ᠬᠥᠮᠥᠨ ᠢ ᠬᠥᠮᠥᠨ ᠪᠣᠯᠭᠠᠬᠤ ᠠᠮᠢᠳᠤᠷᠠᠯ ᠪᠠ ᠠᠵᠠ ᠵᠢᠷᠭᠠᠯ ᠤᠨ ︽ᠠᠯᠲᠠᠨ ᠭᠤᠪᠢ︾
ᠨᠡᠶᠢᠲᠡᠯᠡᠭᠰᠡᠨ ᠴᠠᠭ᠄
2020-03-12
   ᠶᠠᠮᠠᠷ ᠨᠢᠭᠡᠨ ᠵᠣᠬᠢᠶᠠᠯ ᠤᠨ ᠠᠮᠵᠢᠯᠲᠠ ᠲᠠᠢ ᠪᠣᠯᠣᠭᠰᠠᠨ ᠡᠰᠡᠬᠦ ᠶᠢ ᠰᠢᠯᠭᠠᠬᠤ ᠶᠢᠨ ᠨᠢᠭᠡᠨ ᠪᠠᠷᠢᠮᠵᠢᠶ᠎ᠠ ᠨᠢ ᠤᠩᠰᠢᠭᠴᠢ ᠶᠤᠮ᠃ ᠤᠩᠰᠢᠭᠴᠢ ᠣᠯᠠᠨ ᠤ ᠰᠡᠳᠬᠢᠯ ᠪᠠ ᠰᠣᠨᠢᠷᠬᠠᠯ ᠳᠤ ᠥᠷᠲᠥᠵᠦ ᠪᠠᠶᠢᠨ᠎ᠠ ᠭᠡᠳᠡᠭ ᠪᠣᠯ ᠲᠡᠷᠡ ᠵᠣᠬᠢᠶᠠᠯ ᠤᠨ ᠲᠤᠬᠠᠢ ᠦᠨᠡᠯᠡᠭᠡ ᠪᠠᠶᠢᠳᠠᠭ᠃ ᠠᠯᠠᠱᠨ ᠨᠤᠲᠤᠭ ᠤᠨ ᠮᠠᠯᠴᠢᠨ ᠵᠣᠬᠢᠶᠠᠯᠴᠢ ᠭᠡ᠊ · ᠮᠥᠩᠬᠡᠵᠢᠷᠭᠠᠯ ᠤᠨ ︽ᠠᠵᠠ ᠵᠢᠷᠭᠠᠯ ᠤᠨ ᠠᠯᠲᠠᠨ ᠭᠤᠪᠢ︾ ︵ᠰᠦᠯᠵᠢᠶ᠎ᠡ ᠳᠡᠭᠡᠷ᠎ᠡ ︽ᠠᠯᠲᠠᠨ ᠭᠤᠪᠢ︾ ᠭᠡᠵᠦ ᠪᠤᠢ︶ ᠥᠭᠦᠯᠡᠯᠭᠡ  ᠶᠢᠨ ᠤᠷᠠᠨ ᠤᠩᠰᠢᠯᠭ᠎ᠠ᠂ ᠰᠣᠨᠣᠰᠤᠭᠴᠢ ᠤᠩᠰᠢᠭᠴᠢ ᠶᠢᠨ ᠪᠠᠶᠠᠷ ᠲᠠᠯᠠᠷᠬᠠᠯ᠂ ᠰᠡᠳᠬᠢᠯ ᠵᠢᠷᠦᠬᠡᠨ ᠤ ᠦᠨᠡᠯᠡᠯᠲᠡ  ᠶᠢ ᠣᠯᠵᠤ᠂ ᠠᠯᠠᠱᠨ ᠨᠤᠲᠤᠭ ᠤᠨ ᠤᠩᠰᠢᠭᠴᠢ ᠲᠡᠳᠦᠢ ᠦᠭᠡᠢ᠂ ᠤᠯᠤᠰ ᠤᠨ ᠳᠣᠲᠣᠭᠠᠳᠤ ᠭᠠᠳᠠᠭᠠᠳᠤ ᠶᠢᠨ ᠣᠯᠠᠨ ᠭᠠᠵᠠᠷ ᠨᠤᠲᠤᠭ ᠲᠤ ᠰᠠᠭᠤᠭ᠎ᠠ ᠮᠣᠩᠭᠤᠯ ᠲᠦᠮᠡᠨ ᠤ ᠬᠠᠶᠢᠷ᠎ᠠ ᠬᠦᠨᠳᠦᠳᠬᠡᠯ᠂ ᠪᠠᠶᠠᠷ ᠲᠠᠯᠠᠷᠬᠠᠯ ᠢ ᠬᠦᠷᠲᠡᠭᠰᠡᠨ ᠪᠠᠶᠢᠨ᠎ᠠ᠃    ᠠᠮᠵᠢᠯᠲᠠ ᠪᠠᠷ ᠢᠶᠠᠨ ᠬᠥᠮᠥᠨ ᠣᠯᠠᠨ ᠳᠤ ᠠᠩᠬᠠᠷᠤᠭᠳᠠᠨ ᠰᠣᠨᠢᠷᠬᠠᠭᠳᠠᠵᠤ᠂ ᠰᠠᠶᠢᠨ ᠦᠭᠡ ᠶᠢᠨ ᠮᠠᠭᠲᠠᠭᠠᠯ ᠲᠠᠯᠠᠷᠬᠠᠯ ᠢ ᠬᠦᠷᠲᠡᠭᠰᠡᠨ ᠡᠨᠡ ᠬᠦ ᠥᠭᠦᠯᠡᠯᠭᠡ ᠶᠢᠨ ᠲᠠᠯ᠎ᠠ ᠪᠠᠷ ᠣᠯᠠᠨ ᠤ ᠪᠠᠨ ᠰᠡᠳᠬᠢᠯ ᠳᠤ ᠪᠠᠶᠠᠰᠤᠨ᠂ ᠥᠪᠡᠷ  ᠤᠨ ᠬᠡᠳᠦᠨ ᠦᠭᠡ ᠪᠠᠨ ᠨᠡᠮᠡᠷᠢᠯᠡᠵᠦ ᠬᠡᠯᠡᠮᠡᠷ ᠰᠠᠨᠠᠭᠳᠠᠯ᠎ᠠ᠃    ᠲᠤᠰ ᠥᠭᠦᠯᠡᠯᠭᠡ ᠨᠢ ᠠᠯᠠᠱᠨ ᠨᠤᠲᠤᠭ ᠤᠨ ᠭᠤᠪᠢ ᠤᠨ ᠠᠮᠢᠳᠤᠷᠠᠯ ᠢᠶᠠᠷ ᠰᠡᠳᠦᠪᠯᠡᠵᠦ᠂ ᠨᠢᠭᠡᠨ ᠵᠠᠯᠠᠭᠤ ᠴᠡᠷᠢᠭ ᠡᠷ᠎ᠡ ᠶᠢᠨ ᠪᠣᠳᠣᠯ ᠰᠡᠳᠬᠢᠯᠭᠡ᠂ ᠠᠵᠢᠯ ᠠᠮᠢᠳᠤᠷᠠᠯ᠂ ᠢᠯᠠᠩᠭᠤᠶ᠎ᠠ ᠭᠤᠪᠢ ᠶᠢᠨ ᠲᠤᠬᠠᠢ ᠪᠣᠳᠣᠯᠭᠠᠰᠢᠷᠠᠯ᠂ ᠰᠠᠯᠪᠤᠷᠢ ᠶᠢᠨ ᠳᠠᠷᠤᠭ᠎ᠠ᠂ ᠮᠠᠯᠴᠢᠨ ᠭᠠᠵᠢᠳ ᠨᠠᠰᠤᠲᠠᠨ ᠬᠢᠭᠡᠳ ᠲᠡᠭᠦᠨ ᠤ ᠥᠬᠢᠨ ᠤᠨᠳᠤᠷᠤᠯ᠂ ᠵᠣᠬᠢᠶᠠᠯ ᠤᠨ ᠪᠠᠭᠠᠲᠤᠷ ᠪᠢ ︵ᠳᠣᠣᠷ᠎ᠠ ︽ᠪᠢ︾ ᠭᠡᠵᠤ ᠲᠣᠪᠴᠢᠯᠠᠨ᠎ᠠ︶ ᠶᠢᠨ ᠡᠬᠡ ᠵᠡᠷᠭᠡ ᠬᠥᠮᠥᠰ ᠤᠨ ᠳᠦᠷᠢ ᠶᠢ ᠪᠦᠲᠦᠭᠡᠵᠡᠢ ᠃ ᠲᠤᠰ ᠥᠭᠦᠯᠡᠯᠭᠡ ᠨᠢ ᠡᠭᠡᠯ ᠪᠣᠷᠣᠭᠵᠢᠭᠤᠨ ᠠᠮᠢᠳᠤᠷᠠᠯ ᠤᠨ ᠬᠡᠯᠡ ᠬᠡᠯᠡᠯᠭᠡ ᠪᠠᠷ ᠦᠢᠯᠡ ᠶᠠᠪᠤᠳᠠᠯ ᠬᠢᠭᠡᠳ ᠬᠥᠮᠥᠨ ᠤ ᠳᠦᠷᠢ᠂ ᠠᠮᠢᠳᠤᠷᠠᠯ ᠤᠨ ᠦᠵᠡᠭᠳᠡᠯ ᠢ ᠨᠢᠳᠦᠨ ᠳᠤ ᠲᠤᠰᠲᠠᠯ᠎ᠠ ᠵᠢᠷᠤᠭᠯᠠᠵᠤ ᠴᠢᠳᠠᠭᠰᠠᠨ ᠪᠠᠶᠢᠨ᠎ᠠ᠃ ᠮᠥᠨ ᠥᠭᠦᠯᠡᠯᠭᠡ ᠨᠢ ᠵᠣᠬᠢᠶᠠᠭᠳᠠᠭᠠᠳ᠂ ᠪᠠᠰᠠ ᠤᠷᠠᠨ ᠲᠣᠳᠣ ᠤᠩᠰᠢᠯᠭ᠎ᠠ ᠶᠢᠨ ᠡᠷᠳᠡᠮ ᠳᠤ ᠴᠠᠭᠠᠷᠠᠭᠰᠠᠨ ᠠᠪᠢᠶᠠᠰᠲᠠᠨ ᠮᠡᠷᠭᠡᠳ ᠤᠨ ᠤᠷ᠎ᠠ ᠴᠢᠳᠠᠪᠤᠷᠢ ᠪᠠᠷ ᠣᠯᠠᠨ ᠳᠤ ᠲᠠᠨᠢᠭᠳᠠᠭᠰᠠᠨ ᠪᠥᠭᠡᠳ ᠲᠡᠷᠡ ᠬᠦ ᠠᠮᠵᠢᠯᠲᠠ᠂ ᠦᠨᠡᠯᠡᠯᠲᠡ ᠶᠢᠨ ᠳᠠᠭᠠᠤ᠂ ᠴᠢᠨᠠᠭᠰᠢ ᠭᠦᠨᠵᠡᠭᠡᠶᠢᠷᠡᠭᠦᠯᠦᠨ ᠰᠢᠨᠵᠢᠯᠡᠪᠡᠯ᠂ ᠮᠥᠨ ᠥᠭᠦᠯᠡᠯᠭᠡ ᠨᠢ ᠵᠥᠪᠬᠡᠨ ᠨᠢᠭᠡ ᠭᠤᠪᠢ ᠶᠢᠨ ᠠᠮᠢᠳᠤᠷᠠᠯ᠂ ᠬᠥᠮᠥᠨ ᠤ ᠬᠤᠪᠢ ᠵᠠᠶᠠᠭᠠᠨ ᠤ ᠢᠯᠡᠷᠬᠡᠶᠢᠯᠡᠯ ᠲᠡᠳᠦᠢ ᠪᠢᠰᠢ᠂ ᠬᠠᠷᠢᠨ ᠵᠣᠬᠢᠶᠠᠭᠴᠢ ᠶᠢᠨ ᠣᠨ ᠤᠳᠠᠭᠠᠨ ᠵᠢᠯ ᠥᠭᠦᠯᠡᠯᠭᠡ ᠲᠤᠭᠤᠵᠢᠰ ᠤᠨ ᠵᠣᠬᠢᠶᠠᠯ ᠪᠢᠴᠢᠵᠦ ᠮᠡᠷᠭᠡᠵᠢᠭᠰᠡᠨ ᠤᠷᠠᠨ ᠰᠠᠶᠢᠬᠠᠨ ᠤ ᠲᠤᠷᠰᠢᠯᠭ᠎ᠠ  ᠶᠢᠨ ᠨᠢᠭᠡᠨ ᠵᠢᠵᠢᠭᠬᠡᠨ ᠬᠡᠰᠡᠭ ᠪᠤᠶᠤ ᠵᠣᠬᠢᠶᠠᠭᠴᠢ ᠶᠢᠨ ᠵᠣᠬᠢᠶᠠᠯ ᠲᠤᠭᠤᠷᠪᠢᠯ ᠤᠨ ᠠᠷᠭ᠎ᠠ ᠲᠤᠷᠰᠢᠯᠭ᠎ᠠ᠂ ᠠᠪᠢᠶᠠᠰ ᠡᠷᠳᠡᠮ ᠢ  ᠬᠠᠷᠠᠭᠤᠯᠤᠭᠰᠠᠨ ᠵᠣᠬᠢᠶᠠᠯ ᠪᠣᠯᠵᠠᠢ ᠭᠡᠳᠡᠭ ᠨᠢ ᠲᠣᠳᠣᠷᠬᠠᠢ ᠪᠠᠶᠢᠨ᠎ᠠ᠃    ᠲᠤᠰ ᠥᠭᠦᠯᠡᠯᠭᠡ ᠠᠴᠠ ᠬᠠᠮᠤᠭ ᠤᠨ ᠲᠡᠷᠢᠭᠦᠨ ᠳᠤ ᠣᠯᠵᠠᠭᠤᠷᠬᠠᠨ ᠲᠡᠮᠳᠡᠭᠯᠡᠬᠦ ᠨᠢᠭᠡᠨ ᠵᠦᠢᠯ ᠪᠣᠯ ︽ᠠᠵᠠ ᠵᠢᠷᠭᠠᠯ ᠤᠨ ᠠᠯᠲᠠᠨ ᠭᠤᠪᠢ︾ ᠭᠡᠬᠦ ᠵᠣᠬᠢᠶᠠᠯ ᠤᠨ ᠬᠢᠨᠢ ᠨᠡᠷ᠎ᠡ ᠪᠠᠶᠢᠯ᠎ᠠ᠃ ︽ᠭᠤᠪᠢ︾ ᠭᠡᠬᠦ ᠠᠴᠠ ᠢᠯᠡᠭᠦᠦ ︽ᠠᠵᠠ ᠵᠢᠷᠭᠠᠯ ᠤᠨ ᠠᠯᠳᠠ︾ ᠭᠡᠭᠴᠢ ᠴᠣᠬᠤᠮ ᠶᠠᠭᠤ ᠪᠠᠷ ᠪᠦᠷᠢᠯᠳᠦᠵᠦ᠂ ᠲᠡᠷᠡ ᠨᠢ ᠬᠡᠷᠬᠢᠨ ︽ᠭᠤᠪᠢ︾ ᠶᠢ ᠴᠢᠮᠡᠭᠯᠡᠵᠦ᠂ ᠮᠥᠨ ᠬᠥᠮᠥᠨ ᠤ ᠰᠡᠳᠬᠢᠯ ᠵᠢᠷᠦᠬᠡᠨ ᠳᠤ ᠲᠤᠰᠴᠤ ᠦᠯᠡᠳᠡᠬᠦ ᠪᠢᠯᠡ⁉ ᠡᠨᠡ ᠨᠡᠷ᠎ᠡ ᠨᠢ ᠭᠤᠪᠢ ᠶᠢ ︽ᠠᠯᠳ᠋ᠨ︾ ᠲᠠᠢ ᠵᠦᠢᠷᠯᠡᠵᠦ᠂ ᠥᠩᠭᠡᠨ ᠳᠡᠭᠡᠷ᠎ᠡ ᠪᠠᠨ ᠭᠤᠪᠢ ᠶᠢ ᠠᠯᠲᠠᠳᠠᠵᠤ ᠪᠠᠶᠢᠭ᠎ᠠ ᠮᠡᠲᠦ ᠪᠣᠯᠪᠠᠴᠤ᠂ ᠴᠠᠭᠠᠲᠤ ᠤᠳᠬ᠎ᠠ ᠨᠢ ︽ᠭᠤᠪᠢ︾ ᠨᠢ ᠠᠯᠳ᠋ᠨ ᠪᠠᠶᠢᠪᠠ᠃ ᠲᠡᠷᠡ ᠠᠯᠲᠠ ᠶᠢᠨ ᠠᠬᠤᠭᠤᠯᠵᠤ ᠪᠠᠶᠢᠭ᠎ᠠ ᠦᠨᠡᠲᠦ ᠵᠦᠢᠯ ᠣᠯᠠᠨ ᠪᠠᠶᠢᠯ᠎ᠠ᠃ ᠭᠤᠪᠢ ᠶᠢᠨ ᠠᠶᠢᠯ᠂ ᠭᠤᠪᠢ ᠶᠢᠨ ᠲᠡᠮᠡᠭᠡᠳ᠂ ᠭᠤᠪᠢ ᠶᠢᠨ ᠬᠤᠳᠳᠤᠭ᠂ ᠨᠡᠩ ᠰᠣᠨᠢᠷᠬᠠᠯᠲᠠᠢ ᠨᠢ ᠵᠠᠯᠠᠭᠤ ᠨᠠᠰᠤ ᠪᠠᠨ ᠭᠤᠪᠢ ᠳᠤ ᠵᠣᠷᠢᠭᠤᠯᠤᠭᠰᠠᠨ ᠤᠨᠳᠤᠷᠤᠯ ᠪᠦᠰᠡᠭᠦᠢ ᠪᠠᠶᠢᠪᠠ᠃ ᠭᠤᠪᠢ ᠨᠢ ᠠᠯᠳᠠ ᠪᠠᠶᠢᠭ᠎ᠠ ᠠᠴᠠ ︽ᠠᠵᠠ ᠵᠢᠷᠭᠠᠯ ᠤᠨ ᠠᠯᠲᠠᠨ ᠭᠤᠪᠢ︾ ᠪᠤᠢ ᠪᠣᠯᠪᠠ᠃ ᠠᠵᠢᠯ ᠠᠬᠤᠢ ᠶᠢᠨ ᠬᠡᠷᠡᠭᠴᠡᠭᠡ ᠭᠡᠬᠦ ᠦᠦ︖ ᠬᠥᠮᠥᠨ ᠤ ᠬᠤᠪᠢ ᠵᠠᠶᠠᠭ᠎ᠠ ᠭᠡᠬᠦ ᠦᠦ︖  ︽ᠪᠢ︾ ᠨᠢ ᠤᠨᠳᠤᠷᠤᠯ ᠬᠡᠦᠬᠡᠨ ᠲᠠᠢ ᠰᠠᠨᠠᠮᠰᠠᠷ ᠦᠭᠡᠢ ᠤᠴᠠᠷᠠᠵᠤ᠂ ᠠᠮᠠᠨ ᠤᠰᠤ ᠲᠡᠩᠨᠡᠬᠦ᠂ ᠲᠡᠮᠡᠭᠡ ᠤᠰᠤᠯᠠᠬᠤ ᠦᠢᠯᠡ ᠪᠠᠷ ᠨᠡᠯᠢᠶᠡᠳ ᠭᠦᠨ ᠲᠠᠨᠢᠯᠴᠠᠵᠤ᠂ ᠪᠠᠰᠠ ᠰᠠᠯᠪᠤᠷᠢ ᠶᠢᠨ ᠳᠠᠷᠤᠭ᠎ᠠ ᠶᠢᠨ ᠬᠠᠪᠰᠤᠷᠤᠮᠵᠢ ᠳᠡᠮᠵᠢᠯᠭᠡ ᠪᠠᠷ ᠠᠯᠲᠠᠨ ᠭᠤᠪᠢ ᠲᠠᠢ ᠤᠯᠠᠮ ᠴᠦ ᠳᠣᠲᠣᠨᠣ᠂ ᠢᠵᠢᠯᠢᠰᠢᠭ ᠪᠣᠯᠣᠯ᠎ᠠ᠃ ᠡᠴᠢᠭᠡ ᠡᠬᠡ ᠭᠡᠭᠴᠢ ᠦᠷ᠎ᠡ ᠶᠢᠨ ᠲᠥᠯᠥᠭᠡ ᠯᠡ ᠰᠠᠶᠢᠨ ᠰᠠᠶᠢᠬᠠᠨ ᠢ ᠬᠦᠰᠡᠵᠦ ᠮᠥᠷᠥᠭᠡᠳᠳᠡᠭ ᠬᠥᠮᠥᠰ᠂ ︽ᠪᠢ︾ ᠶᠢ ᠬᠤᠲᠠ ᠳᠤ ᠠᠮᠢᠳᠤᠷᠠᠭᠤᠯᠬᠤ ᠶᠢᠨ ᠲᠤᠯᠠᠳᠠ ᠦᠢᠯᠡ ᠪᠠᠨ ᠦᠵᠡᠵᠦ᠂ ᠦᠰᠦ ᠳᠡᠭᠡᠨ ᠲᠡᠭᠦᠵᠦ᠂ ᠶᠠᠭᠤ ᠪᠣᠯᠣᠭᠰᠠᠨ ᠴᠦ ᠬᠤᠲᠠ ᠶᠢᠨ ᠳᠠᠷᠤᠭ᠎ᠠ ᠲᠠᠢ ᠲᠠᠨᠢᠯᠴᠠᠵᠤ᠂ ᠥᠬᠢᠨ ᠢ ᠨᠢ ᠪᠡᠷᠢ ᠪᠣᠯᠭᠠᠬᠤ᠂ ᠬᠦᠦ ᠳᠡᠭᠡᠨ ᠠᠯᠪᠠᠨ ᠠᠵᠢᠯ ᠣᠯᠭᠤᠬᠤ᠂ ᠪᠠᠰᠠ ᠦᠨ᠎ᠡ ᠲᠠᠢ ᠰᠠᠶᠢᠬᠠᠨ ᠣᠷᠣᠨ ᠪᠠᠶᠢᠷᠢ ᠪᠡᠯᠡᠳᠬᠡᠵᠡᠢ᠃ ᠶᠠᠭᠠᠬᠢᠵᠤ ᠬᠡᠯᠡᠪᠡᠴᠦ ᠲᠡᠷᠡ ᠪᠦᠬᠦᠨ ᠠᠯᠲᠠᠨ ᠭᠤᠪᠢ ᠶᠢᠨ ︽ᠠᠯᠲᠠ︾ ᠶᠢᠨ ᠵᠡᠷᠭᠡ ᠦᠨ᠎ᠡ ᠳᠤ ᠬᠦᠷᠦᠭᠰᠡᠨ ᠦᠭᠡᠢ ᠰᠠᠨ᠃ ᠡᠭᠦᠨ ᠠᠴᠠ ︽ᠠᠵᠠ ᠵᠢᠷᠭᠠᠯ ᠤᠨ ᠠᠯᠲᠠᠨ ᠭᠤᠪᠢ︾ ᠶᠢᠨ ᠠᠯᠲᠠ ᠨᠢ ᠵᠥᠪᠬᠡᠨ ᠪᠠᠶᠢᠭᠠᠯᠢ ᠳᠡᠯᠡᠬᠡᠢ᠂ ᠬᠥᠮᠥᠨ ᠠᠷᠠᠳ᠂ ᠭᠤᠪᠢ ᠨᠤᠲᠤᠭ ᠲᠡᠳᠦᠢ ᠦᠭᠡᠢ᠂ ᠬᠥᠮᠥᠨ ᠤ ᠬᠠᠲᠠᠭᠤ ᠵᠣᠷᠢᠭ᠂ ᠬᠠᠶᠢᠷ᠎ᠠ ᠳᠤᠷᠠᠯᠠᠯ᠂ ᠠᠮᠢᠳᠤᠷᠠᠯ ᠤᠨ ᠵᠢᠩᠬᠢᠨᠢ ᠬᠦᠴᠦᠨ ᠪᠣᠯᠬᠤ ᠠᠬᠤᠢ ᠬᠢᠭᠡᠳ ᠬᠥᠳᠡᠯᠮᠦᠷᠢ ᠪᠠᠶᠢᠯ᠎ᠠ᠃ ᠡᠨᠡ ᠪᠣᠯ ᠥᠭᠦᠯᠡᠯᠭᠡ ᠶᠢᠨ ᠰᠠᠨᠠᠭ᠎ᠠ ᠠᠬᠤᠭᠤᠯᠤᠭᠳᠠᠴᠠ ᠶᠢᠨ ᠬᠤᠶᠠᠳᠤᠭᠠᠷ ᠭᠦᠨ ᠳᠠᠪᠬᠤᠷᠭ᠎ᠠ ᠳᠤ ᠪᠠᠶᠢᠭ᠎ᠠ ᠤᠳᠬ᠎ᠠ ᠶᠤᠮ᠃ ︽ᠪᠢ︾ ᠬᠢᠭᠡᠳ ᠤᠨᠳᠤᠷᠤᠯ ᠬᠡᠦᠬᠡᠨ ᠬᠤᠶᠠᠷ ᠭᠡᠭᠴᠢ ᠠᠷᠢᠭᠤᠨ ᠴᠠᠭᠠᠨ ᠰᠡᠳᠬᠢᠯ᠂ ᠠᠮᠢᠳᠤᠷᠠᠯ᠂ ᠬᠥᠳᠡᠯᠮᠦᠷᠢ ᠪᠠᠷ ᠲᠠᠨᠢᠯᠴᠠᠵᠠᠢ᠃ ᠵᠢᠷᠭᠠᠯ ᠤᠨ ᠡᠬᠢ ᠪᠣᠯ ᠬᠥᠳᠡᠯᠮᠦᠷᠢ ᠭᠡᠭᠴᠢ ᠶᠢ ᠲᠡᠷᠡ ᠬᠤᠶᠠᠷ ᠤᠨ ᠬᠠᠶᠢᠷ᠎ᠠ ᠳᠤᠷᠠᠯᠠᠯ ᠢᠯᠡᠷᠬᠡᠶᠢᠯᠡᠳᠡᠭ ᠪᠣᠯᠬᠤᠷ ᠲᠤᠰ ᠥᠭᠦᠯᠡᠯᠭᠡ ᠶᠢᠨ ᠨᠢᠭᠡᠨ ᠨᠠᠨᠳᠢᠨ ᠴᠢᠨᠠᠷ ᠲᠡᠭᠦᠨ ᠳᠤ ᠣᠷᠣᠰᠢᠨ᠎ᠠ᠃ ᠢᠩᠭᠢᠭᠡᠳ ︽ᠠᠵᠠ ᠵᠢᠷᠭᠠᠯ ᠤᠨ ᠠᠯᠲᠠᠨ ᠭᠤᠪᠢ︾ ᠭᠡᠳᠡᠭ ᠥᠭᠦᠯᠡᠯᠭᠡ ᠶᠢᠨ ᠰᠠᠨᠠᠭ᠎ᠠ ᠳᠠᠭᠤᠰᠤᠭᠰᠠᠨ ᠪᠢᠰᠢ᠂ ᠡᠨᠡ ᠪᠡᠶ᠎ᠡ ᠶᠢᠨ ᠡᠵᠡᠨ ᠲᠡᠭᠷᠢ ᠪᠣᠯᠬᠤ ︽ᠡᠵᠢ︾ ᠭᠡᠭᠴᠢ ᠠᠭᠤᠤ ᠬᠥᠮᠥᠨ ᠬᠦᠷᠲᠡᠯ᠎ᠡ᠂ ᠲᠡᠷᠡ ᠬᠤᠲᠠ ᠰᠠᠭᠤᠷᠢᠨ᠂ ᠠᠶᠢᠮᠠᠭ ᠬᠤᠰᠢᠭᠤ ᠭᠡᠬᠦ ︽ᠠᠭᠤᠤ︾ ᠪᠣᠳᠣᠯ ᠢᠶᠠᠨ ᠥᠭᠡᠷᠡᠴᠢᠯᠡᠵᠦ᠂ ᠬᠦᠦ ᠶᠢᠨ ᠪᠣᠳᠣᠯ ᠢᠶᠠᠷ ᠠᠯᠲᠠᠨ ᠭᠤᠪᠢ ᠶᠢ ᠲᠠᠨᠢᠵᠤ ᠡᠬᠢᠯᠡᠪᠡ᠃ ᠡᠴᠢᠭᠡ ᠡᠬᠡ ᠶᠢᠨ ᠵᠠᠬᠢᠶ᠎ᠠ ᠭᠡᠭᠴᠢ ᠮᠥᠩᠬᠡ ᠶᠢᠨ ᠵᠢᠭᠠᠪᠤᠷᠢ ᠪᠠᠶᠢᠭ᠎ᠠ ᠴᠦ ᠵᠣᠬᠢᠶᠠᠯᠴᠢ ᠶᠢᠨ ︽ᠪᠢ︾  ᠶᠢᠨ ︽ᠠᠵᠠ ᠵᠢᠷᠭᠠᠯ ᠤᠨ ᠠᠯᠲᠠᠨ ᠭᠤᠪᠢ︾ ᠭᠡᠬᠦ ᠢᠲᠡᠭᠡᠯ ᠵᠢᠷᠦᠬᠡ ᠨᠢ ᠲᠡᠭᠦᠨ ᠤ ᠠᠮᠢᠳᠤᠷᠠᠯ ᠤᠨ ᠶᠡᠭᠡ ᠮᠥᠷ ᠢ ᠬᠥᠲᠥᠯᠵᠦ᠂ ᠪᠢᠳᠠ ᠬᠥᠳᠡᠭᠡ ᠪᠠᠶᠢᠭᠰᠠᠨ ᠴᠦ᠂ ᠡᠴᠢᠭᠡ ᠡᠬᠡ ᠪᠠᠨ ᠦᠯᠦ ᠮᠠᠷᠲᠠᠬᠤ ᠲᠤᠬᠠᠢ ᠥᠪᠡᠷ ᠤᠨ ᠪᠣᠳᠣᠯ ᠰᠡᠳᠬᠢᠯ ᠢ ᠢᠯᠡᠷᠬᠡᠶᠢᠯᠡᠪᠡ᠃ ︽ᠡᠵᠢ ᠡ︕ ᠲᠦᠷᠦᠭᠦᠯᠵᠦ ᠦᠰᠭᠡᠭᠰᠡᠨ ᠡᠵᠢ ᠠᠪᠤ ᠶᠢᠨ ᠢᠶᠠᠨ ᠠᠴᠢ ᠡᠯᠪᠡᠷᠢᠯ ᠢ ᠬᠦᠦ ᠴᠢᠨᠢ ᠯᠠᠪᠲᠠᠢ ᠬᠠᠷᠢᠭᠤᠯᠵᠤ ᠶᠠᠪᠤᠬᠤ ᠶᠤᠮ᠃ ᠬᠤᠲᠠ ᠳᠤ ᠠᠮᠢᠳᠤᠷᠠᠬᠤ᠂ ᠭᠤᠪᠢ ᠳᠤ ᠠᠶᠢᠯ ᠭᠡᠷ ᠪᠤᠯᠬᠤ ᠨᠢ ᠡᠭᠦᠨ ᠲᠠᠢ ᠲᠠᠭ ᠬᠠᠮᠢᠶ᠎ᠠ ᠦᠭᠡᠢ ᠰᠢᠦ︕ ᠪᠢ ᠦᠷᠭᠦᠯᠵᠢ ᠲᠠᠨᠠᠷ ᠢᠶᠠᠨ ᠬᠠᠷᠠᠵᠤ ᠬᠠᠷᠠᠭᠠᠯᠵᠠᠬᠤ ᠶᠤᠮ᠃ ᠨᠠᠭᠠᠳᠤ ᠵᠠᠬ᠎ᠠ ᠨᠢ ᠤᠨᠳᠤᠷᠤᠯ ᠢ ᠰᠠᠷ᠎ᠠ ᠳᠤ ᠰᠠᠭᠤᠬᠤ ᠳᠤ ᠬᠠᠷᠢᠵᠤ ᠤᠴᠢᠨ᠎ᠠ ᠪᠢᠵᠠ᠂ ᠲᠡᠭᠡᠭᠡᠳ ᠬᠡᠦᠬᠡᠳ ᠢᠶᠠᠨ ᠰᠤᠷᠭᠠᠭᠤᠯᠢ ᠳᠤ ᠰᠠᠭᠤᠯᠭᠠᠬᠤ ᠭᠡᠵᠦ ᠪᠠᠶᠢᠩᠭᠤ ᠬᠤᠲᠠ ᠳᠤ ᠲᠠᠨᠠᠷ ᠲᠠᠢ ᠪᠠᠨ ᠬᠠᠮᠲᠤ ᠪᠠᠶᠢᠯᠴᠠᠨ᠎ᠠ︾ ᠭᠡᠳᠡᠭ ᠰᠢᠢᠳᠪᠦᠷᠢ ᠭᠠᠷᠭᠠᠭᠰᠠᠨ ᠨᠢ ᠦᠨᠡᠬᠡᠷ ᠭᠠᠶᠢᠬᠠᠯᠲᠠᠢ᠃ ᠡᠨᠡ ᠭᠠᠭᠴᠠ ᠥᠭᠦᠯᠡᠪᠦᠷᠢ ᠨᠢ ᠡᠬᠡ ᠶᠢᠨ ᠰᠡᠳᠬᠢᠯ ᠢ ᠤᠶᠠᠷᠠᠭᠤᠯᠤᠨ ︽ᠮᠢᠨᠦ ᠬᠦᠦ ᠬᠠᠰᠢ ᠯᠠ ᠤᠬᠠᠭᠠᠨ ᠰᠠᠭᠤᠵᠠᠢ︾ ᠭᠡᠬᠦ ᠦᠭᠡ ᠶᠢ ᠬᠡᠯᠡᠭᠦᠯᠦᠨ ᠰᠠᠨᠠᠭ᠎ᠠ ᠰᠡᠳᠬᠢᠯ ᠢ  ᠨᠢ ᠠᠯᠲᠠᠨ ᠭᠤᠪᠢ ᠵᠦᠭ ᠴᠢᠭᠯᠡᠭᠦᠯᠦᠯ᠎ᠡ᠃ ᠮᠥᠨ ᠠᠳᠡ ᠠᠴᠠ ᠲᠤᠰ ᠥᠭᠦᠯᠡᠯᠭᠡ ᠶᠢᠨ ᠰᠠᠨᠠᠭ᠎ᠠ ᠠᠬᠤᠭᠤᠯᠤᠭᠳᠠᠴᠠ ᠶᠢᠨ ᠭᠤᠷᠪᠠᠳᠤᠭᠠᠷ ᠳᠠᠪᠬᠤᠴᠠ ᠳᠤ ᠪᠠᠶᠢᠬᠤ ᠨᠢᠭᠡᠨ ᠭᠦᠨ ᠰᠠᠨᠠᠭ᠎ᠠ᠂ ᠳᠠᠷᠤᠢ ᠬᠤᠲᠠ ᠶᠢᠨ ᠰᠣᠶᠣᠯ᠂ ᠦᠵᠡᠯ ᠪᠣᠳᠣᠯ ᠢ ᠬᠥᠳᠡᠭᠡ ᠵᠦᠭ ᠲᠠᠲᠠᠭᠰᠠᠨ ᠪᠠᠶᠢᠨ᠎ᠠ᠃ ︽ᠠᠵᠠ ᠵᠢᠷᠭᠠᠯ ᠤᠨ ᠠᠯᠲᠠᠨ ᠭᠤᠪᠢ︾ ᠥᠭᠦᠯᠡᠯᠭᠡ ᠶᠢ ᠪᠢᠳᠠ ᠤᠩᠰᠢᠵᠤ ᠰᠠᠭᠤᠬᠤ ᠳᠤ ᠶᠡᠭᠡ ᠵᠣᠬᠢᠶᠠᠯᠴᠢ ᠳ᠋᠊ · ᠫᠦᠷᠪᠦᠳᠣᠷᠵᠢ ᠶᠢᠨ ︽ᠰᠡᠬᠡᠰ ᠴᠠᠭᠠᠨ ᠪᠣᠭᠳᠠ︾ ᠨᠠᠶᠢᠷᠠᠭᠯᠠᠯ ᠦᠶ᠎ᠡ ᠦᠶ᠎ᠡ ᠰᠠᠨᠠᠭᠠᠨ ᠳᠤ ᠣᠷᠣᠵᠤ ᠢᠷᠡᠳᠡᠭ ᠪᠢᠯᠡ᠃ ᠲᠡᠷᠡ ᠠᠯᠳᠠᠷᠲᠤ ᠰᠠᠶᠢᠬᠠᠨ ᠨᠠᠶᠢᠷᠠᠭᠯᠠᠯ ᠢ ᠰᠠᠨᠠᠭᠳᠠᠭᠤᠯᠤᠨ᠎ᠠ ᠭᠡᠳᠡᠭ ᠦᠨᠡᠬᠡᠷ ᠶᠡᠷᠦ ᠪᠤᠰᠤ ᠶᠢᠨ ᠵᠣᠬᠢᠶᠠᠯ ᠪᠠᠶᠢᠭ᠎ᠠ ᠶᠢᠨ ᠳᠣᠬᠢᠶ᠎ᠠ ᠪᠠᠶᠢᠵᠤ ᠪᠣᠯᠬᠤ ᠶᠤᠮ᠃ ᠢᠯᠠᠩᠭᠤᠶ᠎ᠠ ︽ᠰᠡᠬᠡᠰ ᠴᠠᠭᠠᠨ ᠪᠣᠭᠳᠠ︾ ᠨᠠᠶᠢᠷᠠᠭᠯᠠᠯ ᠢ ᠤᠩᠰᠢᠭᠰᠠᠨ ᠬᠥᠮᠥᠨ᠂ ︽ᠲᠡᠮᠡᠭᠡᠴᠢᠨ ᠪᠦᠰᠡᠭᠦᠢ ᠶᠢᠨ ᠵᠠᠬᠢᠳᠠᠯ︾ ᠭᠡᠬᠦ ᠳᠡᠳ᠋ ᠭᠠᠷᠴᠠᠭ ᠢ ᠴᠦ ᠴᠡᠭᠡᠵᠢᠯᠡᠵᠦ ᠪᠠᠶᠢᠭ᠎ᠠ ᠪᠢᠯᠡ᠃    ᠶᠡᠭᠡ ᠵᠣᠬᠢᠶᠠᠯᠴᠢ ᠳ᠋᠊ · ᠫᠦᠷᠪᠦᠳᠣᠷᠵᠢ ᠶᠢᠨ ︽ᠰᠡᠬᠡᠰ ᠴᠠᠭᠠᠨ ᠪᠣᠭᠳᠠ︾ ᠨᠠᠶᠢᠷᠠᠭᠯᠠᠯ ᠳᠤ ᠬᠤᠲᠠ ᠶᠢᠨ ᠰᠣᠶᠣᠯ ᠢ ᠬᠥᠳᠡᠭᠡ ᠳᠤ ᠰᠢᠯᠵᠢᠭᠦᠯᠬᠦ᠂ ᠬᠥᠮᠥᠨ ᠤ ᠰᠡᠳᠬᠢᠯ ᠢ ᠡᠬᠡ ᠪᠠᠶᠢᠭᠠᠯᠢ ᠵᠦᠭ ᠲᠠᠲᠠᠵᠤ᠂ ᠠᠵᠠ ᠵᠢᠷᠭᠠᠯ ᠢ ᠠᠮᠢᠳᠤᠷᠠᠯ᠂ ᠲᠡᠮᠡᠴᠡᠯ᠂ ᠬᠥᠳᠡᠯᠮᠦᠷᠢ ᠲᠠᠢ ᠬᠤᠯᠪᠣᠨ᠂ ᠭᠤᠪᠢ ᠨᠤᠲᠤᠭ ᠢ ︽ᠦᠯᠢᠭᠡᠷ ᠤᠨ ᠣᠷᠣᠨ᠂ ᠵᠢᠷᠭᠠᠯ ᠤᠨ ᠣᠷᠣᠨ︾ ᠮᠡᠲᠦ ᠰᠡᠳᠬᠢᠯ ᠵᠢᠷᠦᠬᠡ ᠠᠴᠠ ᠪᠠᠨ ᠰᠢᠲᠦᠬᠦ᠂ ᠮᠣᠩᠭᠤᠯ ᠬᠥᠮᠥᠨ ᠤ ᠤᠤᠭᠠᠯ ᠲᠥᠷᠬᠦ᠂ ᠢᠵᠠᠭᠤᠷ ᠤᠬᠠᠮᠰᠠᠷ᠂ ᠰᠣᠶᠣᠯ ᠰᠡᠳᠬᠢᠬᠦᠢ ᠶᠢᠨ ᠪᠠᠶᠢᠭᠠᠯᠢᠯᠢᠭ ᠣᠨᠴᠠᠯᠢᠭ ᠢ ᠢᠯᠡᠷᠬᠡᠶᠢᠯᠡᠭᠰᠡᠨ ᠶᠤᠮ᠃ ︽ᠠᠵᠠ ᠵᠢᠷᠭᠠᠯ ᠤᠨ ᠠᠯᠲᠠᠨ ᠭᠤᠪᠢ︾ ᠥᠭᠦᠯᠡᠯᠭᠡ ᠨᠢ ᠶᠠᠭ ᠯᠡ ᠲᠡᠷᠡ ᠨᠠᠶᠢᠷᠠᠭᠯᠠᠯ ᠤᠨ ᠰᠠᠨᠠᠭ᠎ᠠ ᠶᠢ ᠦᠷᠭᠦᠯᠵᠢᠯᠡᠭᠦᠯᠦᠨ ᠭᠦᠨᠵᠡᠭᠡᠶᠢᠷᠡᠭᠦᠯᠦᠭᠰᠡᠨ ᠪᠠᠶᠢᠨ᠎ᠠ᠃ ᠲᠡᠶᠢᠮᠦ ᠤᠴᠢᠷ ᠲᠤᠰ ᠥᠭᠦᠯᠡᠯᠭᠡ ᠨᠢ ᠮᠣᠩᠭᠤᠯ ᠤᠨ ᠬᠤᠪᠢ ᠵᠠᠶᠠᠭ᠎ᠠ ᠳᠤ ᠡᠭᠦᠷᠢᠳᠡ ᠶᠢᠨ ᠰᠡᠳᠦᠪ ᠪᠣᠯᠣᠨ ᠶᠠᠷᠢᠭᠳᠠᠳᠠᠭ ᠭᠤᠪᠢ ᠨᠤᠲᠤᠭ᠂ ᠲᠡᠮᠡᠭᠡᠨ ᠰᠦᠷᠦᠭ᠂ ᠥᠭᠡᠷ᠎ᠡ ᠪᠠᠷ ᠬᠡᠯᠡᠪᠡᠯ ᠮᠣᠩᠭᠤᠯ ᠬᠥᠮᠥᠨ ᠤ ᠣᠷᠣᠩᠨᠠᠬᠤ ᠨᠤᠲᠤᠭ᠂ ᠣᠷᠣᠰᠢᠬᠤ ᠠᠮᠢᠳᠤᠷᠠᠯ ᠢ ᠬᠥᠮᠥᠨ ᠤ ᠬᠠᠶᠢᠷ᠎ᠠ ᠰᠡᠳᠬᠢᠯ᠂ ᠠᠵᠢᠯ ᠬᠥᠳᠡᠯᠮᠦᠷᠢ ᠶᠢᠨ ᠦᠷ᠎ᠡ ᠪᠦᠲᠦᠭᠡᠯ ᠢᠶᠠᠷ ᠨᠤᠲᠠᠯᠠᠨ ᠪᠠᠲᠤᠯᠠᠵᠤ ᠴᠢᠳᠠᠭᠰᠠᠨ ᠢᠶᠠᠷ ᠢᠶᠠᠨ ᠶᠡᠭᠡ ᠯᠡ ᠣᠨᠴᠠᠯᠢᠭ ᠲᠠᠢ ᠵᠣᠬᠢᠶᠠᠯ ᠪᠣᠯᠣᠭᠰᠠᠨ ᠶᠤᠮ᠃ ᠳ᠋᠊ · ᠫᠦᠷᠪᠦᠳᠣᠷᠵᠢ ᠶᠢᠨ ︽ᠰᠡᠬᠡᠰ ᠴᠠᠭᠠᠨ ᠪᠣᠭᠳᠠ︾ ᠨᠠᠶᠢᠷᠠᠭᠯᠠᠯ ᠳᠤ᠂ᠬᠤᠲᠠ ᠬᠥᠳᠡᠭᠡ ᠠᠳᠠᠯᠢᠬᠠᠨ ᠪᠣᠯᠬᠤᠬᠤᠶᠢᠴᠢ ᠶᠢᠨ ᠡᠳᠦᠷ ᠢ ᠣᠶᠢᠷᠠᠬᠠᠨ ᠪᠣᠯᠭᠠᠵᠤᠵᠠᠯᠠᠭᠤ ᠨᠠᠰᠤᠨ ᠤ ᠪᠠᠨ ᠬᠠᠮᠤᠭ ᠥᠩᠭᠡ ᠶᠢᠵᠠᠬ᠎ᠠ ᠨᠤᠲᠤᠭ ᠲᠠᠭᠠᠨ ᠬᠠᠮᠲᠤ ᠥᠭᠭᠦᠶ᠎ᠡᠮᠠᠷᠭᠤᠳ ᠲᠡᠭᠷᠢ ᠶᠢᠨ ᠴᠢᠯᠠᠭᠤᠨ ᠵᠦᠮᠪᠦᠷᠮᠠᠨᠠᠨᠲᠤ ᠭᠤᠪᠢ ᠶᠢᠨ ᠡᠭᠦᠯᠡᠨ ᠰᠦᠮᠪᠦᠷᠰᠡᠬᠡᠰ ᠴᠠᠭᠠᠨ ᠪᠣᠭᠳᠠ ᠠᠭᠤᠯᠠᠨ ᠳᠤᠰᠡᠳᠬᠢᠯ ᠪᠠᠶᠢᠪᠠᠯ ᠵᠢᠷᠭᠠᠯ ᠪᠠᠶᠢᠨ᠎ᠠᠠᠶᠠᠨ ᠤ ᠴᠢᠨᠢ ᠳᠥᠷᠥᠭᠡ ᠶᠢᠰᠦ ᠡᠷᠭᠦᠨ ᠮᠢᠯᠢᠶᠠᠶ᠎ᠠᠠᠯᠤᠰ ᠤᠨ ᠴᠢᠨᠢ ᠬᠠᠷᠭᠤᠢ ᠶᠢᠰᠦᠢ ᠪᠣᠯᠭᠠᠨ ᠬᠦᠯᠢᠶᠡᠶ᠎ᠡ︕︾ ᠭᠡᠬᠦ ᠮᠥᠷ ᠪᠠᠳᠠᠭ ᠪᠠᠶᠢᠳᠠᠭ᠃ ᠲᠡᠷᠡ ᠮᠥᠷ ᠪᠠᠳᠠᠭ ᠤᠨ ᠰᠠᠶᠢᠬᠠᠨ ᠬᠥᠭ ᠠᠶᠠᠰ ᠂ ᠤᠷᠠᠨ ᠰᠠᠨᠠᠭ᠎ᠠ᠂ ᠦᠭᠡ ᠥᠭᠦᠯᠡᠪᠦᠷᠢ ᠨᠢ ︽ᠠᠵᠠ ᠵᠢᠷᠭᠠᠯ ᠤᠨ ᠠᠯᠲᠠᠨ ᠭᠤᠪᠢ︾ ᠥᠭᠦᠯᠡᠯᠭᠡ ᠠᠴᠠ ᠰᠣᠨᠣᠰᠳᠠᠵᠤ᠂ ᠤᠩᠰᠢᠭᠴᠢ ᠶᠢᠨ ᠰᠡᠳᠬᠢᠯ ᠳᠤ ᠲᠠᠭᠠᠲᠠᠢ ᠰᠠᠨᠠᠭᠳᠠᠳᠠᠭ᠃ ᠡᠨᠡ ᠨᠢ ︽ᠠᠵᠠ ᠵᠢᠷᠭᠠᠯ ᠤᠨ ᠠᠯᠲᠠᠨ ᠭᠤᠪᠢ︾ ᠥᠭᠦᠯᠡᠯᠭᠡ ᠨᠢ ︽ᠰᠡᠬᠡᠰ ᠴᠠᠭᠠᠨ ᠪᠣᠭᠳᠠ︾ ᠨᠠᠶᠢᠷᠠᠭᠯᠠᠯ ᠤᠨ ᠰᠠᠨᠠᠭ᠎ᠠ ᠶᠢ ᠳᠠᠪᠲᠠᠭᠰᠠᠨ ᠭᠡᠬᠦ ᠬᠡᠷᠡᠭ ᠪᠢᠰᠢ᠂ ᠬᠠᠷᠢᠨ ᠨᠠᠶᠢᠷᠠᠭᠯᠠᠯ ᠤᠨ ᠰᠠᠨᠠᠭ᠎ᠠ ᠶᠢ ᠠᠮᠢᠯᠠᠭᠤᠯᠤᠨ ᠲᠤᠰ ᠥᠭᠦᠯᠡᠯᠭᠡ ᠶᠢ ᠪᠢᠴᠢᠭᠰᠡᠨ ᠲᠤᠯᠠ᠂ ᠵᠠᠷᠢᠮ ᠲᠠᠯ᠎ᠠ ᠪᠠᠷ ᠲᠤᠰ ᠨᠠᠶᠢᠷᠠᠭᠯᠠᠯ ᠤᠨ ᠰᠠᠨᠠᠭ᠎ᠠ ᠶᠢ ᠪᠠᠶᠠᠵᠢᠭᠤᠯᠤᠨ ᠭᠦᠨᠵᠡᠭᠡᠶᠢᠷᠡᠭᠦᠯᠵᠦ᠂ ᠵᠥᠪᠬᠡᠨ ᠬᠦᠰᠡᠯᠡᠩ ᠲᠡᠳᠦᠢ ᠪᠢᠰᠢ᠂ ᠪᠣᠳᠠᠲᠤ ᠠᠮᠢᠳᠤᠷᠠᠯ ᠤᠨ ᠪᠡᠶᠡᠯᠡᠯ ᠪᠣᠯᠣᠭᠰᠠᠨ᠂ ᠪᠣᠳᠠᠲᠤ ᠬᠥᠮᠥᠰ ᠤᠨ ᠳᠦᠷᠢ ᠶᠢ ᠪᠦᠲᠦᠭᠡᠭᠰᠡᠨ ᠪᠠᠶᠢᠳᠠᠭ  ᠢ ᠪᠢᠳᠠ ᠳᠠᠷᠠᠭ᠎ᠠ ᠶᠢᠨ ᠬᠡᠰᠡᠭ ᠤᠳ ᠠᠴᠠ ᠨᠡᠩ ᠲᠣᠳᠣᠷᠬᠠᠢ ᠬᠠᠷᠠᠵᠤ ᠪᠣᠯᠬᠤ ᠶᠤᠮ᠃    ᠲᠡᠶᠢᠮᠦ ᠶᠢᠨ ᠤᠴᠢᠷ ︽ᠠᠵᠠ ᠵᠢᠷᠭᠠᠯ ᠤᠨ ᠠᠯᠲᠠᠨ ᠭᠤᠪᠢ︾ ᠥᠭᠦᠯᠡᠯᠭᠡ ᠳᠤ ᠭᠤᠪᠢ ᠨᠤᠲᠤᠭ ᠤᠨ ᠪᠠᠶᠢᠭᠠᠯᠢ ᠦᠵᠡᠮᠵᠢ᠂ ᠭᠤᠪᠢ ᠶᠢᠨ ᠬᠥᠮᠥᠨ ᠤ ᠠᠮᠢᠳᠤᠷᠠᠯ᠂ ᠵᠠᠩ ᠠᠬᠤᠢ ᠶᠢᠨ ᠳᠦᠷᠰᠦᠯᠡᠯ ᠨᠢ ᠨᠢᠭᠡᠨ ᠰᠣᠳᠣᠨ ᠭᠠᠶᠢᠬᠠᠯᠲᠠᠢ ᠵᠦᠢᠯ ᠪᠣᠯᠵᠤ ᠪᠠᠶᠢᠯ᠎ᠠ᠃ ᠵᠣᠬᠢᠶᠠᠭᠴᠢ ᠠᠴᠠ ᠭᠤᠪᠢ ᠶᠢᠨ ᠠᠮᠢᠳᠤᠷᠠᠯ ᠢ ᠢᠯᠡᠷᠬᠡᠶᠢᠯᠡᠬᠦ ᠭᠡᠵᠤ ᠠᠯᠪᠠᠳᠠᠨ ᠳᠦᠷᠰᠦᠯᠡᠭᠰᠡᠨ ᠪᠢᠰᠢ᠂ ᠬᠠᠷᠢᠨ ︽ᠪᠢ︾ ᠳᠤ ᠬᠥᠲᠥᠯᠥᠭᠳᠡᠵᠦ᠂ ᠭᠤᠪᠢ ᠶᠢᠨ ᠳᠦᠷᠰᠦᠯᠡᠯ ᠨᠢ ᠠᠶᠠᠨᠳᠠᠭᠠᠨ ᠳᠦᠷᠰᠦᠯᠡᠭᠳᠡᠵᠦ᠂ ᠭᠤᠪᠢ ᠶᠢᠨ ᠶᠢᠷᠲᠢᠨᠴᠦ ᠨᠢᠳᠦᠨ ᠳᠤ ᠲᠣᠳᠣᠷᠠᠪᠠ᠃︽ᠨᠠᠮ᠎ᠠ ᠶᠢ ᠡᠨᠡ ᠤᠳᠠᠭ᠎ᠠ ᠪᠠᠰᠠ ᠯᠠ ᠭᠤᠪᠢ ᠤᠷᠤᠭᠤ ᠶᠠᠪᠤᠭᠤᠯᠬᠤ ᠪᠠᠷ ᠲᠤᠭᠲᠠᠵᠠᠢ᠃ ᠮᠢᠨᠦ ᠪᠠᠶᠠᠷᠯᠠᠭᠰᠠᠨ ᠭᠡᠵᠢ ᠡ︕ ᠪᠢ ᠡᠨᠡ ᠭᠤᠪᠢ ᠳᠤ ᠢᠷᠡᠭᠰᠡᠨ ᠠᠴᠠ ᠬᠤᠶᠢᠰᠢ ᠠᠩᠬ᠎ᠠ ᠤᠳᠠᠭ᠎ᠠ ᠢᠩᠬᠢᠵᠦ ᠯᠠ ᠪᠠᠶᠠᠷᠯᠠᠵᠤ ᠪᠠᠶᠢᠭ᠎ᠠ ᠪᠠᠶᠢᠬ᠎ᠠ᠃ ᠤᠤᠯ ᠨᠢ ᠶᠠᠮᠠᠷ ᠨᠢᠭᠡᠨ ᠤᠴᠢᠷ ᠢᠶᠠᠷ ᠭᠤᠪᠢ ᠤᠷᠤᠭᠤ ᠶᠠᠪᠤᠭᠤᠯᠤᠨ᠎ᠠ ᠯᠠ ᠭᠡᠪᠡᠯ ᠰᠡᠳᠭᠢᠯ ᠭᠤᠨᠢᠵᠤ ᠰᠠᠨᠠᠭ᠎ᠠ ᠪᠠᠷ ᠤᠨᠠᠳᠠᠭ ᠪᠠᠶᠢᠭᠰᠠᠨ ᠮᠢᠨᠦ ᠦᠵᠡᠯᠲᠡ ᠲᠠᠨᠢᠯᠲᠠ ᠳᠤ ᠡᠰᠡᠷᠭᠦ ᠲᠡᠰᠡᠷᠭᠦ ᠬᠤᠪᠢᠷᠠᠯᠲᠠ ᠭᠠᠷᠤᠭᠰᠠᠨ ᠳᠤ ᠪᠢ ᠦᠪᠡᠷ ᠢ ᠪᠠᠨ ᠭᠠᠶᠢᠬᠠᠨ ᠠᠯᠮᠠᠶᠢᠷᠠᠨ᠎ᠠ᠃ ᠶᠡᠷᠦ ᠨᠢ ᠭᠤᠪᠢ ᠭᠡᠵᠦ ᠰᠤᠨᠤᠰᠬᠤ ᠴᠦ ᠳᠤᠷ᠎ᠠ ᠦᠭᠡᠢ ᠪᠤᠯᠤᠭᠰᠠᠨ ᠮᠢᠨᠦ ᠠᠯᠢᠪᠠ ᠪᠦᠬᠦᠨ ᠭᠤᠪᠢ ᠳᠤ ᠪᠠᠶᠢᠭ᠎ᠠ ᠴᠦ ᠶᠤᠮ ᠰᠢᠭ᠋ ᠰᠤᠨᠢᠬᠠᠨ ᠪᠤᠳᠤᠭᠳᠠᠨ᠎ᠠ︾ ᠭᠡᠵᠤ ᠵᠣᠬᠢᠶᠠᠯ ᠡᠬᠢᠯᠡᠳᠡᠭ ᠃ ᠵᠣᠬᠢᠶᠠᠯ ᠤᠨ ᠪᠠᠭᠠᠲᠤᠷ ︽ᠪᠢ︾ ᠶᠢᠨ ᠰᠡᠳᠬᠢᠯ ᠰᠠᠨᠠᠭ᠎ᠠ ᠶᠢ ᠬᠤᠪᠢᠷᠠᠭᠤᠯᠤᠭᠰᠠᠨ ᠨᠢᠭᠡᠨ ᠢᠳᠡ ᠬᠦᠴᠦᠨ ᠨᠢ ᠭᠤᠪᠢ ᠳᠤ ᠪᠠᠶᠢᠭ᠎ᠠ ᠶᠢ ᠡᠨᠡ ᠬᠦ ᠳᠦᠷᠰᠦᠯᠡᠯ ᠠᠴᠠ ᠤᠩᠰᠢᠭᠴᠢ ᠣᠯᠵᠤ ᠮᠡᠳᠡᠨ᠎ᠡ᠃ ᠲᠡᠭᠦᠨ ᠤ ᠳᠠᠭᠠᠤ ᠳᠣᠮᠤᠭ ᠮᠡᠲᠦ ᠭᠤᠪᠢ ᠶᠢᠨ ᠵᠢᠷᠤᠭ ᠳᠡᠯᠭᠡᠭᠳᠡᠯ᠎ᠡ᠃    ︽ᠠᠩᠬ᠎ᠠ ᠭᠤᠪᠢ ᠤᠷᠤᠭᠤ ᠤᠷᠤᠬᠤ ᠳᠤ ᠶᠤᠰᠤᠲᠠᠢ ᠯᠠ ᠶᠠᠮᠠᠷ ᠴᠦ ᠠᠨᠢᠷ ᠴᠢᠮᠡᠭᠡ ᠦᠭᠡᠢ ᠠᠵᠢᠨ ᠲᠦᠵᠢᠨ᠂ ᠠᠮᠢ ᠤᠨᠳᠤᠷᠤᠯ ᠦᠭᠡᠢ ᠳᠤᠭᠤᠢ ᠳᠦᠩᠰᠦᠭᠦᠷ ᠶᠢᠷᠲᠢᠨᠴᠦ ᠮᠡᠲᠦ ᠡᠳᠦᠷᠵᠢᠨ ᠳᠤᠪᠲᠤᠯᠤᠭᠠᠳ ᠭᠠᠭᠴᠠ ᠨᠢᠭᠡ ᠠᠶᠢᠯ ᠲᠠᠭᠠᠷᠠᠬᠤ ᠲᠠᠢ᠂ ᠦᠭᠡᠢ ᠲᠠᠢ᠃ ᠠᠭᠠᠷ ᠲᠡᠭᠷᠢ ᠳᠤ ᠨᠢ ᠬᠦᠷᠲᠡᠯ᠎ᠡ ᠦᠨᠦᠴᠢᠨ ᠡᠯᠢᠶ᠎ᠡ ᠴᠦ ᠦᠵᠡᠭᠳᠡᠬᠦ ᠦᠭᠡᠢ᠂ ᠰᠠᠯᠬᠢᠨ ᠤ ᠬᠦᠯ ᠳᠠᠯᠠᠯᠤᠭᠰᠠᠨ ᠭᠠᠩ ᠤᠨ ᠰᠡᠮᠡᠭᠡᠷ ᠡᠭᠦᠯᠡᠰ ᠲᠡᠨᠦᠵᠦ ᠬᠠᠷᠠᠭᠳᠠᠬᠤ ᠨᠢ ᠦᠢᠳᠬᠠᠷ ᠭᠤᠨᠢᠭ  ᠲᠤ ᠪᠤᠭᠤᠭᠳᠠᠵᠤ ᠦᠬᠦᠮᠡᠷ ᠴᠦᠯᠡᠯᠭᠡ ᠶᠢᠨ ᠤᠷᠤᠨ ᠮᠡᠲᠦ ᠲᠦᠰᠦᠭᠡᠯᠡᠭᠳᠡᠳᠡᠭ ᠪᠠᠶᠢᠪᠠ︾᠃    ︽ᠭᠤᠪᠢ ᠭᠡᠭᠴᠢ ᠴᠤᠬᠤᠮ ᠶᠠᠭᠠᠬᠢᠭᠰᠠᠨ ᠦᠷᠭᠡᠨ ᠠᠭᠤᠳᠠᠮ ᠶᠤᠮ ᠪᠤᠢ︖ ᠲᠡᠷᠲᠡᠭᠡ ᠴᠡᠩᠬᠡᠷᠯᠡᠬᠦ ᠬᠦᠨᠳᠡᠯᠡᠨ ᠬᠦᠬᠡ ᠠᠭᠤᠯᠠᠰ ᠦᠷᠯᠦᠭᠡ ᠶᠢᠨ ᠠᠭᠠᠷ ᠲᠤ ᠴᠡᠮᠴᠡᠶᠢᠨ ᠬᠠᠮᠠᠷ ᠤᠨ ᠦᠵᠦᠭᠦᠷ ᠲᠤ ᠲᠤᠯᠵᠤ ᠢᠷᠡᠨ᠎ᠡ᠃ ᠪᠡᠯ ᠤᠷᠤᠭᠤ ᠪᠠᠨ ᠰᠠᠯᠠᠭᠠᠯᠠᠭᠰᠠᠨ ᠰᠤᠵᠢᠭ ᠭᠠᠩᠭ᠎ᠠ ᠨᠢ ᠬᠦᠷᠲᠡᠯ᠎ᠡ ᠠᠯᠠᠭᠠᠨ ᠳᠡᠭᠡᠷ᠎ᠡ ᠪᠠᠶᠢᠭ᠎ᠠ ᠮᠡᠲᠦ ᠤᠶᠢᠷᠠᠬᠠᠨ ᠬᠠᠷᠠᠭᠳᠠᠵᠤ ᠪᠠᠶᠢᠭᠰᠠᠨ ᠪᠤᠯ ᠦᠳᠡ ᠳᠦᠬᠦᠬᠦ ᠲᠤᠰᠤᠮ ᠪᠢᠳᠠᠨ ᠠᠴᠠ ᠵᠤᠷᠢᠭᠤᠳᠠ ᠳᠤᠲᠠᠭᠠᠵᠤ ᠪᠠᠶᠢᠭ᠎ᠠ ᠴᠦ ᠶᠤᠮᠰᠢᠭ ᠬᠤᠯᠠᠳᠠᠨ ᠵᠠᠮᠬᠠᠷᠠᠭᠰᠠᠭᠠᠷ ᠪᠦᠷ ᠰᠡᠭᠦᠯ ᠳᠡᠭᠡᠨ ᠦᠵᠡᠭᠳᠡᠬᠦ ᠪᠠᠨ ᠪᠤᠯᠢᠨ᠎ᠠ᠃ ᠲᠡᠭᠡᠵᠦ ᠠᠲᠠᠯ᠎ᠠ ᠪᠠᠨ ᠲᠡᠷᠡ ᠡᠮᠦᠨ᠎ᠡ ᠬᠦᠨᠳᠡᠢ ᠳᠤ ᠨᠠᠭᠤᠷ ᠪᠦᠷᠢᠳᠦ ᠴᠡᠯᠡᠯᠵᠡᠨ ᠴᠠᠶᠢᠯᠵᠠᠵᠤ᠂ ᠰᠠᠯᠬᠢ ᠵᠢᠪᠠᠷ ᠲᠤ ᠳᠠᠪᠠᠯᠭᠠᠯᠠᠨ ᠬᠦᠳᠡᠯᠬᠦ ᠠᠵᠠᠢ᠃ ᠡᠨᠡ ᠶᠡᠭᠡ ᠭᠠᠩ ᠬᠠᠭᠤᠷᠠᠢ ᠭᠤᠪᠢ ᠳᠤ ᠡᠶᠢᠮᠦ ᠶᠡᠭᠡ ᠳᠠᠯᠠᠢ ᠰᠢᠭ᠋ ᠨᠠᠭᠤᠷ ᠤᠰᠤ ᠪᠠᠶᠢᠳᠠᠭ ᠶᠤᠮ ᠪᠠᠶᠢᠨ᠎ᠠ ᠭᠡᠳ ᠲᠠᠷᠭᠤᠨ ᠠᠲᠠᠨ ᠤ ᠪᠠᠨ ᠲᠡᠰᠢᠭᠦᠯᠭᠡ ᠪᠠᠷ ᠳᠦᠬᠦᠭᠡᠳ ᠤᠴᠢᠬᠤ ᠳᠤ ᠦᠨᠦ ᠨᠠᠭᠤᠷ ᠤᠰᠤ ᠨᠢ ᠤᠯᠠᠭᠠᠨ ᠡᠯᠡᠰᠦᠨ ᠳᠡᠭᠡᠷ᠎ᠡ ᠡᠭᠰᠢᠵᠦ ᠬᠠᠲᠠᠭᠰᠠᠨ ᠠᠯᠢ ᠡᠷᠲᠡᠨ ᠤ ᠭᠠᠵᠠᠷ ᠤᠨ ᠬᠡᠪᠡᠯᠢ ᠤᠷᠤᠭᠤ ᠰᠢᠷᠭᠢᠵᠦ ᠰᠢᠩᠭᠡᠭᠰᠡᠨ ᠤᠰᠤᠨ ᠤ ᠤᠷᠤᠮ ᠤᠨ ᠴᠠᠭ ᠤᠨ ᠲᠠᠮᠠᠭ᠎ᠠ ᠳᠡᠮᠳᠡᠭ ᠪᠤᠯᠵᠤ ᠦᠯᠡᠳᠡᠭᠰᠡᠨ ᠪᠠᠶᠢᠳᠠᠭ᠃ ᠲᠡᠭᠡᠲᠡᠯ᠎ᠡ ᠲᠡᠷᠡ ᠬᠤᠯᠠ ᠶᠢᠨ ᠳᠠᠨᠵᠢᠨ ᠳᠡᠭᠡᠷ᠎ᠡ ᠬᠡᠳᠦ ᠬᠡᠳᠦᠨ ᠢᠰᠡᠭᠡᠢ ᠴᠠᠭᠠᠨ ᠮᠤᠩᠭᠤᠯ ᠭᠡᠷ ᠵᠢᠭᠳᠡᠷᠡᠨ ᠬᠠᠷᠠᠭᠳᠠᠵᠤ᠂ ᠠᠶᠢᠯ ᠤᠨ ᠭᠠᠳᠠᠭ᠎ᠠ ᠤᠶᠠᠭ᠎ᠠ ᠳᠦᠭᠦᠷᠡᠩ ᠲᠡᠮᠡᠭᠡ ᠬᠦᠷᠡᠶᠢᠵᠦ᠂ ᠠᠶᠢᠯ ᠤᠷᠤᠭᠤ ᠪᠠᠰᠠ ᠴᠦᠷᠬᠦ ᠲᠠᠢ ᠲᠡᠮᠡᠭᠡ ᠬᠦᠲᠦᠯᠦᠭᠰᠡᠨ ᠬᠦᠮᠦᠨ ᠠᠶᠢᠰᠤᠨ᠎ᠠ᠃ ᠦᠨᠦᠳᠦᠷ ᠬᠠᠷᠢᠨ ᠨᠠᠷᠠ ᠲᠠᠢ ᠭᠡᠭᠡ ᠲᠠᠢ ᠠᠶᠢᠯ ᠠᠮᠢᠲᠠᠨ ᠤ ᠪᠠᠷ᠎ᠠ ᠬᠠᠷᠠᠵᠤ᠂ ᠠᠶᠠᠭ᠎ᠠ ᠬᠠᠯᠠᠭᠤᠨ ᠴᠠᠢ ᠤᠯᠵᠤ ᠤᠤᠭᠤᠬᠤ ᠶᠤᠮ ᠪᠠᠶᠢᠨ᠎ᠠ ᠭᠡᠳ ᠳᠤᠪᠲᠤᠯᠤᠭᠠᠳ ᠬᠦᠷᠪᠡᠯ ᠨᠠᠷᠠ ᠰᠠᠯᠬᠢᠨ ᠳᠤ ᠤᠩᠭᠤᠵᠤ ᠦᠭᠢᠷᠡᠭᠰᠡᠨ ᠴᠠᠭᠠᠨ ᠬᠤᠷᠭᠤᠯ ᠪᠠᠶᠢᠬᠤ᠂ ᠦᠨᠦᠬᠢ ᠤᠶᠠᠭ᠎ᠠ ᠳᠦᠭᠦᠷᠡᠩ ᠲᠡᠮᠡᠭᠡᠳ ᠪᠤᠯᠤᠨ ᠴᠦᠷᠬᠦ ᠲᠠᠢ ᠠᠶᠢᠰᠦᠢ ᠲᠡᠮᠡᠭᠡᠳ ᠨᠢ ᠬᠠᠷᠢᠨ ᠬᠠᠨᠢ ᠢᠵᠢᠯᠢ ᠬᠤᠨᠢᠨ ᠭᠦᠷᠪᠡᠯ ᠪᠡᠶ᠎ᠡ ᠪᠡᠶ᠎ᠡ ᠳᠡᠭᠡᠨ ᠲᠠᠲᠠᠭᠳᠠᠨ ᠲᠤᠭᠯᠠᠵᠤ ᠪᠠᠶᠢᠬᠤ᠂ ᠬᠠᠷᠠᠭᠳᠠᠭᠰᠠᠨ ᠪᠦᠬᠦᠨ ᠬᠤᠳᠠᠯ ᠬᠠᠭᠤᠷᠮᠠᠭ ᠶᠤᠮᠰᠢᠭ᠂ ᠦᠵᠡᠭᠳᠡᠭᠰᠡᠨ ᠪᠦᠬᠦᠳᠡ ᠦᠨᠡᠨ ᠪᠢᠰᠢ ᠰᠢᠭ᠃ ᠲᠡᠶᠢᠮᠦ ᠯᠡ ᠬᠡᠶᠢᠰᠪᠦᠷᠢ ᠬᠠᠴᠢᠨ ᠭᠤᠪᠢ ᠶᠢᠨ ᠤᠷᠴᠢᠨ ᠳᠤ ᠪᠢ ᠳᠠᠩᠴᠤ ᠳᠠᠳᠬᠤ ᠦᠭᠡᠢ ᠪᠠᠶᠢᠯ᠎ᠠ︾ ᠭᠡᠵᠡᠢ᠃ ᠭᠤᠪᠢ ᠶᠢᠨ ᠡᠨᠡ ᠬᠦ ︽ᠬᠠᠷᠠᠭᠳᠠᠭᠰᠠᠨ ᠪᠦᠬᠦᠨ ᠬᠤᠳᠠᠯ ᠬᠠᠭᠤᠷᠮᠠᠭ ᠶᠤᠮᠰᠢᠭ᠂ ᠦᠵᠡᠭᠳᠡᠭᠰᠡᠨ ᠪᠦᠬᠦᠳᠡ ᠦᠨᠡᠨ ᠪᠢᠰᠢ ᠰᠢᠭ︾᠂ ︽ᠲᠡᠶᠢᠮᠦ ᠯᠡ ᠬᠡᠶᠢᠰᠪᠦᠷᠢ ᠬᠠᠴᠢᠨ ᠣᠷᠴᠢᠨ︾ ᠨᠢ ︽ᠪᠢ︾ ᠶᠢᠨ ︽ᠳᠠᠩᠳᠠ ᠭᠡᠷ ᠲᠤ ᠪᠠᠨ ᠬᠠᠷᠢᠴᠢᠬᠠᠭᠰᠠᠨ ᠪᠠᠶᠢᠬᠤ ᠪᠠᠷ᠂ ᠡᠵᠢ ᠠᠪᠤ ᠳᠠᠭᠠᠨ ᠡᠷᠬᠡᠯᠡᠨ ᠲᠤᠭᠯᠠᠵᠤ ᠪᠠᠶᠢᠬᠤ ᠪᠠᠷ᠂ ᠡᠰᠡᠭᠦᠯ᠎ᠡ᠂ ᠴᠡᠷᠢᠭ ᠠᠴᠠ ᠪᠠᠨ ᠬᠠᠯᠠᠭᠳᠠᠴᠢᠬᠠᠭᠰᠠᠨ ᠬᠤᠲᠠ ᠳᠤ ᠠᠵᠢᠯ ᠤᠨ ᠬᠤᠪᠢᠶᠠᠷᠢ ᠠᠪᠴᠢᠬᠠᠭᠰᠠᠨ᠂ ᠪᠠᠰᠠ ᠶᠠᠮᠠᠷ ᠨᠢᠭᠡᠨ ᠭᠤᠶᠤ ᠦᠬᠢᠨ  ᠲᠠᠢ ᠪᠤᠯᠵᠤᠬᠤ ᠭᠡᠵᠤ ᠪᠠᠶᠢᠭ᠎ᠠ ᠶᠤᠮ ᠰᠢᠭ᠋᠂ ᠴᠡᠴᠡᠷᠯᠢᠭ ᠲᠤ ᠰᠤᠭᠤᠳᠠᠯᠴᠠᠨ ᠵᠤᠭᠠᠯᠠᠵᠤ ᠪᠠᠶᠢᠭ᠎ᠠ ᠴᠦ ᠶᠤᠮ ᠰᠢᠭ᠋︾ ᠭᠤᠶᠣ ᠰᠠᠶᠢᠬᠠᠨ ᠵᠡᠭᠦᠳᠦ ᠲᠠᠢ ᠨᠢ ᠵᠥᠷᠢᠴᠡᠯᠳᠦᠵᠦ᠂ ᠲᠡᠮᠡᠴᠡᠯᠳᠦᠵᠦ ᠪᠠᠶᠢᠯ᠎ᠠ᠃ ᠲᠡᠷᠡᠴᠢᠯᠡᠨ ᠠᠮᠲᠠᠲᠤ ᠵᠡᠭᠦᠳᠦ ᠪᠢᠰᠢ᠂ ᠬᠠᠷᠢᠨ ︽ᠪᠦᠷ ᠰᠡᠭᠦᠯ ᠳᠤᠨᠢ ᠴᠡᠷᠢᠭ ᠠᠴᠠ ᠪᠠᠨ ᠤᠷᠭᠤᠨ ᠳᠤᠲᠠᠭᠠᠵᠤ᠂ ᠲᠡᠭᠷᠢ ᠶᠢᠨ ᠬᠠᠶᠠᠭ᠎ᠠ ᠨᠡᠶᠢᠯᠡᠭᠰᠡᠨ ᠶᠡᠭᠡ ᠭᠤᠪᠢ ᠶᠢᠨ ᠭᠦᠨ ᠳᠤ ᠤᠷᠤ ᠭᠠᠭᠴᠠᠭᠠᠷ ᠲᠦᠭᠡᠷᠢᠴᠢᠬᠡᠭᠰᠡᠨ᠂ ᠪᠠᠰᠠ ᠬᠤᠶᠢᠨ᠎ᠠ ᠠᠴᠠ ᠤᠯᠠᠨ ᠴᠡᠷᠢᠭ ᠤᠳ ᠨᠡᠬᠡᠮᠵᠢᠯᠡᠵᠦ ᠶᠠᠭ ᠪᠠᠷᠢᠭᠳᠠᠬᠤ ᠶᠢᠨ ᠤᠨᠢᠨ ᠳᠡᠭᠡᠷ᠎ᠡ︾ ᠬᠠᠷ᠎ᠠ ᠳᠠᠷᠤᠨ ᠰᠡᠷᠢᠪᠡ᠃     ᠡᠴᠦᠰ ᠲᠤ ︽ᠪᠢ︾ ᠶᠢᠨ ᠬᠡᠢ ᠬᠦᠰᠡᠯᠡᠩ ᠨᠢ ᠨᠤᠷᠠᠵᠤ᠂ ᠳᠣᠮᠤᠭ ᠮᠡᠲᠦ ᠭᠤᠪᠢ ᠶᠢᠨ ︽ᠬᠡᠶᠢᠰᠪᠦᠷᠢ ᠬᠠᠴᠢᠨ ᠣᠷᠴᠢᠨ︾ ᠨᠢ ᠦᠨᠡᠨ ᠠᠮᠢᠳᠤᠷᠠᠯ ᠤᠨ ᠰᠠᠭᠤᠷᠢ ᠪᠣᠯᠵᠤ᠂ ᠲᠡᠷᠡ ᠥᠨᠥᠳᠥᠷ ᠭᠤᠪᠢ ᠶᠢᠨ ᠵᠦᠭ ᠪᠠᠶᠠᠷ  ᠲᠠᠢ ᠠᠯᠬᠤᠵᠤ᠂ ︽ᠮᠢᠨᠦ ᠡᠨᠡ ᠤᠳᠠᠭ᠎ᠠ ᠭᠤᠪᠢ ᠤᠷᠤᠬᠤ ᠶᠠᠪᠤᠳᠠᠯ ᠪᠤᠯ ᠴᠡᠷᠢᠭ ᠤᠨ ᠲᠠᠯ᠎ᠠ ᠠᠴᠠ ᠶᠠᠪᠤᠭᠤᠯᠵᠤ ᠪᠠᠶᠢᠭ᠎ᠠ ᠬᠠᠮᠤᠭ ᠤᠨ ᠰᠡᠭᠦᠯᠴᠢ ᠶᠢᠨ ᠤᠳᠠᠭ᠎ᠠ ᠶᠤᠮ᠃ ᠡᠭᠦᠨ ᠠᠴᠠ ᠬᠤᠶᠢᠰᠢ ᠭᠤᠪᠢ ᠤᠷᠤᠭᠤ ᠴᠤᠬᠤᠮ ᠬᠡᠴᠢᠨᠡᠨ ᠤᠳᠠᠭ᠎ᠠ ᠶᠠᠪᠤᠬᠤ ᠪᠠᠨ ᠤᠳᠤ ᠲᠦᠰᠦᠭᠡᠯᠡᠬᠦ ᠶᠢᠨ ᠠᠷᠭ᠎ᠠ ᠦᠭᠡᠢ᠃ ᠳᠠᠬᠢᠭᠠᠳ ᠪᠢ ᠭᠤᠪᠢ ᠤᠷᠤᠭᠤ ᠶᠠᠪᠤᠬᠤ᠂ ᠡᠷᠭᠢᠭᠡᠳ ᠭᠤᠪᠢ ᠠᠴᠠ ᠪᠠᠨ ᠪᠤᠴᠠᠵᠤ ᠭᠠᠷᠴᠤ ᠢᠷᠡᠨ᠎ᠡ ᠤᠤ᠂ ᠦᠭᠡᠢ ᠤᠤ︖ ᠪᠢ ᠬᠡᠨ ᠤ ᠴᠦ ᠵᠢᠭᠠᠪᠤᠷᠢ ᠵᠠᠬᠢᠶ᠎ᠠ  ᠶᠢ ᠬᠦᠯᠢᠶᠡᠬᠦ ᠠᠯᠪᠠ ᠪᠠᠶᠢᠬᠤ ᠦᠭᠡᠢ᠃ ᠪᠢ ᠠᠯᠢᠪᠠ ᠤᠶᠤᠨ ᠪᠤᠳᠤᠯ ᠤᠨ ᠢᠶᠠᠨ ᠤᠶᠠᠭ᠎ᠠ ᠬᠦᠯᠢᠶᠡᠰᠦ ᠪᠦᠬᠦᠨ ᠢ ᠲᠠᠰᠤᠴᠢᠨ ᠠᠯᠳᠠᠷᠠᠭᠠᠵᠤ ᠶᠡᠭᠡ ᠭᠤᠪᠢ ᠶᠢᠨ ᠭᠦᠨ ᠤᠷᠤᠭᠤ ᠨᠢᠰᠭᠡᠭᠡ ᠪᠤᠰᠤᠭ᠎ᠠ ᠳᠠᠪᠬᠢᠵᠤ ᠤᠳᠬᠤ ᠶᠢ ᠬᠦᠰᠡᠨᠡᠮ︕ ᠭᠤᠪᠢ ᠪᠤᠯ ᠮᠢᠨᠦ ᠡᠨᠡ ᠨᠠᠰᠤᠨ ᠤ ᠤᠷᠤᠰᠢᠨ ᠲᠤᠭᠲᠠᠨᠢᠬᠤ ᠴᠤᠷ ᠤᠨ ᠭᠠᠭᠴᠠ ᠤᠷᠤᠨ ᠵᠠᠢ᠂ ᠮᠢᠨᠦ ᠠᠵᠠ ᠵᠠᠶᠠᠭ᠎ᠠ᠂ ᠠᠮᠤᠷ ᠵᠢᠷᠭᠠᠯ᠂ ᠠᠮᠢᠳᠤᠷᠠᠯ ᠦᠢᠯᠡᠰ ᠤᠨ ᠦᠷᠭᠦᠯᠵᠢᠯᠡᠯ ᠲᠡᠨᠳᠡ ᠪᠤᠢ᠃ ᠮᠢᠨᠦ ᠠᠯᠢᠪᠠ ᠪᠦᠬᠦᠨ ᠭᠤᠪᠢ  ᠳᠤ ᠪᠤᠢ᠃ ᠪᠢ ᠵᠤᠭᠰᠤᠭ᠎ᠠ ᠵᠢᠯᠤᠭᠤ ᠦᠭᠡᠢ ᠭᠤᠪᠢ ᠲᠡᠶᠢᠰᠢ ᠪᠠᠨ ᠲᠡᠮᠡᠦᠯᠦᠨᠡᠮ︕︾ ᠭᠡᠵᠤ ᠪᠢᠴᠢᠭᠰᠡᠨ ᠪᠠᠶᠢᠨ᠎ᠠ ︽ᠪᠢ︾ ᠶᠢᠨ ᠡᠶᠢᠮᠦ ᠰᠢᠭᠤᠷᠬᠠᠢ᠂ ᠡᠷᠴᠢ ᠵᠣᠷᠢᠭ ᠲᠠᠢ ᠪᠣᠯᠣᠭᠰᠠᠨ ᠤ ᠰᠢᠯᠲᠠᠭᠠᠨ ᠨᠢ ᠲᠡᠷᠡ ᠭᠤᠪᠢ ᠨᠤᠲᠤᠭ ᠤᠨ ᠠᠮᠢᠳᠤᠷᠠᠯ᠂ ᠬᠥᠮᠥᠨ ᠤ ᠵᠠᠩ ᠰᠤᠷᠲᠠᠬᠤᠨ ︵ᠬᠥᠳᠡᠭᠡ ᠶᠢᠨ ᠠᠶᠢᠯ ᠶᠠᠭᠠᠬᠢᠭᠠᠳ ᠬᠤᠳᠳᠤᠭ ᠤᠰᠤᠨ ᠠᠴᠠ ᠪᠠᠨ ᠬᠤᠯᠠ ᠰᠠᠭᠤᠳᠠᠭ ᠪᠤᠢ᠂ ᠶᠠᠭᠠᠬᠢᠭᠠᠳ ᠨᠢᠭᠡ ᠡᠳᠦᠷᠵᠢᠨ ᠶᠠᠪᠤᠭᠠᠳ ᠠᠶᠢᠯ ᠤᠨ ᠪᠠᠷ᠎ᠠ ᠦᠵᠡᠭᠳᠡᠬᠦ ᠦᠭᠡᠢ ᠪᠠᠶᠢᠳᠠᠭ ᠪᠤᠢ︶᠂ ᠢᠯᠠᠩᠭᠤᠶ᠎ᠠ ᠬᠥᠳᠡᠭᠡ ᠭᠤᠪᠢ ᠶᠢᠨ ᠠᠶᠢᠯ ᠭᠡᠭᠴᠢ ᠶᠠᠭᠤ ᠪᠠᠷ ᠵᠤᠭ᠎ᠠ ᠴᠡᠩᠭᠡᠯ ᠬᠢᠳᠡᠭ ᠪᠤᠢ ᠭᠡᠳᠡᠭ ᠲᠠᠢ ᠬᠤᠯᠪᠣᠭ᠎ᠠ ᠲᠠᠢ᠃ ᠲᠡᠷᠡ ᠨᠢ ᠶᠣᠰᠣᠲᠠᠢ ᠡᠷ᠎ᠡ ᠬᠥᠮᠥᠨ ᠢ᠂ ᠪᠠᠭᠠᠲᠤᠷ ᠬᠥᠮᠥᠰ ᠢ ᠪᠦᠲᠦᠭᠡᠳᠡᠭ᠃ ᠬᠥᠮᠥᠨ ᠢ ᠬᠥᠮᠥᠨ ᠪᠣᠯᠭᠠᠳᠠᠭ ᠣᠷᠴᠢᠨ ᠠᠬᠤᠢ ᠪᠠᠶᠢᠨ᠎ᠠ ᠭᠡᠬᠦ ᠲᠥᠷᠥᠭᠳᠡᠯ ᠢ ᠤᠩᠰᠢᠭᠴᠢ ᠳᠤ ᠥᠭᠴᠦ ᠪᠠᠶᠢᠨ᠎ᠠ᠃ ᠲᠡᠷᠡ ᠪᠠᠭᠠᠲᠤᠷ ᠰᠥᠰᠥ ᠵᠣᠷᠢᠭ ᠤᠨ ᠢᠷᠡᠯ ᠡᠭᠦᠰᠪᠦᠷᠢ ᠴᠣᠬᠤᠮ ᠶᠠᠭᠤ ᠪᠤᠢ︖ ︽ᠪᠢ︾ ᠶᠢᠨ ᠰᠡᠳᠬᠢᠯ ᠶᠠᠭᠠᠬᠢᠭᠠᠳ ᠬᠥᠳᠡᠭᠡ ᠳᠤ ᠲᠠᠲᠠᠭᠳᠠᠵᠤ ᠪᠠᠶᠢᠳᠠᠭ ᠤᠨ ᠤᠴᠢᠷ ᠨᠢ ᠭᠠᠭᠴᠠ ᠤᠨᠳᠤᠷᠤᠯ ᠪᠦᠰᠡᠭᠦᠢ ᠳᠤ ᠬᠠᠶᠢᠷ᠎ᠠ ᠲᠠᠢ ᠪᠣᠯᠣᠭᠰᠠᠨ ᠲᠡᠳᠦᠢ ᠬᠡᠷᠡᠭ ᠪᠢᠰᠢ᠂ ᠠᠯᠲᠠᠨ ᠭᠤᠪᠢ ᠶᠢᠨ ᠡᠷᠬᠢᠮ᠂ ᠡᠷᠴᠢ ᠬᠦᠴᠦᠨ᠂ ᠠᠤᠭ᠎ᠠ ᠠᠮᠢᠳᠤᠷᠠᠯ ᠤᠨ ᠡᠬᠢ ᠪᠤᠯᠠᠭ ᠪᠣᠯᠵᠤ ᠪᠠᠶᠢᠭ᠎ᠠ ᠨᠢᠭᠡᠨ ᠵᠦᠢᠯ ᠲᠡᠭᠦᠨ ᠢ ᠲᠠᠲᠠᠵᠤ ᠪᠠᠶᠢᠭ᠎ᠠ ᠶᠤᠮ᠃ ᠡᠬᠡ ᠡᠴᠢᠭᠡ ᠨᠢ ᠬᠦᠷᠲᠡᠯ᠎ᠡ ᠭᠤᠪᠢ ᠪᠠᠨ ᠬᠠᠶᠠᠭᠠᠳ ᠬᠤᠲᠠ ᠳᠤ ᠢᠷᠡᠭᠰᠡᠨ ᠪᠠᠶᠢᠲᠠᠯ᠎ᠠ᠂ ᠬᠦᠦ ᠨᠢ ᠬᠥᠳᠡᠭᠡ ᠨᠤᠲᠤᠭ᠂ ᠠᠯᠲᠠᠨ ᠭᠤᠪᠢ ᠵᠦᠭ ᠲᠡᠮᠡᠦᠯᠡᠵᠡᠢ᠃ ᠮᠠᠭᠠᠳ ᠦᠭᠡᠢ ᠳᠡᠭᠡᠳᠦᠰ ᠤᠨ ᠰᠦᠨᠡᠰᠦ ᠨᠢ ᠲᠡᠷᠡ ︽ᠪᠢ︾ ᠶᠢ ᠭᠤᠪᠢ ᠤᠷᠤᠭᠤ ᠲᠠᠲᠠᠭᠰᠠᠨ ᠪᠠᠶᠢᠵᠤ ᠪᠣᠯᠬᠤ ᠶᠤᠮ᠃ ᠤᠩᠰᠢᠭᠴᠢ ᠮᠢᠨᠤ ᠤᠬᠠᠭᠠᠷᠠᠨ ᠲᠠᠨᠢᠵᠤ ᠪᠠᠶᠢᠭ᠎ᠠ ᠪᠠᠷ ᠲᠡᠷᠡ ︽ᠠᠵᠠ ᠵᠢᠷᠭᠠᠯ ᠤᠨ ᠠᠯᠲᠠᠨ ᠭᠤᠪᠢ︾ ᠭᠡᠭᠴᠢ ᠬᠡᠵᠢᠶ᠎ᠡ ᠴᠦ ᠬᠠᠶᠠᠵᠤ ᠪᠣᠯᠬᠤ ᠦᠭᠡᠢ ᠭᠡᠰᠡᠨ ᠭᠦᠨ ᠤᠳᠬ᠎ᠠ ᠪᠠᠶᠢᠭ᠎ᠠ ᠶᠤᠮ᠃ ︽ᠪᠢ︾ ᠶᠢᠨ ᠡᠬᠡ ᠡᠴᠢᠭᠡ ᠨᠢ ᠠᠮᠤᠷ ᠵᠢᠷᠭᠠᠯ ᠢ ᠪᠣᠳᠤᠭ᠎ᠠ ᠦᠭᠡᠢ ᠭᠡᠬᠦ ᠳᠤ ᠠᠴᠢ ᠦᠷ᠎ᠡ ᠪᠠᠨ ᠪᠣᠳᠣᠵᠤ ᠬᠤᠲᠠ ᠳᠤ ᠢᠷᠠᠵᠠᠢ᠃ ᠭᠡᠪᠡᠴᠦ ︽ᠪᠢ︾ ᠨᠢ ᠡᠬᠡ ᠡᠴᠢᠭᠡ ᠶᠢᠨ ᠰᠠᠨᠠᠭ᠎ᠠ ᠵᠠᠬᠢᠶ᠎ᠠ ᠪᠠᠷ ᠪᠣᠯᠣᠭᠰᠠᠨ ᠦᠭᠡᠢ᠂ ᠭᠤᠪᠢ ᠶᠢᠨ ᠭᠦᠨ ᠳᠠᠬᠢ ᠨᠢᠭᠡ ᠰᠤᠮᠤ ᠳᠤ ᠠᠵᠢᠯᠯᠠᠵᠤ ᠠᠮᠢᠳᠤᠷᠠᠬᠤ ᠪᠠᠷ ᠪᠣᠯᠪᠠ᠃ ᠴᠣᠬᠤᠮ ᠶᠠᠮᠠᠷ ᠨᠢᠭᠡᠨ ᠳᠠᠯᠳᠠ ᠬᠦᠴᠦᠨ᠂ ᠨᠤᠲᠤᠭ ᠤᠨ ᠨᠠᠪᠲᠠᠭ ᠰᠢᠪᠳᠠᠭ ᠲᠡᠭᠦᠨ ᠢ ᠲᠡᠷᠡ ᠵᠦᠭ ᠲᠠᠲᠠᠭᠰᠠᠨ ᠴᠦ ᠶᠠᠭᠤᠨ ᠮᠠᠭᠠᠳ᠃ ᠲᠡᠭᠦᠨᠴᠢᠯᠡᠨ ᠲᠡᠭᠦᠨ ᠢ ᠠᠯᠳᠠᠨ ᠭᠤᠪᠢ ᠶᠢᠨ ᠡᠵᠡᠨ ᠪᠣᠯᠭᠠᠪᠠ᠃ ᠠᠯᠲᠠᠨ ᠭᠤᠪᠢ ᠪᠣᠯ ︽ᠪᠢ︾ ᠶᠢᠨ ᠡᠪᠦᠭᠡ ᠳᠡᠭᠡᠳᠦᠰ ᠤᠨ ᠠᠯᠲᠠᠨ ᠱᠠᠷᠢᠯ ᠢ ᠠᠬᠤᠭᠤᠯᠵᠤ ᠰᠢᠩᠭᠡᠭᠡᠭᠰᠡᠨ ᠢᠶᠠᠷ ᠢᠶᠠᠨ ᠵᠢᠩᠬᠢᠨᠢ ︽ᠠᠯᠲᠠ︾ ᠪᠣᠯᠵᠤ ᠪᠠᠶᠢᠭ᠎ᠠ᠂ ᠮᠥᠨ ᠲᠡᠷᠡ ᠥᠭᠦᠯᠡᠯᠭᠡ ᠶᠢᠨ ᠰᠠᠨᠠᠭ᠎ᠠ ᠶᠢ ᠠᠭᠤᠳᠠᠯᠯᠠᠪᠠᠯ ᠡᠨᠡ ᠮᠡᠲᠦ ᠨᠡᠩ ᠭᠦᠨ ᠳᠠᠪᠬᠤᠴᠠ ᠤᠷᠤᠭᠤ ᠪᠠᠨ ᠣᠷᠣᠵᠤ ᠪᠣᠯᠬᠤ ᠶᠤᠮ᠃    ᠤᠨᠳᠤᠷᠤᠯ ᠪᠣᠯ ᠨᠢᠭᠡᠨ ᠭᠤᠪᠢ ᠶᠢᠨ ᠲᠡᠮᠡᠭᠡᠴᠢᠨ ᠥᠬᠢᠨ ᠶᠤᠮ᠃ ᠲᠡᠷᠡ ᠬᠤᠲᠠ ᠶᠢᠨ ᠬᠠᠲᠠᠩᠬᠠᠢ ᠡᠷ᠎ᠡ ᠪᠣᠯᠬᠤ ︽ᠪᠢ︾ ᠶᠢ ᠠᠯᠲᠠᠨ ᠭᠤᠪᠢ ᠶᠢᠨ ᠡᠷ᠎ᠡ ᠬᠥᠮᠥᠨ᠂ ᠡᠵᠡᠨ ᠬᠥᠮᠥᠨ ᠪᠣᠯᠭᠠᠭᠰᠠᠨ ᠤ ᠪᠠᠰᠠ ᠨᠢᠭᠡᠨ ᠭᠤᠣᠯ ᠰᠢᠯᠲᠠᠭᠠᠨ ᠨᠥᠬᠦᠴᠡᠯ ᠨᠢ ᠪᠣᠯᠪᠠ᠃ ︽ᠪᠢ︾ ᠭᠡᠵᠤ ᠪᠠᠶᠢᠭ᠎ᠠ ᠬᠠᠲᠠᠩᠬᠠᠢ ᠡᠷ᠎ᠡ᠂ ᠤᠰᠤᠨ ᠤ ᠪᠣᠷᠪᠢ ᠲᠡᠩᠨᠡᠭᠰᠡᠨ ᠬᠤᠶᠠᠷ ᠭᠤᠷᠪᠠᠨ ᠲᠡᠮᠡᠭᠡ ᠶᠢ ᠣᠯᠢᠭᠲᠠᠶᠢᠬᠠᠨ ᠬᠥᠲᠥᠯᠵᠦ ᠶᠠᠪᠤᠵᠤ ᠴᠢᠳᠠᠬᠤ ᠦᠭᠡᠢ ᠳᠡᠭᠡᠷ᠎ᠡ ᠠᠵᠢᠯᠴᠢ ᠪᠦᠰᠡᠭᠦᠢ  ᠶᠢᠨ ᠠᠯᠢ ᠨᠢᠭᠡ ᠬᠥᠳᠡᠯᠦᠯ ᠨᠢ ᠴᠦ ᠲᠡᠭᠦᠨ ᠳᠤ ᠬᠠᠲᠠᠭᠤ ᠰᠢᠷᠦᠭᠦᠨ ᠮᠡᠲᠦ ᠰᠠᠨᠠᠭᠳᠠᠪᠠ᠃ ᠪᠤᠷᠠᠨᠲᠠᠭ᠂ ᠬᠤᠪᠣᠭᠤ  ᠶᠢᠨ ᠣᠭᠤᠰᠣᠷ ᠢ ᠱᠠᠯᠠᠪᠬᠠᠨ ᠠᠪᠤᠭᠰᠠᠨ ᠨᠢ ︽ᠪᠤᠯᠢᠶᠠᠭᠰᠠᠨ︾ ᠮᠡᠲᠦ ᠰᠠᠨᠠᠭᠳᠠᠵᠤ᠂ ᠭᠠᠷ ᠨᠢ ᠬᠤᠷᠣᠰᠴᠤ ᠡᠪᠡᠳᠪᠡ᠃ ︽ᠪᠢ︾ ᠭᠡᠬᠦ ᠬᠠᠲᠠᠩᠬᠠᠢ ᠡᠷ᠎ᠡ ᠨᠢ ᠡᠶᠢᠮᠦ ᠯᠡ ᠡᠷ᠎ᠡ᠂ ᠬᠤᠲᠠ ᠶᠢᠨ ︽ᠬᠠᠯᠠᠭᠤᠨ ᠳᠤᠯᠠᠭᠠᠨ᠂ ᠰᠠᠯᠬᠢ ᠵᠢᠪᠠᠷ ᠨᠡᠪᠲᠡᠷᠡᠳᠡᠭ ᠦᠭᠡᠢ ᠠᠰᠠᠷ ᠭᠡᠷ︾ ᠲᠤ ᠰᠠᠭᠤᠵᠤ ᠪᠡᠭᠡᠷᠡᠭ ᠪᠣᠯᠣᠭᠰᠠᠨ᠂ ᠠᠵᠢᠯ ᠮᠡᠳᠡᠬᠦ ᠦᠭᠡᠢ ᠴᠡᠷᠢᠭ ᠤᠨ ᠠᠯᠪᠠ ᠬᠠᠭᠠᠵᠤ ᠪᠠᠶᠢᠰᠢᠩ ᠬᠦᠷᠢᠶᠡᠨ ᠤ ᠡᠭᠦᠳᠡᠨ ᠳᠡᠭᠡᠷ᠎ᠡ ᠬᠡᠳᠦᠨ ᠵᠢᠯ ᠵᠣᠭᠰᠣᠭᠰᠠᠨ ᠡᠨᠡ ᠡᠷ᠎ᠡ ᠶᠢᠨ ᠳᠡᠷᠭᠡᠳᠡ ᠤᠨᠳᠤᠷᠤᠯ ᠥᠬᠢᠨ ᠪᠣᠯ ᠬᠠᠷᠢᠨ ᠴᠦ ᠡᠷ᠎ᠡ ᠬᠥᠮᠥᠨ ᠰᠢᠭ ᠪᠠᠶᠢᠯ᠎ᠠ᠃    ︽— ᠰᠠᠶ᠋ᠢ ᠡᠬᠢᠯᠡᠵᠦ ᠤᠰᠤ ᠲᠠᠲᠠᠬᠤ ᠳᠤ ᠬᠦᠴᠢᠷ ᠲᠠᠢ ᠯᠡ ᠪᠠᠶᠢᠳᠠᠭ ᠶᠤᠮ᠃ ᠠᠮᠠᠷᠠᠵᠤ ᠪᠠᠶᠢᠭᠠᠷᠠᠢ︕ ᠤᠨᠳᠤᠷᠤᠯ ᠮᠢᠨᠦ ᠭᠠᠷ ᠠᠴᠠ ᠬᠤᠪᠤᠭᠤ ᠪᠠᠨ ᠪᠤᠯᠢᠶᠠᠬᠤ ᠰᠢᠬᠠᠮ ᠳᠤᠭᠲᠤᠷᠤᠨ ᠠᠪᠤᠭᠠᠳ ᠤᠤᠯ ᠤᠨ ᠢᠶᠠᠨ ᠠᠳᠠᠯᠢ ᠨᠢᠭᠡᠨ ᠬᠡᠮ ᠪᠠᠷ ᠠᠯᠳᠠᠯᠠᠬᠤ ᠳᠤ ᠬᠤᠳᠳᠤᠭ ᠤᠨ ᠭᠦᠨ ᠠᠴᠠ ᠲᠠᠲᠠᠭᠳᠠᠭᠰᠠᠨ ᠴᠡᠯ ᠬᠦᠢᠲᠡᠨ ᠤᠰᠤ ᠶᠢ ᠵᠤᠭᠰᠤᠭ᠎ᠠ ᠵᠠᠢ ᠦᠭᠡᠢ ᠵᠠᠯᠬᠢᠯᠠᠵᠤ ᠪᠠᠶᠢᠭᠰᠠᠨ ᠲᠡᠮᠡᠭᠡᠳ ᠬᠡᠰᠡᠭ ᠪᠦᠯᠦᠭ ᠢᠶᠠᠷ ᠤᠩᠭᠤᠴᠠᠨ ᠠᠴᠠ ᠪᠤᠴᠠᠨ ᠭᠠᠷᠬᠤ  ᠳᠤ ᠭᠡᠳᠡᠰᠦ ᠭᠦᠵᠡᠭᠡ ᠨᠢ ᠲᠦᠨᠲᠦᠶᠢᠵᠦ᠂ ᠶᠠᠭ ᠯᠠ ᠬᠡᠢ ᠴᠤᠬᠢᠭᠠᠳ ᠳᠦᠭᠦᠷᠭᠡᠴᠢᠬᠡᠭᠰᠡᠨ ᠮᠡᠲᠦ᠂ ᠲᠡᠷᠡ ᠮᠦᠷᠲᠡᠭᠡᠨ ᠴᠢᠬᠢᠷᠠᠭ ᠳᠦᠷᠭᠡᠨ ᠮᠦᠴᠢ ᠨᠢ ᠪᠡᠶ᠎ᠡ ᠪᠠᠨ ᠳᠠᠭᠠᠭᠠᠵᠤ ᠶᠠᠳᠠᠨ ᠠᠯᠬᠤᠯᠠᠨ᠎ᠠ᠃ ᠡᠶᠢᠮᠦ ᠶᠡᠭᠡ ᠢᠳᠡᠰᠢ ᠤᠤᠭᠤᠰᠢ ᠲᠠᠢ᠂ ᠡᠶᠢᠮᠦ ᠤᠯᠠᠨ ᠲᠡᠮᠡᠭᠡᠳ ᠢᠶᠠᠨ ᠨᠢᠭᠡ ᠯᠡ ᠠᠮᠢᠰᠬᠤᠭ᠎ᠠ ᠪᠠᠷ ᠤᠰᠤᠯᠠᠵᠤ ᠭᠠᠷᠭᠠᠬᠤ ᠤᠨᠳᠤᠷᠤᠯ  ᠤᠨ ᠴᠢᠳᠠᠯ ᠲᠠᠮᠢᠷ᠂ ᠵᠤᠷᠢᠭ ᠵᠤᠯᠪᠤᠭ᠎ᠠ ᠶᠢ ᠪᠠᠭ᠋ᠠᠷᠬᠠᠭᠠᠳ ᠪᠠᠷᠠᠰᠢ ᠦᠭᠡᠢ ᠨᠢ ᠦᠨᠡᠨ ᠡ︕ ᠤᠨᠳᠤᠷᠤᠯ ᠪᠢᠳᠠ ᠬᠤᠶᠠᠭᠤᠯᠠ ᠢᠩᠬᠢᠵᠦ ᠲᠡᠮᠡᠭᠡᠳ ᠢᠶᠠᠨ ᠤᠰᠤᠯᠠᠵᠤ᠂ ᠪᠤᠷᠪᠢ ᠰᠠᠪᠠ ᠪᠠᠨ ᠳᠦᠭᠦᠷᠭᠡᠭᠡᠳ ᠬᠠᠷᠢᠵᠤ ᠢᠷᠡᠬᠦ ᠳᠤ ᠭᠠᠵᠢᠳ ᠨᠠᠰᠤᠲᠠᠨ᠄    — ᠶᠠᠳᠠᠷᠠᠵᠤ ᠵᠦᠳᠡᠭᠰᠡᠨ ᠪᠠᠶᠢᠯᠭᠦᠢ᠂ ᠬᠤᠲᠠ ᠭᠠᠵᠠᠷ ᠤᠨ ᠬᠡᠦᠬᠡᠳ ᠲᠤ ᠬᠦᠳᠡᠭᠡ ᠶᠢᠨ ᠠᠵᠢᠯ ᠬᠦᠨᠳᠦ ᠬᠡᠴᠡᠭᠦᠦ ᠪᠠᠶᠢᠬ᠎ᠠ ᠭᠡᠬᠦᠴᠢᠯᠡᠨ ᠨᠠᠮ᠎ᠠ ᠶᠢ ᠦᠷᠦᠪᠳᠡᠬᠦ ᠳᠤ᠄    — ᠬᠤᠶᠠᠭᠤᠯᠠ ᠶᠤᠮ ᠪᠤᠯᠬᠤᠷ ᠦᠨᠦᠳᠦᠷ ᠤᠨ ᠲᠡᠮᠡᠭᠡ ᠤᠰᠤᠯᠠᠬᠤ᠂ ᠤᠰᠤ ᠪᠠᠨ ᠠᠴᠢᠬᠤ ᠳᠤ ᠶᠡᠷᠦ ᠪᠦᠯᠢᠳᠡᠭᠰᠡᠨ ᠦᠭᠡᠢ ᠭᠡᠵᠦ ᠤᠨᠳᠤᠷᠤᠯ ᠤᠨ ᠶᠠᠷᠢᠬᠤ ᠨᠢ ᠵᠤᠷᠢᠭᠤᠳᠠ ᠨᠠᠮ᠎ᠠ ᠶᠢ ᠢᠴᠢᠭᠡᠵᠦ ᠪᠠᠶᠢᠭ᠎ᠠ  ᠶᠤᠮᠰᠢᠭ᠂ ᠪᠠᠰᠠ ᠳᠠᠷᠤᠭ᠎ᠠ ᠶᠢᠨ ᠡᠮᠦᠨ᠎ᠡ ᠨᠠᠮ᠎ᠠ ᠶᠢ ᠮᠠᠭᠲᠠᠵᠤ ᠪᠠᠶᠢᠭ᠎ᠠ ᠴᠦ ᠶᠤᠮᠰᠢᠭ᠃ ᠶᠠᠭᠤ ᠪᠤᠯᠤᠭᠰᠠᠨ ᠴᠦ ᠮᠢᠨᠦ ᠨᠢᠭᠤᠷ  ᠲᠤ ᠬᠦᠷᠬᠦ ᠦᠭᠡ ᠴᠤᠬᠤᠶᠢᠯᠭᠠᠭᠰᠠᠨ ᠦᠭᠡᠢ ᠁︾᠃    ᠬᠢᠬᠦ ᠨᠢ᠂ ᠮᠥᠨ ᠬᠡᠯᠡᠬᠦ ᠪᠠᠷ ᠢᠶᠠᠨ ᠤᠨᠳᠤᠷᠤᠯ ᠥᠬᠢᠨ᠂ ᠡᠷ᠎ᠡ ᠬᠥᠮᠥᠨ ᠰᠢᠭ ᠪᠠᠶᠢᠭᠰᠠᠨ ᠨᠢ ᠡᠴᠦᠰ ᠲᠤ ᠬᠤᠲᠠ ᠶᠢᠨ ᠲᠤᠷᠠᠩᠬᠠᠢ ᠡᠷ᠎ᠡ ︽ᠪᠢ︾ ᠶᠢ ᠡᠷ᠎ᠡ ᠬᠥᠮᠥᠨ ᠪᠣᠯᠭᠠᠵᠤ᠂ ᠠᠯᠳᠠᠨ ᠭᠤᠪᠢ ᠶᠢᠨ ᠡᠵᠡᠨ ᠪᠣᠯᠭᠠᠪᠠ᠃ ᠬᠡᠷᠪᠡ ᠲᠡᠷᠡ ᠠᠯᠲᠠᠨ ᠭᠤᠪᠢ ᠶᠢᠨ ᠡᠵᠡᠨ ᠪᠣᠯᠬᠤ ᠡᠷ᠎ᠡ ᠬᠥᠮᠥᠨ ᠪᠣᠯᠤᠭ᠎ᠠ ᠦᠭᠡᠢ᠂ ᠬᠠᠲᠠᠩᠬᠠᠢ ᠴᠢᠭ ᠢᠶᠠᠷ ᠢᠶᠠᠨ ᠬᠤᠲᠠ ᠳᠤ ᠶᠠᠪᠤᠭᠰᠠᠨ ᠪᠣᠯ ᠦᠷ᠎ᠡ ᠬᠡᠦᠬᠡᠳ ᠤᠳ ᠨᠢ ᠪᠠᠰᠠ ᠶᠠᠮᠠᠷ ᠶᠠᠩᠵᠤ ᠶᠢᠨ ᠡᠷ᠎ᠡ ᠬᠥᠮᠥᠨ ᠪᠣᠯᠬᠤ ᠳ᠋ᠠ ᠭᠡᠵᠤ ᠰᠠᠨᠠᠭ᠎ᠠ ᠵᠣᠪᠠᠮᠠᠷ︕ ᠢᠩᠭᠢᠭᠡᠳ ᠪᠣᠳᠣᠬᠤ ᠳᠤ ᠶᠡᠭᠡ ᠨᠠᠶᠢᠷᠠᠭᠴᠢ ᠳ᠋᠊ · ᠫᠦᠷᠪᠦᠳᠣᠷᠵᠢ ᠶᠢᠨ  ᠬᠡᠯᠡᠭᠰᠡᠨ ︽ᠬᠦᠷᠡᠩ ᠴᠢᠷᠠᠢ ᠲᠠᠢ ᠭᠤᠪᠢ ᠶᠢᠨ ᠬᠥᠮᠥᠰ ᠬᠥᠮᠥᠨ ᠤ ᠶᠠᠰᠤ ᠪᠠᠷ ᠰᠠᠶᠢᠨ ᠪᠢᠯᠡ︾ ᠭᠡᠬᠦ ᠦᠭᠡ ᠠᠶᠠᠨᠳᠠᠭᠠᠨ ᠪᠣᠳᠣᠭᠳᠠᠨ᠎ᠠ᠃ ᠡᠳᠡᠭᠡᠷ ᠢ ᠪᠠᠰᠠ ᠲᠣᠳᠣᠷᠠᠭᠤᠯᠤᠨ ᠬᠡᠯᠡᠪᠡᠯ᠂ ᠭᠤᠪᠢ ᠶᠢᠨ ᠲᠡᠮᠡᠭᠡᠴᠢᠨ ᠪᠦᠰᠡᠭᠦᠢ ᠤᠨᠳᠤᠷᠤᠯ᠂ ᠬᠤᠲᠠ ᠶᠢᠨ ᠲᠤᠷᠠᠩᠬᠠᠢ ᠡᠷ᠎ᠡ ︽ᠪᠢ︾ ᠶᠢ ︽ᠰᠡᠬᠡᠰ ᠴᠠᠭᠠᠨ ᠪᠣᠭᠳᠠ︾ ᠨᠠᠶᠢᠷᠠᠭᠯᠠᠯ ᠳᠤ ᠭᠠᠷᠳᠠᠭ ᠰᠢᠯᠦᠭ ᠰᠢᠭ᠂ ᠬᠤᠲᠠ  ᠶᠢᠨ ︽ᠡᠷᠬᠢᠮ︾ ᠬᠥᠮᠥᠨ ᠭᠡᠵᠤ ︽ᠡᠬᠢ ᠶᠢᠨ ᠭᠤᠣᠯ ᠤᠨ ᠠᠯᠢᠮ᠎ᠠ ᠪᠠᠷ︾᠂ ︽ᠤᠰᠤᠨ ᠦᠵᠦᠮ ᠤᠨ ᠬᠢᠨᠢ ᠪᠠᠭᠴᠠ ᠶᠢ ᠲᠠᠪᠠᠭᠯᠠᠵᠤ ᠤᠷᠭᠤᠴᠠ ᠶᠢᠨ ᠰᠢᠮ᠎ᠡ ᠪᠠᠷ ᠬᠦᠨᠳᠦᠯᠡᠨ︾ ᠳᠠᠶᠢᠯᠠᠵᠤ ᠴᠠᠶᠢᠯᠠᠭᠰᠠᠨ ᠪᠢᠰᠢ᠂ ᠬᠠᠷᠢᠨ ᠭᠤᠪᠢ ᠶᠢᠨ ᠬᠥᠮᠥᠨ ᠤ ᠡᠷᠴᠢ ᠵᠣᠷᠢᠭ᠂ ᠴᠤᠭ ᠵᠣᠯᠪᠣᠭ᠎ᠠ᠂ ᠬᠦᠴᠦ ᠲᠠᠮᠢᠷ ᠢᠶᠠᠷ ᠵᠣᠴᠢᠯᠠᠭᠰᠠᠨ ᠨᠢ ᠲᠡᠭᠦᠨ ᠢ ᠡᠷ᠎ᠡ ᠬᠥᠮᠥᠨ ᠪᠣᠯᠬᠤ ᠢᠵᠠᠭᠤᠷ ᠰᠢᠨᠵᠢ ᠶᠢ ᠥᠰᠬᠡᠵᠦ᠂ ᠠᠯᠲᠠᠨ ᠭᠤᠪᠢ ᠠᠴᠠ ᠰᠠᠯᠬᠤ ᠳᠤᠷ᠎ᠠ ᠦᠭᠡᠢ ᠶᠢᠨ ᠨᠢᠭᠡᠨ ᠨᠢᠭᠤᠴᠠ ᠪᠣᠯᠬᠤ᠂ ᠵᠢᠩᠬᠢᠨᠢ ᠶᠣᠰᠣᠨ ᠤ ︽ᠡᠷ᠎ᠡ ᠬᠥᠮᠥᠨ︾ ᠪᠣᠯᠵᠤ ᠴᠢᠳᠠᠭᠰᠠᠨ ᠳᠤ ᠪᠠᠶᠢᠭ᠎ᠠ ᠶᠤᠮ᠃ ︽ᠠᠵᠠ ᠵᠢᠷᠭᠠᠯ ᠤᠨ ᠠᠯᠲᠠᠨ ᠭᠤᠪᠢ︾ ᠥᠭᠦᠯᠡᠯᠭᠡ ᠨᠢ ︽ᠰᠡᠬᠡᠰ ᠴᠠᠭᠠᠨ ᠪᠣᠭᠳᠠ︾ ᠨᠠᠶᠢᠷᠠᠭᠯᠠᠯ ᠠᠴᠠ ᠣᠨᠴᠠᠯᠠᠨ ᠦᠵᠡᠬᠦ ᠨᠢᠭᠡᠨ ᠵᠦᠢᠯ ᠪᠣᠯ ᠬᠤᠲᠠ ᠶᠢᠨ ᠬᠠᠷ᠎ᠠ ᠬᠦᠦ ᠶᠢ ᠬᠥᠳᠡᠭᠡ ᠳᠤ ᠤᠷᠢᠭᠰᠠᠨ ᠲᠡᠳᠦᠢ ᠪᠢᠰᠢ᠂ ᠬᠠᠷᠢᠨ  ᠴᠡᠷᠢᠭ ᠡᠷ᠎ᠡ ᠶᠢᠨ ᠥᠪᠡᠷ ᠪᠢ ᠶᠢᠨ ᠡᠷᠭᠢᠴᠡᠭᠦᠯᠦᠯ᠂ ᠡᠷ᠎ᠡ ᠬᠥᠮᠥᠨ ᠨᠢ ᠡᠷ᠎ᠡ ᠬᠥᠮᠥᠨ ᠪᠣᠯᠵᠤ ᠴᠢᠳᠠᠬᠤ  ᠶᠢᠨ ᠵᠢᠩᠬᠢᠨᠢ ᠤᠴᠢᠷ ᠵᠦᠢ᠂ ᠬᠥᠮᠥᠨ ᠢ ᠬᠥᠮᠥᠨ ᠪᠣᠯᠭᠠᠳᠠᠭ ᠲᠡᠦᠬᠡ ᠰᠣᠶᠣᠯ ᠤᠨ ᠤᠯᠠᠮᠵᠢᠯᠠᠯ ᠶᠣᠰᠣ ᠶᠢ ᠢᠯᠡᠷᠬᠡᠶᠢᠯᠡᠭᠰᠡᠨ ᠢᠶᠠᠷ ᠢᠶᠠᠨ᠂ ᠤᠳᠬ᠎ᠠ ᠰᠠᠨᠠᠭᠠᠨ ᠤ ᠬᠤᠪᠢ ᠳᠤ᠂ ︽ᠰᠡᠬᠡᠰ ᠴᠠᠭᠠᠨ ᠪᠣᠭᠳᠠ︾ ᠨᠠᠶᠢᠷᠠᠭᠯᠠᠯ ᠠᠴᠠ ᠨᠢᠭᠡ ᠠᠯᠬᠤᠮ ᠭᠦᠨᠵᠡᠭᠡᠢ ᠰᠡᠳᠬᠢᠵᠦ ᠵᠣᠬᠢᠶᠠᠮᠵᠢᠯᠠᠭᠰᠠᠨ ᠨᠢ ᠲᠣᠳᠣᠷᠬᠠᠢ ᠪᠠᠶᠢᠭ᠎ᠠ ᠪᠢᠯᠡ᠃    ᠡᠴᠦᠰ ᠲᠤ᠂ ᠬᠤᠲᠠ ᠪᠣᠯ ᠬᠥᠭᠵᠢᠯ ᠢᠶᠠᠷ ᠢᠶᠠᠨ ᠭᠤᠪᠢ ᠠᠴᠠ ᠲᠦᠷᠭᠡᠨ ᠪᠥᠭᠡᠳ ᠮᠡᠳᠡᠭᠡ ᠵᠠᠩᠭᠢ ᠤᠯᠠᠮᠵᠢᠯᠠᠬᠤ᠂ ᠢᠯᠠᠩᠭᠤᠶ᠎ᠠ ᠨᠠᠰᠤᠵᠢᠵᠤ ᠬᠥᠭᠰᠢᠷᠡᠬᠦ ᠦᠶ᠎ᠡ ᠳᠤ ᠨᠡᠩ ᠴᠦ ᠠᠰᠢᠭᠲᠠᠢ ᠨᠥᠬᠦᠴᠡᠯ ᠢ ᠬᠠᠩᠭᠠᠵᠤ ᠪᠠᠶᠢᠳᠠᠭ ᠪᠢᠯᠡ᠃ ︽ᠪᠢ︾ ᠶᠢᠨ ᠡᠬᠡ ᠡᠴᠢᠭᠡ ᠭᠡᠭᠴᠢ ᠪᠠᠰᠠ ᠨᠡᠯᠢᠶᠡᠳ ᠰᠡᠷᠭᠡᠭ ᠰᠣᠷᠭᠤᠭ ᠲᠠᠨᠢᠯᠲᠠ ᠤᠬᠠᠮᠰᠠᠷ  ᠲᠠᠢ ᠬᠥᠮᠥᠰ᠂ ᠬᠤᠲᠠ ᠶᠢ ᠪᠠᠷᠠᠭ᠋ᠳᠠᠵᠤ᠂ ᠠᠮᠢᠳᠤᠷᠠᠯ ᠤᠨ ᠵᠠᠮ ᠤᠨ ᠵᠥᠪ ᠡᠷᠢᠯ ᠢ ᠣᠯᠵᠤ ᠴᠢᠳᠠᠭᠰᠠᠨ ᠪᠠᠶᠢᠨ᠎ᠠ᠃ ᠬᠠᠷᠢᠨ ᠭᠠᠵᠢᠳ ᠨᠠᠰᠤᠲᠠᠨ ᠪᠣᠯ ᠲᠡᠶᠢᠮᠦ ᠪᠢᠰᠢ᠂ ᠲᠡᠭᠡᠵᠦ ᠪᠣᠳᠣᠵᠤ ᠴᠦ ᠦᠵᠡᠭᠡ ᠦᠭᠡᠢ ᠪᠠᠶᠢᠬ᠎ᠠ᠃ ᠵᠣᠬᠢᠶᠠᠯ ᠳᠤ ᠭᠠᠷᠴᠤ ᠪᠠᠶᠢᠭ᠎ᠠ ᠭᠠᠵᠢᠳ ᠨᠠᠰᠤᠲᠠᠨ ᠪᠣᠯ ᠭᠠᠭᠴᠠ ᠨᠢᠭᠡ ᠠᠶᠢᠯ᠂ ᠵᠣᠪᠠᠳᠠᠭ ᠨᠢ ᠭᠠᠭᠴᠠ ᠥᠬᠢᠨ ᠨᠢ ᠪᠠᠶᠢᠯ᠎ᠠ᠃ ᠲᠡᠷᠡ ᠥᠬᠢᠨ ᠢ ᠴᠣᠬᠤᠮ ᠬᠡᠨ ᠭᠠᠭᠴᠠ ᠪᠣᠯᠭᠠᠵᠤ ᠣᠷᠬᠢᠵᠤ ᠪᠠᠶᠢᠭ᠎ᠠ ᠶᠤᠮ ᠪᠤᠢ︖ ᠲᠡᠭᠦᠨ ᠤ ᠡᠬᠡ ᠦᠦ︖ ᠲᠡᠶᠢᠮᠦ ᠪᠢᠰᠢ᠂ ᠲᠡᠷᠡ ᠨᠠᠰᠤᠲᠠᠨ ᠡᠳᠦᠭᠡ ᠠᠮᠢᠳᠤ ᠰᠡᠷᠢᠭᠦᠨ ᠪᠠᠶᠢᠨ᠎ᠠ᠃ ᠬᠤᠵᠢᠮ ᠨᠠᠰᠤ ᠪᠠᠷᠠᠪᠠᠯ᠂ ᠭᠠᠭᠴᠠ ᠥᠬᠢᠨ ᠢ ᠢᠵᠢᠯᠢ ᠦᠭᠡᠢ ᠣᠷᠬᠢᠬᠤ ᠪᠣᠯᠪᠠᠴᠤ᠂ ᠠᠯᠲᠠᠨ ᠭᠤᠪᠢ ᠳᠤ ᠠᠮᠢᠳᠤᠷᠠᠯ ᠲᠠᠢ᠂ ᠨᠤᠲᠤᠭ ᠲᠠᠢ ᠦᠯᠡᠳᠡᠭᠡᠵᠦ ᠪᠠᠶᠢᠨ᠎ᠠ᠃ ᠲᠡᠶᠢᠮᠦ ᠶᠡᠭᠡ ᠭᠦᠨ ᠤᠬᠠᠭᠠᠨ ᠤ ᠠᠭᠤᠤ ᠪᠣᠳᠣᠯᠭ᠎ᠠ ᠨᠢ ᠲᠡᠷᠡ ᠨᠠᠰᠤᠲᠠᠨ ᠤ ᠴᠡᠭᠡᠵᠢ ᠲᠠᠷᠢᠬᠢᠨ ᠳᠤ ᠤᠬᠠᠮᠰᠠᠷᠲᠠᠢ ᠪᠢᠰᠢ ᠴᠦ ᠤᠬᠠᠮᠰᠠᠷ ᠦᠭᠡᠢ ᠪᠠᠷ ᠣᠷᠣᠰᠢᠵᠤ ᠪᠠᠶᠢᠨ᠎ᠠ᠃ ᠠᠮᠢᠳᠤᠷᠠᠯ᠂ ᠨᠤᠲᠤᠭ ᠪᠠᠶᠢᠭᠰᠠᠨ ᠴᠠᠭ ᠲᠤ ᠬᠠᠨᠢ ᠢᠵᠢᠯᠢ ᠪᠤᠶᠤ ᠬᠥᠮᠥᠨ ᠣᠷᠣᠰᠢᠬᠤ ᠨᠢ ᠮᠡᠳᠡᠭᠡᠵᠢ ᠬᠡᠷᠡᠭ ᠲᠤᠯᠠ ᠠᠮᠢᠳᠤᠷᠠᠯ ᠤᠨ ᠶᠡᠭᠡ ᠢᠲᠡᠭᠡᠯ᠂ ᠬᠠᠶᠢᠷ᠎ᠠ ᠶᠢᠨ ᠶᠡᠭᠡ ᠬᠦᠰᠡᠯᠡᠩ ᠮᠥᠷᠥᠭᠡᠳᠦᠯ᠂ ᠬᠥᠮᠥᠨ ᠤ ᠠᠮᠢᠳᠤᠷᠠᠯ ᠤᠨ ᠵᠢᠮ᠎ᠡ ᠪᠠᠷ ᠢᠷᠠᠵᠤ ᠪᠠᠶᠢᠭ᠎ᠠ ᠰᠢᠭ᠋᠂ ᠲᠤᠰ ᠥᠭᠦᠯᠡᠯᠭᠡ ᠠᠴᠠ ᠪᠢᠳᠠᠨ ᠳᠤ ᠰᠡᠷᠡᠭᠳᠡᠭᠦᠯᠵᠦ ᠪᠠᠶᠢᠨ᠎ᠠ᠃    ᠭᠡ᠊ · ᠮᠥᠩᠬᠡᠵᠢᠷᠭᠠᠯ ᠤᠨ ︽ᠠᠵᠠ ᠵᠢᠷᠭᠠᠯ ᠤᠨ ᠠᠯᠲᠠᠨ ᠭᠤᠪᠢ︾ ᠥᠭᠦᠯᠡᠯᠭᠡ ᠨᠢ ᠶᠠᠮᠠᠷ ᠨᠢᠭᠡᠨ ᠦᠵᠡᠯ ᠰᠤᠷᠲᠠᠯ ᠢ ᠰᠤᠷᠲᠠᠯᠴᠢᠯᠠᠭᠰᠠᠨ ᠨᠢ ᠣᠭᠲᠣ ᠠᠴᠠ ᠪᠢᠰᠢ᠂ ᠬᠤᠲᠠ ᠬᠥᠳᠡᠭᠡ ᠶᠢᠨ ᠠᠯᠢ ᠨᠢ ᠰᠠᠶᠢᠨ ᠭᠡᠵᠤ ᠵᠣᠬᠢᠶᠠᠭᠴᠢ ᠶᠡᠷᠦ ᠠᠴᠠ ᠳᠤᠷᠠᠳᠤᠭᠰᠠᠨ ᠦᠭᠡᠢ᠃ ᠬᠤᠯᠠ ᠶᠢ ᠬᠡᠯᠡᠬᠦ ᠦᠭᠡᠢ᠂ ︽ᠭᠤᠪᠢ ᠶᠢᠨ ᠬᠦᠢᠰᠦ ᠳᠠᠷᠤᠵᠤ ᠰᠠᠭᠤᠷᠢᠰᠢᠭᠰᠠᠨ ᠰᠤᠮᠤᠨ ᠤ ᠬᠢᠨ ᠬᠦᠳᠡᠭᠡ ᠮᠠᠯᠵᠢᠯ ᠤᠨ ᠬᠦᠮᠦᠰ ᠢᠶᠠᠨ ᠭᠤᠪᠢ ᠶᠢᠨ ᠬᠢᠨ︾ ᠭᠡᠳᠡᠭ ᠢ ᠶᠡᠭᠡ ᠭᠠᠶᠢᠬᠠᠵᠤ ᠪᠠᠶᠢᠯ᠎ᠠ᠃ ᠭᠠᠵᠠᠷ ᠤᠨ ᠬᠤᠯᠠ ᠶᠢ ᠵᠣᠷᠢᠬᠤ ᠳᠤ ᠦᠨᠡᠬᠡᠷ ᠶᠠᠳᠠᠷᠠᠵᠤ ᠪᠠᠶᠢᠯ᠎ᠠ᠃ ᠭᠡᠪᠡᠴᠦ ᠶᠠᠳᠠᠷᠠᠵᠤ ᠶᠠᠪᠤᠭᠠᠳ ᠪᠠᠷᠠᠭᠳᠠᠬᠤ ᠦᠭᠡᠢ ᠠᠭᠤᠵᠢᠮ ᠨᠤᠲᠤᠭ ᠪᠠᠶᠢᠭ᠎ᠠ ᠭᠡᠭᠴᠢ ᠨᠢ ᠵᠣᠬᠢᠶᠠᠭᠴᠢ ᠳᠤ ᠦᠯᠦ ᠲᠠᠭᠠᠰᠢᠶᠠᠭᠳᠠᠭᠰᠠᠨ ᠪᠢᠰᠢ᠂ ᠬᠠᠷᠢᠨ ᠠᠶᠠᠲᠠᠢ ᠰᠠᠨᠠᠭᠳᠠᠵᠤ ᠳᠣᠲᠣᠷ᠎ᠠ ᠪᠠᠨ ᠪᠠᠭ᠋ᠠᠷᠬᠠᠵᠤ ᠶᠠᠪᠤᠯ᠎ᠠ᠃ ᠡᠬᠢᠯᠡᠭᠡᠳ ᠲᠡᠷᠡ ᠭᠤᠪᠢ ᠳᠤ ᠳᠠᠳᠬᠤ ᠦᠭᠡᠢ ᠪᠠᠶᠢᠭᠰᠠᠨ ᠴᠦ᠂ ᠲᠡᠭᠦᠨ ᠤ ᠰᠡᠳᠬᠢᠯ ᠳᠤ ᠲᠦᠪᠡᠭᠰᠢᠶᠡᠭᠰᠡᠨ ᠵᠦᠢᠯ ᠣᠭᠲᠣ ᠠᠴᠠ ᠦᠭᠡᠢ᠂ ︽ᠡᠨᠡ ᠨᠤᠲᠤᠭ ᠤᠨ ᠤᠤᠭᠠᠯ ᠢᠷᠭᠡᠨ︾ ᠪᠣᠯᠬᠤ ᠰᠠᠯᠪᠤᠷᠢ ᠶᠢᠨ ᠳᠠᠷᠤᠭ᠎ᠠ ᠬᠢᠭᠡᠳ ᠭᠠᠵᠢᠳ ᠨᠠᠰᠤᠲᠠᠨ᠂ ᠲᠡᠷᠡᠴᠢᠯᠡᠨ ᠭᠤᠪᠢ ᠶᠢᠨ ᠬᠥᠮᠥᠰ ᠤᠨ ᠬᠡᠯᠡᠬᠦ ᠶᠠᠷᠢᠬᠤ᠂ ᠵᠠᠩ ᠪᠠᠶᠢᠳᠠᠯ ᠨᠢ ᠶᠡᠷᠤ ᠠᠴᠠ ᠲᠡᠭᠦᠨ ᠤ ᠰᠡᠳᠬᠢᠯ ᠢ ᠰᠡᠪᠲᠦᠭᠰᠡᠨ ᠦᠭᠡᠢ᠂ ᠬᠠᠷᠢᠨ ᠤᠷᠮ᠎ᠠ ᠶᠢ ᠰᠡᠷᠭᠦᠭᠡᠵᠦ᠂ ᠰᠢᠨ᠎ᠡ ᠶᠢ ᠰᠡᠷᠡᠭᠳᠡᠭᠦᠯᠵᠦ ᠪᠠᠶᠢᠪᠠ᠃ ᠡᠨᠡ ᠵᠣᠬᠢᠶᠠᠯ ᠳᠤ ᠳᠦᠷᠰᠦᠯᠡᠭᠳᠡᠵᠦ ᠪᠠᠶᠢᠭ᠎ᠠ ︽ᠪᠢ︾ ᠨᠢ ᠡᠴᠦᠰ ᠲᠡᠭᠡᠨ ᠮᠥᠨ ᠡᠨᠡ ᠭᠤᠪᠢ ᠶᠢᠨ ᠬᠥᠮᠥᠨ ᠪᠣᠯᠬᠤ ᠤᠴᠢᠷ ᠤᠳᠬ᠎ᠠ ᠶᠢ ᠥᠭᠦᠯᠡᠯᠭᠡ ᠶᠢᠨ ᠡᠬᠢᠨ ᠠᠴᠠ ᠠᠪᠤᠭᠠᠳ ᠠᠳᠠᠭ ᠲᠤ ᠬᠦᠷᠬᠦ ᠦᠢᠯᠡ ᠬᠡᠷᠡᠭ ᠤᠨ ᠳᠦᠷᠰᠦᠯᠡᠯ᠂ ᠦᠭᠡ ᠥᠭᠦᠯᠡᠪᠦᠷᠢ ᠪᠦᠬᠦᠨ ᠳᠤ ᠳᠠᠮ ᠢᠶᠠᠷ ᠢᠯᠡᠷᠬᠡᠶᠢᠯᠡᠵᠦ ᠪᠠᠶᠢᠪᠠ᠃ ︽ᠠᠵᠠ ᠵᠢᠷᠭᠠᠯ ᠤᠨ ᠠᠯᠲᠠᠨ ᠭᠤᠪᠢ︾ ᠥᠭᠦᠯᠡᠯᠭᠡ ᠨᠢ ᠡᠶᠢᠮᠦ ᠬᠠᠴᠢᠨ ᠵᠣᠬᠢᠶᠠᠮᠵᠢ ᠶᠢᠨ ᠠᠷᠭ᠎ᠠ ᠪᠠᠷᠢᠯ ᠢᠶᠠᠷ ᠳᠦᠷᠢ ᠶᠢ ᠪᠦᠲᠦᠭᠡᠭᠰᠡᠨ ᠶᠤᠮ᠃ ᠲᠡᠶᠢᠮᠦ ᠤᠴᠢᠷ ᠠᠴᠠ ᠲᠤᠰ ᠥᠭᠦᠯᠡᠯᠭᠡ ᠶᠢ ᠤᠩᠰᠢᠵᠤ ᠪᠠᠷᠠᠭᠠᠳ᠂ ᠲᠠᠬᠢᠨ ᠡᠷᠭᠢᠭᠡᠳ ᠤᠩᠰᠢᠬᠤ ᠳᠤ ᠵᠣᠬᠢᠶᠠᠭᠴᠢ ᠶᠢᠨ ᠥᠭᠦᠯᠡᠭᠰᠡᠨ ᠦᠭᠡ ᠥᠭᠦᠯᠡᠪᠦᠷᠢ᠂ ᠳᠦᠷᠰᠦᠯᠡᠭᠰᠡᠨ ᠳᠦᠷᠢ ᠵᠢᠷᠤᠭ ᠪᠦᠬᠦᠨ ︽ᠠᠯᠲᠠ︾ ᠮᠡᠲᠦ ᠡᠷᠬᠢᠮ ᠰᠠᠨᠠᠭᠳᠠᠳᠠᠭ ᠪᠢᠯᠡ᠃    ᠪᠢᠳᠠ ᠶᠠᠮᠠᠷ ᠬᠦᠰᠡᠯᠡᠩ ᠲᠠᠢ ᠪᠣᠯ ᠲᠡᠶᠢᠮᠦ ᠠᠮᠢᠳᠤᠷᠠᠯ ᠢ ᠡᠷᠢᠵᠦ ᠪᠣᠯᠳᠠᠭ ᠮᠡᠲᠦ ᠰᠠᠨᠠᠭᠳᠠᠳᠠᠭ ᠪᠣᠯᠪᠠᠴᠤ ᠠᠮᠢᠳᠤᠷᠠᠯ ᠬᠢᠭᠡᠳ ᠬᠦᠰᠡᠯᠡᠩ ᠪᠣᠯ ᠶᠡᠷᠦ ᠠᠴᠠ ᠵᠥᠷᠢᠴᠡᠯᠳᠦᠵᠦ ᠪᠠᠶᠢᠳᠠᠭ ᠨᠢ ᠶᠢᠷᠲᠢᠨᠴᠦ ᠶᠢᠨ ᠬᠠᠤᠯᠢ ᠶᠤᠮ᠃ ︽ᠪᠢ︾ ᠰᠠᠶᠢᠬᠠᠨ ᠵᠡᠭᠦᠳᠦ ᠵᠡᠭᠦᠳᠦᠯᠡᠨ᠎ᠡ᠃ ᠶᠡᠭᠡ ᠪᠠᠶᠠᠯᠢᠭ᠂ ᠣᠯᠠᠨ ᠦᠢᠯᠡ ᠶᠠᠪᠤᠴᠠ ᠲᠠᠢ ᠵᠡᠭᠦᠳᠦ ᠪᠣᠯᠪᠠᠴᠤ᠂ ᠶᠡᠭᠡ ᠭᠤᠪᠢ ᠳᠤ ᠪᠠᠶᠢᠭ᠎ᠠ ᠬᠥᠮᠥᠨ ᠤ ᠭᠠᠭᠴᠠ ᠨᠢᠭᠡ ᠰᠥᠨᠢ ᠶᠢ ᠥᠩᠭᠡᠷᠡᠭᠰᠡᠨ ᠲᠡᠳᠦᠢ ᠬᠡᠢ ᠬᠤᠭᠤᠰᠤᠨ ᠵᠦᠢᠯ ᠪᠠᠶᠢᠯ᠎ᠠ᠃ ᠬᠠᠷᠢᠨ ᠠᠮᠢᠳᠤᠷᠠᠯ ᠠᠴᠠ ᠤᠷᠭᠤᠭᠰᠠᠨ ᠬᠦᠰᠡᠯᠡᠩ ᠭᠡᠭᠴᠢ ᠲᠡᠷᠡ ︽ᠪᠢ︾ ᠶᠢ ᠵᠢᠩᠬᠢᠨᠢ ᠬᠥᠮᠥᠨ ᠪᠣᠯᠭᠠᠵᠤ ᠪᠠᠶᠢᠨ᠎ᠠ᠃ ︽ ᠪᠢ ᠴᠢᠨᠢ ᠬᠦᠵᠦᠭᠦᠦ ᠳᠡᠭᠡᠷ᠎ᠡ ᠪᠠᠨ ᠲᠤᠯᠤᠭᠠᠢ ᠲᠠᠢ᠂ ᠪᠤᠳᠠ ᠪᠡᠶ᠎ᠡ ᠪᠠᠷ ᠢᠶᠠᠨ ᠠᠰᠳᠠᠭᠠᠨ ᠤᠶᠤᠨ ᠪᠤᠳᠤᠯ ᠡᠷᠡᠭᠦᠯ ᠰᠠᠷᠠᠭᠤᠯ ᠬᠦᠮᠦᠨ ᠰᠢᠦ ᠳ᠋ᠡ᠂ ᠡᠵᠢ ᠠᠪᠤ ᠶᠢᠨ ᠵᠠᠬᠢᠶ᠎ᠠ ᠡᠷᠳᠡᠨᠢ ᠪᠠᠷ ᠰᠤᠯᠢᠰᠢ ᠦᠭᠡᠢ ᠦᠨ᠎ᠡ ᠲᠠᠢ ᠪᠤᠯᠪᠠᠴᠤ ᠦᠪᠡᠷ ᠤᠨ ᠠᠵᠤ ᠠᠮᠢᠳᠤᠷᠠᠯ᠂ ᠢᠨᠠᠭ ᠬᠠᠶᠢᠷ᠎ᠠ ᠪᠦᠬᠦᠨ ᠳᠡᠭᠡᠨ ᠡᠵᠡᠨ ᠰᠠᠭᠤᠵᠤ ᠬᠦᠮᠦᠨ  ᠤ ᠴᠢᠷᠠᠢ ᠬᠠᠷᠠᠯ ᠦᠭᠡᠢ ᠠᠵᠤ ᠲᠦᠷᠦᠨ ᠠᠮᠢᠳᠤᠷᠠᠬᠤ ᠨᠢ ᠡᠭᠡᠯ ᠮᠢᠨᠦ ᠪᠡᠶ᠎ᠡ ᠪᠠᠨ ᠱᠠᠭᠠᠷᠳᠠᠬᠤ ᠴᠤᠷ ᠤᠨ ᠭᠠᠭᠴᠠ ᠡᠭᠦᠷᠭᠡ ᠪᠢᠰᠢ ᠭᠡᠵᠦ ᠤᠤ᠂ ᠭᠡᠷ ᠲᠡᠭᠡᠨ ᠬᠠᠷᠢᠭᠠᠳ ᠨᠢᠯᠬ᠎ᠠ ᠪᠠᠭ᠎ᠠ ᠶᠢᠨ ᠠᠳᠠᠯᠢ ︿ᠦᠬᠦᠭᠰᠡᠨ ᠲᠡᠮᠡᠭᠡ ᠬᠠᠷᠢᠭᠤᠯᠵᠤ ᠂ ᠪᠡᠯᠡᠨ ᠪᠤᠳᠠᠭ᠎ᠠ ᠢᠳᠡᠬᠦ﹀ ᠶᠤᠮ ᠪᠤᠯ ᠮᠢᠨᠦ ᠬᠡᠳᠦᠨ ᠵᠢᠯ ᠢᠶᠠᠷ ᠴᠡᠷᠢᠭ ᠤᠨ ᠠᠯᠪᠠ ᠬᠠᠭᠠᠭᠰᠠᠨ ᠦᠩᠭᠡ ᠭᠡᠷᠡᠯ  ᠢᠶᠠᠨ ᠦᠪᠡᠷ ᠤᠨ ᠮᠠᠭᠤ ᠠᠴᠠ ᠪᠤᠯᠵᠤ  ᠪᠠᠯᠠᠯᠵᠤ ᠬᠠᠶᠠᠬᠤ ᠦᠭᠡᠢ ᠭᠡᠵᠦ ᠤᠤ ᠁︾ ᠭᠡᠵᠤ ᠰᠡᠳᠬᠢᠬᠦ ᠶᠡᠭᠡ ᠬᠦᠴᠦᠨ ᠢ ᠭᠤᠪᠢ ᠶᠢᠨ ᠠᠮᠢᠳᠤᠷᠠᠯ ᠲᠡᠭᠦᠨ ᠳᠤ ᠥᠭᠪᠡ᠃ ᠲᠡᠷᠡ ᠭᠤᠪᠢ ᠬᠢᠭᠡᠳ ᠬᠤᠲᠠ ᠣᠶᠢᠷᠠᠲᠤᠵᠤ ᠪᠠᠶᠢᠭ᠎ᠠ  ᠶᠢ ᠤᠬᠠᠮᠰᠠᠷᠠᠨ ᠮᠡᠳᠡᠷᠡᠵᠦ ᠪᠠᠶᠢᠨ᠎ᠠ᠃ ᠪᠣᠳᠠ ᠬᠥᠮᠥᠨ ᠤ ᠳᠦᠷᠢ ᠭᠡᠭᠴᠢ ᠢᠩᠭᠢᠵᠦ ᠠᠮᠢᠯᠠᠵᠤ ︵ᠠᠯᠲᠠᠨ ᠭᠤᠪᠢ  ᠠᠴᠠ ᠠᠮᠢᠯᠠᠵᠤ᠂ ᠡᠴᠦᠰ ᠲᠤ ᠠᠯᠳᠠᠨ ᠭᠤᠪᠢ ᠳᠤ ᠠᠭᠤᠰᠤᠨ᠎ᠠ︶᠂ ᠮᠥᠨ ᠲᠡᠷᠡ ᠳᠦᠷᠢ ᠴᠣᠭᠴᠠ ᠪᠠᠷ ᠢᠶᠠᠨ ᠬᠥᠮᠥᠨ ᠤ ᠰᠡᠳᠬᠢᠯ ᠢ ᠤᠶᠠᠷᠠᠭᠤᠯᠵᠤ ᠪᠠᠶᠢᠨ᠎ᠠ᠃ ︽ᠮᠢᠨᠦ ᠬᠦᠦ ᠬᠠᠰᠢ ᠯᠠ ᠤᠬᠠᠭᠠᠨ ᠰᠠᠭᠤᠵᠠᠢ︾ ᠭᠡᠵᠤ ᠤᠭᠤᠷᠠᠭ ᠴᠠᠭᠠᠨ ᠰᠦ ᠪᠠᠨ ᠬᠥᠬᠦᠭᠦᠯᠦᠭᠰᠡᠨ ᠡᠬᠡ ᠳᠠᠭᠤ ᠠᠯᠳᠠᠨ᠂ ᠬᠦᠦ ᠪᠠᠨ ᠥᠬᠦᠭᠡᠷᠳᠡᠵᠦ ᠪᠠᠶᠢᠨ᠎ᠠ᠃ ᠭᠤᠪᠢ  ᠶᠢᠨ ᠬᠥᠮᠥᠨ ᠶᠡᠷᠦ ᠨᠢ ᠵᠢᠷᠦᠬᠡ ᠰᠡᠳᠬᠢᠯ ᠢᠶᠠᠷ ᠢᠶᠠᠨ ᠠᠮᠢᠳᠤᠷᠠᠳᠠᠭ ᠪᠣᠯᠬᠤᠷ ᠡᠶᠢᠮᠦ ᠯᠡ ᠬᠦᠴᠦᠨ ᠲᠠᠢ ᠠᠵᠠᠢ᠃    ︽ᠪᠢ︾ ᠶᠢᠨ ᠰᠡᠳᠬᠢᠯ ᠵᠢᠷᠦᠬᠡ ᠭᠤᠪᠢ ᠤᠷᠤᠭᠤ ᠲᠡᠮᠡᠦᠯᠡᠨ᠎ᠡ᠃ ᠠᠮᠢᠳᠤᠷᠠᠯ ᠤᠷᠤᠭᠤ᠂ ᠤᠯᠠᠮᠵᠢᠯᠠᠯ ᠤᠷᠤᠭᠤ ᠲᠡᠮᠡᠦᠯᠡᠨ᠎ᠡ᠃ ᠵᠥᠪ ᠵᠦᠭ ᠲᠤ ᠲᠡᠮᠡᠦᠯᠦᠭᠰᠡᠨ ᠤ ᠡᠴᠦᠰ ᠲᠤ ᠬᠠᠶᠢᠷ᠎ᠠ ᠳᠤᠷᠠᠯᠠᠯ ᠭᠡᠬᠦ ᠵᠢᠷᠦᠬᠡ ᠰᠡᠳᠬᠢᠯ  ᠤᠨ ᠱᠠᠩ ᠢ ᠬᠦᠷᠲᠡᠵᠦ ᠪᠠᠶᠢᠨ᠎ᠠ᠃ ︽ᠪᠢ︾ ᠬᠢᠭᠡᠳ ᠤᠨᠳᠤᠷᠤᠯ ᠬᠡᠦᠬᠡᠨ ᠤ ᠬᠠᠶᠢᠷ᠎ᠠ ᠶᠢᠨ ᠲᠤᠬᠠᠢ ᠡᠨᠡ ᠥᠭᠦᠯᠡᠯᠭᠡ ᠳᠤ ᠪᠠᠷᠤᠭ ᠨᠢᠭᠡ ᠴᠦ ᠦᠭᠡ ᠥᠭᠦᠯᠡᠪᠦᠷᠢ ᠵᠠᠷᠤᠴᠠᠭᠤᠯᠤᠭᠰᠠᠨ ᠦᠭᠡᠢ ᠭᠡᠵᠤ ᠪᠣᠯᠣᠮᠠᠷ᠃ ᠭᠡᠬᠦ ᠳᠡᠭᠡᠨ ᠲᠡᠷᠡ ᠬᠠᠶᠢᠷ᠎ᠠ ᠶᠢᠨ ᠬᠦᠴᠦᠨ ᠨᠢ ᠠᠯᠳᠠᠨ ᠭᠤᠪᠢ ᠶᠢᠨ ᠠᠮᠢᠨ ᠰᠦᠨᠡᠰᠦ ᠪᠣᠯᠵᠤ ᠪᠠᠶᠢᠭ᠎ᠠ ᠶᠤᠮ᠃ ᠥᠭᠡᠷ᠎ᠡ ᠪᠠᠷ ᠬᠡᠯᠡᠪᠡᠯ᠂ ᠲᠤᠰ ᠥᠭᠦᠯᠡᠯᠭᠡ ᠶᠢᠨ ᠭᠦᠨ ᠳᠠᠯᠳᠠ ᠪᠠᠶᠢᠭ᠎ᠠ ᠬᠢᠵᠠᠭᠠᠷ ᠦᠭᠡᠢ ᠬᠦᠴᠦ᠂ ᠠᠮᠢᠨ ᠰᠦᠨᠡᠰᠦ ᠨᠢ ᠪᠠᠶᠢᠭ᠎ᠠ ᠶᠤᠮ᠃ ᠰᠠᠯᠪᠤᠷᠢ ᠶᠢᠨ ᠳᠠᠷᠤᠭ᠎ᠠ ᠨᠢ ᠲᠡᠭᠦᠨ ᠢ ᠭᠤᠪᠢ ᠤᠷᠤᠭᠤ ᠦᠷᠭᠦᠯᠵᠢ ᠶᠠᠪᠤᠭᠤᠯᠳᠠᠭ ᠲᠤᠨᠢ ᠶᠡᠭᠡ ᠪᠠᠷ ᠪᠠᠶᠠᠷᠯᠠᠳᠠᠭ᠂ ᠪᠠᠰᠠ ᠶᠡᠭᠡ ᠰᠡᠳᠬᠢᠯ ᠳᠣᠭᠳᠣᠯᠳᠠᠭ᠃ ᠲᠡᠭᠡᠭᠡᠳ ᠬᠠᠶᠠ ᠲᠣᠭᠲᠠᠭᠰᠠᠨ ᠴᠠᠭ ᠠᠴᠠ ᠪᠠᠨ ᠣᠷᠣᠶᠢᠲᠠᠵᠤ ᠢᠷᠠᠵᠤ ᠵᠢᠮᠡᠯᠡᠯ ᠠᠮᠰᠠᠳᠠᠭ ᠦᠢᠯᠡ ᠶᠢ ᠪᠢᠴᠢᠭᠰᠡᠨ ᠨᠢ ᠡᠴᠦᠰ ᠲᠤ ᠴᠡᠷᠢᠭ ᠠᠴᠠ ᠬᠠᠯᠠᠭᠳᠠᠭᠠᠳ᠂ ᠥᠪᠡᠷ ᠤᠨ ᠳᠤᠷ᠎ᠠ ᠪᠠᠷ ᠭᠤᠪᠢ ᠳᠤ ᠶᠠᠪᠤᠬᠤ ᠶᠢᠨ ᠤᠷᠢᠳᠠᠯ ᠪᠣᠯᠵᠤ ᠪᠠᠶᠢᠨ᠎ᠠ᠃    ︽ᠠᠵᠠ ᠵᠢᠷᠭᠠᠯ ᠤᠨ ᠠᠯᠲᠠᠨ ᠭᠤᠪᠢ︾ ᠥᠭᠦᠯᠡᠯᠭᠡ ᠠᠴᠠ ᠣᠯᠵᠠᠭᠤᠷᠬᠠᠨ ᠲᠡᠮᠳᠡᠭᠯᠡᠬᠦ ᠪᠤᠶᠤ ᠰᠣᠨᠢᠨ ᠰᠡᠪᠡᠭᠦᠨ ᠰᠡᠷᠡᠭᠳᠡᠭᠰᠡᠨ ᠪᠠᠰᠠ ᠨᠢᠭᠡᠨ ᠵᠦᠢᠯ ᠭᠡᠪᠡᠯ ᠶᠠᠮᠠᠷ ᠨᠢᠭᠡᠨ ᠳᠣᠬᠢᠶ᠎ᠠ ᠲᠡᠮᠳᠡᠭ᠂ ᠰᠠᠨᠠᠭᠠᠰᠢᠷᠠᠯ ᠪᠠᠶᠢᠯ᠎ᠠ᠃ ᠥᠭᠡᠷ᠎ᠡ ᠪᠠᠷ ᠬᠡᠯᠡᠪᠡᠯ᠂ ᠶᠠᠮᠠᠷ ᠨᠢᠭᠡᠨ ᠬᠡᠷᠡᠭ ᠤᠴᠢᠷ ᠢ ᠤᠷᠢᠳ ᠠᠴᠠ ᠳᠣᠬᠢᠵᠤ᠂ ᠡᠬᠢᠯᠡᠭᠡᠳ ᠡᠪᠯᠡᠷᠡᠬᠦ ᠦᠭᠡᠢ ᠮᠡᠲᠦ ᠵᠥᠷᠢᠴᠡᠯᠳᠦᠵᠦ ᠪᠠᠶᠢᠪᠠᠴᠤ᠂ ᠡᠴᠦᠰ ᠲᠡᠭᠡᠨ ᠨᠢᠭᠡᠳᠴᠦ ᠨᠡᠶᠢᠯᠡᠵᠦ ᠴᠢᠳᠠᠳᠠᠭ ᠰᠣᠨᠢᠨ ᠰᠡᠳᠬᠢᠮᠵᠢ ᠪᠠᠶᠢᠯ᠎ᠠ᠃ ᠠᠯᠲᠠᠨ ᠭᠤᠪᠢ ᠶᠢ ᠲᠡᠷᠡ ᠶᠡᠷᠦ ᠠᠴᠠ ᠮᠠᠰᠢ ᠤᠶᠢᠳᠬᠠᠷ ᠲᠠᠢ᠂ ᠡᠯᠡᠷ ᠪᠠᠯᠠᠷ᠂ ᠳᠤᠭᠤᠢ ᠳᠦᠩᠰᠦᠭᠦᠷ ᠬᠡᠮᠡᠨ ᠳᠦᠷᠰᠦᠯᠡᠪᠡ᠃ ᠤᠨᠳᠤᠷᠤᠯ ᠬᠡᠦᠬᠡᠨ ᠤ ᠠᠵᠢᠯᠴᠢ᠂ ᠠᠮᠢᠳᠤᠷᠠᠬᠤ ᠶᠢᠨ ᠡᠷᠴᠢ ᠬᠦᠴᠦ ᠨᠢ ᠡᠬᠢᠯᠡᠭᠡᠳ ᠲᠡᠭᠦᠨ ᠢ ᠰᠦᠷᠳᠡᠭᠦᠯᠵᠦ ᠪᠠᠶᠢᠭ᠎ᠠ ᠮᠡᠲᠦ ᠰᠠᠨᠠᠭᠳᠠᠯ᠎ᠠ᠃ ᠠᠶᠢᠯ ᠠᠬᠤᠢ ᠳᠤ ᠡᠪ ᠳ᠋ᠦᠢ ᠦᠭᠡᠢ ᠪᠠᠶᠢᠭᠰᠠᠨ ︽ᠪᠢ︾ ᠨᠢ ᠠᠶᠠᠨᠳᠠᠭᠠᠨ ᠥᠪᠡᠷ ᠲᠡᠭᠡᠨ ︵ᠮᠠᠭᠠᠳ ᠦᠭᠡᠢ ᠢᠵᠠᠭᠤᠷ ᠤᠨ ᠬᠢᠨᠢ ᠤᠯᠠᠮᠵᠢᠯᠠᠯ᠂ ᠤᠳᠤᠮ ᠤᠨ ᠬᠢᠨᠢ ᠵᠠᠶᠠᠭ᠎ᠠ ᠴᠦ ᠪᠠᠶᠢᠵᠤ ᠪᠣᠯᠣᠨ᠎ᠠ︶ ᠭᠤᠪᠢ ᠶᠢᠨ ᠠᠵᠢᠯ ᠳᠤ ᠳᠠᠰᠴᠤ᠂ ᠤᠨᠳᠤᠷᠤᠯ ᠥᠬᠢᠨ ᠲᠠᠢ ᠦᠶᠡᠷᠬᠡᠨ ᠲᠠᠰᠤᠬᠤ ᠶᠢᠨ ᠨᠥᠬᠦᠴᠡᠯ ᠪᠦᠷᠢᠯᠳᠦᠭᠰᠡᠭᠡᠷ ᠪᠠᠶᠢᠯ᠎ᠠ᠃ ᠡᠶᠢᠮᠦ ᠤᠴᠢᠷ ᠠᠷᠰᠯᠠᠨ ᠬᠡᠮᠡᠬᠦ ᠬᠠᠯᠲᠠᠷ ᠨᠣᠬᠠᠢ ᠠᠴᠠ ᠰᠦᠨᠡᠰᠦ ᠪᠠᠨ ᠭᠠᠷᠲᠠᠯ᠎ᠠ ᠠᠶᠤᠵᠤ ᠪᠠᠶᠢᠭᠰᠠᠨ ᠬᠠᠲᠠᠩᠬᠠᠢ ᠡᠷ᠎ᠡ ᠶᠢ ᠤᠨᠳᠤᠷᠤᠯ ᠬᠡᠦᠬᠡᠨ᠂ ᠭᠤᠪᠢ ᠶᠢᠨ ᠵᠠᠭ ᠰᠢᠭ᠋ ᠨᠣᠭᠤᠭᠠᠷᠠᠭᠤᠯᠤᠨ ᠤᠷᠭᠤᠭᠤᠯᠵᠤ ᠴᠢᠳᠠᠭᠰᠠᠨ ᠪᠠᠶᠢᠨ᠎ᠠ᠃ ᠡᠨᠡ ᠮᠡᠲᠦ ᠡᠬᠢᠯᠡᠭᠡᠳ ᠵᠥᠷᠢᠴᠡᠯᠳᠦᠵᠦ ᠡᠪᠯᠡᠷᠡᠬᠦ ᠦᠭᠡᠢ ᠪᠠᠶᠢᠭᠰᠠᠨ ᠵᠦᠢᠯ ᠨᠢ ᠰᠡᠭᠦᠯᠳᠡᠵᠦ ᠢᠷᠡᠭᠡᠳ ᠡᠪ ᠵᠦᠢ ᠪᠠᠨ ᠣᠯᠵᠤ ᠪᠠᠶᠢᠭ᠎ᠠ ᠦᠢᠯᠡ ᠬᠥᠳᠡᠯᠦᠯ ᠵᠡᠷᠭᠡ ᠶᠢ ᠡᠨᠡ ᠥᠭᠦᠯᠡᠯᠭᠡ ᠳᠤ ᠣᠯᠠᠨ ᠳᠦᠷᠰᠦᠯᠡᠵᠡᠢ᠃ ︽ᠠᠵᠠ ᠵᠢᠷᠭᠠᠯ ᠤᠨ ᠠᠯᠲᠠᠨ ᠭᠤᠪᠢ︾ ᠥᠭᠦᠯᠡᠯᠭᠡ ᠨᠢ ᠵᠥᠷᠢᠴᠡᠯ ᠢ ᠶᠡᠷᠦ ᠠᠴᠠ ᠣᠪᠣᠶᠢᠮ᠎ᠠ ᠲᠣᠪᠣᠶᠢᠮ᠎ᠠ ᠪᠢᠴᠢᠭᠡ ᠦᠭᠡᠢ ᠶᠤᠮ ᠰᠢᠭ᠋ ᠪᠣᠯᠪᠠᠴᠤ᠂ ᠬᠠᠷᠢᠨ ᠵᠥᠷᠢᠴᠡᠯ ᠢᠶᠠᠷ ᠡᠪᠯᠡᠨ ᠨᠡᠶᠢᠯᠡᠬᠦ ᠠᠮᠢᠳᠤᠷᠠᠯ ᠤᠨ ᠶᠣᠰᠣ ᠤᠴᠢᠷ᠂ ᠭᠦᠨ ᠤᠳᠬ᠎ᠠ ᠪᠠᠷ ᠢᠶᠠᠨ ᠬᠥᠮᠥᠨ ᠠᠷᠠᠳ ᠤᠨ ᠰᠡᠳᠭᠢᠯ ᠢ ᠬᠤᠯᠪᠣᠭᠰᠠᠨ ᠲᠡᠳᠦᠢ ᠪᠠᠷ ᠪᠠᠷᠠᠬᠤ ᠦᠭᠡᠢ᠂ ᠬᠤᠲᠠ ᠬᠥᠳᠡᠭᠡ ᠶᠢ ᠴᠦ ᠣᠶᠢᠷᠠᠲᠤᠭᠤᠯᠵᠤ ᠴᠢᠳᠠᠭᠰᠠᠨ᠂ ᠮᠥᠨ ᠥᠨᠥᠳᠥᠷ ᠪᠠ ᠢᠷᠡᠭᠡᠳᠦᠢ ᠶᠢ ᠴᠦ ᠬᠡᠯᠬᠢᠵᠦ ᠴᠢᠳᠠᠬᠤ ᠭᠦᠨ ᠤᠳᠬ᠎ᠠ ᠪᠦᠬᠦᠢ ᠬᠦᠴᠦᠨ ᠴᠢᠳᠠᠯ ᠲᠠᠢ ᠵᠣᠬᠢᠶᠠᠯ ᠪᠣᠯᠵᠠᠢ᠃ ᠡᠭᠦᠨ ᠢ ᠵᠣᠬᠢᠶᠠᠯᠴᠢ ᠶᠢᠨ ᠤᠷ᠎ᠠ ᠤᠬᠠᠭᠠᠨ ᠭᠡᠬᠦ ᠠᠴᠠ ᠥᠭᠡᠷ᠎ᠡ ᠶᠠᠭᠤ ᠭᠡᠵᠤ ᠬᠡᠯᠡᠬᠦ ᠪᠢᠯᠡ᠃     ᠮᠥᠨ ᠵᠣᠬᠢᠶᠠᠯ ᠤᠨ ᠲᠡᠭᠦᠰᠬᠡᠯ ᠪᠣᠯᠬᠤ ᠠᠯᠳᠠᠨ ᠭᠤᠪᠢ ᠶᠢᠨ ᠤᠶᠠᠩᠭᠠᠯᠠᠯ ᠳᠤ ᠠᠯᠢᠪᠠ ᠶᠢ ᠵᠢᠷᠦᠬᠡᠨ ᠳᠤ ᠠᠭᠤᠰᠬᠠᠵᠤ᠂ ᠰᠡᠳᠬᠢᠯ ᠤᠨ ᠳᠠᠭᠤᠤ ᠪᠣᠯᠭᠠᠨ ᠢᠯᠡᠷᠬᠡᠶᠢᠯᠡᠪᠡ᠃ ︽ᠠᠯᠳᠠᠨ ᠭᠤᠪᠢ ᠳᠠᠭᠠᠨ ᠠᠭᠤᠰᠤᠨ᠎ᠠ︾ ᠭᠡᠵᠤ ᠵᠣᠬᠢᠶᠠᠯ ᠢ ᠲᠡᠭᠦᠰᠬᠡᠭᠰᠡᠨ ᠨᠢ ᠲᠠᠬᠢᠨ ᠤᠷᠭᠤᠨ᠎ᠠ ᠭᠡᠬᠦ ᠰᠠᠨᠠᠭ᠎ᠠ ᠶᠢ ᠳᠠᠯᠳᠠᠭᠤᠷ ᠢᠯᠡᠷᠬᠡᠶᠢᠯᠡᠪᠡ᠃ ᠠᠭᠤᠰᠴᠤ᠂ ᠲᠠᠬᠢᠨ ᠠᠮᠢᠯᠠᠵᠤ ᠤᠷᠭᠤᠳᠠᠭ ᠨᠢ ᠶᠢᠷᠲᠢᠨᠴᠦ ᠶᠢᠨ ᠵᠢᠮ᠎ᠡ ᠪᠣᠯᠬᠤᠷ ᠤᠨᠳᠤᠷᠤᠯ ᠪᠤᠯᠠᠭ ᠤᠨ ᠤᠰᠤ ᠰᠢᠭ᠋ ᠠᠭᠤᠰᠴᠤ ᠴᠢᠳᠠᠪᠠᠯ᠂ ᠲᠡᠭᠦᠨ ᠤ ᠦᠷ᠎ᠡ ᠵᠢᠮᠢᠰ ᠪᠣᠯᠵᠤ ᠤᠷᠭᠤᠬᠤ ᠨᠢᠭᠡ ᠡᠳᠦᠷ ᠪᠠᠶᠢᠬᠤ ᠶᠤᠮ᠃ ᠡᠨᠡ ᠮᠡᠲᠦ ᠥᠭᠦᠯᠡᠯᠭᠡ  ᠶᠢᠨ ᠨᠡᠷ᠎ᠡ᠂ ᠪᠤᠢ ᠪᠦᠬᠦᠢ ᠳᠦᠷᠰᠦᠯᠡᠯ᠂ ᠲᠡᠭᠦᠰᠬᠡᠯ ᠤᠨ ᠠᠯᠢ ᠴᠦ ᠭᠡᠰᠡᠨ ᠤᠩᠰᠢᠭᠴᠢ ᠶᠢᠨ ᠰᠡᠳᠬᠢᠯ ᠳᠤ ᠰᠢᠩᠭᠡᠵᠦ᠂ ᠬᠡᠵᠢᠶᠡᠳᠡ ᠤᠩᠰᠢᠭᠴᠢ ᠶᠢᠨ ᠰᠡᠳᠬᠢᠯ ᠠᠴᠠ ᠰᠠᠴᠤᠷᠠᠨ ᠬᠡᠷᠡᠯᠳᠦᠬᠦ ᠠᠮᠵᠢᠯᠲᠠ ᠲᠠᠢ ᠵᠣᠬᠢᠶᠠᠯ ᠪᠣᠯᠵᠠᠢ ᠭᠡᠵᠤ ᠪᠢ ᠬᠤᠪᠢ ᠳᠤ ᠦᠵᠡᠨ ᠳ᠋ᠦᠩᠨᠡᠵᠦ ᠪᠠᠶᠢᠨ᠎ᠠ᠃ᠳ᠋ᠦᠩᠨᠡᠨ ᠬᠡᠯᠡᠬᠦ ᠳᠤ ᠵᠣᠬᠢᠶᠠᠯᠴᠢ ᠭᠡ᠊ · ᠮᠥᠩᠬᠡᠵᠢᠷᠭᠠᠯ ᠤᠨ ︽ᠠᠵᠠ ᠵᠢᠷᠭᠠᠯ ᠤᠨ ᠠᠯᠲᠠᠨ ᠭᠤᠪᠢ︾ ᠥᠭᠦᠯᠡᠯᠭᠡ  ᠨᠢ ᠦᠨᠡᠬᠡᠷ ᠰᠣᠩᠭᠤᠳᠠᠭ ᠵᠣᠬᠢᠶᠠᠯ ᠮᠡᠲᠦ ᠨᠢᠭᠡᠨ ᠭᠦᠨ ᠶᠣᠰᠣ᠂ ᠰᠠᠨᠠᠭᠠᠰᠢᠷᠠᠯ᠂ ᠰᠡᠳᠬᠢᠮᠵᠢ ᠪᠣᠳᠣᠯᠭᠠᠰᠢᠷᠠᠯ ᠢ ᠬᠥᠮᠥᠨ ᠳᠤ ᠥᠭᠴᠦ᠂ ᠠᠮᠢᠳᠤᠷᠠᠨ ᠣᠷᠣᠰᠢᠬᠤᠢ ᠶᠢᠨ ᠭᠦᠨ ᠶᠣᠰᠣ ᠶᠢ ᠢᠯᠡᠷᠬᠡᠶᠢᠯᠡᠭᠰᠡᠨ ᠥᠪᠡᠷᠮᠢᠴᠡ ᠵᠣᠬᠢᠶᠠᠯ ᠪᠣᠯᠵᠠᠢ᠃ ᠠᠭᠤᠯᠭ᠎ᠠ᠂ ᠦᠵᠡᠯ ᠰᠠᠨᠠᠭ᠎ᠠ᠂ ᠤᠷᠠᠯᠠᠬᠤ ᠮᠡᠷᠭᠡᠵᠢᠯ ᠤᠨ ᠬᠤᠪᠢ ᠳᠤ ᠲᠡᠭᠦᠨ ᠠᠴᠠ ᠰᠤᠷᠤᠯᠴᠠᠭᠤᠰᠢᠲᠠᠢ ᠵᠦᠢᠯ ᠶᠡᠭᠡ ᠪᠠᠶᠢᠨ᠎ᠠ᠃ ᠣᠯᠠᠨ ᠤᠩᠰᠢᠭᠴᠢ ᠲᠡᠷᠡ ᠥᠭᠦᠯᠡᠯᠭᠡ ᠶᠢᠨ ᠬᠡᠯᠡ ᠬᠡᠯᠡᠯᠭᠡ ᠳᠤ ᠮᠠᠰᠢ ᠲᠠᠯᠠᠷᠬᠠᠨ ᠪᠠᠶᠠᠰᠴᠤ ᠪᠠᠶᠢᠭ᠎ᠠ ᠪᠠᠨ ᠢᠯᠡᠷᠬᠡᠶᠢᠯᠡᠭᠰᠡᠨ ᠪᠠᠶᠢᠳᠠᠭ᠃ ᠲᠡᠷᠡ ᠪᠦᠬᠦᠨ ᠢ ᠮᠥᠨ ᠲᠠᠭᠠᠰᠢᠶᠠᠨ ᠵᠥᠪᠰᠢᠶᠡᠷᠡᠵᠦ ᠪᠠᠶᠢᠨ᠎ᠠ ᠃ ᠭᠡᠪᠡᠴᠦ ᠭᠤᠶᠣ ᠰᠠᠶᠢᠬᠠᠨ ᠦᠭᠡ ᠬᠡᠯᠡᠨ ᠤ ᠦᠨᠳᠦᠰᠦ ᠨᠢ ᠠᠮᠢᠳᠤᠷᠠᠯ ᠪᠠᠶᠢᠳᠠᠭ ᠪᠣᠯᠬᠤᠷ ᠬᠡᠯᠡᠨ ᠤ ᠰᠠᠶᠢᠬᠠᠨ ᠢ ᠠᠮᠢᠳᠤᠷᠠᠯ ᠲᠠᠢ ᠬᠤᠯᠪᠣᠵᠤ ᠦᠵᠡᠬᠦ ᠬᠡᠷᠡᠭᠲᠡᠢ᠃ ᠲᠡᠶᠢᠮᠦ ᠤᠴᠢᠷ ᠲᠤᠰ ᠥᠭᠦᠯᠡᠯᠭᠡ ᠳᠤ ᠪᠠᠰᠠ ᠡᠮᠵᠡᠭ ᠳᠣᠭᠤᠯᠳᠠᠯ  ᠲᠠᠢ ᠲᠠᠯ᠎ᠠ ᠴᠦ ᠪᠠᠶᠢᠨ᠎ᠠ᠃ ᠲᠡᠷᠡ ᠨᠢ ᠶᠠᠭᠤ ᠭᠡᠪᠡᠯ᠂ ᠵᠠᠷᠢᠮ ᠦᠭᠡ ᠨᠢ ᠣᠷᠴᠢᠭᠤᠯᠭ᠎ᠠ ᠶᠢᠨ ᠰᠡᠳᠬᠢᠬᠦᠢ ᠳᠤ ᠨᠥᠯᠥᠭᠡᠯᠡᠭᠳᠡᠭᠰᠡᠨ᠂ ᠤᠷᠠᠯᠢᠭᠵᠢᠭᠰᠠᠨ ᠤᠷᠠᠨ ᠵᠣᠬᠢᠶᠠᠯ ᠤᠨ ᠪᠤᠰᠤ ᠡᠩ ᠤᠨ ᠶᠠᠷᠢᠶᠠᠨ ᠤ ᠬᠡᠯᠡ ᠪᠠᠶᠢᠳᠠᠭ᠃ ᠵᠢᠱᠢᠶ᠎ᠡ ᠨᠢ ᠵᠣᠬᠢᠶᠠᠯ ᠤᠨ ᠡᠬᠢᠨ ᠤ ᠬᠡᠰᠡᠭ ᠤᠳ ᠲᠤ ︽ᠦᠵᠡᠯᠲᠡ ᠲᠠᠨᠢᠯᠲᠠ︾᠂ ︽ᠡᠰᠡᠷᠭᠦ ᠲᠡᠰᠡᠷᠭᠦ ᠬᠤᠪᠢᠷᠠᠯᠲᠠ︾᠂ ︽ᠠᠯᠢᠪᠠ ᠪᠦᠬᠦᠨ︾᠂ ᠭᠠᠷ ᠤᠲᠠᠰᠤᠨ ᠤ ᠳᠤᠬᠢᠶ᠎ᠠ ᠳᠠᠯᠠᠯᠭ᠎ᠠ ︽ᠲᠦᠭᠡᠮᠵᠢᠯᠡᠭᠳᠡᠭᠡ ᠦᠭᠡᠢ︾ ᠭᠡᠬᠦ ᠦᠭᠡ ᠨᠦᠭᠦᠳ ᠢ ᠪᠢᠳᠠ ᠠᠮᠠᠨ ᠶᠠᠷᠢᠶᠠᠨ ᠳᠤ ᠬᠠᠵᠠᠭᠠᠢ ᠮᠤᠷᠤᠢ ᠴᠢᠯᠠᠭᠤᠳᠠᠭᠠᠳ ᠰᠤᠷᠴᠢᠬᠠᠵᠠᠢ᠃ ᠤᠷᠠᠨ ᠵᠣᠬᠢᠶᠠᠯ ᠳᠤ ᠬᠡᠷᠡᠭᠯᠡᠬᠦ ᠳᠡᠭᠡᠨ ᠪᠠᠰᠠ ᠬᠢᠨᠠᠭᠤᠷ ᠪᠠᠶᠢᠪᠠᠯ ᠵᠣᠬᠢᠨ᠎ᠠ᠃ ᠬᠤᠶᠠᠷ ᠲᠤ᠂ ᠠᠮᠢᠳᠤᠷᠠᠯ ᠤᠨ ᠯᠣᠭᠢᠭ ᠲᠠᠢ ᠵᠥᠷᠢᠴᠡᠯᠳᠦᠬᠦ ᠳᠦᠷᠰᠦᠯᠡᠯ ᠬᠠᠶᠠ ᠨᠢᠭᠡ ᠬᠠᠷᠠᠭᠳᠠᠳᠠᠭ᠃ ᠵᠢᠱᠢᠶ᠎ᠡ ᠨᠢ ︽ ᠭᠠᠵᠢᠳ ᠤᠨ ᠬᠢ ᠭᠡᠵᠦ ᠤᠤᠯ ᠠᠴᠠ ᠨᠡᠷ᠎ᠡ ᠶᠢ ᠨᠢ ᠰᠤᠨᠤᠰᠴᠤ ᠪᠠᠶᠢᠭᠰᠠᠨ ᠡᠨᠡ ᠠᠶᠢᠯ ᠤᠨ ᠰᠠᠭᠤᠭ᠎ᠠ ᠭᠠᠵᠠᠷ ᠢ ᠴᠤᠨᠵᠢ ᠲᠤᠯᠤᠭᠠᠢ ᠭᠡᠨ᠎ᠡ᠃ ᠴᠤᠬᠤᠮ ᠴᠦ ᠭᠡᠷ ᠤᠨ ᠬᠢᠨᠢ ᠬᠤᠶᠢᠨ᠎ᠠ ᠨᠠᠮᠬᠠᠨ ᠪᠤᠯᠪᠠᠴᠤ ᠬᠤᠯᠠ ᠠᠴᠠ ᠬᠠᠷᠠᠭᠳᠠᠳᠠᠭ ᠦᠨᠳᠦᠷ ᠪᠠᠶᠢᠴᠠ ᠲᠠᠢ ᠵᠢᠵᠢᠭᠬᠡᠨ ᠠᠭᠤᠯᠠ ᠶᠢᠨ ᠤᠷᠤᠢ ᠳᠡᠭᠡᠷ᠎ᠡ ᠲᠤᠮᠤ ᠴᠤᠨᠵᠢ ᠪᠠᠶᠢᠭ᠎ᠠ ᠶᠢ ᠠᠶᠢᠯ ᠤᠨ ᠭᠠᠳᠠᠨ᠎ᠠ ᠠᠴᠠ ᠵᠢᠭᠠᠯᠭᠠᠵᠤ ᠪᠠᠶᠢᠵᠤ ᠤᠯᠵᠤ ᠦᠵᠡᠯ᠎ᠡ︾ ᠭᠡᠰᠡᠨ ᠪᠠᠶᠢᠳᠠᠭ᠃ ᠡᠨᠡ ᠳᠦᠷᠰᠦᠯᠡᠯ ᠳᠤ ᠵᠥᠷᠢᠴᠡᠯ ᠲᠠᠢ᠂ ᠮᠠᠳᠠᠭ ᠲᠠᠢ ᠵᠦᠢᠯ ᠪᠠᠶᠢᠬᠤ ᠰᠢᠭ᠋ ᠰᠠᠨᠠᠭᠳᠠᠭᠰᠠᠨ᠃ ︽ᠭᠡᠷ ᠤᠨ ᠬᠢᠨᠢ ᠬᠤᠶᠢᠨ᠎ᠠ ᠨᠠᠮᠬᠠᠨ ᠪᠤᠯᠪᠠᠴᠤ︾ ︽ᠵᠢᠵᠢᠭᠬᠡᠨ ᠠᠭᠤᠯᠠ︾ ︵ᠠᠭᠤᠯᠠ ᠭᠡᠬᠦ ᠦᠦ ︖ ᠲᠣᠯᠣᠭᠠᠢ ᠭᠡᠬᠦ ᠦᠦ︖︶ ᠳᠡᠭᠡᠷ᠎ᠡ ᠨᠢ ︽ᠲᠤᠮᠤ ᠴᠤᠨᠵᠢ ᠪᠠᠶᠢᠭ᠎ᠠ︾ ᠨᠢ ᠬᠠᠷᠠᠭᠳᠠᠵᠤ ᠪᠠᠶᠢᠲᠠᠯ᠎ᠠ ᠪᠠᠰᠠ ︽ᠵᠢᠭᠠᠯᠭᠠᠵᠤ ᠪᠠᠶᠢᠵᠤ ᠤᠯᠵᠤ ᠦᠵᠡᠬᠦ︾ ᠶᠢᠨ ᠠᠯᠪᠠ ᠶᠠᠭᠤ ᠪᠢᠯᠡ ᠭᠡᠰᠡᠨ ᠲᠥᠷᠥᠭᠳᠡᠯ ᠢ ᠥᠭᠴᠦ ᠪᠠᠶᠢᠨ᠎ᠠ᠃ ᠡᠨᠡ ᠮᠡᠲᠦ ᠵᠠᠷᠢᠮ᠂ ᠵᠢᠵᠢᠭᠬᠡᠨ ᠵᠦᠢᠯ ᠳᠡᠭᠡᠷ᠎ᠡ ᠪᠠᠰᠠ ᠰᠠᠨᠠᠯ ᠪᠣᠳᠣᠯ ᠢᠶᠠᠨ ᠰᠣᠯᠢᠯᠴᠠᠵᠤ ᠪᠣᠯᠬᠤ ᠪᠣᠯᠪᠠᠴᠤ᠂ ᠡᠳᠡᠭᠡᠷ ᠨᠢ ᠲᠤᠰ ᠥᠭᠦᠯᠡᠯᠭᠡ ᠶᠢᠨ ᠴᠢᠨᠠᠷ ᠴᠢᠨᠰᠠᠭ᠎ᠠ᠂ ᠲᠡᠭᠦᠰ ᠴᠢᠨᠠᠷ ᠢ ᠤᠯᠠᠮ ᠴᠢᠨᠠᠷᠵᠢᠭᠤᠯᠬᠤ ᠳᠤ ᠲᠤᠰᠠ ᠪᠣᠯᠬᠤ ᠮᠠᠭᠠᠳ ᠭᠡᠵᠤ ᠦᠵᠡᠭᠰᠡᠨ ᠠᠴᠠ ᠪᠢᠰᠢ᠂ ᠥᠭᠦᠯᠡᠯᠭᠡ ᠶᠢᠨ ᠣᠯᠣᠭᠰᠠᠨ ᠠᠮᠵᠢᠯᠲᠠ᠂ ᠨᠥᠯᠥᠭᠡ ᠲᠤᠰᠬᠠᠯ ᠢ ᠬᠠᠷᠰᠢᠬᠤ ᠵᠦᠢᠯ ᠣᠭᠲᠣᠬᠠᠨ ᠴᠦ ᠦᠭᠡᠢ ᠶᠤᠮ᠃    ᠵᠣᠬᠢᠶᠠᠯᠴᠢ ᠭᠡ᠊ · ᠮᠥᠩᠬᠡᠵᠢᠷᠭᠠᠯ ᠤᠨ ᠥᠭᠦᠯᠡᠯᠭᠡ ᠲᠤᠭᠤᠵᠢ ᠶᠢᠨ ᠥᠨᠳᠥᠷ ᠠᠮᠵᠢᠯᠲᠠ ᠶᠢ ᠵᠥᠩᠨᠡᠨ ᠪᠡᠯᠭᠡᠳᠡᠶ᠎ᠡ ︕ ᠮᠣᠩᠭᠤᠯ ᠲᠦᠮᠡᠨ ᠤ ᠰᠡᠳᠬᠢᠯ ᠤᠨ ᠬᠥᠰᠢᠶ᠎ᠡ᠂ ᠮᠥᠩᠬᠡ ᠶᠢᠨ ᠳᠤᠷᠠᠰᠬᠠᠯ ᠪᠣᠯᠬᠤ ︽ᠠᠵᠠ ᠵᠢᠷᠭᠠᠯ ᠤᠨ ᠠᠯᠲᠠᠨ ᠭᠤᠪᠢ︾ ᠮᠡᠲᠦ ᠮᠣᠩᠭᠤᠯ ᠬᠥᠮᠥᠨ ᠤ ᠠᠮᠢᠳᠤᠷᠠᠯ᠂ ᠣᠷᠣᠰᠢᠬᠤᠢ ᠶᠢᠨ ᠲᠣᠯᠢ᠂ ᠰᠦᠨᠡᠰᠦ ᠰᠢᠲᠦᠭᠡᠨ ᠮᠡᠲᠦ ᠵᠢᠷᠦᠬᠡᠨ ᠤ ᠭᠠᠯ ᠢ ᠠᠰᠠᠭᠠᠵᠤ᠂ ᠤᠯᠠᠮᠵᠢᠯᠠᠯ ᠲᠡᠦᠬᠡ ᠶᠢᠨ ᠠᠯᠲᠠᠨ ᠠᠷᠭᠠᠮᠵᠢ ᠶᠢ ᠵᠠᠯᠭᠠᠭᠰᠠᠨ ᠤᠳᠬ᠎ᠠ ᠭᠦᠨ᠂ ᠠᠭᠤᠯᠭ᠎ᠠ ᠪᠠᠶᠠᠯᠢᠭ ᠣᠯᠠᠨ ᠰᠠᠶᠢᠬᠠᠨ ᠥᠭᠦᠯᠡᠯᠭᠡ ᠲᠤᠭᠤᠵᠢ ᠦᠷᠭᠦᠯᠵᠢᠯᠡᠨ ᠲᠣᠳᠣᠷᠠᠬᠤ ᠪᠣᠯᠲᠤᠭᠠᠢ ᠭᠡᠵᠤ ᠵᠢᠷᠦᠬᠡᠨ ᠳᠡᠭᠡᠨ ᠢᠲᠡᠭᠡᠯ ᠬᠤᠷᠤᠶᠢᠯᠠᠵᠤ᠂ ᠰᠡᠳᠬᠢᠯ ᠳᠡᠭᠡᠨ ᠬᠦᠰᠡᠯ ᠡᠪᠦᠷᠯᠡᠵᠦ᠂ ᠢᠷᠦᠭᠡᠯ ᠤᠨ ᠴᠡᠩᠬᠡᠷ ᠬᠠᠳᠠᠭ ᠡᠷᠭᠦᠵᠦ ᠪᠠᠶᠢᠨ᠎ᠠ᠃                                                        2020.02.06ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号