ᠮᠠᠨ ᠤ ᠨᠤᠲᠤᠭ ᠤᠨ ᠬᠦᠮᠦᠰ ᠠᠶᠢᠯ ᠠᠶᠢᠮᠠᠭ᠂ ᠤᠪᠤᠭ ᠲᠦᠷᠦᠯ ᠤᠨ ᠲᠤᠬᠠᠢ ︽ᠬᠦᠬᠡ ᠰᠤᠳᠤᠷ ᠤᠯᠠᠭᠠᠨ | ᠱᠤᠭᠤᠮ ᠳᠤ ᠨᠡᠷ᠎ᠡ ᠲᠠᠢ ᠤᠤ︖︾ ᠭᠡᠵᠤ ᠤᠬᠤᠴᠢᠯᠠᠨ ᠠᠰᠠᠭᠤᠳᠠᠭ᠃ ᠪᠠᠰᠠ ᠬᠦᠮᠦᠨ ᠨᠡᠶᠢᠭᠡᠮ ᠳᠤ ᠲᠤᠰᠠᠲᠠᠢ | ᠠᠵᠢᠯ ᠬᠢᠵᠤ ︽ᠬᠦᠬᠡ ᠰᠤᠳᠤᠷ᠂ ᠤᠯᠠᠭᠠᠨ ᠱᠤᠭᠤᠮ ᠳᠤ ᠨᠡᠷ᠎ᠡ ᠪᠠᠨ ᠦᠯᠡᠳᠡᠭᠡᠨ᠎ᠡ︾ ᠭᠡᠵᠤ ᠦᠷ᠎ᠡ ᠬᠡᠦᠬᠡᠳ | ᠢᠶᠠᠨ ᠰᠤᠷᠭᠠᠳᠠᠭ᠃ | ᠠᠯᠢ ᠡᠷᠲᠡ ᠠᠴᠠ ᠵᠠᠰᠠᠭ ᠨᠤᠶᠠᠨ ᠠᠴᠠ ᠬᠠᠷᠢᠶᠠᠲᠤ ᠠᠷᠠᠳ ᠢᠶᠠᠨ ᠦᠶ᠎ᠡ ᠳᠠᠷᠠᠭᠠᠯᠠᠨ ᠪᠦᠷᠢᠳᠬᠡᠯ ᠬᠢᠳᠡᠭ | ᠭᠡᠨ᠎ᠡ᠃ ᠡᠨᠡᠬᠦ ᠪᠦᠷᠢᠳᠬᠡᠯ ᠨᠢ ᠡᠵᠡᠨ ᠵᠤᠷᠭᠠᠨ ᠤ ᠳᠠᠮᠠᠭ᠎ᠠ ᠲᠠᠢ᠂ ᠤᠯᠠᠭᠠᠨ ᠱᠤᠭᠤᠮ ᠲᠠᠢ ᠬᠠᠭᠤᠳᠠᠰᠤ ᠶᠢ | ᠲᠤᠰᠬᠠᠢ ᠬᠡᠷᠡᠭᠯᠡᠳᠡᠭ᠃ ᠡᠨᠡᠬᠦ ᠪᠦᠷᠢᠳᠬᠡᠯ ᠳᠤ ᠠᠶᠢᠯ ᠡᠷᠦᠬᠡ ᠶᠢᠨ ᠡᠵᠡᠨ᠂ ᠤᠪᠤᠭ ᠠᠶᠢᠮᠠᠭ᠂ ᠠᠬᠠᠮᠠᠳ | ᠨᠠᠰᠤᠲᠠᠨ᠂ ᠦᠷ᠎ᠡ ᠬᠡᠦᠬᠡᠳ ᠤᠨ ᠨᠡᠷ᠎ᠡ᠂ ᠨᠠᠰᠤ᠂ ᠭᠠᠪᠢᠶ᠎ᠠ ᠵᠢᠳᠭᠦᠯ᠂ ᠤᠰᠤᠯ ᠪᠤᠷᠤᠭᠤ ᠶᠢ ᠲᠤᠳᠤᠷᠬᠠᠢ | ᠲᠡᠮᠳᠡᠭᠯᠡᠵᠤ᠂ ᠲᠡᠮᠳᠡᠭᠯᠡᠯ ᠪᠦᠷᠢᠳᠬᠡᠯ ᠳᠤ ᠤᠷᠤᠪᠠᠯ ᠬᠠᠮᠢᠶ᠎ᠠ ᠨᠠᠮᠢᠶ᠎ᠠ ᠦᠭᠡᠢ ᠬᠤᠪᠢᠷᠠᠭᠤᠯᠵᠤ ᠪᠤᠯᠬᠤ ᠦᠭᠡᠢ᠂ ᠭᠡᠨ | ᠴᠣ᠋ ᠳᠤᠷ᠎ᠠ ᠪᠠᠷ ᠢᠶᠠᠨ ᠦᠵᠡᠵᠤ ᠪᠤᠯᠬᠤ ᠦᠭᠡᠢ᠂ ᠲᠦᠪ ᠦᠨᠡᠨᠴᠢ ᠪᠠᠷ ᠮᠡᠳᠡᠭᠦᠯᠦᠨ ᠸᠠᠩ ᠤᠨ ᠤᠷᠳᠤᠨ ᠳᠤ | ᠲᠤᠰᠬᠠᠢ ᠬᠦᠮᠦᠨ ᠬᠠᠮᠢᠶᠠᠷᠴᠦ᠂ ᠸᠠᠩ ᠭᠡᠭᠡᠨ ᠯᠨ ᠦᠵᠡᠬᠦ ᠡᠷᠭᠡ ᠲᠠᠢ᠃ ᠤᠯᠠᠭᠠᠨ ᠱᠤᠭᠤᠮ ᠲᠠᠢ | ᠬᠠᠭᠤᠳᠠᠰᠤᠨ ᠳᠤ ᠲᠡᠮᠳᠡᠭᠯᠡᠭᠰᠡᠨ ᠢ ᠨᠢ ᠳᠡᠭᠡᠭᠰᠢ ᠡᠷᠭᠦᠨ ᠮᠡᠳᠡᠭᠦᠯᠵᠤ᠂ ᠨᠢᠭᠡ ᠬᠤᠪᠢ ᠬᠠᠭᠤᠯᠪᠤᠷᠢ ᠶᠢ ᠨᠢ | ᠤᠷᠳᠤᠨ ᠲᠠᠭᠠᠨ ᠦᠯᠡᠳᠡᠭᠡᠵᠤ ᠡᠭᠦᠨ ᠢ ᠨᠢ ᠪᠦᠷ ︽ᠬᠦᠬᠡ ᠰᠤᠳᠤᠷ︾ ᠭᠡᠳᠡᠭ ᠭᠡᠨ᠎ᠡ᠃ ᠬᠡᠦᠬᠡᠳ ᠰᠢᠦᠬᠠᠳ | ᠬᠦᠬᠡ ᠰᠤᠳᠤᠷ᠂ ᠤᠯᠠᠭᠠᠨ ᠱᠤᠭᠤᠮ ᠳᠤ ᠭᠡᠨ ᠤ ᠨᠡᠷ᠎ᠡ ᠪᠠᠷ ᠪᠦᠷᠢᠳᠬᠡᠯᠭᠡᠭᠰᠡᠨ ᠪᠤᠯ ᠲᠡᠭᠦᠨ ᠤ ᠤᠪᠤᠭ ᠠᠶᠢᠮᠠᠭ | ᠢ ᠳᠠᠭᠠᠬᠤ ᠶᠤᠰᠤᠲᠠᠢ᠃ ᠡᠨᠡᠬᠦ ᠶᠤᠰᠤ ᠶᠢ ᠦᠶ᠎ᠡ ᠳᠠᠷᠠᠭᠠᠯᠠᠨ ᠤᠯᠠᠮᠵᠢᠯᠠᠨ᠎ᠠ᠃ ︽ᠬᠦᠬᠡ ᠰᠤᠳᠤᠷ᠂ ᠤᠯᠠᠭᠠᠨ | ᠱᠤᠭᠤᠮ︾ ᠳᠤ ᠲᠡᠮᠳᠡᠭᠯᠡᠪᠡᠯ ᠰᠠᠶ᠋ᠢ ᠵᠢᠩᠬᠢᠨᠢ ᠲᠡᠷᠡ ᠨᠤᠲᠤᠭ ᠤᠨ ᠭᠦᠮᠦᠨ ᠭᠡᠵᠡᠭᠡᠳᠡᠭ᠃ ᠨᠠᠰᠤᠲᠠᠳ ᠤᠨ | ᠶᠠᠷᠢᠬᠤ ᠪᠠᠷ ᠬᠦᠡᠭᠨᠠᠴᠦ᠋ᠨ ᠪᠤᠯ ᠬᠤᠰᠢᠭᠤᠨ ᠸᠠᠩ ᠤᠨ ᠬᠠᠮᠤᠭ ᠰᠡᠭᠦᠯᠴᠢ ᠶᠢᠨ ︽ᠬᠦᠬᠡ ᠰᠤᠳᠤᠷ᠂ ᠤᠯᠠᠭᠠᠨ | ᠱᠤᠭᠤᠮ︾ ᠢ ᠬᠠᠮᠢᠶᠠᠷᠤᠭᠴᠢ ᠭᠡᠳᠡᠭ᠃ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |