ᠠᠯᠠᠱᠠ ᠵᠡᠬᠦᠨ ᠬᠤᠰᠢᠭᠤ
ᠨᠡᠶᠢᠲᠡᠯᠡᠭᠰᠡᠨ ᠴᠠᠭ᠄
2020/3/13
ᠠᠯᠠᠱᠠ ᠵᠡᠬᠦᠨ ᠬᠤᠰᠢᠭᠤ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠪᠠᠷᠠᠭᠤᠨ ᠬᠡᠰᠡᠭ ᠤᠨ ᠠᠯᠠᠱᠠ ᠠᠶᠢᠮᠠᠭ ᠤᠨ ᠵᠡᠬᠦᠨ ᠬᠡᠰᠡᠭ ᠲᠤ ᠪᠠᠶᠢᠷᠢᠯᠠᠵᠤ᠂ ᠵᠡᠬᠦᠨᠰᠢ ᠦᠬᠠᠢ ᠲᠠᠢ ᠲᠦᠰᠢᠯᠴᠠᠵᠤ᠂ ᠡᠮᠦᠨᠡᠰᠢ ᠨᠢᠩᠰᠢᠶᠠ ᠲᠠᠢ ᠵᠠᠯᠭᠠᠯᠳᠤᠨ᠂ ᠪᠠᠷᠠᠭᠤᠨᠰᠢ ᠭᠠᠨᠰᠤ ᠲᠠᠢ ᠬᠦᠷᠰᠢᠯᠳᠡᠵᠤ᠂ ᠤᠮᠠᠷᠠᠰᠢ ᠮᠤᠩᠭᠤᠯ ᠤᠯᠤᠰ ᠲᠠᠢ ᠵᠠᠬ᠎ᠠ ᠨᠡᠶᠢᠯᠡᠵᠤ᠂ ᠤᠯᠤᠰ ᠤᠨ ᠬᠢᠯᠢ ᠶᠢᠨ ᠱᠤᠭᠤᠮ ᠤᠨ ᠤᠷᠳᠤ ᠨᠢ 188.68 ᠺᠢᠯᠦᠮᠧᠲᠷ᠂ ᠶᠡᠷᠤᠩᠬᠡᠢ ᠲᠡᠯᠡᠪᠠᠢ ᠨᠢ 80412 ᠲᠡᠭᠰᠢ ᠲᠦᠷᠪᠡᠯᠵᠢᠨ ᠺᠢᠯᠦᠮᠧᠲᠷ ᠪᠠᠶᠢᠵᠤ᠂ ᠲᠡᠭᠷᠢ ᠡᠯᠡᠰᠦᠨ ᠴᠦᠯ᠂ ᠤᠯᠠᠭᠠᠨᠪᠤᠬ᠎ᠠ ᠡᠯᠡᠰᠦᠨ ᠴᠦᠯ ᠬᠦᠨᠳᠡᠯᠡᠨ ᠲᠤᠭᠤᠯᠵᠤ᠂ 110 ᠨᠤᠮᠧᠷᠳᠤ ᠤᠯᠤᠰ ᠤᠨ ᠵᠠᠮ᠂ ᠪᠡᠭᠡᠵᠢᠩ — ᠯᠠᠨᠵᠸᠤ ᠶᠢᠨ ᠲᠡᠮᠤᠷ ᠵᠠᠮ᠂ ᠭᠠᠨ ᠲᠠᠩ — ᠡᠤ ᠸᠧᠢ ᠶᠢᠨ ᠲᠡᠮᠦᠷ ᠵᠠᠮ ᠨᠡᠪᠳᠡᠷᠡᠵᠦ ᠪᠤᠢ᠃ ᠲᠡᠬᠦᠨ ᠤ ᠬᠠᠷᠢᠶᠠᠨ ᠳᠤ 5 ᠪᠠᠯᠭᠠᠰᠤ᠂ 8 ᠰᠤᠮᠤ ᠲᠠᠢ᠂ ᠬᠦᠮᠦᠨ ᠠᠮᠠ ᠨᠢ 15 ᠲᠦᠮᠡ ᠤᠷᠴᠢᠮ ᠪᠠᠶᠢᠵᠤ᠂ ᠮᠤᠩᠭᠤᠯ᠂ ᠬᠢᠳᠡᠳ᠂ ᠬᠤᠳᠤᠩ᠂ ᠮᠠᠨᠵᠤ ᠵᠡᠷᠭᠡ 14 ᠦᠨᠳᠦᠰᠦᠳᠡᠨ ᠪᠤᠢ᠃ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠰᠠᠭᠤᠭ᠎ᠠ ᠭᠠᠵᠠᠷ ᠪᠤᠯᠬᠤ ᠪᠠᠶᠠᠨᠬᠤᠳᠠ  ᠨᠢ ︽ᠠᠷᠤ ᠭᠠᠵᠠᠷ ᠤᠨ ᠪᠠᠭ᠎ᠠ ᠪᠡᠭᠡᠵᠢᠩ︾ ᠭᠡᠬᠦ ᠰᠠᠶᠢᠬᠠᠨ ᠴᠤᠯᠠ ᠲᠠᠢ ᠪᠠᠶᠢᠵᠤ᠂ ᠠᠯᠠᠱᠠ ᠠᠶᠢᠮᠠᠭ ᠪᠡ ᠠᠯᠠᠱᠠ ᠵᠡᠬᠦᠨ ᠬᠤᠰᠢᠭᠤᠨ ᠤ ᠤᠯᠤᠰ ᠲᠦᠷᠦ᠂ ᠠᠵᠤ ᠠᠬᠤᠢ᠂ ᠰᠤᠶᠤᠯ ᠤᠨ ᠲᠦᠪ ᠮᠦᠨ᠃ ᠠᠯᠠᠱᠠ ᠵᠡᠬᠦᠨ ᠬᠤᠰᠢᠭᠤᠨ ᠳᠤ ᠬᠦᠷᠬᠦᠯᠡᠷ᠂ ᠡᠴᠢᠨ᠎ᠠ ᠨᠢᠭᠤᠴᠠᠭᠠᠢ ᠮᠦᠷᠳᠡᠭᠡᠨ ᠰᠦᠷᠯᠢᠭ ᠠᠭᠤᠳᠠᠮ ᠰᠠᠨᠠᠭᠳᠠᠳᠠᠭ ᠂ ᠡᠨᠡ ᠪᠤᠯ ᠨᠢᠭᠡᠨ ᠡᠯᠡᠰᠦ ᠮᠠᠩᠬ᠎ᠠ ᠳᠤ ᠪᠦᠪᠡᠶᠢᠯᠡᠭᠳᠡᠭᠰᠡᠨ ᠡᠩ ᠦᠭᠡᠢ ᠨᠤᠮᠢᠨ ᠭᠡᠷ ᠤᠷᠤᠨ ᠶᠤᠮ᠃ ᠡᠷᠳᠡᠨ ᠤ ᠲᠤᠷᠭᠠᠨ ᠵᠠᠮ ᠳᠤ ᠮᠠᠯᠵᠢᠯ ᠤᠨ ᠲᠠᠭᠤᠤ ᠴᠤᠤᠷᠢᠶᠠᠳᠤᠨ᠎ᠠ᠃ ᠡᠯᠡᠰᠦᠨ ᠴᠦᠯ ᠤᠨ ᠭᠠᠨᠳᠠᠷᠢᠰᠦᠨ ᠪᠠᠯᠭᠠᠰᠤ᠂ ᠬᠦᠮᠦᠨ ᠤ ᠶᠢᠷᠳᠢᠨᠴᠤ ᠶᠢᠨ ᠵᠡᠬᠦᠳᠤ ᠵᠡᠷᠭᠡᠯᠭᠡᠨ ᠮᠠᠳᠤ᠃ ᠰᠦᠷᠯᠢᠭ ᠦᠨᠳᠦᠷ ᠡᠾᠧ ᠯᠠᠨ ᠱᠠᠨ ᠠᠭᠤᠯᠠ᠂ ᠭᠠᠶᠢᠬᠠᠮᠰᠢᠭᠳᠤ ᠰᠠᠶᠢᠬᠠᠨ ᠡᠯᠡᠰᠦ ᠮᠠᠩᠬᠠᠨ ᠤ ᠳᠤᠩᠭᠠᠯᠠᠭ ᠨᠠᠭᠤᠷ᠂ ᠪᠤᠯᠤᠷ ᠲᠤᠩᠭᠠᠯᠠᠭ ᠰᠦᠷᠯᠢᠭ ᠰᠠᠶᠢᠬᠠᠨ ᠵᠢᠷᠠᠨᠲᠠᠢ ᠶᠢᠨ ᠲᠠᠪᠤᠰᠤᠨ ᠨᠠᠭᠤᠷ᠂ ᠤᠤᠷ ᠪᠤᠷᠤᠭᠵᠢᠭᠤᠨ ᠦᠨᠳᠦᠰᠦᠳᠡᠨ ᠤ ᠬᠡᠪ ᠰᠤᠷᠳᠠᠯ ᠨᠢ ᠰᠢᠯᠦᠭ ᠲᠠᠭᠤᠤ ᠮᠡᠳᠤ ᠵᠢᠷᠤᠭ ᠤᠨ ᠲᠤᠪᠬᠢᠮᠠᠯ ᠰᠢᠭ ᠨᠢᠳᠤᠨ ᠡᠮᠦᠨ᠎ᠠ ᠲᠡᠯᠭᠡᠭᠳᠡᠵᠤ ᠪᠤᠢ᠃ ᠲᠦᠪᠡᠳ ᠤᠯᠠᠮᠵᠢᠯᠠᠯᠳᠤ ᠪᠤᠳ᠋ᠳ᠋ᠾᠠ ᠶᠢᠨ ᠱᠠᠰᠢᠨ ᠤ ᠠᠷᠢᠭᠤᠨ ᠤᠷᠤᠨ ᠭᠤᠸᠠᠩ ᠽᠦᠡᠭ ᠰᠧ᠂ ᠹᠦ᠋ ᠶᠢᠨ ᠰᠧ ᠵᠡᠷᠭᠡ ᠨᠠᠶᠢᠮᠠᠨ ᠶᠡᠭᠡ ᠰᠦᠨ᠎ᠠ ᠶᠢᠨ ᠪᠤᠳ᠋ᠳ᠋ᠾᠠ  ᠶᠢᠨ ᠱᠠᠰᠢᠨ ᠤ ᠰᠤᠶᠤᠯ ᠨᠢ ᠦᠨᠢ ᠤᠳᠠᠭᠠᠨ ᠪᠠᠶᠢᠵᠤ᠂ ᠬᠦᠬᠡᠨᠡᠭᠤᠷ ᠲᠦᠪᠡᠳ ᠤᠨ ᠦᠨᠳᠦᠷᠯᠢᠭ ᠲᠤ ᠬᠦᠷᠬᠦ ᠦᠭᠡᠢ ᠪᠠᠷ ᠴᠤ ᠲᠡᠬᠦᠨ ᠤ ᠠᠷᠢᠭᠤᠳᠬᠠᠯ ᠢ ᠬᠦᠷᠳᠡᠵᠤ ᠪᠤᠯᠬᠤ ᠶᠤᠮ᠃ ᠮᠤᠩᠭᠤᠯ ᠭᠡᠷ ᠲᠤ ᠰᠦ ᠲᠠᠢ ᠴᠠᠢ ᠠᠮᠰᠠᠵᠤ᠂ ᠬᠤᠨᠢᠨ ᠮᠢᠬᠠᠨ ᠠᠴᠠ ᠨᠢ ᠠᠮᠳᠠᠯᠠᠵᠤ ᠰᠠᠭᠤᠬᠤ ᠳᠤ᠂ ᠨᠡᠷᠡᠳᠤ ᠰᠦᠮ᠎ᠠ ᠡᠷᠳᠡᠨ ᠤ ᠬᠡᠶᠢᠳ ᠤᠨ ᠦᠷᠯᠦᠭᠡ ᠶᠢᠨ ᠵᠦᠡᠭ ᠦᠳᠡᠰᠢ ᠶᠢᠨ ᠬᠡᠨᠭᠬᠡᠷᠭᠡ ᠶᠢᠨ ᠲᠭᠠᠤᠨ ᠲᠡᠷᠳᠡᠭᠡ ᠬᠤᠯᠠ ᠶᠢᠨ ᠪᠤᠳᠤᠯᠭᠠᠰᠢᠷᠠᠯ ᠳᠤ ᠭᠦᠳᠦᠯᠦᠨ᠎ᠠ᠃ ᠠᠳᠡᠬᠢ ᠶᠢᠨ ᠠᠭᠤᠷᠬᠠᠢ ᠶᠢᠨ ᠭᠠᠷᠤᠯᠳᠠ ᠶᠢᠨ ᠲᠠᠷᠬᠠᠯᠳᠠ ᠦᠷᠭᠡᠨ᠂ ᠨᠢᠭᠡᠨᠳᠡ ᠬᠠᠶᠢᠨ ᠲᠤᠳᠤᠯᠠᠭᠰᠠᠨ ᠠᠭᠤᠷᠬᠠᠢ  ᠶᠢᠨ ᠭᠠᠷᠤᠯᠳᠠ 60 ᠭᠠᠷᠤᠢ ᠵᠦᠢᠯ ᠪᠠᠶᠢᠵᠤ᠂ ᠠᠭᠤᠷᠬᠠᠢ ᠶᠢᠨ ᠭᠠᠷᠤᠯᠳᠠ ᠶᠢᠨ ᠤᠷᠤᠨ ᠨᠢ 310 ᠭᠠᠷᠤᠢ ᠭᠠᠵᠠᠷ ᠪᠠᠶᠢᠳᠠᠭ᠂ ᠨᠡᠬᠦᠷᠡᠰᠦ᠂ ᠲᠠᠪᠤᠰᠤ᠂ ᠵᠤᠭᠠᠡᠭ᠂ ᠲᠠᠮᠤᠷ᠂ ᠠᠯᠳᠠ᠂ ᠭᠠᠨᠳᠢᠭ ᠴᠢᠯᠠᠭᠤ ᠵᠡᠷᠭᠡ ᠶᠢᠨ ᠬᠠᠳᠠᠭᠠᠯᠠᠭᠳᠠᠴᠠ  ᠶᠢᠨ ᠬᠡᠮᠵᠢᠶ᠎ᠠ ᠨᠢ 14.7 ᠳ᠋ᠦᠡᠬ᠋ᠰᠢᠭᠤᠷ ᠲᠤᠨ ᠪᠠᠶᠢᠳᠠᠭ᠃ ︽ᠤᠬᠢ ᠨᠠᠬᠦᠷᠡᠰᠦ︾ ᠭᠡᠵᠤ ᠠᠯᠳᠠᠷᠰᠢᠭᠰᠠᠨ ᠲᠠᠶᠢᠰᠢ  ᠶᠢᠨ ᠤᠳᠤᠭ᠎ᠠ ᠦᠭᠡᠢ ᠨᠡᠬᠦᠷᠡᠰᠦ ᠨᠢ ᠭᠠᠳᠠᠭᠠᠳᠤ ᠳᠤ ᠭᠠᠷᠭᠠᠵᠤ ᠭᠤᠪᠢᠭᠤᠯᠭ᠎ᠠ ᠤᠯᠬᠤ ᠨᠢᠳᠤᠷᠭᠠᠨ ᠤᠢᠢᠯᠡᠳᠬᠦᠨ ᠪᠤᠯᠬᠤ ᠶᠤᠮ᠃ ᠪᠦᠬᠦ ᠬᠤᠰᠢᠭᠤᠨ ᠳᠤ ᠨᠡᠶᠢᠳᠡ 6900 ᠲᠦᠮᠡᠨ ᠮᠤ᠋ ᠲᠠᠯ᠎ᠠ ᠭᠠᠵᠠᠷ ᠪᠠᠶᠢᠵᠤ᠂ ᠤᠢ ᠰᠢᠭᠤᠢ ᠶᠢᠨ ᠲᠠᠯᠠᠪᠠᠢ ᠨᠢ 120 ᠲᠦᠮᠡᠨ ᠮᠤ᠋᠂ ᠳᠠᠷᠢᠶᠠᠯᠠᠬᠤ ᠲᠡᠯᠡᠪᠠᠢ ᠨᠢ 25 ᠲᠦᠮᠡᠨ ᠮᠤ᠋ ᠪᠠᠶᠢᠳᠠᠭ᠂ ᠤᠨᠴᠠᠭᠠᠢᠢᠯᠠᠨ ᠡᠾᠧ ᠯᠠᠨ ᠱᠠᠨ ᠠᠭᠤᠯᠠᠨ ᠤ ᠤᠯᠤᠰ ᠤᠨ ᠬᠠᠮᠠᠭᠠᠯᠠᠯᠳᠠ ᠶᠢᠨ ᠤᠷᠤᠨ ᠳᠤ ᠪᠡᠯᠡᠷ ᠡᠷᠳᠡᠨ ᠤ ᠡᠬᠦᠰᠦᠮᠡᠯ ᠤᠢ 36 ᠲᠦᠮᠡᠨ ᠮᠤ᠋ ᠪᠠᠶᠢᠵᠤ᠂ ᠦᠪᠦᠷ ᠮᠤᠩᠭᠤᠯ ᠤᠨ ᠦᠪᠷᠳᠡᠭᠡᠨ ᠵᠠᠰᠰᠠᠬᠤ ᠤᠷᠤᠨ ᠨᠠᠩ ᠴᠢᠨᠠᠭᠰᠢᠯᠠᠨ ᠤᠮᠠᠷᠠᠳᠤ ᠶᠢᠨ ᠪᠠᠶᠢᠭᠠᠯᠢ  ᠶᠢᠨ ᠠᠮᠢ ᠠᠬᠤᠢ ᠶᠢᠨ ᠬᠠᠯᠬᠠᠪᠴᠢ ᠪᠤᠯᠤᠭᠰᠠᠨ ᠪᠢᠯᠠ᠃ ᠠᠳᠡ ᠨᠡᠶᠢᠳᠡ 128 ᠲᠤᠯᠤᠭᠠᠢ ᠮᠠᠯ ᠰᠦᠷᠦᠭ ᠪᠠᠶᠢᠵᠤ᠂ ᠠᠯᠠᠱᠠ ᠶᠢᠨ ᠬᠤᠤᠰ ᠪᠦᠬᠦᠳᠦ ᠲᠡᠮᠡᠭᠡ ᠪᠡ ᠠᠯᠠᠱᠠ ᠶᠢᠨ ᠴᠠᠭᠠᠨ ᠨᠤᠯᠤᠤᠷᠳᠤ ᠢᠮᠠᠭ᠎ᠠ ᠨᠢ ᠲᠤᠬᠠᠢ ᠶᠢᠨ ᠭᠠᠵᠠᠷ ᠤᠨ ᠬᠤᠶᠠᠷ ᠶᠡᠭᠡ ᠰᠢᠯᠢᠳᠡᠭ ᠮᠠᠯ ᠤᠨ ᠲᠦᠷᠦᠯ ᠪᠤᠯᠤᠨ᠎ᠠ᠃ ᠠᠯᠠᠱᠠ ᠵᠡᠬᠦᠨ ᠬᠤᠰᠢᠭᠤ ᠨᠢ ᠬᠡᠬᠡᠷ᠎ᠠ ᠶᠢᠨ ᠠᠮᠢᠳᠠᠨ ᠤᠷᠭᠤᠮᠠᠯ ᠤᠨ ᠲᠦᠷᠦᠯ ᠵᠦᠢᠯ ᠢᠶᠠᠷ ᠦᠯᠠᠮᠵᠢ ᠠᠷᠪᠢᠨ᠂ ᠴᠠᠭᠠᠨ ᠭᠤᠶᠤᠤ᠂ ᠰᠢᠬᠢᠷ ᠡᠪᠡᠰᠦ᠂ ᠵᠡᠭᠡᠷᠭᠡᠨ᠎ᠠ ᠂ ᠬᠤᠨᠴᠢᠷ᠂ ᠤᠯᠠᠭᠠᠨ ᠭᠤᠶᠤᠤ ᠵᠡᠷᠭᠡ ᠬᠢᠳᠡᠳ ᠡᠮ ᠤᠨ ᠮᠠᠲ᠋ᠧᠷᠢᠶᠠᠯ ᠢᠶᠠᠷ ᠡᠯᠪᠡᠭ᠂ ᠴᠠᠭᠠᠨ ᠢᠷᠪᠡᠰ᠂ ᠠᠷᠭᠠᠯᠢ᠂ ᠬᠤᠯᠠᠨ᠂ ᠪᠤᠭᠤ᠂ ᠠᠷᠠᠭᠠᠳᠤ᠂ ᠰᠢᠯᠦᠬᠦᠰᠦ ᠵᠡᠷᠭᠡ ᠶᠢᠨ ᠬᠡᠬᠡᠷ᠎ᠠ ᠶᠢᠨ ᠠᠮᠢᠳᠠᠨ ᠤ ᠡᠬᠢ ᠪᠠᠶᠠᠯᠢᠭ ᠢᠶᠠᠷ ᠡᠯᠪᠡᠭ ᠪᠠᠶᠢᠳᠠᠭ᠃ ᠤᠷᠴᠢᠮ ᠤᠨ ᠵᠢᠯ ᠤᠳ ᠲᠤ᠂ ᠠᠯᠠᠱᠠ ᠵᠡᠬᠦᠨ ᠬᠤᠰᠢᠭᠤ ᠨᠢ ᠠᠮᠢ ᠠᠬᠤᠢ ᠪᠠᠷ ᠬᠤᠰᠢᠭᠤ ᠪᠠᠨ ᠪᠠᠶᠢᠭᠤᠯᠵᠤ᠂ ᠠᠵᠤ ᠤᠢᠢᠯᠡᠳᠪᠦᠷᠢ ᠪᠠᠷ ᠬᠤᠰᠢᠭᠤ ᠪᠠᠨ ᠴᠢᠨᠠᠭᠡᠯᠢᠭᠵᠢᠬᠦᠯᠬᠦ᠂ ᠰᠢᠨᠵᠢᠯᠡᠬᠦ ᠤᠬᠠᠭᠠᠨ ᠰᠤᠷᠭᠠᠨ ᠬᠦᠮᠦᠵᠢᠯ ᠢᠶᠠᠷ ᠬᠤᠰᠢᠭᠤ ᠪᠠᠨ ᠮᠠᠨᠳᠤᠭᠤᠯᠬᠤ᠂ ᠰᠤᠶᠤᠯ ᠢᠶᠠᠷ ᠬᠤᠰᠢᠭᠤ ᠪᠠᠨ ᠬᠦᠭᠵᠢᠬᠦᠯᠬᠦ᠂ ᠴᠢᠳᠡᠪᠦᠷᠢᠳᠡᠨ ᠢᠶᠠᠷ ᠬᠤᠰᠢᠭᠤ ᠪᠠᠨ ᠬᠦᠴᠦᠷᠭᠡᠭᠵᠢᠬᠦᠯᠬᠦ᠂ ᠬᠠᠤᠯᠢ ᠪᠠᠷ ᠬᠤᠰᠢᠭᠤ ᠪᠠᠨ ᠵᠠᠰᠠᠬᠤ ᠶᠢ ᠪᠠᠷᠢᠮᠳᠠᠯᠠᠵᠤ᠂ ᠠᠵᠤ ᠠᠬᠤᠢ ᠪᠠ ᠨᠡᠶᠢᠬᠡᠮ ᠤᠨ ᠡᠯ᠎ᠠ ᠲᠠᠯ᠎ᠠ ᠶᠢᠨ ᠤᠢᠢᠯᠡᠰ ᠨᠢ ᠪᠦᠬᠦ ᠲᠠᠯ᠎ᠠ ᠪᠠᠷ ᠬᠦᠭᠵᠢᠵᠤ᠂ ᠠᠵᠤ ᠠᠬᠤᠢ ᠬᠦᠭᠵᠢᠭᠰᠡᠨ᠂ ᠨᠡᠶᠢᠬᠡᠮ ᠲᠠᠪᠰᠢᠭᠰᠠᠨ᠂ ᠬᠢᠯᠢ ᠬᠢᠵᠠᠭᠠᠷ ᠤᠷᠤᠨ ᠠᠮᠤᠷ ᠲᠦᠪᠰᠢᠨ᠂ ᠦᠨᠳᠦᠰᠦᠳᠡᠨ ᠤ ᠪᠦᠯᠬᠦᠮᠳᠡᠭᠰᠡᠨ ᠰᠠᠶᠢᠨ ᠰᠠᠶᠢᠬᠠᠨ ᠪᠠᠶᠢᠳᠠᠯ ᠢᠯᠡᠷᠡᠭᠰᠡᠨ ᠪᠠᠶᠢᠨ᠎ᠠ᠃ ᠤᠷᠢᠳᠦ ᠶᠢᠨ ᠡᠵᠡᠬᠦᠢ ᠬᠡᠭᠡᠷ᠎ᠠ ᠨᠢ ᠦᠨᠦᠳᠦᠷ ᠨᠢᠭᠡᠨᠳᠡ ᠠᠮᠢ ᠨᠠᠰᠤᠨ ᠤ ᠨᠤᠭᠤᠭᠠᠨ ᠪᠦᠷᠢᠳᠤ ᠪᠤᠯᠵᠤ᠂ ᠦᠷᠭᠡᠨ ᠠᠭᠤᠳᠠᠮ ᠦᠡᠭ ᠰᠢᠮᠡᠯᠢᠭ ᠬᠦᠷᠦᠰᠦ ᠨᠢ ᠲᠡᠬᠦᠯᠢᠨ ᠨᠢᠰᠬᠦ ᠲᠡᠯᠡᠪᠴᠢ ᠪᠠᠨ ᠲᠡᠯᠭᠡᠪᠡ᠃ ᠦᠨᠦᠳᠦᠷ᠂ ᠠᠯᠠᠱᠠ ᠵᠡᠬᠦᠨ ᠬᠤᠰᠢᠭᠤ ᠨᠢ ᠪᠠᠷᠠᠭᠤᠨ ᠤᠷᠤᠨ ᠢ ᠶᠡᠬᠡᠪᠡᠷ ᠨᠡᠭᠡᠭᠡᠨ ᠬᠦᠭᠵᠢᠬᠦᠯᠬᠦ ᠪᠡ ᠮᠠᠨ ᠤ ᠤᠯᠤᠰ ᠲᠡᠯᠡᠬᠡᠢ ᠶᠢᠨ ᠠᠷᠠᠯᠵᠢᠶᠠᠨ ᠤ ᠵᠤᠬᠢᠶᠠᠨ ᠪᠠᠶᠢᠭᠤᠯᠤᠯᠳᠠ ᠳᠤ ᠤᠷᠤᠭᠰᠠᠨ ᠲᠤᠬᠢᠶᠠᠯ ᠢ ᠴᠢᠩᠭ᠎ᠠ ᠠᠳᠬᠤᠵᠤ᠂ ︽ᠵᠤᠬᠢᠬᠤ ᠬᠡᠮᠵᠢᠶ᠎ᠠ  ᠪᠠᠷ ᠪᠠᠭᠠᠰᠬᠠᠬᠤ᠂ ᠬᠠᠷᠢᠴᠠᠩᠭᠤᠢ ᠪᠠᠷ ᠲᠦᠪᠯᠡᠷᠡᠬᠦᠯᠬᠦ︾ ᠵᠠᠷᠴᠢᠮ ᠶᠤᠰᠤᠭᠠᠷ᠂ ᠲᠦᠪᠯᠡᠷᠡᠬᠦᠯᠦᠨ ᠬᠦᠭᠵᠢᠬᠦᠯᠬᠦ ᠵᠠᠮ  ᠢᠶᠠᠷ ᠵᠠᠮᠨᠠᠵᠤ᠂ ᠠᠮᠢ ᠠᠬᠤᠢ ᠶᠢᠨ ᠪᠠᠶᠢᠭᠤᠯᠤᠯᠳᠠ ᠶᠢ ᠪᠦᠬᠦ ᠲᠠᠯ᠎ᠠ ᠪᠠᠷ ᠴᠢᠩᠭᠠᠳᠬᠠᠵᠤ᠂ ᠠᠵᠤ ᠤᠢᠢᠯᠡᠳᠪᠦᠷᠢᠵᠢᠯᠳᠡ᠂ ᠬᠤᠳᠠ ᠪᠠᠯᠭᠠᠰᠤᠵᠢᠯᠳᠠ᠂ ᠲᠡᠷᠢᠶᠠᠯᠠᠩ ᠮᠠᠯ ᠠᠵᠤ ᠠᠬᠤᠢ ᠶᠢᠨ ᠠᠵᠤ ᠦᠢᠯᠡᠰᠵᠢᠯᠳᠡ ᠶᠢᠨ ᠠᠬᠢᠴᠠ ᠶᠢ ᠲᠦᠷᠭᠡᠳᠬᠡᠨ᠂ ᠵᠢᠭᠤᠯᠴᠢᠯᠠᠯ  ᠤᠨ ᠤᠢᠢᠯᠡᠰ ᠢ ᠶᠡᠬᠡᠪᠡᠷ ᠬᠦᠭᠵᠢᠬᠦᠯᠦᠨ ︽ᠬᠤᠰᠢᠭᠤ ᠪᠠᠨ ᠬᠦᠭᠵᠢᠬᠦᠯᠦᠨ ᠠᠷᠠᠳ ᠢᠶᠠᠨ ᠪᠠᠶᠠᠵᠢᠭᠤᠯᠵᠤ᠂ ᠲᠡᠷᠢᠬᠦᠨ ᠤ ᠡᠩᠨᠡᠭᠡ ᠳᠤ ᠤᠷᠤᠬᠤ︾ ᠬᠠᠷᠠᠯᠳᠠ ᠶᠢ ᠪᠡᠶᠡᠯᠡᠬᠦᠯᠬᠦ ᠪᠠᠷ ᠡᠷᠡᠯᠭᠡᠭᠯᠡᠨ ᠤᠷᠤᠭᠰᠢᠯᠠᠵᠤ ᠪᠤᠢ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号