| | ᠠᠽᠢᠶ᠎ᠠ ᠡᠸᠦ᠋ᠷᠦᠫᠠ ᠶᠢ ᠰᠤᠨᠳᠠᠯᠠᠭᠰᠠᠨ ᠠᠪᠤᠷᠭᠤ ᠲᠦᠷᠦ ᠶᠢ ᠴᠤᠭᠴᠠᠯᠠᠨ ᠪᠠᠶᠢᠭᠤᠯᠤᠭᠰᠠᠨ ᠮᠤᠩᠭᠤᠯᠴᠤᠳ | ᠮᠤᠷᠢᠨ ᠨᠢᠷᠤᠭᠤᠨ ᠳᠡᠭᠡᠷ᠎ᠠ ᠠᠴᠠ ᠳᠡᠯᠡᠬᠡᠢ ᠶᠢ ᠳᠤᠭᠳᠠᠭᠠᠵᠦ᠂ ᠳᠡᠯᠡᠬᠡᠢ ᠲᠦᠮᠡᠨ ᠤ ᠳᠤᠮᠳᠠ ︽ᠠᠭᠳᠠ ᠶᠢᠨ | ᠨᠢᠷᠤᠭᠤᠨ ᠳᠡᠭᠡᠷᠡᠭᠢ ᠦᠨᠳᠤᠰᠤᠳᠡᠨ︾ ᠬᠡᠮᠡᠨ ᠠᠯᠳᠠᠷᠰᠢᠵᠠᠢ᠃ ᠤᠯᠠᠨ ᠵᠠᠭᠤᠨ ᠤ ᠳᠤᠷᠰᠢ ᠮᠤᠷᠢ | ᠮᠤᠩᠭᠤᠯᠴᠤᠳ ᠤᠨ ᠠᠮᠢᠳᠤᠷᠠᠯ᠂ ᠦᠢᠯᠡᠳᠪᠦᠷᠢᠯᠡᠯ᠂ ᠲᠡᠮᠡᠴᠡᠯ ᠤᠨ ᠳᠠᠶᠢᠴᠢᠨ ᠬᠠᠨᠢ ᠨᠢ ᠪᠤᠯᠵᠦ᠂ | ᠮᠤᠩᠭᠤᠯᠴᠤᠳ ᠤᠨ ᠮᠠᠰᠢ ᠤᠯᠠᠨ ᠵᠠᠩ ᠦᠢᠯᠡ᠂ ᠰᠤᠶᠤᠯ ᠪᠤᠯᠪᠠᠰᠤᠨ ᠨᠢ ᠮᠤᠷᠢᠨ ᠠᠴᠠ ᠰᠠᠯᠵᠦ ᠴᠢᠳᠠᠰᠢ ᠦᠭᠡᠢ | ᠨᠢᠭᠳᠠ ᠬᠤᠯᠪᠤᠭ᠎ᠠ ᠪᠠᠷᠢᠯᠳᠣᠪᠠ᠃ ᠡᠶᠢᠮᠣ ᠠᠴᠠ᠂ ᠮᠤᠷᠢ ᠲᠠᠢ ᠬᠤᠯᠪᠣᠭᠳᠠᠭᠰᠠᠨ ᠵᠦᠢᠷ ᠦᠭᠡ᠂ ᠰᠡᠴᠡᠨ ᠬᠡᠯᠡᠯᠭᠡ᠂ | ᠴᠢᠨᠠᠭᠰᠢᠯᠠᠪᠠᠯ ᠨᠢᠭᠳᠠ ᠴᠢᠩᠭ᠎ᠠ ᠬᠠᠤᠯᠢ ᠲᠦᠷᠢᠮ ᠤᠨ ᠳᠤᠭᠳᠠᠭᠠᠯ ᠴᠤ ᠪᠤᠢ ᠪᠤᠯᠤᠭᠰᠠᠨ ᠪᠠᠶᠢᠨ᠎ᠠ᠃ | ︽ᠬᠦᠮᠦᠨ ᠪᠤᠯᠬᠤ ᠪᠠᠭ᠎ᠠ ᠠᠴᠠ ᠪᠠᠨ᠂ ᠬᠦᠯᠦᠭ ᠪᠤᠯᠬᠤ ᠤᠨᠠᠭᠠᠨ ᠠᠴᠠ ᠪᠠᠨ︾᠂ ︽ᠬᠦᠮᠦᠨ ᠤ ᠰᠠᠶᠢᠨ ᠢ | ᠬᠠᠨᠢᠯᠠᠨ ᠪᠠᠶᠢᠵᠦ ᠮᠡᠳᠡᠨ᠎ᠠ᠂ ᠬᠦᠯᠦᠭ ᠤᠨ ᠰᠠᠶᠢᠨ ᠢ ᠤᠨᠤᠨ ᠪᠠᠶᠢᠵᠦ ᠮᠡᠳᠡᠨ᠎ᠠ︾᠂ ︽ᠰᠠᠶᠢᠨ ᠮᠤᠷᠢ ᠨᠢᠭᠡ ᠯᠡ | ᠳᠠᠰᠢᠭᠤᠷ ᠲᠤ᠂ ᠰᠠᠶᠢᠨ ᠬᠦᠮᠦᠨ ᠨᠢᠭᠡ ᠯᠡ ᠦᠭᠡᠨ ᠳᠤ︾ ᠬᠡᠬᠦ ᠮᠡᠳᠦ ᠵᠦᠢᠷ ᠰᠡᠴᠡᠨ ᠦᠭᠡ ᠤᠳᠤ ᠪᠣᠯᠲᠠᠯ᠎ᠠ | ᠲᠦᠭᠡᠮᠡᠯ ᠶᠠᠷᠢᠭᠳᠠᠭᠰᠠᠭᠠᠷ ᠪᠤᠢ᠃ ᠴᠢᠩᠬᠢᠰ ᠤᠨ ︽ᠶᠡᠭᠡ ᠵᠠᠰᠠᠭ︾᠂ ︽ᠪᠢᠯᠢᠭ ᠰᠤᠷᠭᠠᠯ︾ ᠢ ᠦᠨᠳᠦᠰᠦᠯᠡᠪᠡᠯ᠂ | ᠦᠷ᠎ᠠ ᠠᠴᠢ ᠨᠠᠷ ᠢᠶᠠᠨ ᠮᠤᠷᠢ ᠤᠨᠤᠵᠦ᠂ ᠨᠤᠮᠤ ᠰᠤᠮᠤ ᠬᠠᠷᠪᠤᠬᠤ ᠶᠢ ᠰᠤᠷᠴᠤ᠂ ᠬᠤᠵᠢᠮ ᠬᠤᠶᠢᠰᠢᠳᠠ ᠡᠷᠡᠯᠭᠡᠭ | ᠪᠠᠭᠠᠳᠤᠷᠯᠢᠭ ᠠᠴᠠ ᠪᠠᠶᠠᠨ ᠡᠷᠬᠢᠮ ᠳᠤ ᠬᠦᠷᠳᠡ ᠭᠡᠵᠦ ᠰᠤᠷᠭᠠᠭᠠᠷᠠᠢ ᠭᠡᠵᠦ ᠴᠢᠩᠬᠢᠰ ᠬᠠᠭᠠᠨ ᠰᠠᠶᠢᠳ ᠲᠦᠰᠢᠮᠡᠯ | ᠵᠠᠩᠵᠤᠨ ᠨᠠᠷ ᠲᠠᠭᠠᠨ ᠦᠷᠬᠦᠯᠵᠢ ᠱᠠᠭᠠᠷᠳᠠᠳᠠᠭ ᠪᠠᠶᠢᠵᠠᠢ᠃ | ᠮᠤᠷᠢ ᠤᠷᠤᠯᠳᠤᠬᠤ ᠪᠤᠯ ᠮᠤᠩᠭᠤᠯᠴᠤᠳ ᠤᠨ ᠡᠷ᠎ᠠ ᠶᠢᠨ ᠭᠤᠷᠪᠠᠨ ᠨᠠᠭᠠᠳᠤᠮ ᠤᠨ ᠨᠢᠭᠡ ᠮᠦᠨ᠂ ᠡᠷᠳᠡ ᠦᠶ᠎ᠠ | ᠳᠡᠭᠡᠨ ᠴᠡᠷᠢᠭ ᠲᠠᠶᠢᠨ ᠤ ᠰᠤᠷᠭᠠᠭᠤᠯᠢᠯᠠᠯ ᠤᠨ ᠴᠢᠬᠤᠯᠠ ᠨᠢᠭᠡ ᠠᠭᠤᠯᠭ᠎ᠠ ᠪᠠᠶᠢᠵᠠᠢ᠃ ᠮᠤᠷᠢ ᠤᠷᠤᠯᠳᠤᠬᠤ ᠳᠤᠬᠠᠢ | ᠮᠤᠩᠭᠤᠯᠴᠤᠳ ᠤᠨ ᠳᠤᠮᠳᠠ ᠡᠷᠳᠡᠨ ᠠᠴᠠ ᠢᠨᠠᠭᠰᠢ ᠨᠡᠯᠢᠶᠠᠳ ᠤᠯᠠᠨ ᠲᠦᠷᠢᠮ ᠳᠤᠭᠳᠠᠭᠠᠯ᠂ ᠶᠤᠰᠤ ᠵᠦᠢ ᠪᠤᠢ | ᠪᠤᠯᠤᠭᠰᠠᠨ ᠴᠤ ᠳᠡᠬᠦᠨ ᠤ ᠳᠤᠬᠠᠢ ᠨᠡᠯᠢᠶᠡᠳ ᠪᠦᠷᠢᠨ ᠪᠦᠳᠦᠨ ᠬᠠᠤᠯᠢ ᠴᠠᠭᠠᠵᠠ ᠶᠢᠨ ᠲᠦᠷᠢᠮᠵᠢᠯ ᠴᠢᠩ | ᠤᠯᠤᠰ ᠤᠨ ᠦᠶ᠎ᠠ ᠳᠤ ᠬᠦᠷᠦᠭᠡᠳ ᠪᠤᠢ ᠪᠤᠯᠤᠭᠰᠠᠨ ᠪᠠᠶᠢᠨ᠎ᠠ᠃ ᠳᠡᠷᠡ ᠨᠢ 1709 ᠤᠨ ᠠᠴᠠ 1770 ᠤᠨ | ᠬᠦᠷᠳᠡᠯᠡᠬᠢ ᠦᠶ᠎ᠠ ᠳᠤ ᠳᠤᠭᠳᠠᠭᠠᠭᠳᠠᠭᠰᠠᠨ 18 ᠬᠡᠰᠡᠭ ᠬᠠᠤᠯᠢ ᠳᠤᠭᠳᠠᠭᠠᠯ ᠤᠨ ᠨᠡᠶᠢᠯᠡᠯ ᠪᠤᠯᠬᠤ ︽ᠬᠠᠯᠬ᠎ᠠ | ᠵᠢᠷᠤᠮ︾ ︵ᠳᠠᠷᠤᠢ ᠬᠠᠯᠬ᠎ᠠ ᠬᠠᠤᠯᠢ ᠶᠢᠨ ᠪᠢᠴᠢᠭ︶ ᠤᠨ ᠳᠤᠮᠳᠡᠬᠢ ︽ᠤᠷᠤᠯᠳᠤᠬᠠᠨ ᠤ ᠴᠠᠬᠠᠵᠠ︾ ᠪᠤᠯᠤᠨ᠎ᠠ᠂ | ᠳᠤᠰ ᠴᠠᠭᠠᠵᠠ ᠨᠢ ᠡᠶᠡᠪᠡᠷ ᠵᠠᠰᠠᠭᠴᠢ ᠶᠢᠨ ᠳᠤᠯᠤᠳᠤᠭᠠᠷ ᠤᠨ᠂ ᠦᠭᠡᠷ᠎ᠠ ᠪᠠᠷ ᠬᠡᠯᠡᠪᠡᠯ 1729 ᠤᠨ ᠳᠤ | ᠳᠤᠭᠳᠠᠭᠠᠭᠳᠠᠵᠦ᠂ ᠨᠡᠶᠢᠳᠡ 13 ᠵᠦᠢᠯ ᠢᠶᠠᠷ ᠪᠦᠷᠢᠯᠳᠦᠨ᠂ ᠡᠷᠳᠡᠮ ᠰᠢᠨᠵᠢᠯᠡᠭᠡᠳᠡᠳ ᠤᠨ ᠲᠤᠮᠳᠠ ᠮᠤᠩᠭᠤᠯ | ᠦᠨᠳᠤᠰᠤᠳᠡᠨ ᠤ ᠬᠠᠤᠯᠢ ᠲᠦᠷᠢᠮ ᠤᠨ ᠳᠡᠤᠬᠡᠨ ᠳᠠᠬᠢ ᠮᠤᠷᠢᠨ ᠤᠷᠤᠯᠳᠤᠭᠠᠨ ᠤ ᠳᠤᠬᠠᠢ ᠬᠠᠮᠤᠭ ᠤᠨ ᠠᠩᠬᠠᠨ ᠤ | ᠪᠦᠭᠡᠳ ᠴᠤᠷ ᠤᠨ ᠭᠠᠭᠴᠠ ᠨᠡᠯᠢᠶᠡᠳ ᠪᠦᠷᠢᠨ ᠪᠦᠳᠦᠨ ᠬᠠᠤᠯᠢ ᠴᠠᠭᠠᠵᠠ ᠶᠢᠨ ᠲᠦᠷᠢᠮᠵᠢᠯ ᠭᠡᠵᠦ ᠮᠡᠳᠡᠷᠡᠭᠳᠡᠵᠦ | ᠪᠤᠢ᠃ ᠲᠤᠤᠷ᠎ᠠ ᠤᠭ ᠪᠢᠴᠢᠭ ᠢ ᠰᠠᠶᠢᠷᠡᠭᠦᠯᠵᠦ᠂ ᠦᠪᠡᠷ ᠤᠨ ᠤᠢᠢᠯᠠᠭᠠᠯᠳᠠ ᠪᠠᠷ ᠢᠶᠠᠨ ᠲᠦᠭᠦᠮᠭᠡᠨ | ᠲᠠᠶᠢᠯᠪᠤᠷᠢᠯᠠᠰᠤᠭᠠᠢ᠃ | ︽ᠨᠢᠭᠡᠳᠤᠭᠡᠷ ᠵᠦᠢᠯ᠄ ᠶᠡᠷᠤ ᠤᠷᠤᠯᠳᠤᠬᠤ ᠳᠤ ᠵᠠᠰᠠᠬᠤᠯ ᠠᠴᠠ ᠭᠠᠳᠠᠨ᠎ᠠ ᠲᠦᠷᠪᠡᠨ ᠰᠠᠶᠢᠳ ᠢᠶᠠᠷ ᠭᠡᠷᠡᠴᠢ | ᠳᠠᠯᠪᠢᠬᠤ᠃ ᠳᠡᠷᠡ ᠭᠡᠷᠡᠴᠢ ᠰᠠᠶᠢᠳ ᠳᠡᠮᠳᠡᠭ ᠠᠪᠵᠢ ᠤᠴᠢᠭᠠᠳ ᠤᠷᠤᠯᠳᠤᠬᠤ ᠬᠡᠮᠵᠢᠶᠠᠨ ᠤ ᠬᠠᠵᠠᠷ ᠲᠤᠷ | ᠬᠦᠷᠦᠭᠡᠳ ᠳᠡᠷᠡ ᠳᠡᠮᠳᠡᠭ ᠶᠢᠨ ᠢᠯᠡ ᠬᠠᠷᠤᠮᠠᠭᠴᠠ ᠤᠷᠤᠯᠳᠤᠬᠤ᠃ ᠳᠡᠷᠡ ᠬᠠᠵᠠᠷ ᠲᠤᠷ ᠬᠦᠷᠦᠯ ᠦᠭᠡᠢ ᠵᠠᠬᠤᠷᠠ | ᠠᠴᠠ ᠤᠷᠤᠯᠳᠤᠬᠤᠯᠠ ᠵᠠᠰᠠᠬᠤᠯ ᠨᠤᠶᠠᠳ ᠠᠴᠠ ᠮᠤᠷᠢ ᠠᠪ᠃ ᠳᠠᠶᠢᠵᠢ ᠳᠠᠪᠠᠨᠠᠩ ᠠᠴᠠ ᠦᠭᠡᠷ᠂ ᠡᠩ ᠵᠠᠰᠠᠬᠤᠯ | ᠠᠴᠠ ᠬᠤᠨᠢ ᠠᠪᠬᠤ᠃︾ — ᠮᠤᠷᠢ ᠤᠷᠤᠯᠳᠤᠬᠤ ᠦᠶ᠎ᠠ ᠳᠤ ᠵᠠᠰᠠᠭᠤᠯ ︵ᠤᠷᠤᠯᠳᠤᠯᠭ᠎ᠠ ᠶᠢᠨ ᠬᠡᠷᠡᠭ ᠢ | ᠡᠷᠬᠢᠯᠡᠨ ᠪᠠᠷᠢᠬᠤ ᠬᠢᠨᠠᠭᠴᠢ︶ ᠠᠴᠠ ᠭᠠᠳᠠᠨ᠎ᠠ ᠲᠦᠷᠪᠡᠨ ᠨᠡᠷᠡᠰ ᠰᠠᠶᠢᠳ ︵ᠤᠷᠤᠯᠳᠤᠯᠭ᠎ᠠ ᠶᠢᠨ ᠡᠵᠡᠨ | ᠨᠤᠶᠠᠳ ᠤᠨ ᠵᠠᠬᠢᠶ᠎ᠠ ᠵᠠᠷᠯᠠᠭᠴᠢ ᠪᠤᠶᠤ ᠪᠠᠶᠢᠴᠠᠭᠠᠭᠴᠢ︶ ᠢ ᠳᠤᠬᠢᠷᠠᠭᠤᠯᠵᠦ ᠬᠡᠷᠡᠴᠢ ᠳᠠᠯᠪᠢᠨ᠎ᠠ ︵ᠵᠦᠪ ᠪᠤᠷᠤᠭᠤ | ᠶᠢᠨ ᠪᠠᠳᠤᠯᠠᠭᠴᠢ ᠪᠤᠯᠭᠠᠨ᠎ᠠ︶᠃ ᠬᠡᠷᠡᠴᠢᠯᠡᠭᠴᠢ ᠰᠠᠶᠢᠳ ᠤᠷᠤᠯᠳᠤᠭᠠᠨ ᠤ ᠳᠡᠮᠳᠡᠭ ᠢᠶᠠᠨ ᠠᠪᠴᠤ ᠤᠷᠤᠯᠳᠤᠭᠠᠨ ᠤ | ᠳᠠᠯᠠᠪᠤᠷ ᠲᠤ ᠤᠷᠤᠭᠰᠠᠨ ᠤ ᠳᠠᠷᠠᠭ᠎ᠠ᠂ ᠳᠡᠮᠳᠡᠭ ᠢᠶᠠᠨ ᠦᠵᠡᠭᠦᠯᠦᠮᠡᠭᠴᠡ ᠤᠷᠤᠯᠳᠤᠭᠠᠨ ᠡᠬᠢᠯᠡᠳᠡᠭ᠃ ᠬᠡᠷᠪᠡ | ᠤᠷᠤᠯᠳᠤᠭᠠᠨ ᠤ ᠳᠠᠯᠠᠪᠤᠷ ᠲᠤ ᠤᠷᠤᠭ᠎ᠠ ᠦᠭᠡᠢ ᠪᠠᠷ ᠬᠡᠷᠡᠴᠢᠯᠡᠭᠴᠢ ᠰᠠᠶᠢᠳ ᠤᠷᠤᠯᠳᠤᠭᠠᠨ ᠤ ᠳᠡᠮᠳᠡᠭ ᠢᠶᠠᠨ | ᠠᠪᠴᠤ ᠶᠠᠪᠤᠬᠤ ᠵᠠᠮ ᠳᠤᠮᠳᠠ ᠠᠴᠠ ᠤᠷᠤᠯᠳᠤᠭᠤᠯᠤᠨ ᠡᠬᠢᠯᠡᠭᠦᠯᠪᠡᠯ ᠵᠠᠰᠠᠭᠤᠯ ᠨᠤᠶᠠᠨ ᠢ ᠨᠢᠭᠡ ᠮᠤᠷᠢ ᠪᠠᠷ | ᠶᠠᠯᠠᠳᠠᠵᠦ᠂ ᠳᠠᠶᠢᠵᠢ ᠳᠠᠪᠤᠨᠠᠩ ︵ᠵᠠᠰᠠᠭᠤᠯ ᠪᠤᠯᠵᠦ ᠶᠠᠪᠤᠭᠴᠢ ᠳᠡᠶᠢᠵᠢ ᠳᠠᠪᠤᠨᠠᠩ ᠢ ᠬᠡᠯᠡᠵᠦ ᠪᠤᠢ︶ ᠪᠤᠯ ᠨᠢᠭᠡ | ᠦᠭᠡᠷ ᠢᠶᠠᠷ᠂ ᠡᠩ ᠤᠨ ᠵᠠᠰᠠᠭᠤᠯ ︵ᠬᠠᠷᠠᠴᠤ ᠬᠦᠮᠦᠨ ᠪᠤᠯᠤᠯᠳᠠᠢ︶ ᠢ ᠨᠢᠭᠡ ᠬᠤᠨᠢ ᠪᠠᠷ | ᠳᠤᠷᠭᠠᠨ᠎ᠠ᠃ | ︽ᠬᠤᠶᠠᠳᠤᠭᠠᠷ ᠵᠦᠢᠯ᠄ ᠤᠷᠤᠯᠳᠤᠭᠴᠢ ᠬᠦᠤ ᠤᠷᠢᠳ ᠳᠠᠪᠬᠢᠬᠤᠯᠠ᠃ ᠤᠷᠤᠯᠳᠤᠭᠴᠢ ᠮᠤᠷᠢᠨ ᠢ ᠠᠪᠬᠤ᠃ | ᠤᠨᠤᠭᠰᠠᠨ ᠬᠦᠤ ᠶᠢ ᠠᠷᠪᠠ ᠳᠠᠰᠢᠭᠤᠷᠳᠠᠬᠤ᠃︾ — ᠤᠷᠤᠯᠳᠤᠭᠴᠢ ᠤᠷᠢᠳᠠᠪᠠᠷ ᠬᠦᠶᠦᠯᠭᠡᠪᠡᠯ ᠳᠡᠬᠦᠨ ᠤ | ᠤᠷᠤᠯᠳᠤᠭᠠᠨ ᠤ ᠮᠤᠷᠢ ᠶᠢ ᠳᠤᠷᠭᠠᠨ᠎ᠠ᠂ ᠤᠨᠤᠭᠠᠴᠢ ᠶᠢ ᠨᠢ ᠠᠷᠪᠠ ᠳᠠᠰᠢᠭᠤᠷᠳᠠᠨ᠎ᠠ᠃ | ︽ᠭᠤᠷᠪᠠᠳᠤᠭᠠᠷ ᠵᠦᠢᠯ᠄ ᠶᠡᠷᠤ ᠮᠤᠷᠢᠨ ᠬᠦᠳᠡᠯᠬᠦ ᠤᠳᠤᠬᠤ ᠦᠭᠡᠢ᠃ ᠬᠡᠷᠪᠡ ᠬᠦᠳᠡᠯᠬᠦᠯᠡ ᠤᠳᠤᠬᠤᠯᠠ | ᠤᠨᠤᠭᠰᠠᠨ ᠮᠤᠷᠢᠨ ᠢ ᠠᠪᠬᠤ᠃︾ — ᠰᠤᠯᠠ ᠮᠤᠷᠢ ᠳᠠᠭᠠᠭᠤᠯᠵᠦ ᠪᠤᠯᠬᠤ ᠦᠭᠡᠢ ᠪᠦᠭᠡᠳ ᠤᠭᠳᠤᠨ ᠠᠪᠴᠤ | ᠪᠤᠯᠬᠤ ᠦᠭᠡᠢ᠂ ᠬᠡᠷᠪᠡ ᠰᠤᠯᠠ ᠮᠤᠷᠢ ᠳᠠᠭᠠᠭᠤᠯᠬᠤ ᠪᠤᠶᠤ ᠤᠭᠳᠤᠵᠦ ᠠᠪᠤᠪᠠᠯ ᠳᠡᠬᠦᠨ ᠤ ᠤᠨᠤᠭᠰᠠᠨ ᠮᠤᠷᠢ ᠶᠢ | ᠬᠤᠷᠢᠶᠠᠨ ᠠᠪᠤᠨ᠎ᠠ᠃ | ︽ᠲᠦᠷᠪᠡᠳᠦᠭᠡᠷ ᠵᠦᠢᠯ᠄ ᠵᠠᠭᠤᠷᠠᠴᠢᠯᠠᠵᠦ ᠤᠷᠤᠯᠳᠤᠭᠰᠠᠨ ᠬᠦᠮᠦᠨ ᠢ ᠮᠤᠷᠢᠨ ᠢ ᠠᠪᠤᠬᠠᠳ᠃ ᠬᠠᠳᠠᠨ᠎ᠠ ᠶᠢᠰᠤ | ᠠᠪᠬᠤ᠃ ᠤᠨᠤᠭᠰᠠᠨ ᠬᠦᠤ ᠶᠢ ᠠᠷᠪᠠ ᠳᠠᠰᠢᠬᠤᠷᠳᠠᠬᠤ᠃ ᠳᠡᠷᠡ ᠵᠠᠬᠤᠷᠠᠴᠢᠯᠠᠵᠦ ᠤᠷᠤᠯᠳᠤᠭᠴᠢ ᠬᠦᠮᠦᠨ ᠢ | ᠬᠦᠮᠦᠨ ᠤᠳᠤᠵᠢ ᠠᠪᠴᠢ ᠢᠷᠡᠬᠦᠯ᠎ᠡ ᠮᠤᠷᠢᠨ ᠢ ᠠᠪᠬᠤ᠃︾ — ᠵᠠᠮ ᠳᠤᠮᠳᠠ ᠠᠴᠠ ᠨᠢ ᠰᠢᠷᠭᠤᠯᠠᠨ | ᠤᠷᠤᠭᠰᠠᠨ ᠤᠷᠤᠯᠳᠤᠭᠴᠢ ᠶᠢ ᠮᠤᠷᠢ ᠶᠢ ᠨᠢ ᠬᠤᠷᠢᠶᠠᠨ ᠠᠪᠬᠤ ᠠᠴᠠ ᠭᠠᠳᠠᠨ᠎ᠠ᠂ ᠳᠡᠭᠡᠷ᠎ᠠ ᠨᠢ ᠪᠠᠰᠠ ᠨᠢᠭᠡ ᠶᠢᠰᠦ | ᠪᠠᠷ ᠳᠤᠷᠭᠠᠵᠦ᠂ ᠤᠨᠤᠭᠠᠴᠢ ᠶᠢ ᠨᠢ ᠠᠷᠪᠠ ᠳᠠᠰᠢᠭᠤᠷᠳᠠᠨ᠎ᠠ᠂ ᠵᠠᠮ ᠳᠤᠮᠳᠠ ᠠᠴᠠ ᠤᠷᠤᠯᠳᠤᠭᠠᠨ ᠳᠤ ᠤᠷᠤᠭᠰᠠᠨ | ᠬᠦᠮᠦᠨ ᠤ ᠮᠤᠷᠢ ᠶᠢ ᠨᠢ ᠳᠤᠰᠤᠨ ᠠᠪᠴᠤ ᠢᠷᠡᠭᠰᠡᠨ ᠳᠡᠷᠡ ᠬᠦᠮᠦᠨ ᠨᠢ ᠠᠪᠤᠨ᠎ᠠ᠃ | ︽ᠳᠠᠪᠤᠳᠤᠭᠠᠷ ᠵᠦᠢᠯ᠄ ᠵᠠᠰᠠᠬᠤᠯ ᠤᠭᠳᠤᠬᠤᠯ ᠠᠴᠠ ᠭᠠᠳᠠᠨ᠎ᠠ᠂ ᠵᠠᠷᠯᠢᠭ ᠦᠭᠡᠢ ᠬᠦᠮᠦᠨ ᠤᠴᠢᠬᠤᠯᠠ | ᠤᠨᠤᠭᠰᠠᠨ ᠮᠤᠷᠢᠨ ᠢ ᠠᠪᠬᠤ ᠪᠢᠢ᠃︾ — ᠵᠠᠰᠠᠭᠤᠯ᠂ ᠤᠭᠳᠤᠭᠤᠯ ︵ᠤᠷᠤᠯᠳᠤᠭᠠᠨ ᠳᠤ ᠤᠷᠤᠯᠴᠠᠭᠰᠠᠨ | ᠬᠦᠮᠦᠰ ᠢ ᠡᠭᠡᠵᠦ ᠢᠷᠡᠬᠦᠢ ᠳᠤᠷ ᠳᠤᠰᠴᠤ ᠠᠪᠬᠤ ᠬᠦᠮᠦᠰ ᠢ ᠬᠡᠯᠡᠵᠦ ᠪᠤᠢ︶ ᠠᠴᠠ ᠭᠠᠳᠠᠨ᠎ᠠ ᠦᠭᠡᠷ᠎ᠠ ᠬᠦᠮᠤᠨ | ᠵᠠᠷᠯᠢᠭ ᠵᠢᠭᠠᠪᠤᠷᠢ ᠦᠭᠡᠢ ᠪᠠᠷ ᠳᠤᠰᠤᠨ ᠠᠪᠤᠪᠠᠯ ᠮᠤᠷᠢ ᠶᠢ ᠨᠢ ᠬᠤᠷᠢᠶᠠᠨ ᠠᠪᠤᠨ᠎ᠠ᠃ | ︽ᠵᠢᠷᠭᠤᠳᠤᠭᠠᠷ ᠵᠦᠢᠯ᠄ [ ᠪᠠᠢ ] ᠳᠤᠳᠠᠬᠤ ᠠᠪᠴᠤ ᠢᠷᠡᠬᠦᠯ᠎ᠡ ᠬᠡᠬᠡᠷ᠎ᠡ ᠶᠢᠨ ᠪᠠᠶᠠᠨ ᠠᠴᠠ ᠬᠦᠢᠴᠡᠭᠡᠵᠦ | ᠠᠪᠤᠬᠠᠳ ᠬᠠᠳᠠᠨ᠎ᠠ ᠨᠢᠭᠡ ᠮᠤᠷᠢ ᠪᠠᠭᠠᠯᠵᠢ ᠠᠪᠬᠤ᠃ ᠡᠰᠡ ᠢᠷᠡᠭᠰᠡᠨ ᠨᠤᠶᠠᠳ ᠤᠨ ᠪᠠᠢ ᠶᠢ ᠢᠨᠤ ᠬᠤᠯᠪᠤᠭᠠᠳᠠᠢ | ᠠᠪᠬᠤ᠃︾ — ᠳᠤᠭᠳᠠᠭᠠᠭᠰᠠᠨ ᠤᠷᠤᠯᠳᠤᠭᠠᠨ ᠤ ᠵᠠᠮ ᠢᠶᠠᠷ ᠶᠠᠪᠤᠭᠰᠠᠨ ᠦᠭᠡᠢ ᠪᠠᠷ ᠬᠡᠬᠡᠷ᠎ᠠ ᠪᠠᠶᠢᠬᠤ | ᠤᠷᠤᠯᠳᠤᠭᠠᠨ ᠤ ᠵᠠᠮ ᠲᠡᠭᠡᠷᠡᠭᠢ ᠫᠠᠶᠢᠰᠠ ᠲᠡᠮᠳᠡᠭ ᠢ ᠠᠪᠴᠤ ᠢᠷᠡᠭᠰᠡᠳ ᠢ ᠮᠤᠷᠢ ᠪᠠᠷ ᠲᠡᠬᠢᠨ ᠢᠶᠠᠷ ᠳᠤᠷᠭᠠᠨ᠎ᠠ᠃ | ᠪᠠᠶᠢᠴᠠᠭᠠᠭᠴᠢ ᠨᠢ ᠡᠭᠦᠷᠭᠡ ᠪᠠᠨ ᠬᠦᠢᠴᠡᠳᠭᠡᠭᠰᠡᠨ ᠢ ᠬᠡᠷᠡᠴᠢᠯᠡᠬᠦ ᠫᠠᠶᠢᠰᠠ ᠲᠡᠮᠳᠡᠭ ᠢᠶᠠᠨ ᠠᠪᠴᠢᠷᠠᠭᠰᠡᠨ ᠦᠭᠡᠢ ᠪᠤᠯ | ᠮᠦᠨ ᠮᠤᠷᠢ ᠪᠠᠷ ᠲᠡᠬᠢᠨ ᠢᠶᠠᠷ ᠲᠤᠷᠭᠠᠨ᠎ᠠ᠃ | ︽ᠳᠤᠯᠤᠳᠤᠭᠠᠷ ᠵᠦᠢᠯ᠄ ᠬᠦᠢᠭᠰᠡᠨ ᠮᠤᠷᠢᠨ ᠢ ᠰᠢᠳᠦᠨ ᠢ ᠦᠵᠡᠬᠦᠢ ᠶᠢᠨ ᠤᠷᠢᠳ ᠬᠠᠷᠢᠬᠤᠯᠠ ᠪᠠᠢ ᠦᠭᠬᠦ ᠦᠭᠡᠢ | ᠃︾ — ᠤᠷᠤᠯᠳᠤᠭᠠᠨ ᠤ ᠮᠤᠷᠢᠨ ᠤ ᠨᠠᠰᠦ ᠵᠢᠯ ᠢ ᠦᠵᠡᠬᠦ ᠠᠴᠠ ᠡᠮᠦᠨ᠎ᠠ ᠤᠷᠤᠯᠳᠤᠭᠠᠨ ᠳᠤ ᠤᠷᠤᠯᠴᠠᠬᠤ | ᠫᠠᠶᠢᠰᠠ ᠲᠡᠮᠳᠡᠭ ᠦᠭᠬᠦ ᠦᠭᠡᠢ᠃ | ︽ᠨᠠᠢᠮᠠᠳᠤᠭᠠᠷ ᠵᠦᠢᠯ᠄ ᠳᠡᠷᠢᠭᠦᠯᠡᠭᠴᠢ ᠢᠷᠡᠭᠰᠡᠨ ᠮᠤᠷᠢ᠂ ᠤᠳᠠᠭᠠᠬᠢ ᠮᠤᠷᠢᠨ ᠠᠴᠠ ᠪᠠᠨ ᠪᠦᠬᠦᠯᠢ ᠪᠡᠶ᠎ᠠ ᠪᠠᠨ | ᠦᠩᠭᠡᠷᠡᠬᠦᠯᠡ ᠬᠠᠷᠤᠭᠰᠠᠨ ᠳᠤ ᠳᠤᠭᠠᠬᠤ᠃ ᠮᠤᠷᠢᠨ ᠤ ᠵᠠᠷᠢᠮ ᠪᠡᠶ᠎ᠠ ᠢᠯᠡᠳᠦᠭᠰᠡᠨ ᠢ ᠳᠤᠭᠠᠬᠤ ᠦᠭᠡᠢ᠃ ᠬᠤᠶᠠᠷ | ᠮᠤᠷᠢ ᠴᠢᠴᠠᠬᠤ ᠢᠷᠡᠬᠦᠯ᠎ᠡ᠃ ᠠᠳᠠᠭ ᠤᠨ ᠳᠡᠮᠳᠡᠭ ᠬᠦᠷᠳᠡᠯ᠎ᠡ ᠠᠯᠢᠨ ᠢ ᠬᠠᠷᠠᠬᠤᠯ᠎ᠠ ᠳᠡᠬᠦᠨᠢ ᠳᠤᠭᠠᠬᠤ᠃ ᠳᠤᠩ | ᠡᠰᠡ ᠬᠠᠷᠤᠯᠴᠠᠬᠤᠯᠠ ᠳᠡᠬᠢᠵᠢ ᠤᠷᠤᠯᠳᠤ᠃︾ — ᠳᠦᠷᠦᠬᠦᠯᠡᠵᠦ ᠢᠷᠡᠭᠰᠡᠨ ᠮᠤᠷᠢ ᠡᠷᠬᠡᠪᠰᠢ ᠳᠠᠷᠠᠭᠠᠬᠢ ᠮᠤᠷᠢ | ᠠᠴᠠ ᠪᠠᠨ ᠨᠢᠭᠡ ᠪᠡᠶ᠎ᠠ ᠤᠷᠢᠳᠠᠭᠰᠠᠨ ᠪᠠᠶᠢᠪᠠᠯ ᠰᠠᠢᠢ ᠳᠦᠷᠦᠭᠦᠯᠡᠭᠰᠡᠨ ᠢᠶᠠᠷ ᠪᠤᠳᠤᠨ᠎ᠠ᠃ ᠵᠦᠪᠬᠡᠨ ᠮᠤᠷᠢ ᠶᠢᠨ ᠪᠡᠶ᠎ᠠ | ᠶᠢᠨ ᠨᠢᠭᠡ ᠬᠡᠰᠡᠭ ᠨᠢ ᠤᠷᠢᠳᠠᠵᠦ ᠭᠠᠷᠤᠭᠰᠠᠨ ᠪᠤᠯ ᠲᠦᠷᠦᠬᠦᠯᠡᠭᠰᠡᠨ ᠳᠤ ᠳᠤᠭᠠᠴᠠᠭᠳᠠᠬᠤ ᠦᠭᠡᠢ᠃ ᠬᠡᠷᠪᠡ ︵ | ᠬᠤᠶᠢᠨᠡᠬᠢ ᠮᠤᠷᠢᠳ ᠠᠴᠠ︶ ᠬᠤᠶᠠᠷ ᠮᠤᠷᠢ ᠰᠠᠴᠠᠭᠤ ᠢᠷᠡᠵᠦ᠂ ᠬᠡᠨ ᠤᠷᠢᠳᠠᠪᠠᠷ ᠪᠠᠷᠢᠶᠠᠨ ᠲᠡᠭᠡᠷ᠎ᠡ ᠢᠷᠡᠭᠰᠠᠨ ᠪᠤᠯ | ᠳᠡᠬᠦᠨ ᠢ ᠤᠷᠢᠳᠠᠭᠰᠠᠨ ᠢᠶᠠᠷ ᠪᠤᠳᠤᠨ᠎ᠠ᠃ ᠶᠠᠭ ᠳᠤᠳᠤᠷᠬᠠᠢ ᠦᠭᠡᠢ ᠮᠠᠷᠭᠤᠭᠠᠨ ᠲᠠᠢ ᠶᠢ ᠨᠢ ᠳᠠᠬᠢᠵᠦ | ᠤᠷᠤᠯᠳᠤᠭᠤᠯᠤᠨ᠎ᠠ᠃ | ︽ᠶᠢᠰᠦᠳᠦᠭᠡᠷ ᠵᠦᠢᠯ᠄ ᠪᠠᠢ ᠳᠤ ᠤᠷᠤᠬᠤ ᠮᠤᠷᠢ ᠤᠨᠠᠭᠠᠳ ᠬᠦᠤ ᠶᠠᠪᠠᠭᠠᠨ ᠢᠶᠠᠷ ᠬᠦᠢᠵᠦ ᠤᠷᠤᠬᠤᠯ᠎ᠠ ᠳᠤᠭᠠᠬᠤ | ᠃︾ — ᠤᠷᠤᠯᠳᠤᠭᠠᠨ ᠳᠤ ᠤᠷᠤᠯᠴᠠᠭᠰᠠᠨ ᠫᠠᠶᠢᠰᠠ ᠲᠠᠢ ᠤᠨᠤᠭᠠᠴᠢᠨ ᠮᠤᠷᠢᠨ ᠠᠴᠠ ᠪᠠᠨ ᠤᠢᠢᠴᠢᠭᠰᠠᠨ | ᠪᠤᠯᠪᠠᠴᠤ ᠶᠠᠪᠠᠭᠠᠨ ᠢᠶᠠᠷ ᠡᠴᠤᠰ ᠤᠨ ᠱᠤᠭᠤᠮ ᠳᠤ ᠬᠦᠶᠦᠨ ᠬᠦᠷᠦᠭᠰᠡᠨ ᠪᠤᠯ ᠬᠦᠴᠦᠨ ᠲᠠᠢ᠃ | ︽ᠠᠷᠪᠠᠳᠤᠭᠠᠷ ᠵᠦᠢᠯ᠄ ᠶᠡᠷᠤ ᠵᠠᠰᠠᠬᠤᠯ ᠤᠭᠳᠤᠬᠤᠯ ᠬᠦᠤ ᠳᠤ ᠳᠠᠰᠢᠬᠤᠷ ᠦᠭᠬᠦ ᠦᠭᠡᠢ᠃ ᠬᠡᠷᠪᠡ ᠦᠭᠪᠡᠰᠤ | ᠦᠭᠬᠦᠭᠴᠢ ᠠᠴᠠ ᠬᠤᠨᠢ ᠠᠪᠬᠤ᠃ ᠤᠷᠤᠯᠳᠤᠭᠰᠠᠨ ᠮᠤᠷᠢ ᠨᠢ ᠪᠡᠶ᠎ᠠ ᠶᠢ [ ᠵᠠᠰᠠᠬᠤᠯ ] ᠴᠤᠬᠢᠬᠤ ᠦᠭᠡᠢ᠃︾ | — ᠬᠢᠨᠠᠭᠴᠢ ᠪᠠ ᠤᠬᠳᠤᠭᠤᠯ ᠤᠨᠤᠭᠠᠴᠢᠨ ᠳᠤ ᠳᠠᠰᠢᠭᠤᠷ ᠭᠠᠷᠳᠠᠭᠤᠯᠤᠨ ᠦᠭᠴᠤ ᠪᠤᠯᠬᠤ ᠦᠭᠡᠢ᠂ ᠬᠡᠷᠪᠡ | ᠳᠠᠰᠢᠭᠤᠷ ᠭᠠᠷᠳᠠᠭᠤᠯᠤᠨ ᠦᠭᠬᠦᠭᠰᠡᠨ ᠪᠠᠶᠢᠪᠠᠯ ᠦᠭᠬᠦᠭᠰᠡᠨ ᠬᠦᠮᠦᠨ ᠢ ᠨᠢᠭᠡ ᠬᠤᠨᠢ ᠪᠠᠷ ᠳᠤᠷᠭᠠᠨ᠎ᠠ᠃ ᠬᠢᠨᠠᠭᠴᠢ | ᠠᠴᠠ ᠤᠷᠤᠯᠳᠤᠭᠠᠨ ᠤ ᠮᠤᠷᠢ ᠶᠢ ᠭᠤᠶᠠᠳᠠᠵᠦ ᠪᠤᠯᠬᠤ ᠦᠭᠡᠢ᠃ | ︽ᠠᠷᠪᠠᠨ ᠨᠢᠭᠡᠳᠦᠭᠡᠷ ᠵᠦᠢᠯ᠄ ᠤᠷᠤᠯᠳᠤᠬᠤ ᠬᠦᠤ ᠶᠢ ᠶᠡᠭᠡ ᠪᠠᠭ᠎ᠠ ᠭᠡᠬᠦᠢ ᠶᠢᠨ ᠳᠤᠰ ᠠᠯᠢ ᠡᠵᠡᠨ ᠢ ᠳᠤᠷᠠᠪᠠᠷ | ᠮᠡᠳᠡᠳᠦᠭᠡᠢ᠃︾ — ᠤᠨᠤᠭᠠᠴᠢᠨ ᠤ ᠶᠡᠭᠡ ᠪᠠᠭ᠎ᠠ ᠶᠢ ᠮᠤᠷᠢᠨ ᠤ ᠡᠵᠡᠨ ᠨᠢ ᠰᠤᠩᠭᠤᠨ ᠳᠤᠭᠳᠠᠭᠠᠨ᠎ᠠ᠃ | ︽ᠠᠷᠪᠠᠨ ᠬᠤᠶᠠᠳᠤᠭᠠᠷ ᠵᠦᠢᠯ᠄ ᠶᠡᠷᠤ ᠠᠬ᠎ᠠ ᠨᠠᠰᠤᠳᠤ ᠮᠤᠷᠢᠨ ᠢ ᠳᠤᠷᠤᠭᠰᠢᠨ ᠢ ᠤᠷᠤᠬᠤᠯᠵᠦ ᠤᠷᠤᠯᠳᠤᠬᠤ | ᠦᠭᠡᠢ᠃ ᠳᠡᠬᠦᠦ ᠨᠠᠰᠤᠳᠤ ᠶᠢ ᠳᠡᠭᠡᠭᠰᠢ ᠠᠬ᠎ᠠ ᠨᠠᠰᠤᠳᠤ ᠳᠤ ᠤᠷᠤᠬᠤᠯᠵᠦ ᠤᠷᠤᠯᠳᠤᠬᠤ ᠳᠤ ᠭᠡᠮ ᠦᠭᠡᠢ᠃ ᠶᠡᠷᠤ | ᠤᠷᠤᠯᠳᠤᠬᠤ ᠮᠤᠷᠢᠨ ᠢ ᠨᠠᠰᠤᠨ ᠯᠠᠪ ᠲᠦᠷᠪᠡᠨ ᠵᠢᠬ᠎ᠠ ᠢᠭᠠᠠᠰᠢ ᠶᠢ ᠤᠷᠤᠬᠤ᠃︾ — ᠬᠦᠭᠰᠢᠨ ᠮᠤᠷᠢ᠂ | ᠳᠤᠷᠤᠢ ᠮᠤᠷᠢ ᠶᠢ ᠤᠷᠤᠯᠳᠤᠭᠠᠨ ᠳᠤ ᠤᠷᠤᠭᠤᠯᠬᠤ ᠦᠭᠡᠢ᠂ ᠪᠠᠭ᠎ᠠ ᠨᠠᠰᠤᠨ ᠤ ᠮᠤᠷᠢ ᠶᠢ ᠤᠷᠤᠯᠳᠤᠭᠠᠨ ᠳᠤ | ᠤᠷᠤᠭᠤᠯᠵᠦ ᠪᠤᠯᠤᠨ᠎ᠠ ︵ᠳᠠᠭ᠎ᠠ ᠠᠴᠠ ᠳᠡᠭᠡᠭᠰᠢᠬᠢ ᠶᠢ ᠵᠢᠭᠠᠭᠰᠠᠨ ᠪᠤᠯᠤᠯᠳᠠᠢ︶᠃ ᠡ᠊ᠩ᠊ ᠤᠨ ᠤᠷᠤᠯᠳᠤᠭᠠᠨ ᠤ | ᠮᠤᠷᠢ ᠶᠢ ᠲᠦᠷᠪᠡᠨ ᠰᠢᠳᠦᠲᠠᠢ ᠪᠠᠷ ᠬᠢᠵᠠᠭᠠᠷᠯᠠᠨ᠎ᠠ᠃ | ︽ᠠᠷᠪᠠᠨ ᠭᠤᠷᠪᠠᠳᠤᠭᠠᠷ ᠵᠦᠢᠯ᠄ ᠳᠡᠷᠢᠭᠦᠯᠡᠭᠰᠡᠨ ᠶᠡᠭᠡ ᠰᠤᠶᠤᠯᠠᠨ ᠮᠤᠷᠢᠨ ᠢ ᠨᠤᠶᠠᠳ ᠬᠡᠷᠡᠭᠯᠡᠵᠦ ᠠᠪᠬᠤᠯᠠ᠃ | ᠨᠢᠭᠡ ᠳᠡᠮᠡᠭᠡ ᠨᠠᠢᠮᠠᠨ ᠠᠳᠤᠭᠤ ᠬᠠᠶᠢᠷᠠᠯᠵᠢ ᠠᠪᠬᠤ ᠪᠢᠢ᠃ ᠳᠡᠷᠢᠭᠦᠯᠡᠭᠰᠡᠨ ᠬᠢᠵᠠᠯᠠᠨ ᠳᠤ ᠨᠢᠭᠡ ᠳᠡᠮᠡᠭᠡ ᠵᠢᠷᠬᠤᠬᠠᠨ | ᠠᠳᠤᠭᠤ᠃ ᠳᠡᠷᠢᠭᠦᠯᠡᠭᠰᠡᠨ ᠰᠢᠳᠦᠯᠡᠨ ᠳᠤ ᠨᠢᠭᠡ ᠳᠡᠮᠡᠭᠡ ᠲᠦᠷᠪᠡᠨ ᠠᠳᠤᠭᠤ᠃ ᠳᠡᠷᠢᠭᠦᠯᠡᠭᠰᠡᠨ ᠰᠠᠷᠪᠠᠭᠠᠨ ᠳᠤ | ᠨᠢᠭᠡ ᠳᠡᠮᠡᠭᠡ ᠬᠤᠶᠠᠷ ᠠᠳᠤᠬᠤ ᠦᠭᠬᠦ ᠪᠢᠢ᠃︾ — ᠳᠡᠷᠢᠬᠦᠨ ᠱᠠᠩ ᠬᠦᠷᠳᠡᠭᠰᠡᠨ ᠰᠤᠶᠤᠭᠠᠯᠠᠩ ᠮᠤᠷᠢ ᠶᠢ | ᠨᠤᠶᠡᠳ ᠤᠨᠤᠵᠦ ᠡᠳ᠋ᠯᠡᠶ᠎ᠠ ᠬᠡᠪᠡᠯ ᠡᠷᠭᠡᠪᠰᠢ ᠨᠢᠭᠡ ᠳᠡᠮᠡᠭᠡ ᠨᠠᠢᠮᠠᠨ ᠠᠳᠤᠭᠤ ᠳᠤᠰᠢᠶᠠᠨ᠎ᠠ᠃ ᠲᠦᠷᠦᠬᠦᠯᠡᠭᠰᠡᠨ | ᠬᠢᠵᠠᠭᠠᠯᠠᠩ ᠮᠤᠷᠢ ᠳᠤ ᠨᠢᠭᠡ ᠳᠡᠮᠡᠭᠡ ᠵᠢᠷᠭᠤᠭᠠᠨ ᠠᠳᠤᠭᠤ᠂ ᠲᠦᠷᠦᠬᠦᠯᠡᠭᠰᠡᠨ ᠰᠢᠳᠦᠯᠡᠩ ᠮᠤᠷᠢ ᠳᠤ ᠨᠢᠭᠡ ᠳᠡᠮᠡᠭᠡ | ᠲᠦᠷᠪᠡᠨ ᠠᠳᠤᠭᠤ᠂ ᠲᠦᠷᠦᠬᠦᠯᠡᠭᠰᠡᠨ ᠰᠠᠷᠪᠠ ᠶᠢ ᠨᠢᠭᠡ ᠳᠡᠮᠡᠭᠡ ᠬᠤᠶᠠᠷ ᠮᠤᠷᠢ ᠦᠭᠴᠤ ᠠᠪᠴᠤ ᠪᠤᠯᠤᠨ᠎ᠠ᠃ ︵ | ᠲᠤᠷᠤᠨᠠᠲ᠋ᠢᠪ ᠤᠨ ᠨᠠᠶᠢᠷᠠᠭᠤᠯᠤᠨ ᠲᠠᠶᠢᠯᠪᠤᠷᠢᠯᠠᠭᠰᠠᠨ ︽ᠬᠠᠯᠬ᠎ᠠ ᠵᠢᠷᠤᠮ︾ ᠬᠡᠬᠦ ᠨᠤᠮ ᠠᠴᠠ ᠡᠰᠢᠯᠡᠪᠠ︶ | ᠪᠦᠬᠦ᠋ᠢᠯᠡ ᠠᠭᠤᠯᠭ᠎ᠠ ᠠᠴᠠ ᠨᠢ ᠦᠵᠡᠬᠦ ᠳᠤ ᠳᠤᠰ ᠬᠠᠤᠯᠢ ᠳᠤᠭᠳᠠᠭᠠᠯ ᠨᠢ ᠮᠤᠷᠢᠨ ᠤᠷᠤᠯᠳᠤᠭᠠᠨ ᠳᠠᠬᠢ | ᠬᠢᠨᠠᠭᠴᠢ ᠪᠠᠶᠢᠴᠠᠭᠠᠭᠴᠢ ᠤᠬᠳᠤᠭᠤᠯ ᠤᠨ ᠡᠷᠬᠡ ᠡᠭᠦᠷᠭᠡ ᠶᠢ ᠳᠤᠭᠳᠠᠭᠠᠭᠰᠠᠨ ᠠᠴᠠ ᠭᠠᠳᠠᠨ᠎ᠠ ᠮᠤᠷᠢᠨ | ᠤᠷᠤᠯᠳᠤᠭᠠᠨ ᠤ ᠡᠯ᠎ᠠ ᠲᠦᠷᠦᠯ ᠤᠨ ᠬᠡᠷᠡᠭ ᠶᠠᠪᠤᠳᠠᠯ᠂ ᠵᠢᠱᠢᠶᠡᠯᠡᠪᠡᠯ ᠤᠷᠤᠯᠳᠤᠭᠠᠨ ᠤ ᠭᠠᠷᠤᠭ᠎ᠠ ᠲᠡᠭᠡᠷ᠎ᠡ ᠬᠦᠷᠴᠤ | ᠤᠷᠤᠯᠳᠤᠭᠠᠨ ᠡᠬᠢᠯᠡᠬᠦ ᠳᠡᠮᠳᠡᠭ ᠢᠶᠠᠨ ᠠᠪᠣᠭᠰᠠᠨ ᠤ ᠳᠠᠷᠠᠭ᠎ᠠ ᠰᠠᠶ᠋ᠢ ᠤᠷᠤᠯᠳᠤᠵᠦ ᠪᠤᠯᠬᠤ᠂ ᠤᠷᠤᠯᠳᠤᠭᠠᠨ ᠤ | ᠳᠤᠮᠳᠠ ᠠᠴᠠ ᠰᠢᠷᠭᠤᠯᠠᠨ ᠤᠷᠤᠬᠤ᠂ ᠤᠷᠤᠯᠳᠤᠭᠠᠨ ᠤ ᠮᠤᠷᠢᠳ ᠢ ᠳᠤᠰᠴᠤ ᠤᠭᠳᠤᠬᠤ᠂ ᠤᠷᠤᠯᠳᠤᠭᠠᠨ ᠤ | ᠮᠤᠷᠢᠨ ᠤ ᠨᠠᠰᠣ ᠵᠢᠯ ᠵᠡᠷᠭᠡ ᠳᠤ ᠬᠠᠤᠯᠢ ᠴᠠᠭᠠᠵᠠ ᠶᠢᠨ ᠬᠢᠵᠠᠭᠠᠷᠯᠠᠯ ᠬᠢᠵᠦ᠂ ᠮᠤᠷᠢ ᠤᠷᠤᠯᠳᠤᠬᠤ ᠶᠤᠰᠤ ᠵᠠᠩᠰᠢᠯ | ᠨᠢ ᠬᠠᠤᠯᠢ ᠴᠠᠭᠠᠵᠠ ᠶᠢᠨ ᠦᠨᠳᠤᠰᠦᠯᠡᠯ ᠲᠠᠢ ᠪᠤᠯᠤᠭᠰᠠᠨ ᠪᠠᠶᠢᠨ᠎ᠠ᠃ | ᠰᠢᠨᠵᠢᠯᠡᠭᠡ ᠮᠡᠷᠭᠡᠵᠢᠯ ᠬᠦᠭᠵᠢᠵᠦ ᠮᠡᠳᠡᠭᠡ ᠵᠠᠩᠬᠢ ᠲᠦᠭᠡᠮᠡᠯᠵᠢᠭᠰᠡᠨ ᠦᠨᠦᠳᠦᠷ ᠤᠨ ᠡᠷᠡᠨ ᠳᠤ ᠮᠠᠰᠢᠨ ᠲᠧᠭᠨᠢᠭ | ᠬᠦᠮᠦᠨ ᠲᠦᠷᠦᠯᠬᠢᠳᠡᠨ ᠤ ᠠᠮᠢᠳᠦᠷᠡᠯ ᠳᠤ ᠤᠷᠤᠵᠦ᠂ ᠮᠤᠷᠢᠨ ᠤ ᠮᠠᠰᠢ ᠤᠯᠠᠨ ᠦᠢᠯᠡᠳᠦᠯ ᠴᠢᠳᠡᠮᠵᠢ ᠶᠢ ᠤᠷᠤᠯᠠᠵᠦ | ᠴᠢᠳᠠᠭᠰᠠᠨ ᠴᠤ ᠮᠤᠷᠢᠨ ᠤ ᠠᠵᠦ ᠦᠢᠯᠡᠰ ᠢ ᠬᠦᠭᠵᠢᠬᠦᠯᠬᠦ ᠨᠢ ᠳᠡᠯᠡᠬᠡᠢ ᠨᠡᠶᠢᠳᠡ ᠶᠢᠨ ᠬᠠᠮᠳᠤ ᠶᠢᠨ ᠡᠷᠢᠯ ᠬᠦᠰᠡᠯ | ᠪᠤᠯᠤᠭᠠᠳ ᠪᠠᠶᠢᠨ᠎ᠠ᠃ ᠶᠠᠫᠦᠨ ᠤᠯᠤᠰ ᠢᠶᠠᠷ ᠶᠠᠷᠢᠬᠤ ᠳᠤ 1862 ᠤᠨ ᠠᠴᠠ ᠡᠭᠢᠯᠠᠨ ᠶᠡᠫᠤᠨᠴᠤᠳ ᠮᠤᠷᠢᠨ | ᠤᠷᠤᠯᠳᠤᠭᠠᠨ ᠢ ᠤᠷᠤᠭᠤᠯᠤᠨ ᠠᠪᠴᠢᠷᠠᠵᠦ᠂ 8 ᠵᠢᠯ ᠤᠨ ᠬᠢᠨᠢ ᠳᠠᠷᠠᠭ᠎ᠠ ᠬᠠᠮᠤᠭ ᠤᠨ ᠲᠦᠷᠦᠭᠦᠦ ᠪᠦᠬᠦ | ᠤᠯᠤᠰ ᠤᠨ ᠴᠢᠨᠡᠷᠳᠡᠢ ᠮᠤᠷᠢᠨ ᠤᠷᠤᠯᠳᠤᠭᠠᠨ ᠢ ᠡᠷᠬᠢᠯᠡᠨ ᠶᠠᠪᠤᠭᠳᠠᠭᠤᠯᠵᠦ᠂ ᠳᠠᠬᠢᠨ 1863 ᠤᠨ ᠳᠤ ᠮᠤᠷᠢᠨ | ᠤᠷᠤᠯᠳᠤᠭᠠᠨ ᠤ ᠣᠣᠭᠠᠨ ᠬᠠᠤᠯᠢ ᠪᠠᠨ ᠳᠤᠭᠳᠠᠭᠠᠨ ᠬᠡᠷᠡᠭᠵᠢᠬᠦᠯᠦᠭᠰᠡᠨ ᠠᠴᠠ ᠨᠠᠰᠢ᠂ ᠤᠳᠤᠬᠠᠨ ᠳᠤ ᠵᠢᠯ ᠪᠦᠷᠢ | ᠪᠠᠷᠤᠭ 8800 ᠭᠠᠷᠤᠢ ᠤᠷᠤᠯᠳᠤᠭᠠᠨ ᠤ ᠮᠤᠷᠢ ᠶᠢ ᠭᠠᠳᠠᠭᠰᠢ ᠪᠤᠷᠤᠯᠠᠭᠤᠯᠤᠨ᠂ ᠮᠤᠷᠢᠨ ᠤᠷᠤᠯᠳᠤᠭᠠᠨ ᠢ | ᠰᠤᠨᠢᠷᠬᠬᠠᠤ ᠨᠢ ᠶᠠᠫᠤᠨᠴᠤᠳ ᠤᠨ ᠠᠮᠢᠳᠤᠷᠠᠯ ᠳᠠᠬᠢ ᠴᠢᠬᠤᠯᠠ ᠨᠢᠭᠡᠨ ᠬᠠᠪᠤ ᠴᠡᠩᠬᠡᠯ ᠪᠤᠯᠵᠦ ᠬᠦᠭᠵᠢᠭᠰᠡᠨ ᠪᠠᠶᠢᠨ᠎ᠠ᠃ | ᠮᠠᠨ ᠤ ᠮᠤᠩᠭᠤᠯ ᠨᠤᠳᠤᠭ ᠲᠤ ᠵᠢᠯ ᠪᠦᠷᠢ ᠨᠠᠶᠢᠷ ᠨᠠᠭᠠᠳᠤᠮ ᠦᠷᠬᠦᠯᠵᠢᠯᠡᠵᠦ᠂ ᠨᠠᠶᠢᠷ ᠨᠠᠭᠠᠳᠤᠮ ᠤᠨ ᠳᠤᠮᠳᠠ | ᠮᠤᠷᠢᠨ ᠤᠷᠤᠯᠳᠤᠭᠠᠨ ᠶᠡᠷᠤ ᠳᠡᠭᠡᠨ ᠴᠢᠬᠤᠯᠠ ᠪᠠᠶᠢᠷᠢ ᠪᠠᠨ ᠡᠵᠡᠯᠡᠭᠰᠡᠭᠡᠷ ᠪᠠᠶᠢᠨ᠎ᠠ᠃ ᠬᠤᠪᠢ ᠬᠦᠮᠦᠨ ᠤ ᠡᠷᠬᠢᠯᠡᠵᠦ | ᠪᠠᠶᠢᠭ᠎ᠠ ᠨᠠᠶᠢᠷ ᠨᠠᠭᠠᠳᠤᠮ ᠠᠴᠠ ᠡᠬᠢᠯᠡᠨ ᠬᠤᠰᠢᠭᠤ ᠠᠶᠢᠮᠠᠭ ᠤᠨ ᠳᠡᠰ ᠤᠨ ᠨᠠᠶᠢᠷ ᠨᠠᠭᠠᠳᠤᠮ ᠳᠤᠯᠳᠠᠯ᠎ᠠ ᠴᠤᠬᠤᠮ | ᠬᠡᠴᠢᠨᠡᠨ ᠳᠠᠯᠠᠪᠠᠢ ᠮᠤᠷᠢᠨ ᠤᠷᠤᠯᠳᠤᠭᠠᠨ ᠶᠠᠪᠤᠭᠳᠠᠵᠦ ᠪᠠᠶᠢᠭ᠎ᠠ ᠶᠢ ᠠᠳᠡ ᠪᠦᠷᠢᠳᠬᠡᠬᠦ ᠶᠢᠨ ᠠᠷᠭ᠎ᠠ ᠦᠭᠡᠢ ᠴᠤ᠂ | ᠤᠳᠤᠬᠠᠨ ᠳᠤ ᠡᠨᠡᠬᠦ ᠲᠦᠷᠦᠯ ᠵᠦᠢᠯ ᠨᠢ ᠰᠤᠶᠤᠯ ᠵᠤᠭᠠᠴᠠᠯ ᠪᠤᠶᠤ ᠨᠤᠳᠤᠭ ᠤᠰᠤ ᠪᠠᠨ ᠭᠠᠳᠠᠭᠰᠢ ᠤᠬᠠᠭᠤᠯᠤᠨ | ᠳᠠᠨᠢᠯᠴᠠᠭᠤᠯᠬᠤ ᠳᠤ ᠤᠨᠴᠡ ᠨᠢᠭᠡᠨ ᠲᠦᠷᠦᠯ ᠳᠡᠮᠳᠡᠭ ᠪᠤᠯᠵᠦ᠂ ᠬᠦᠮᠦᠰ ᠤᠨ ᠪᠠᠭ᠋ᠠᠷᠬᠠᠯ ᠢ ᠳᠠᠳᠠᠵᠦ ᠪᠠᠶᠢᠳᠠᠭ ᠨᠢ | ᠲᠤᠳᠤᠷᠬᠠᠢ ᠶᠤᠮ᠃ 2005 ᠤᠨ ᠤ ᠪᠠᠷᠠᠭᠤᠨ ᠦᠵᠦᠮᠦᠴᠢᠨ ᠬᠤᠰᠢᠭᠤᠨ ᠤ ︽ᠬᠢᠨᠢᠰ ᠤᠨ ᠳᠡᠮᠳᠡᠭᠯᠡᠯ︾ ᠳᠤ | ᠪᠢᠴᠢᠭᠦᠯᠦᠭᠰᠡᠨ 800 ᠠᠵᠢᠨᠠᠢ ᠬᠦᠯᠦᠭ ᠤᠨ ᠤᠷᠤᠯᠳᠤᠭᠠᠨ᠂ ᠲᠦᠩᠯᠢᠶᠤᠤ ᠬᠤᠳᠠ ᠶᠢᠨ ᠵᠢᠷᠤᠬᠡ ᠮᠠᠯᠵᠢᠯ ᠤᠨ | ᠳᠠᠯᠠᠪᠠᠢ ᠳᠤ ᠶᠠᠪᠤᠭᠳᠠᠬᠤ ᠵᠢᠯ ᠪᠦᠷᠢ ᠶᠢᠨ 8 ᠰᠠᠷ᠎ᠠ ᠶᠢᠨ 18 ᠤ ᠮᠤᠷᠢᠨ ᠤᠷᠤᠯᠳᠤᠭᠠᠨ ᠤ ᠨᠠᠶᠢᠷ ᠵᠡᠷᠭᠡ ᠨᠢ | ᠮᠤᠩᠭᠤᠯ ᠨᠤᠳᠤᠭ ᠲᠤ ᠵᠤᠭᠠᠴᠠᠭᠰᠠᠳ ᠤᠨ ᠰᠡᠳᠬᠢᠯ ᠤᠨ ᠪᠠᠭ᠋ᠠᠳᠤᠯ ᠪᠤᠯᠵᠦ ᠪᠠᠶᠢᠳᠠᠭ᠃ | ᠤᠳᠤᠬᠠᠨ ᠪᠤᠯᠳᠠᠯ᠎ᠠ ᠮᠠᠨ ᠤ ᠤᠷᠤᠨ ᠳᠤ ᠴᠢᠨᠠᠭᠰᠢᠯᠠᠪᠠᠯ ᠪᠦᠬᠦ ᠤᠯᠤᠰ ᠲᠤ ᠮᠤᠷᠢᠨ ᠤᠷᠤᠯᠳᠤᠭᠠᠨ ᠤ ᠳᠤᠬᠠᠢ | ᠭᠠᠵᠠᠷ ᠤᠷᠤᠨ ᠤ ᠪᠤᠳᠠᠳᠤ ᠪᠠᠶᠢᠳᠠᠯ ᠳᠠᠭᠠᠨ ᠨᠡᠶᠢᠴᠡᠭᠰᠡᠨ ᠲᠦᠷᠢᠮ ᠳᠤᠭᠳᠠᠭᠠᠯ ᠪᠠᠶᠢᠳᠠᠭ ᠴᠤ᠂ ᠳᠤᠰᠬᠠᠢ ᠨᠢᠭᠡᠨ | ᠬᠠᠤᠯᠢ ᠴᠠᠭᠠᠵᠠ ᠶᠢᠨ ᠳᠤᠭᠳᠠᠭᠠᠯ ᠮᠡᠨᠳᠦᠯᠡᠭᠡ ᠦᠭᠡᠢ ᠪᠠᠶᠢᠭᠰᠠᠭᠠᠷ᠃ ︽ᠬᠠᠯᠬ᠎ᠠ ᠵᠢᠷᠤᠮ︾ ᠤᠨ ︽ | ᠤᠷᠤᠯᠳᠤᠬᠠᠨ ᠤ ᠴᠠᠬᠠᠵᠠ︾ ᠶᠢ ᠳᠠᠨᠢᠯᠴᠠᠭᠤᠯᠤᠨ ᠰᠤᠳᠤᠯᠵᠦ᠂ ᠪᠤᠳᠠᠳᠠᠢ ᠳᠤ ᠤᠯᠠᠷᠢᠭᠤᠯᠤᠨ ᠬᠡᠷᠡᠭᠯᠡᠬᠦ ᠨᠢ ᠮᠠᠰᠢ | ᠶᠡᠭᠡ ᠤᠳᠤᠬᠢᠴᠢ ᠠᠴᠢ ᠬᠤᠯᠪᠤᠭᠳᠠᠯ ᠲᠠᠢ᠂ ᠨᠡᠩ ᠴᠤ ᠮᠤᠩᠭᠤᠯ ᠦᠨᠳᠤᠰᠦᠳᠡᠨ ᠤ ᠡᠷᠳᠡᠨ ᠤ ᠬᠠᠤᠯᠢ ᠲᠦᠷᠢᠮ ᠢ | ᠰᠤᠳᠤᠯᠬᠤ ᠳᠤ ᠴᠢᠬᠤᠯᠠ ᠶᠡᠭᠡ ᠡᠷᠳᠡᠮ ᠰᠢᠨᠵᠢᠯᠡᠭᠡᠨ ᠤ ᠠᠴᠢ ᠬᠤᠯᠪᠤᠭᠳᠠᠯ ᠲᠠᠢ ᠶᠤᠮ᠃ | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ | | |