ᠳᠠᠭᠤᠴᠢᠨ ᠶᠠᠪᠤᠯ᠎ᠠ
ᠨᠡᠶᠢᠲᠡᠯᠡᠭᠰᠡᠨ ᠴᠠᠭ᠄
2020/12/3
ᠪᠤᠷᠵᠢᠬᠢᠨ ᠡᠭᠦᠯᠡᠴᠢ ᠳᠠᠭᠤᠴᠢᠨ ᠶᠠᠪᠤᠯ᠎ᠠ᠂ ᠪᠢᠰᠢᠬᠦᠢ ᠰᠠᠶᠢᠬᠠᠨ ᠤᠶᠠᠩᠭᠠᠯᠠᠵᠤ ᠶᠠᠪᠤᠯ᠎ᠠ᠃ ᠳᠠᠭᠤᠴᠢᠨ ᠴᠤ ᠬᠡᠵᠦ ᠰᠤᠯᠤᠭᠠᠢ ᠬᠤᠭᠤᠯᠠᠢ ᠪᠠᠷ ᠪᠠᠬᠢᠷᠠᠳᠠᠭ ᠳᠡᠳᠦᠢ᠃ ᠤᠯᠠᠨ ᠠᠴᠠ ᠤᠷᠤᠶᠢᠯᠠᠳᠠᠭ ᠳᠠᠭᠤᠴᠢᠨ ᠬᠡᠵᠦ᠂ ᠤᠯᠠᠨᠴᠢ ᠭᠠᠵᠠᠷ ᠤᠷᠢᠭᠳᠠᠵᠤ ᠶᠠᠪᠤᠯ᠎ᠠ ᠬᠡᠬᠦ ᠳᠡᠭᠡᠨ ᠪᠢ᠂ ᠷᠠᠳᠢᠤ᠋ ᠳᠡᠬᠡᠷ᠎ᠠ ᠳᠠᠭᠤᠯᠠᠳᠠᠭ ᠳᠠᠭᠤᠴᠢᠨ ᠪᠢᠰᠢ ᠠᠷᠢᠬᠢᠨ ᠨᠠᠶᠢᠷ ᠤᠨ ᠳᠠᠭᠤᠴᠢᠨ ᠪᠢᠯᠡ︔ ᠳᠠᠶᠢᠵᠡᠨ ᠲᠡᠭᠡᠷ᠎ᠡ ᠭᠠᠷᠳᠠᠭ ᠳᠠᠭᠤᠴᠢᠨ ᠪᠢᠰᠢ ᠳᠤᠭᠤᠶᠢᠯᠠᠵᠤ ᠰᠠᠭᠤᠭᠰᠠᠨ ᠬᠦᠮᠦᠰ ᠤᠨ ᠳᠤᠮᠳᠠ ᠰᠠᠭᠤᠭᠠᠳ ᠳᠠᠭᠤᠯᠠᠳᠠᠭ ᠳᠠᠭᠤᠴᠢᠨ︔ ᠳᠠᠭᠤᠤ ᠪᠠᠷ ᠢᠶᠠᠨ ᠪᠢ ᠬᠦᠮᠦᠰ ᠢ ᠪᠠᠶᠠᠰᠬᠠᠵᠤ ᠶᠠᠪᠤᠭᠰᠠᠨ ᠤᠯᠠᠨ ᠨᠦᠬᠦᠳ ᠢᠶᠠᠷ ᠮᠠᠭᠳᠠᠭᠤᠯᠵᠤ ᠦᠵᠡᠯ᠎ᠡ︔ ᠠᠷᠪᠢᠨ ᠰᠠᠶᠢᠬᠠᠨ ᠬᠡᠤᠬᠡᠨᠴᠤᠳ ᠢ ᠤᠶᠠᠷᠠᠭᠤᠯᠵᠤ ᠶᠠᠪᠤᠯ᠎ᠠ︔ ᠭᠡᠷᠡᠭᠯᠡᠬᠦ ᠴᠠᠭ ᠲᠤ ᠤᠯᠳᠠᠰᠢ ᠦᠬᠡᠢ ᠤᠶᠠᠬᠠᠨ ᠯᠠᠪᠠ︔ ᠬᠦᠭ ᠨᠢ ᠦᠩᠬᠡᠷᠡᠪᠡᠯ ᠬᠠᠶᠠᠭᠠᠨ ᠳᠤ ᠪᠠᠶᠢᠭ᠎ᠠ ᠪᠠᠯᠪᠠᠷᠬᠠᠢ ᠯᠢᠩᠪᠤ︔ ᠰᠠᠷᠬᠠᠳ ᠤᠨ ᠰᠢᠷᠡᠬᠡᠨ ᠳᠤ ᠪᠤᠯ ᠰᠠᠶᠢᠬᠠᠨ ᠭᠤᠷᠭᠤᠯᠳᠠᠢ ᠰᠠᠯᠠᠭᠠᠳ ᠶᠠᠪᠤᠴᠢᠬᠠᠪᠠᠯ ᠰᠡᠯᠬᠢᠨ ᠳᠤ ᠦᠯᠢᠶᠡᠭᠳᠡᠬᠦ ᠯᠤᠩᠬᠤ︔ ᠨᠠᠶᠢᠷ ᠬᠤᠷᠢᠮ ᠤᠨ ᠴᠤᠭᠯᠠᠭᠠᠨ ᠳᠤ ᠨᠡᠷᠡᠬᠦᠢ ᠤᠯᠠᠨ ᠵᠠᠯᠠᠭᠳᠠᠵᠤ ᠦᠵᠡᠯ᠎ᠠ︔ ᠨᠡᠷᠳᠡᠢ ᠳᠠᠭᠤᠴᠢᠨ ᠢᠶᠠᠷ ᠱᠠᠭᠨᠠᠭᠳᠠᠭᠰᠠᠨ ᠦᠬᠡᠢ ᠴᠤ ᠨᠠᠨᠴᠢᠳ ᠤᠨ ᠬᠤᠨᠳᠤᠭ᠎ᠠ ᠪᠠᠷ ᠪᠢᠰᠢᠬᠦᠢ ᠠᠷᠪᠢᠨ ᠱᠠᠭᠨᠠᠭᠳᠠᠯ᠎ᠠ︔ ᠨᠡᠶᠢᠬᠢᠮ ᠳᠠᠶᠠᠭᠠᠷ ᠲᠤ ᠨᠡᠷ᠎ᠡ ᠭᠠᠷᠤᠭᠠᠳ ᠦᠬᠡᠢ ᠨᠠᠰᠤ ᠨᠢ ᠪᠠᠭ᠎ᠠ ᠪᠠᠯᠠᠷᠬᠠᠢ ᠳᠠᠭᠤᠴᠢᠨ︔ ᠠᠯᠳᠠᠷᠳᠤ ᠳᠠᠭᠤᠴᠢᠨ ᠪᠢᠰᠢ ᠪᠢ ᠠᠷᠢᠬᠢᠨ ᠬᠤᠷᠢᠮ ᠶᠢᠨ ᠰᠤᠭᠳᠠᠭᠤ ᠳᠠᠭᠤᠴᠢᠨ︔ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号