ᠪᠢ
ᠨᠡᠶᠢᠲᠡᠯᠡᠭᠰᠡᠨ ᠴᠠᠭ᠄
2020/12/4
ᠵᠡᠭᠦᠨᠭᠠᠷ ᠪᠤᠶᠠᠨᠪᠠᠲᠤᠪᠢ                                                 ︵ᠨᠠᠶᠢᠷᠠᠭᠯᠠᠯ︶      ᠪᠢ ᠪᠤᠯ ︽ᠪᠢ︾ ᠪᠢᠰᠢ᠂ ᠬᠠᠷᠢᠨ ᠲᠠᠨᠢᠬᠤ ᠥᠭᠡᠢ ᠭᠥᠮᠥᠨ ᠤ ᠲᠠᠩᠨᠠᠭᠴᠢ ᠶᠤᠮ᠃                         │ ᠠᠮᠧᠷᠢᠺᠡ ᠶᠢᠨ ᠢᠷᠠᠭᠤ ᠨᠠᠶᠢᠷᠴᠭᠴᠢ᠂ ᠵᠤᠭᠢᠶᠠᠯᠴᠢ᠂   ᠵᠧᠺ᠂ ᠺᠷᠦ᠋ᠶᠡᠺᠧ ᠡᠶᠢᠨ ᠭᠦ ᠭᠡᠯᠡᠭᠰᠡᠨ ᠠᠵᠢᠶᠠᠮ᠃    ᠭᠥᠮᠥᠨ ᠥᠪᠡᠷ ᠢ ᠪᠠᠨ ᠭᠡᠷᠭᠢᠨ ᠲᠠᠨᠢᠨ᠎ᠠ︖ ᠲᠠᠪᠠᠨ᠎ᠠ︖ ᠢᠯᠠᠨ᠎ᠠ︖ ᠡᠨᠡ ᠲᠤᠬᠠᠢ ᠲᠠᠯᠠᠭᠡᠢ ᠶᠢᠨ ᠭᠥᠮᠥᠰ ᠲᠠᠷᠢᠭᠢ ᠪᠠᠨ ᠭᠡᠮᠡᠯᠢᠭᠰᠡᠭᠡᠷ ᠠᠪᠠᠢ᠃ ᠡᠨᠡ ᠭᠦ ᠲᠠᠯᠠᠢ ᠶᠢᠨ ᠴᠢᠨᠡᠭᠡᠨ ᠠᠰᠠᠭᠤᠯᠳᠠ ᠳᠤ ᠱᠠᠯᠪᠠᠭ ᠤᠨ ᠴᠢᠨᠡᠭᠡ ᠬᠠᠷᠢᠭᠤᠯᠳᠠ ᠥᠭᠭᠦ ᠲᠡᠳᠥᠶᠢᠭᠡᠨ ᠢᠶᠠᠷ ᠶᠡᠭᠡ ᠪᠠᠭ᠎ᠠ ᠶᠢᠨ ᠭᠢᠵᠠᠭᠠᠷ ᠥᠭᠡᠢ ᠤᠷᠤᠨ ᠵᠠᠢ ᠳᠤ ᠴᠠᠭ ᠤᠨ ᠲᠠᠭᠦᠵᠢᠩ ᠰᠢᠭ ᠰᠠᠵᠢᠯᠠᠨ ᠬᠤᠯᠭᠢᠭᠰᠠᠭᠠᠷ ᠡᠳᠥᠭᠡ ᠶᠢ ᠲᠤᠭᠤᠯᠵᠤ ᠢᠷᠡᠭᠡᠳᠥᠢ ᠳᠤ ᠭᠡᠪ ᠢᠶᠠᠷ ᠭᠥᠷᠥᠨᠡᠮ ᠪᠥᠯᠥᠭᠡ᠃ᠪᠢ ᠪᠤᠯ ︽ᠪᠢ︾ ᠮᠥᠨ ᠤᠤ︖ᠪᠢ ᠪᠤᠯ ︽ᠴᠢ︾ ᠮᠥᠨ ᠤᠤ︖ᠪᠢ ᠪᠤᠯ ︽ᠭᠥᠮᠥᠨ︾ ᠮᠥᠨ︖ ᠭᠥᠮᠥᠨ ᠮᠢᠨᠢ ᠡ︕ ᠲᠠᠨᠠᠷ ᠥᠪᠡᠷ ᠠᠴᠠ ᠪᠠᠨ ᠲᠠᠩᠳᠠ ᠢᠩᠭᠢᠵᠥ ᠠᠰᠠᠭᠤᠵᠤ ᠪᠠᠶᠢᠭᠳᠤᠨ︕                  │ ᠵᠤᠭᠢᠶᠠᠭᠴᠢ ᠪᠢ ᠪᠠᠷ ᠡᠶᠢᠨ ᠭᠦ ᠰᠠᠨᠠᠭᠤᠯᠤᠨᠠᠮ᠃                         1ᠪᠢ ᠭᠡᠮᠡᠭᠴᠢ ᠪᠠᠷ ᠁ ᠮᠣᠩᠭᠤᠯ᠂ ᠤᠶᠢᠷᠠᠳ᠂ ᠵᠡᠭᠦᠨᠭᠠᠷ ᠤᠪᠤᠭᠪᠠᠶᠠᠨᠬᠤᠳᠠ᠂ X ᠬᠤᠷᠤᠭᠠᠯᠠᠯ᠂ ᠤᠳᠠᠰᠤᠨ ᠤ ᠳ᠋ᠤᠭᠠᠷ᠂ ᠢᠷᠭᠡᠨ ᠤ ᠥᠨᠡᠮᠯᠡᠭᠦ ᠁ᠪᠠᠰᠠ ᠠᠯᠪᠠᠨ ᠬᠠᠭᠠᠭᠴᠢ᠂ ᠠᠯᠳᠠᠭ᠎ᠠ ᠭᠠᠷᠭᠠᠭᠴᠢ᠂ ᠭᠠᠪᠢᠶ᠎ᠠ ᠲᠡᠮᠳᠡᠭᠯᠡᠭᠴᠢ᠂ ᠢᠷᠠᠭᠤ ᠨᠠᠶᠢᠷᠠᠭᠴᠢᠲᠠᠩᠭᠠᠷᠢᠭ ᠠᠯᠳᠠᠵᠤ ᠨᠢᠭᠦᠯ ᠠᠴᠠ ᠠᠰᠬᠠᠷᠠᠭᠰᠠᠨᠪᠠᠳᠠᠢ ᠶᠢᠨ ᠵᠢᠷᠠᠨ ᠤ ᠡᠯᠡᠰᠥᠨ ᠤ ᠨᠢᠭᠡᠨ ᠰᠢᠷᠭᠡᠭᠲᠠᠪᠤᠨ ᠲᠢᠪ ᠠᠴᠠ ᠮᠠᠷᠳᠠᠭᠳᠠᠬᠤ ᠲᠥᠭᠦᠭᠰᠡᠨᠪᠠᠷᠯᠤᠭ ᠠᠷᠠᠳ ᠤᠨ ᠴᠢᠰᠤᠨ ᠤ ᠨᠢᠭᠡᠨ ᠲᠡᠮᠳᠡᠭᠯᠡᠯᠪᠠᠶᠢᠭ᠎ᠠ ᠪᠠᠷ ᠢᠶᠠᠨ ᠪᠠᠶᠢᠵᠤ ᠪᠠᠶᠢᠭ᠎ᠠ ᠨᠢᠪᠠᠶᠢᠬᠤ ᠥᠭᠡᠢ ᠪᠤᠯ ᠬᠠᠶᠢᠵᠤ ᠪᠠᠶᠢᠭ᠎ᠠ ᠨᠢᠪᠠᠶᠢᠯᠭᠠᠬᠤ ᠭᠡᠵᠥ ᠲᠡᠮᠡᠴᠡᠵᠥ ᠪᠠᠶᠢᠭ᠎ᠠ ᠨᠢᠪᠠᠶᠢᠭᠰᠠᠨ ᠢᠶᠠᠨ ᠪᠠᠷᠠᠵᠤ ᠪᠠᠶᠢᠭ᠎ᠠ ᠨᠢ ᠁ᠬᠤᠳᠠ ᠶᠢᠨ ᠤᠳᠤᠷᠴᠢᠨ᠂ ᠤᠳᠬ᠎ᠠ ᠶᠢᠨ ᠭᠤᠶᠢᠯᠭᠠᠴᠢᠨᠬᠤᠯᠠ ᠶᠢᠨ ᠮᠥᠷᠥᠭᠡᠳᠥᠭᠴᠢ᠂ ᠤᠶᠢᠷ᠎ᠠ ᠶᠢᠨ ᠪᠥᠳᠥᠭᠡᠭᠴᠢᠨᠤᠮᠤᠬᠠᠨ ᠴᠢᠷᠠᠶᠢᠳᠤ᠂ ᠨᠡᠷᠡᠯᠭᠡᠭ ᠵᠠᠩᠳᠤᠨᠤᠶᠢᠷ ᠮᠠᠭᠤᠳᠤ᠂ ᠬᠤᠭᠤᠯᠠ ᠰᠠᠶᠢᠳᠤᠪᠠᠴᠢᠮ ᠠᠭᠤᠷᠳᠤ᠂ ᠤᠭᠵᠤᠮ ᠲᠠᠶᠢᠪᠤᠰᠢᠷᠠᠭᠴᠢᠪᠠᠯ ᠢᠳᠡᠭᠴᠢ᠂ ᠲᠠᠮᠠᠭᠢ ᠲᠠᠳᠠᠭᠴᠢᠤᠷᠤᠯᠳᠤᠭᠠᠨ ᠳᠤ ᠲᠡᠮᠡᠴᠡᠭᠴᠢ᠂ ᠤᠷᠤᠭᠤ ᠴᠢᠷᠠᠶᠢᠯᠠᠭᠴᠢᠤᠶᠠᠩᠭᠠᠯᠠᠭᠴᠢ᠂ ᠲᠠᠭᠤᠯᠠᠭᠴᠢ᠂ ᠵᠢᠷᠥᠭᠡ ᠲᠡᠯᠡᠰᠥᠭᠴᠢᠠᠶᠤᠮᠠᠬᠠᠢ᠂ ᠭᠢᠮᠡᠭᠡᠢ᠂ ᠭᠢᠴᠢᠶᠡᠮᠡᠳᠡᠭᠡᠢ᠂ ᠪᠥᠷᠢᠯᠭᠡᠮᠡᠳᠡᠭᠡᠢᠬᠠᠷᠢᠮᠠᠳᠠᠭᠠᠢ᠂ ᠲᠤᠷᠠᠯᠠᠮᠠᠳᠠᠭᠠᠢ᠂ ᠡᠮᠵᠡᠭᠯᠠᠮᠠᠳᠡᠭᠡᠢ᠂ ᠮᠡᠳᠡᠷᠡᠮᠡᠳᠡᠭᠡᠢᠨᠤᠶᠠᠨ ᠰᠠᠭᠤᠬᠤ ᠲᠤᠷ᠎ᠠ ᠥᠭᠡᠢ ᠴᠦ ᠤᠯᠤᠰ ᠲᠥᠷᠥ ᠳᠤ ᠲᠤᠷᠠᠳᠠᠢᠨᠤᠬᠠᠢ ᠲᠡᠵᠢᠭᠡᠭᠦ ᠲᠤᠷ᠎ᠠ ᠥᠭᠡᠢ ᠴᠦ ᠨᠤᠬᠠᠢ ᠳᠤ ᠥᠷᠥᠪᠴᠢᠭᠡᠨᠬᠠᠭᠤᠷᠮᠠᠭ ᠠᠭᠠᠰᠢᠯᠠᠬᠤ ᠲᠤᠷ᠎ᠠ ᠥᠭᠡᠢ ᠴᠦ ᠬᠤᠳᠠᠯ ᠵᠠᠷᠢᠮ ᠳᠠᠭᠠᠨ ᠱᠤᠤᠭᠢᠭᠤᠯᠳᠠᠭᠠᠶᠢᠯ ᠤᠨ ᠠᠪᠠᠭᠠᠢ ᠳᠤ ᠲᠤᠷᠠᠯᠠᠭᠴᠢ᠂ ᠠᠪᠠᠭᠠᠢ ᠠᠴᠠ ᠪᠠᠨ ᠠᠶᠤᠭᠴᠢᠠᠷᠢᠭᠢ ᠨᠠᠶᠢᠷ ᠲᠤ ᠶᠠᠪᠤᠭᠴᠢ᠂ ᠰᠢᠷᠠᠳᠠᠬᠤ ᠠᠴᠠ ᠪᠠᠨ ᠵᠤᠪᠠᠭᠴᠢᠨᠠᠶᠢᠳᠠᠪᠤᠷᠢ ᠲᠠᠢ ᠨᠢᠭᠤᠴᠠ ᠠᠮᠠᠷᠠᠭ᠂ ᠨᠢᠯᠪᠤᠰᠤ ᠪᠠᠨ ᠲᠤᠳᠤᠭᠰᠢ ᠪᠠᠨ ᠵᠠᠯᠭᠢᠭᠴᠢᠨᠠᠶᠢᠵᠠᠷᠬᠠᠵᠤ ᠰᠥᠢᠳ ᠪᠤᠯᠤᠯ᠎ᠠ ᠴᠦ ᠵᠢᠩᠭᠢᠨᠢ ᠢᠳᠡᠭᠡᠳᠡᠭ ᠨᠢ ᠴᠥᠭᠡᠨᠤᠨᠢᠰᠤᠭ᠎ᠠ ᠰᠢᠭ᠋ ᠶᠠᠪᠤᠬᠤ ᠲᠤᠷᠠᠲᠠᠢ ᠴᠦᠤᠶᠢᠯᠠᠭᠠᠬᠤ ᠥᠭᠡᠢ ᠭᠥᠮᠥᠰ ᠲᠤ ᠭᠤᠮᠤᠳᠠᠳᠠᠭᠤᠶᠢᠳᠬᠠᠷᠯᠠᠬᠤ ᠠᠴᠠ ᠪᠠᠨ ᠵᠤᠪᠠᠳᠠᠭ ᠴᠦᠤᠯᠠᠭᠤᠯᠠ ᠥᠢᠮᠡᠭᠦ ᠳᠤ ᠪᠠᠰᠠ ᠲᠤᠷ᠎ᠠ ᠥᠭᠡᠢᠲᠡᠥᠭᠡ ᠶᠢᠨ ᠯᠧᠺᠼᠢ ᠤᠩᠰᠢᠭᠴᠢ᠂ ᠲᠡᠭᠦᠨ ᠢᠶᠠᠷ ᠢᠶᠠᠨ ᠠᠮᠢ ᠵᠢᠭᠤᠭᠴᠢᠳ᠋ᠥᠩᠨᠡᠯᠳᠡ ᠪᠢᠴᠢᠭᠴᠢ᠂ ᠭᠥᠰᠥᠨᠥᠭ ᠲᠠᠭᠯᠠᠭᠴᠢ᠂ ᠲᠠᠮᠠᠭᠠᠨ ᠲᠤᠤᠷ᠎ᠠ ᠲᠡᠯᠴᠢᠯᠡᠭᠴᠢᠭᠤᠳᠤᠷᠠᠩᠭᠤᠢ ᠪᠤᠯᠪᠠᠴᠤ ᠢᠳᠡᠭᠡᠯ ᠲᠠᠢ ᠶᠤᠮ ᠰᠢᠭ ᠨᠠᠮᠵᠤᠷᠳᠠᠬᠤᠭᠤᠨᠢᠭᠯᠠᠩᠭᠤᠢ ᠪᠤᠯᠪᠠᠴᠤ ᠪᠠᠶᠠᠰᠤᠩᠭᠤᠢ ᠶᠤᠮ ᠰᠢᠭ᠋ ᠴᠢᠷᠠᠶᠢᠯᠠᠬᠤᠭᠥᠯᠥᠰᠥᠨ ᠤ ᠮᠠᠰᠢᠨ ᠳᠤ ᠰᠠᠭᠤᠭᠴᠢ᠂ ᠭᠡᠥᠭᠡᠳ ︽ᠮᠠᠯᠯᠠᠭᠴᠢ︾ᠬᠤᠳᠠᠯ ᠢᠨᠢᠶᠡᠭᠴᠢ᠂ ᠲᠠᠷᠤᠤ ᠠᠪᠤᠷᠢᠯᠠᠭᠴᠢ᠂ ᠲᠠᠯᠳᠠᠭᠤᠷ ᠬᠤᠷᠤᠰᠤᠭᠴᠢᠡᠭᠦᠳᠡᠨ ᠤ ᠱᠠᠭᠠᠶᠢᠪᠤᠷᠢ ᠪᠠᠷ ᠭᠠᠳᠠᠭᠰᠢ ᠪᠠᠨ ᠱᠠᠭᠠᠶᠢᠭᠴᠢᠥᠯᠢᠭᠡᠷ ᠡᠭᠦᠰᠭᠡᠭᠴᠢ᠂ ᠨᠤᠮ ᠤᠩᠰᠢᠭᠴᠢᠴᠠᠢ ᠴᠢᠨᠠᠭᠴᠢ᠂ ᠴᠠᠯᠢᠩ ᠲᠥᠰᠢᠭᠴᠢ᠂ ᠴᠠᠭ᠎ᠠ ᠤᠤᠭᠤᠭᠴᠢᠴᠠᠭ ᠤᠨ ᠠᠶᠠᠰ ᠢᠶᠠᠷ ᠭᠤᠶᠤᠯᠠᠭᠴᠢ᠂ ᠷᠤᠺ ᠰᠤᠨᠤᠰᠤᠭᠴᠢ᠂ ᠳ᠋ᠢᠰᠺᠦ ᠬᠠᠳᠠᠷᠢᠭᠴᠢᠱᠥᠭᠦᠷᠮᠡᠭ ᠭᠥᠯᠭᠦᠭᠴᠢ᠂ ᠶᠠᠰᠤ ᠮᠥᠯᠵᠢᠭᠴᠢ᠂ ᠰᠢᠳᠤ ᠪᠠᠨ ᠰᠢᠭᠢᠴᠢᠯᠡᠭᠴᠢ᠂ ᠰᠢᠯᠥᠰᠥ ᠪᠠᠨ ᠵᠠᠯᠭᠢᠭᠴᠢᠴᠢᠩᠭᠢᠰ ᠰᠢᠳᠥᠭᠴᠢ᠂ ᠴᠢᠨ᠋ᠸ᠎ᠠ ᠪᠢᠰᠢᠷᠡᠭᠴᠢ᠂ ᠲᠤᠯᠤᠭᠠᠨ ᠪᠤᠷᠬᠠᠨ ᠳᠤ ᠰᠥᠵᠢᠭᠯᠡᠭᠴᠢᠴᠢᠮᠡᠭᠡ ᠥᠭᠡᠢ ᠶᠢᠨ ᠲᠤᠮᠳᠠ ᠠᠶᠢᠳᠠᠰ ᠭᠥᠷᠥᠭᠴᠢ᠂ ᠠᠨᠢᠷ ᠥᠷᠭᠦᠭᠡᠭᠴᠢ ᠁ ᠪᠠᠰᠠ ᠁                           2ᠪᠢ ᠁ ᠴᠠᠭ ᠠᠴᠠ ᠪᠠᠨ ᠥᠩᠭᠡᠷᠡᠥ ᠡᠷᠳᠡᠯᠡᠵᠥ ᠡᠰᠡᠭᠦᠯ᠎ᠡ ᠲᠡᠩᠳᠡᠭᠦᠥ ᠬᠤᠵᠢᠮᠳᠠᠵᠤ ᠲᠥᠷᠥᠭᠰᠡᠨᠪᠢᠳᠡᠭᠦᠥ ᠭᠤᠨᠢᠭ ᠪᠥᠭᠯᠡᠭᠦᠥ ᠰᠢᠨᠠᠯᠤᠯ ᠲᠠᠢ ᠴᠠᠭ ᠤᠨ ᠭᠡᠯᠭᠢᠶᠡᠰᠥ ᠶᠤᠮᠬᠠᠮᠢᠭ᠎ᠠ ᠴᠦ ᠶᠠᠪᠤᠬᠤ ᠥᠭᠡᠢ ᠶᠠᠭᠤ ᠴᠦ ᠮᠡᠳᠡᠭᠦ ᠥᠭᠡᠢᠬᠠᠷᠠᠩᠭᠤᠢ ᠪᠥᠳᠥᠭᠦᠯᠢᠭ ᠴᠢᠯᠠᠭᠤᠨ ᠵᠡᠪᠰᠡᠭ ᠤᠨ ᠥᠶ᠎ᠡ ᠶᠢᠨ ᠭᠥᠮᠥᠨ ᠯᠡ ᠪᠠᠶᠢᠬᠤ ᠶᠤᠰᠤᠲᠠᠢ ᠪᠠᠶᠢᠭᠰᠠᠨ ᠶᠤᠮ︽ᠲᠡᠭᠡ︕︾ ᠭᠡᠭᠦ ᠵᠠᠭᠢᠶᠠᠰᠤ ᠥᠭᠡᠢ︽ᠲᠡᠷᠡ ᠁︾ ᠭᠡᠭᠦ ᠭᠥᠯᠢᠶᠡᠰᠥ ᠥᠭᠡᠢᠲᠡᠶᠢᠮᠥ ᠯᠡ ᠨᠢᠭᠡ ᠴᠠᠭ ᠲᠤᠭᠠᠯᠠᠯ ᠤᠨ ᠪᠠᠷᠢᠮᠵᠢᠶ᠎ᠠ ᠲᠠᠢᠲᠡᠭᠡᠭᠡᠳ ᠪᠥᠷ ᠭᠥᠮᠥᠨ ᠭᠡᠳᠡᠭ ᠢᠶᠠᠨ ᠤᠬᠠᠭᠠᠷᠠᠭ᠎ᠠ ᠥᠭᠡᠢ ᠠᠮᠢᠳᠠᠨ ᠪᠠᠶᠢᠬᠤ ᠪᠠᠶᠢᠭᠰᠠᠨ ᠶᠤᠮᠠᠷᠢᠶᠠᠳᠠᠨ ᠲᠠᠢ ᠲᠤᠯᠤᠯᠳᠤᠵᠤ᠂ ᠠᠭᠤᠢ ᠳᠤ ᠨᠥᠮᠥᠷᠢᠳᠡᠵᠥᠠᠪᠠᠭᠠᠢ ᠥᠭᠢᠨ ᠤ ᠨᠢᠭᠤᠴᠠ ᠪᠥᠭᠦᠨ ᠢ ᠴᠤᠴᠠᠯᠢ ᠶᠢᠨ ᠭᠡᠷᠡᠯ ᠳᠤ ᠬᠠᠷᠠᠵᠤ᠂ ᠪᠠᠰᠠ ᠠᠮᠳᠠᠯᠠᠵᠤᠬᠠᠳᠠᠨ ᠲᠡᠭᠡᠷ᠎ᠡ ᠲᠠᠷᠢᠭᠢᠨ ᠳᠤ ᠠᠰᠬᠠᠷᠠᠭᠰᠠᠨ ᠢᠶᠠᠨ ᠴᠠᠭᠢᠭᠤᠷ ᠢᠶᠠᠷ ︽ᠪᠠᠭᠤᠯᠭᠠᠵᠤ︾ᠬᠠᠷ᠎ᠠ ᠤᠬᠠᠭᠠᠨ ᠢᠶᠠᠷ ᠢᠶᠠᠨ ᠴᠢᠯᠠᠭᠤ ᠴᠤᠭᠤᠯᠳᠠᠨ ᠪᠢᠯᠡᠭᠦᠳᠡᠵᠥᠭᠡᠶᠢᠰᠪᠥᠷᠢ ᠪᠠᠷᠠᠭᠠᠨ ᠤᠷᠴᠢᠯᠠᠩ ᠳᠤ ᠤᠨᠢᠰᠤᠭ᠎ᠠ ᠪᠤᠯᠭᠠᠨ ᠥᠪᠯᠡᠵᠥᠭᠡᠷᠡᠭ ᠲᠤ ᠲᠤᠷᠠᠲᠠᠢ ᠥᠨᠥ ᠶᠢᠨ ᠭᠥᠮᠥᠰ ᠤᠨ ᠲᠠᠷᠢᠭᠢ ᠶᠢ ᠭᠠᠰᠢᠯᠭᠠᠵᠤ ᠴᠢᠳᠠᠭᠰᠠᠨ ᠳᠠᠭᠠᠨᠭᠡᠩᠭᠡᠷᠭᠡ ᠰᠢᠭ ᠭᠡᠳᠡᠰᠥ ᠪᠠᠨ ᠠᠯᠠᠭᠠᠳᠠᠨ ᠠᠭᠤᠯᠠᠰ ᠴᠠᠭᠤᠷᠳᠠᠯ᠎ᠠ ᠬᠠᠳᠠᠭᠠᠨᠠᠬᠤ ᠪᠠᠶᠢᠭᠰᠠᠨ ᠶᠤᠮ ᠳ᠋ᠠᠡᠰᠡᠭᠦᠯ᠎ᠡ ᠪᠢ ᠴᠢᠩᠭᠢᠰ ᠤᠨ ᠪᠤᠱᠤᠭᠠᠨ ᠤ ᠪᠤᠭᠤᠯ ᠪᠤᠯᠵᠤᠮᠤᠷᠢᠨ ᠤ ᠭᠢᠨᠢ ᠭᠥᠯᠥᠰᠥ ᠶᠢ ᠰᠡᠪᠡᠷᠡᠭᠡᠨ᠂ ᠲᠠᠶᠢᠨ ᠤ ᠠᠮᠳᠠ ᠶᠢ ᠮᠡᠳᠡᠷᠡᠵᠥᠮᠤᠳᠤᠨ ᠲᠠᠭᠱᠠᠨ ᠳᠤ ᠨᠢ ᠠᠶᠢᠷᠠᠭ ᠮᠡᠯᠮᠡᠯᠵᠡᠭᠦᠯᠥᠨ ᠰᠥᠭᠦᠷᠡᠵᠥᠭᠥᠷᠡᠯ ᠲᠤᠯᠭᠠᠨ ᠳᠤ ᠨᠢ ᠲᠥᠯᠡᠭᠡ ᠨᠡᠮᠡᠵᠥ ᠢᠰᠡᠭᠡᠢ ᠭᠤᠳᠤᠯ ᠢ ᠨᠢ ᠲᠠᠶᠢᠯᠵᠤᠭᠥᠭᠡᠷᠥᠭᠦᠨ ᠬᠠᠳᠤᠨ ᠲᠠᠢ ᠪᠠᠨ ᠤᠨᠳᠠᠬᠤ ᠳᠤᠨᠢ ᠨᠡᠭᠡᠢ ᠭᠥᠨᠵᠢᠯᠡ ᠶᠢ ᠨᠢ ᠢᠪᠡᠵᠥᠭᠥᠴᠥᠳᠥ ᠠᠷᠮᠢ ᠶᠢᠨ ᠭᠢᠨᠢ ᠲᠤᠭᠤᠰᠤ ᠪᠠᠷ ᠨᠢᠭᠦᠯ ᠢᠶᠠᠨ ᠠᠷᠴᠢᠬᠤ ᠶᠤᠰᠤᠲᠠᠢ ᠪᠠᠶᠢᠭᠰᠠᠨ ᠶᠤᠮᠡᠰᠡᠭᠦᠯ᠎ᠡ ᠴᠢᠩᠭᠦᠨᠵᠠᠪ ᠤᠨ ᠰᠢᠳᠠᠷ ᠬᠤᠶᠠᠭ ᠪᠤᠯᠵᠤᠡᠵᠡᠷᠭᠡᠭ ᠮᠠᠨᠵᠤ ᠶᠢᠨ ᠡᠰᠡᠷᠭᠦ ᠲᠠᠩᠭᠠᠷᠢᠭ ᠡᠷᠭᠦᠵᠥ ᠴᠢᠰᠤ ᠪᠠᠨ ᠠᠰᠬᠠᠵᠤᠡᠴᠥᠰ ᠰᠡᠭᠦᠯ ᠳᠤᠨᠢ ᠪᠠᠷᠢᠭᠳᠠᠵᠤ᠂ ᠲᠠᠮᠤᠯᠠᠭᠤᠯᠵᠤ᠂ ︽ᠵᠤᠭᠤᠰᠳᠠᠭᠤᠯᠤᠨ︾ ᠥᠭᠦᠵᠥ︽ᠡᠭᠡ ᠤᠷᠤᠨ ᠤ ᠲᠥᠯᠥᠭᠡ︾ ᠨᠠᠮᠳᠠᠷ ᠲᠤ ᠨᠠᠷ᠎ᠠ ᠪᠠᠨ ᠪᠥᠷᠢᠳᠭᠡᠭᠦᠯᠭᠦ ᠤᠴᠢᠷᠲᠠᠢ ᠪᠠᠶᠢᠭᠰᠠᠨ ᠶᠤᠮᠡᠰᠡᠭᠦᠯ᠎ᠡ ᠢᠷᠡᠭᠡ ᠥᠭᠡᠢ ᠵᠠᠭᠤᠨ ᠤ ᠮᠠᠩᠯᠠᠢ ᠳᠤᠲᠡᠭᠷᠢ ᠶᠢᠨ ᠤᠳᠤᠳ ᠢ ᠠᠳᠤᠭᠤ ᠰᠢᠭ᠋ ᠬᠤᠷᠢᠶᠠᠵᠤᠰᠠᠨᠰᠠᠷ ᠤᠨ ᠭᠥᠯᠥᠭ ᠢ ᠲᠡᠮᠡᠭᠡ ᠰᠢᠭ ᠵᠠᠶᠢᠳᠠᠯᠠᠵᠤᠰᠠᠭᠠᠯᠢ ᠶᠢᠨ ᠠᠷᠢᠭᠢ ᠶᠢ ᠡᠷᠭᠡᠰ ᠤᠨ ᠵᠡᠯᠡᠨ ᠲᠡᠭᠡᠷ᠎ᠡ ᠵᠠᠯᠭᠢᠯᠠᠵᠤ᠂ ᠰᠤᠭᠳᠤᠵᠤ ᠤᠨᠠᠬᠤ ᠪᠠᠶᠢᠭᠰᠠᠨ ᠶᠤᠮᠪᠢ   ᠁ ᠴᠠᠭ ᠢᠶᠠᠨ ᠤᠯᠵᠤ ᠲᠥᠷᠥᠭᠡ ᠥᠭᠡᠢ ᠶᠤᠮ᠃          3ᠪᠢ ᠪᠤᠯ ︽ᠪᠢ︾ ᠪᠢᠰᠢ ᠁ ︽ᠪᠢ︾ ᠮᠥᠨ ᠁ᠪᠡᠶ᠎ᠡ ᠰᠡᠳᠭᠢᠯ ᠠᠴᠠ ᠲᠥᠷᠪᠡᠵᠥ ᠪᠠᠰᠠ ᠪᠤᠴᠠᠵᠤ ᠪᠠᠶᠢᠳᠠᠭ ᠲᠤᠯᠤᠭᠠᠳᠡᠭᠢ ᠰᠡᠷᠡᠯᠪᠢᠴᠢᠭ ᠮᠡᠳᠡᠳᠡᠭ ᠥᠭᠡᠢ ᠭᠥᠮᠥᠨ ᠤᠪᠢᠴᠢᠭ ᠤᠩᠰᠢᠶ᠎ᠠ ᠭᠡᠰᠡᠨ ︽ᠴᠠᠭᠠᠨ ᠰᠤᠯᠢᠶ᠎ᠠ︾ᠪᠢ ᠪᠤᠯᠨᠢᠭᠡ ᠭᠠᠷᠠᠭ ᠤᠨ ᠨᠠᠢᠮᠠᠳᠠᠭᠢ ᠡᠳᠥᠷᠨᠢᠭᠡ ᠶᠢ ᠤᠯᠬᠤ ᠭᠡᠳ ᠵᠠᠭᠤ ᠶᠢ ᠠᠯᠳᠠᠭᠰᠠᠨ ᠭᠢᠰᠠᠯᠠᠩᠨᠡᠶᠢᠳᠡ ᠶᠢᠨ ᠮᠠᠰᠢᠨ ᠲᠡᠷᠭᠡᠨ ᠤ ᠬᠠᠮᠤᠭ ᠰᠡᠭᠦᠯᠴᠢ ᠶᠢᠨ ᠠᠶᠠᠨᠴᠢᠨᠨᠢᠰᠴᠤ ᠶᠠᠪᠤᠭ᠎ᠠ ᠲᠥᠷᠥᠭᠦᠴᠢ ᠶᠢᠨ ᠰᠢᠪᠠᠭᠤᠨ ᠤ ᠭᠠᠵᠠᠷ ᠲᠤ ᠴᠢᠯᠠᠭᠤᠵᠢᠭᠰᠠᠨ ᠲᠠᠭᠤ ᠶᠤᠮᠪᠢ ᠪᠤᠯᠪᠥᠮᠪᠥᠷᠴᠡᠭ ᠤᠨ ᠬᠠᠭᠤᠴᠢᠨ ᠬᠠᠯᠠᠭᠠᠰᠤᠨ ᠳᠤ ᠰᠢᠩᠭᠡᠭᠰᠡᠨ ᠰᠢᠨ᠎ᠡ ᠤᠶᠤᠭᠠᠰᠤᠪᠥᠳᠥᠭᠦᠨ ᠭᠥᠷᠥᠨ ᠨᠦᠭᠦᠳ ᠤᠨ ᠬᠤᠭᠤᠯᠠᠢ ᠳᠤ ᠲᠡᠭᠡᠭᠯᠡᠭᠰᠡᠨ ᠠᠮᠳᠠᠳᠤ ᠪᠥᠯᠡᠭᠡᠪᠥᠷᠭᠦᠳ ᠰᠢᠭ ᠴᠤᠶᠢᠯᠤᠶ᠎ᠠ ᠭᠡᠳ ᠪᠤᠰᠴᠤ ᠴᠢᠳᠠᠭ᠎ᠠ ᠥᠭᠡᠢ ᠪᠠᠶᠢᠭ᠎ᠠ ︽ᠬᠤᠷᠢᠭᠠᠲᠠᠢ ᠰᠢᠪᠠᠭᠤᠬᠠᠢ︾ᠪᠤᠰᠤᠳ ᠤᠨ ᠰᠢᠪᠬᠠᠷᠤᠤ ᠲᠤᠯᠢᠶᠠᠵᠤ ᠴᠠᠳᠤᠭᠰᠠᠨ ︽ᠪᠤᠶᠠᠨᠲᠠᠢ ᠮᠠᠨᠣᠣᠬᠠᠢ︾ᠪᠢ ᠲᠡᠭᠡᠭᠡᠳᠲᠤᠮᠤᠴᠤᠤᠯ ᠤᠨ ᠰᠡᠭᠦᠳᠡᠷ ᠠᠴᠠ ᠵᠢᠭᠤᠳᠠᠭᠠᠳ ᠵᠢᠭᠤᠳᠠᠭᠠᠳ ᠭᠠᠷᠴᠤ ᠴᠢᠳᠠᠬᠤ ᠪᠢᠰᠢᠲᠤᠮᠢᠶᠠᠯᠠᠭᠰᠠᠨ ᠰᠡᠳᠭᠢᠭᠦᠢ ᠠᠴᠠ ᠪᠠᠨ ᠵᠤᠯᠠᠷᠠᠭᠠᠳ ᠵᠤᠯᠠᠷᠠᠭᠠᠳ ᠰᠠᠯᠵᠤ ᠴᠢᠳᠠᠬᠤ ᠪᠢᠰᠢᠲᠥᠭᠡᠷᠢᠭ ᠵᠠᠶᠠᠭ᠎ᠠ ᠲᠠᠢ ᠪᠠᠨ ᠲᠡᠮᠡᠴᠡᠭᠡᠳ ᠲᠡᠮᠡᠴᠡᠭᠡᠳ ᠢᠯᠠᠵᠤ ᠴᠢᠳᠠᠬᠤ ᠪᠢᠰᠢᠲᠥᠭᠡᠷᠢᠭᠰᠡᠨ ᠲᠥᠷᠥᠯ ᠲᠠᠢ ᠪᠠᠨ ᠵᠥᠷᠢᠭᠡᠳ ᠵᠥᠷᠢᠭᠡᠳ ᠤᠴᠠᠷᠠᠵᠤ ᠴᠢᠳᠠᠬᠤ ᠪᠢᠰᠢᠪᠢᠥᠯᠥᠭᠡᠢ ᠠᠴᠠ ᠠᠪᠰᠠ ᠤᠷᠤᠭᠤ ᠮᠥᠯᠭᠦᠭᠰᠡᠨ ᠪᠠᠯᠴᠢᠷᠥᠷᠢ ᠠᠴᠠ ᠥᠷᠢ ᠤᠷᠤᠭᠤ ᠬᠠᠷᠠᠶᠢᠭᠰᠠᠨ ᠥᠭᠭᠢᠶᠡᠮᠥᠷᠭᠠᠩᠭᠠᠷ ᠱᠠᠭᠠᠵᠠᠩ ᠤᠨ ᠡᠮᠳᠡᠷᠭᠡᠢᠭᠠᠯᠵᠠᠭᠤ ᠨᠤᠬᠠᠢ ᠶᠢᠨ ᠰᠤᠶᠤᠭ᠎ᠠᠤᠯᠤᠰ ᠲᠥᠷᠥ ᠶᠢᠨ ᠵᠤᠯᠪᠤᠳᠠᠰᠤᠤᠯᠠᠭᠠᠨ ᠰᠤᠬᠠᠢ ᠶᠢᠨ ᠵᠤᠷᠭᠤᠳᠠᠰᠤᠤᠶᠠᠬᠠᠨ ᠭᠥᠮᠥᠨ ᠤ ᠨᠢᠯᠪᠤᠰᠤᠤᠶᠢᠳᠤᠭᠰᠠᠨ ᠭᠥᠮᠥᠨ ᠤ ᠰᠡᠭᠦᠷᠡᠰᠥᠲᠠᠮᠤ ᠳ᠋ᠧᠪᠠᠵᠢᠨ ᠬᠤᠶᠠᠷ ᠤᠨ ᠬᠤᠭᠤᠷᠤᠨᠳᠡᠭᠢ ᠵᠠᠢᠲᠠᠩᠰᠤᠭ ᠬᠤᠭᠤᠰᠤᠨ ᠬᠤᠶᠠᠷ ᠤᠨ ᠵᠠᠪᠰᠠᠷ ᠲᠠᠬᠢ ᠯᠠᠢᠭᠠᠩᠭᠠᠩ ᠭᠥᠮᠥᠨ ᠤ ᠵᠠᠷᠤᠳᠠᠰᠤᠭᠠᠳᠠᠭ᠎ᠠ ᠮᠤᠷᠢᠨ ᠤ ᠤᠶᠠᠭᠠᠰᠤᠪᠢ ᠨᠤᠶᠠᠨ ᠰᠢᠭ᠋ ᠠᠮᠢᠳᠤᠷᠠᠵᠤ ᠨᠤᠬᠠᠢ ᠰᠢᠭ᠋ ᠥᠭᠦᠨ᠎ᠡᠪᠢ ᠬᠤᠨᠢ ᠰᠢᠭ᠋ ᠬᠤᠭᠤᠯᠠᠯᠠᠵᠤ ᠬᠤᠷᠤᠬᠠᠢ ᠰᠢᠭ᠋ ᠲᠡᠨᠥᠨ᠎ᠡᠪᠢ ᠪᠠᠶᠢᠯ᠎ᠠ ᠭᠡᠳ ᠲᠡᠯᠡᠭᠡᠢ ᠶᠢᠨ ᠵᠢᠩ ᠨᠡᠮᠡᠭᠳᠡᠭᠦ ᠥᠭᠡᠢᠪᠢ ᠪᠠᠶᠢᠬᠤ ᠦᠭᠡᠢ ᠭᠡᠳ ᠲᠡᠯᠡᠭᠡᠢ ᠶᠢᠨ ᠵᠢᠩ ᠬᠠᠰᠤᠭᠳᠠᠬᠤ ᠥᠭᠡᠢᠪᠢ ᠥᠢᠯᠡ ᠥᠭᠡ᠂ ᠰᠤᠯᠠ ᠥᠭᠡ᠂ ᠲᠥᠯᠥᠭᠡᠨ ᠤ ᠥᠭᠡᠡᠰᠡᠭᠦᠯ᠎ᠡ ᠲᠡᠶᠢᠨ ᠢᠯᠭᠠᠯ᠂ ᠡᠰᠡᠭᠦᠯ᠎ᠡ ᠠᠳᠠᠯᠢᠳᠬᠠᠯ᠂ ᠵᠥᠢᠷᠯᠡᠯ᠂ ᠲᠠᠪᠠᠭᠤᠯᠤᠯᠡᠰᠡᠭᠦᠯ᠎ᠡ ᠶᠠᠭᠤ ᠴᠦ ᠪᠢᠰᠢ ᠁ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号