠧᠮᠢᠴᠢ ᠴ᠊᠂ ᠲᠠᠯᠠᠢ ᠬᠡᠯᠡᠭᠰᠡᠡ ᠶᠤᠮᠰᠠᠠ᠃ ᠴᠢᠩ ᠰᠡᠳᠬᠢᠯ ᠠᠴᠠ ᠪᠠᠨ᠂ ᠦᠨᠡᠡ | ᠴᠠᠭᠠᠠ ᠢᠶᠠᠷ ᠬᠢᠭᠰᠡᠡ ᠪᠦᠬᠦᠨ ᠪᠤᠶᠠᠠ ᠪᠤᠯᠳᠠᠭ ᠪᠢᠯᠡ᠃ ᠬᠤᠭᠤᠰᠤᠨ ᠬᠡᠬᠡᠨᠴᠢᠷᠯᠡᠯ ᠬᠤᠳᠠᠯ ᠲᠤᠮᠤᠷᠠᠭᠴᠢ ᠬᠡᠡ ᠳᠤ | ᠴᠦ ᠬᠡᠷᠡᠭ ᠦᠭᠡᠢ᠂ ᠬᠡᠵᠢᠶ᠎ᠡ ᠴᠦ ᠬᠡᠷᠡᠭ ᠦᠭᠡᠢ᠃ ᠬᠠᠭᠠᠰ ᠡᠷᠳᠡᠮᠳᠡᠡ ᠠᠴᠠ ᠬᠠᠶᠢᠳᠠᠭ ᠢᠮᠠᠭ᠎ᠠ ᠲᠡᠭᠡᠷ᠎ᠡ᠃ | ᠡᠷᠳᠡᠮ ᠰᠢᠨᠵᠢᠯᠡᠭᠡᠡ ᠤ ᠴᠦ ᠪᠠᠢ᠂ ᠤᠷᠠᠠ ᠵᠤᠬᠢᠶᠠᠯ ᠤᠨ ᠡᠰᠡᠪᠡᠯ ᠤᠳᠬ᠎ᠠ ᠤᠷᠠᠯᠢᠭ ᠤᠨ ᠴᠦ ᠪᠠᠢ ᠰᠠᠶ᠋ᠢ ᠯᠠ | ᠲᠦᠩᠭᠡᠵᠢ ᠬᠦᠯ ᠤᠯᠠ ᠪᠠᠨ ᠤᠯᠬᠤ ᠶᠢᠨ ᠬᠢᠷᠢ ᠳᠤ ᠯᠠ ᠠᠯᠳᠠᠷ ᠴᠤᠯᠠ ᠭᠠᠪᠢᠶ᠎ᠠ ᠱᠠᠩᠨᠠᠯ ᠢᠶᠠᠷ ᠲᠠᠬᠢᠵᠦ ᠪᠤᠰᠴᠦ | ᠴᠢᠳᠠᠬᠤ ᠦᠭᠡᠢ ᠪᠤᠯᠳᠠᠯ᠎ᠠ ᠨᠢ ᠪᠤᠯᠠᠭᠠᠳ ᠬᠠᠶᠠᠴᠢᠬᠠᠬᠤ ᠭᠡᠳ ᠪᠠᠶᠢᠬᠤ ᠨᠢ ᠮᠠᠠ ᠤ ᠡᠨᠡ ᠦᠶ᠎ᠡ ᠶᠢᠨ ᠲᠤᠮᠤ | ᠠᠳᠡᠭᠦᠷᠡᠯ ᠶᠤᠮ᠃ ᠮᠠᠭᠳᠠᠭᠠᠯ ᠤᠨ ᠴᠢᠯᠠᠭᠤᠨ ᠳᠤ ᠶᠠᠭᠤ ᠬᠠᠢ ᠦᠭᠡᠢ ᠪᠦᠳᠦᠷᠢᠭᠡᠳ ᠤᠶᠢᠴᠢᠳᠠᠭ ︽ᠬᠦᠯ | ᠮᠭᠤᠳᠠᠢ︾ ᠬᠦᠮᠦᠰ ᠠᠮᠠᠷᠬᠠᠠ ᠲᠦᠭᠡᠷᠢᠭᠳᠡᠯ ᠳᠤ ᠤᠷᠤᠭᠠᠳ ᠪᠠᠶᠢᠬᠤ ᠨᠢ ᠲᠡᠶᠢᠮᠦ ᠴᠦ ᠦᠯᠵᠠᠢ ᠲᠠᠢ ᠬᠡᠷᠡᠭ ᠪᠢᠰᠢ᠃ | ᠡᠶᠢᠮᠦ ᠬᠦᠮᠦᠰ ᠴᠢᠨᠢ ᠬᠠᠷᠢᠨ ᠲᠤᠮᠤᠷᠠᠬᠤ ᠳᠤᠰᠤᠮ ᠢᠶᠠᠨ ᠵᠢᠵᠢᠭᠷᠡᠭᠡᠳ ᠪᠠᠶᠢᠬᠤ ᠶᠤᠮ ᠡ᠃ ︽ᠰᠢᠪᠠᠭᠤᠨ ᠤ | ᠳᠠᠯᠠᠪᠴᠢᠨ ᠳᠤ ᠠᠯᠳᠠ ᠡᠯᠬᠦᠬᠦ ᠶᠤᠮ ᠪᠣᠯ ᠲᠠᠷᠡ ᠲᠡᠭᠡᠵᠦ ᠦᠨᠳᠦᠷ ᠤᠭᠳᠠᠷᠭᠤᠢ ᠳᠤ ᠴᠢᠯᠦᠭᠡᠳᠡᠢ ᠳᠡᠭᠦᠯᠢᠨ | ᠨᠢᠰᠴᠦ ᠴᠢᠳᠠᠬᠤ ᠪᠠᠨ ᠪᠤᠯᠢᠨ᠎ᠠ ᠰᠢᠦ︾ ᠭᠡᠰᠡᠡ ᠨᠤᠪᠧᠯ ᠤᠨ ᠱᠠᠩᠨᠠᠯᠳᠤ ᠲᠧᠭᠤᠷ ᠤᠨ ᠰᠤᠷᠭᠠᠯ ᠦᠭᠡ ᠶᠠᠭᠤ ᠨᠢᠭᠡ | ᠶᠢ ᠰᠠᠨᠠᠭᠤᠯᠬᠤ ᠦᠭᠡᠢ ᠭᠡᠵᠢ ᠤᠤ⁈ | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ | |