ᠭᠠᠯ ᠭᠤᠯᠤᠮᠳᠠ ᠪᠠ ᠭᠡᠷ ᠪᠦᠯᠢ ᠶᠢᠨ ᠭᠤᠤᠯ ᠡᠳ᠋ ᠬᠦᠷᠦᠩᠭᠡ ᠶᠢ ᠤᠳᠴᠢᠬᠢᠨ ᠬᠦᠪᠡᠭᠦᠨ ᠵᠠᠯᠭᠠᠮᠵᠢᠯᠠᠬᠤ ᠲᠦᠷᠢᠮ
ᠨᠡᠶᠢᠲᠡᠯᠡᠭᠰᠡᠨ ᠴᠠᠭ᠄
2020/3/5
    ᠮᠤᠩᠭᠤᠯᠴᠤᠳ ᠭᠡᠷ ᠪᠦᠯᠢ ᠶᠢᠨ ᠲᠤᠳᠤᠷᠠᠬᠢ ᠬᠠᠮᠤᠭ ᠪᠠᠭ᠎ᠠ ᠬᠦᠪᠡᠭᠦᠨ ᠢᠶᠠᠨ ︽ᠤᠳᠬᠤᠨ ᠬᠦᠪᠡᠬᠦᠨ︾ ᠬᠡᠮᠡᠨ ᠲᠠᠭᠤᠳᠠᠳᠠᠭ᠃ ᠤᠳᠴᠢᠬᠢᠨ ᠬᠡᠳᠡᠭ ᠪᠤᠯ ︽ᠭᠠᠯ ᠭᠤᠯᠤᠮᠳᠠ ᠪᠤᠯᠤᠨ ᠤᠷᠳᠤ ᠶᠢᠨ ᠡᠵᠡᠨ︾ ᠬᠡᠮᠡᠬᠦ ᠤᠳᠬ᠎ᠠ ᠲᠠᠢ᠃ ᠲᠡᠶᠢᠮᠦ ᠠᠴᠠ ᠪᠠᠰᠠ ︽ᠡᠵᠡᠨ︾ ︵ᠭᠤᠯᠤᠮᠳᠠ ᠶᠢᠨ ᠡᠵᠡᠨ︶ ᠬᠡᠮᠡᠨ ᠬᠦᠨᠳᠦᠳᠬᠡᠨ ᠲᠠᠭᠤᠳᠠᠳᠠᠭ᠃ ① ᠡᠷᠳᠡᠨ ᠤ ᠮᠤᠩᠭᠤᠯ ᠤᠨ ᠶᠤᠰᠤᠨ ᠢᠶᠠᠷ ᠮᠤᠩᠭᠤᠯ ᠤᠨ ᠠᠶᠢᠯ ᠡᠷᠦᠬᠡ ᠶᠢᠨ ᠲᠤᠳᠤᠷ᠎ᠠ ᠤᠳᠬᠤᠨ ᠬᠦᠪᠡᠭᠦᠨ ᠨᠢ ᠡᠴᠢᠭᠡ ᠶᠢᠨ ᠢᠶᠠᠨ ᠭᠠᠯ ᠭᠤᠯᠤᠮᠳᠠ ᠪᠠ ᠨᠤᠳᠤᠭ ᠪᠡᠯᠴᠢᠭᠡᠷ ᠢ ᠵᠠᠯᠭᠠᠮᠵᠢᠯᠠᠨ ᠡᠵᠡᠯᠡᠳᠡᠭ᠃ ᠪᠤᠰᠤᠳ ᠬᠦᠪᠡᠭᠦᠳ ᠨᠢ᠂ ᠳᠠᠳᠠᠪᠤᠷᠢ ᠡᠬᠡᠨᠡᠷ ᠤᠨ ᠬᠦᠪᠡᠬᠦᠳ ᠴᠤ ᠡᠴᠢᠭᠡ ᠶᠢᠨ ᠢᠶᠠᠨ ᠭᠡᠷᠢᠶᠡᠰ ᠢᠶᠠᠷ ᠵᠤᠬᠢᠬᠤ ᠡᠳ᠋ ᠬᠦᠷᠦᠩᠭᠡ᠂ ᠮᠠᠯ ᠰᠦᠷᠦᠭ ᠢ ᠵᠠᠯᠭᠠᠮᠵᠢᠯᠠᠬᠤ ᠡᠷᠬᠡ ᠲᠠᠢ ᠪᠠᠶᠢᠳᠠᠭ᠃ᠪᠡᠯᠡᠳᠬᠡᠭᠰᠡᠨ ᠨᠢ᠄ ᠡᠷᠳᠡᠨᠢᠬᠦᠦ ᠨᠠᠶᠢᠷᠠᠭᠤᠯᠤᠭᠰᠠᠨ ᠨᠢ᠄ ᠨᠠᠮᠤᠷ ᠬᠢᠨᠠᠭᠰᠠᠨ ᠨᠢ᠄ ᠤᠷᠢᠬᠠᠨ  
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号