ᠢᠷᠡᠬᠡᠴᠢ ᠬᠠᠶᠢᠷᠠᠳᠤ ᠮᠢᠨᠢ
ᠨᠡᠶᠢᠲᠡᠯᠡᠭᠰᠡᠨ ᠴᠠᠭ᠄
2020/12/3
ᠪᠤᠷᠵᠢᠬᠢᠨ ᠡᠭᠦᠯᠡᠴᠢ ᠢᠷᠡᠭᠡᠴᠢ ᠬᠠᠶᠢᠷᠠᠳᠤ ᠮᠢᠨᠢ ᠡᠷ᠎ᠡ ᠬᠦᠮᠦᠨ ᠤ ᠬᠠᠶᠢᠷ᠎ᠠ ᠶᠢ ᠳᠤᠯᠠᠭᠤᠴᠤᠯᠠᠭᠠᠴᠢ ᠬᠠᠶᠢᠷᠠᠳᠤ ᠮᠢᠨᠢ︔ ᠭᠠᠯ ᠰᠢᠳᠠᠭᠰᠠᠨ ᠪᠡᠶ᠎ᠡ ᠶᠢ ᠮᠢᠨᠢ︔ ᠭᠠᠭᠴᠠ ᠨᠢᠬᠡ ᠴᠤ ᠬᠡᠰᠡᠨ ᠬᠠᠯᠠᠭᠤᠬᠠᠨ ᠳᠡᠪᠡᠷᠡᠬᠡᠴᠢ ᠬᠠᠶᠢᠷᠠᠳᠤ ᠮᠢᠨᠢ︔ ᠰᠦᠨᠢ ᠰᠦᠨᠢ ᠶᠢᠨ ᠵᠡᠬᠦᠳᠡᠨ ᠳᠤ ᠰᠤᠶᠢᠯᠡᠵᠤ ᠨᠢᠬᠡ ᠳᠡᠮᠳᠡᠷᠡᠬᠡᠴᠢ ᠬᠠᠶᠢᠷᠠᠳᠤ ᠮᠢᠨᠢ︔ ᠢᠨᠠᠭ ᠳᠤᠳᠤᠨᠤ ᠵᠢᠷᠦᠬᠡᠨ ᠳᠤ ᠢᠷᠠᠭᠯᠠᠵᠤ ᠴᠢ ᠮᠢᠨᠢ ᠰᠤᠨᠤᠰᠬᠠᠴᠢ ᠬᠠᠶᠢᠷᠠᠳᠤ ᠮᠢᠨᠢ︔ ᠳᠠᠬᠢᠨᠢ ᠶᠢᠨ ᠬᠦᠬᠡᠷᠦᠬᠦᠨ ᠴᠢᠷᠠᠢ ᠳᠠᠭᠠᠨ ᠳᠠᠩᠳᠠᠨ ᠪᠠᠨ ᠢᠨᠢᠶᠡᠳᠦ ᠲᠠᠢ ᠪᠠᠶᠢᠭᠠᠴᠢ ᠬᠠᠶᠢᠷᠠᠳᠤ ᠮᠢᠨᠢ︔ ᠳᠠᠯᠳᠠ ᠶᠢᠨ ᠮᠢᠨᠢ ᠬᠦᠨ ᠳᠤ ᠳᠠᠯᠠᠯᠠᠵᠤ ᠴᠢ ᠮᠢᠨᠢ ᠦᠵᠡᠬᠦᠯᠦᠬᠡᠴᠢ ᠬᠠᠶᠢᠷᠠᠳᠤ ᠮᠢᠨᠢ︔ ᠦᠨᠡᠳᠦ ᠬᠠᠯᠠᠭᠤᠨ ᠰᠡᠳᠭᠡᠯ ᠳᠤ ᠮᠢᠨᠢ ᠦᠵᠡᠬᠦᠯᠵᠦ ᠨᠢᠬᠡ ᠢᠯᠡᠷᠡᠬᠡᠴᠢ ᠬᠠᠶᠢᠷᠠᠳᠤ ᠮᠢᠨᠢ︔ ᠦᠨᠡᠨ ᠵᠢᠷᠦᠬᠡᠨ ᠤ ᠦᠬᠡ ᠪᠠᠨ ᠰᠢᠪᠡᠨᠡᠵᠦ ᠨᠢᠬᠡ ᠶᠠᠷᠢᠭᠠᠴᠢ ᠬᠠᠶᠢᠷᠠᠳᠤ ᠮᠢᠨᠢ︔ ᠦᠷᠦᠬᠡᠯ ᠪᠤᠰᠤᠳ ᠤᠨ ᠨᠢᠳᠦᠨ ᠠᠴᠠ ᠳᠠᠯᠳᠠᠯᠠᠵᠤ ᠨᠢᠬᠡ ᠢᠷᠡᠮᠡᠬᠡᠴᠢ ᠬᠠᠶᠢᠷᠠᠳᠤ ᠮᠢᠨᠢ︔ ᠡᠷᠬᠡᠵᠦ ᠦᠬᠡᠳᠡ ᠠᠴᠠ ᠮᠢᠨᠢ ᠬᠠᠷᠠᠵᠤ ᠢᠨᠢᠶᠡᠵᠤ ᠨᠢᠬᠡ ᠬᠠᠷᠠᠭᠠᠴᠢ ᠬᠠᠶᠢᠷᠠᠳᠤ ᠮᠢᠨᠢ︔ ᠦᠰᠦ ᠬᠢᠵᠢᠬᠡ ᠪᠠᠨ ᠴᠠᠶᠢᠳᠠᠯ᠎ᠠ ᠦᠷᠬᠦᠵᠢ ᠨᠠᠳᠠ ᠲᠠᠢ ᠬᠠᠨᠢᠯᠠᠭᠠᠴᠢ ᠬᠠᠶᠢᠷᠠᠳᠤ ᠮᠢᠨᠢ︔ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号