ᠡᠪᠦᠬᠡᠳ ᠤᠨ ᠬᠡᠬᠡᠨ ᠰᠦᠨᠡᠰᠤ
ᠨᠡᠶᠢᠲᠡᠯᠡᠭᠰᠡᠨ ᠴᠠᠭ᠄
2020/12/3
ᠪᠤᠷᠵᠢᠬᠢᠨ ᠡᠭᠦᠯᠡᠴᠢ ᠬᠢᠯᠢ ᠶᠢᠨ ᠵᠠᠬ᠎ᠠ ᠳᠡᠬᠡᠷ᠎ᠡ᠂ ᠡᠪᠦᠬᠡᠳ ᠤᠨ ᠮᠦᠷ ᠲᠤᠷᠠᠶᠢᠨ ᠦᠵᠡᠭᠳᠡᠨ᠎ᠡ᠃ ᠨᠤᠳᠤᠭ ᠤᠨ ᠰᠢᠷ᠎ᠠ ᠰᠢᠷᠤᠢ ᠬᠡᠵᠤ᠂ ᠰᠠᠮᠠᠷᠠᠵᠤ ᠪᠤᠰᠤᠭᠰᠠᠨ ᠭᠠᠵᠠᠷ ᠠᠴᠠ ᠨᠢ᠂ ᠦᠨᠦᠴᠢᠨ ᠴᠠᠭᠠᠨ ᠬᠤᠢ ᠡᠷᠬᠦᠯᠳᠦᠨ ᠬᠤᠴᠤᠷᠠᠬᠰᠡᠨ᠃ ᠳᠤᠯᠭ᠎ᠠ ᠶᠢᠨ ᠭᠤᠷᠪᠠᠨ ᠴᠢᠯᠠᠭᠤ᠂ ᠳᠤᠯᠤᠭᠰᠠᠨ ᠭᠠᠵᠠᠷ ᠳᠤᠨᠢ᠃ ᠡᠬᠦᠷᠢᠳᠡ ᠶᠢᠨ ᠠᠯᠪᠢᠨ ᠭᠠᠯ᠂ ᠤᠯᠠᠯᠵᠢᠨ ᠲᠦᠷᠡᠯᠵᠡᠵᠤ ᠦᠵᠡᠭᠳᠡᠨ᠎ᠡ᠃ ᠬᠢᠯᠢ ᠶᠢᠨ ᠵᠠᠭ᠎ᠠ ᠳᠡᠬᠡᠷ᠎ᠡ᠂ ᠡᠪᠦᠬᠡᠳ ᠤᠨ ᠮᠦᠷ ᠳᠤᠮᠳᠷᠠᠨ ᠦᠵᠡᠭᠳᠡᠨ᠎ᠡ᠃ ᠳᠤᠭᠤᠨᠤ ᠪᠠᠷ ᠪᠤᠷᠬᠢᠯᠤᠬᠰᠡᠨ᠂ ᠠᠷᠭᠠᠯ ᠤᠨ ᠴᠡᠩᠬᠡᠷ ᠤᠳᠠᠭ᠎ᠠ ᠨᠢ᠂ ᠠᠯᠤᠰ ᠤᠨ ᠬᠦᠬᠡᠮᠳᠡᠭ ᠠᠭᠤᠯᠠᠨ ᠳᠤ᠂ ᠤᠨᠢᠶᠠᠷ ᠪᠤᠯᠤᠨ ᠦᠯᠡᠳᠡᠭᠰᠡᠨ᠃ ᠠᠭᠳᠠ ᠮᠤᠷᠢ ᠨᠢ ᠬᠢᠨ᠂ ᠪᠤᠯᠬᠢᠵᠦ ᠳᠠᠪᠬᠢᠭᠰᠠᠨ ᠳᠤᠭᠤᠰᠤᠨ ᠳᠤᠨᠢ᠂ ᠠᠯᠳᠠᠨ ᠳᠡᠯᠡᠬᠡᠢ ᠶᠢᠨ ᠦᠷᠤᠴᠡᠨ ᠳᠤ᠂ ᠪᠤᠷᠤ ᠮᠠᠨᠠᠨ ᠪᠤᠯᠤᠨ ᠦᠯᠡᠳᠡᠭᠰᠡᠨ᠃ ᠬᠢᠯᠢ ᠶᠢᠨ ᠵᠠᠬ᠎ᠠ ᠳᠡᠬᠡᠷ᠎ᠡ᠂ ᠡᠪᠦᠬᠡᠳ ᠤᠨ ᠮᠦᠷ ᠲᠤᠮᠤᠷᠡᠨ᠂ ᠳᠤᠮᠤᠷᠠᠨ ᠦᠵᠡᠭᠳᠡᠨ᠎ᠡ᠃ ᠰᠠᠴᠥᠯᠢ ᠡᠷᠬᠦᠭᠰᠡᠨ ᠭᠠᠵᠠᠷ ᠳᠤᠨᠢ᠂ ᠰᠠᠩᠰᠡᠨ ᠪᠤᠷᠤᠭᠠᠨ ᠪᠤᠯᠤᠨ ᠦᠯᠡᠳᠡᠭᠰᠡᠨ᠃ ᠬᠠᠳᠠᠭ ᠪᠠᠷᠢᠨ ᠰᠦᠬᠦᠷᠡᠭᠰᠡᠨ ᠭᠠᠵᠠᠷ ᠳᠤᠨᠢ᠂ ᠰᠢᠳᠦᠯᠬᠡᠨ ᠪᠤᠯᠤᠨ ᠤᠯᠠᠮᠵᠢᠯᠠᠭᠳᠠᠭᠰᠠᠨ᠃ ᠬᠦᠬᠡ ᠳᠡᠭᠷᠢ ᠮᠢᠨᠢ ᠬᠡᠵᠦ ᠬᠠᠰᠬᠢᠷᠤᠬᠰᠡᠨ ᠳᠤᠨᠢ᠂ ᠦᠨᠡᠳᠦ ᠶᠢᠨ ᠠᠶᠤᠩᠭ᠎ᠠ ᠪᠤᠯᠤᠨ ᠴᠠᠬᠢᠯᠤᠬᠰᠡᠨ᠂᠃ ᠡᠪᠦᠬᠡᠳ ᠤᠨ ᠮᠦᠷ ᠮᠢᠨᠢ᠂ ᠡᠬᠦᠷᠢᠳᠡ ᠪᠠᠯᠠᠷᠠᠰᠢ ᠦᠬᠡᠢ ᠳᠠᠷᠤᠭᠰᠠᠨ ᠳᠠᠮᠠᠭ᠎ᠠ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号