ᠮᠠᠯ ᠰᠢᠨᠠᠯᠠᠬᠦᠯᠬᠦ ᠵᠠᠩ
ᠨᠡᠶᠢᠲᠡᠯᠡᠭᠰᠡᠨ ᠴᠠᠭ᠄
2020/4/21
   ᠲᠠᠪᠤᠨ ᠬᠤᠰᠢᠭᠤ ᠮᠠᠯ ᠰᠥᠷᠥᠭ ᠢᠶᠠᠷ ᠬᠥᠷᠥᠩᠬᠡ ᠪᠠᠨ ᠬᠢᠵᠥ᠂ ᠠᠮᠢᠳᠣᠷᠠᠯ ᠢᠶᠠᠨ ᠥᠬᠡᠳᠡᠯᠡᠬᠦᠯᠵᠥ ᠶᠠᠪᠤᠬᠰᠠᠨ ᠮᠠᠯᠴᠢᠨ ᠬᠥᠮᠥᠨ ᠳᠤ ᠮᠠᠯ ᠢᠶᠠᠨ ᠰᠢᠨᠠᠯᠠᠬᠦᠯᠬᠦ ᠨᠢ ᠨᠢᠬᠡ ᠴᠢᠬᠤᠯᠠ ᠲᠣᠷᠠᠰᠬᠠᠯ ᠤᠨ ᠡᠳᠣᠷ ᠪᠤᠯᠳᠠᠬ᠃ ᠴᠠᠬᠠᠷᠴᠤᠳ ᠡᠷᠳᠡᠨ ᠳᠡᠭᠡᠨ ᠭᠤᠤᠯᠳᠠᠭᠤ ᠰᠢᠨ᠎ᠠ ᠶᠢᠨ ᠬᠤᠶᠠᠷ ᠲᠤ ᠮᠠᠯ ᠢᠶᠠᠨ ᠰᠢᠨᠠᠯᠠᠬᠦᠯᠳᠡᠭ ᠪᠠᠶᠢᠵᠠᠢ᠃ ᠰᠠᠬᠦᠯᠠᠷ ᠨᠢ ᠴᠠᠭᠠᠨ ᠰᠠᠷ᠎ᠠ ᠶᠢᠨ ᠰᠢᠨ᠎ᠠ ᠶᠢᠨ ᠲᠠᠪᠤᠨ᠂ ᠰᠢᠨ᠎ᠠ ᠶᠢᠨ ᠨᠠᠶ᠋ᠮᠠᠨ᠂ ᠠᠷᠪᠠᠨ ᠲᠠᠪᠤᠨ ᠳᠤ ᠰᠢᠨᠠᠯᠠᠬᠦᠯᠳᠡᠭ ᠪᠤᠯᠤᠨ ᠣᠯᠠᠷᠢᠵᠠᠢ᠃ ᠲᠠᠷᠠ ᠥᠶᠠᠰ ᠮᠠᠯ ᠰᠢᠨᠠᠯᠠᠬᠦᠯᠬᠦ ᠵᠠᠩ ᠣᠶᠢᠯᠠ ᠶᠢ ᠬᠤᠳᠳᠤᠭ ᠤᠰᠥᠨ ᠲᠠᠬᠡᠷ᠎ᠠ ᠬᠢᠳᠡᠭ ᠪᠠᠶᠢᠬᠰᠠᠨ ᠢᠶᠠᠨ ᠰᠠᠬᠦᠯᠠᠷ ᠨᠢ ᠲᠤᠰᠬᠠᠢ ᠭᠠᠵᠠᠷ ᠰᠤᠩᠭᠤᠵᠥ᠂ ᠡᠩᠬᠡᠷ ᠡᠬᠡᠪᠤᠷ᠂ ᠲᠠᠯᠪᠢᠭᠤ ᠲᠠᠯ᠎ᠠ ᠳᠤ ᠬᠤᠳᠡ ᠤᠰᠥ ᠪᠠᠷ ᠢᠶᠠᠨ ᠬᠢᠬᠦ ᠵᠠᠩᠰᠢᠯ ᠲᠠᠢ ᠪᠤᠯᠣᠨ ᠥᠷᠨᠢᠵᠠᠢ᠃ ᠡᠨᠡᠬᠦ ᠶᠤᠰᠥᠨ ᠢ ᠬᠤᠳᠡ ᠤᠰᠥᠨ ᠤ ᠠᠬᠠᠮᠠᠳ ᠲᠤᠮᠤᠭᠠᠳᠡᠳ ᠰᠢᠭᠤᠳ ᠤᠳᠥᠷᠢᠳᠥᠨ ᠵᠢᠯᠥᠭᠤᠳᠴᠥ ᠶᠠᠪᠤᠬᠳᠠᠭᠤᠯᠳᠠᠭ ᠪᠠᠶᠢᠵᠠᠢ᠃    ᠮᠠᠯ ᠤᠨ ᠰᠢᠨᠠᠯᠠᠬᠦᠯᠬᠡ ᠡᠬᠢᠯᠡᠮᠡᠭᠴᠡ ᠠᠶᠢᠯ ᠤᠰᠥᠨ ᠤ ᠨᠠᠰᠥᠳᠡᠨ ᠲᠤᠮᠤᠭᠠᠳᠠᠨ ᠪᠤᠳᠡ ᠪᠤᠭ ᠮᠠᠯ ᠤᠨ ᠲᠠᠷᠠᠭᠠᠯᠠᠯ ᠢᠶᠠᠷ ᠬᠡᠰᠢᠭ ᠤᠨ ᠬᠥᠷᠢᠶ᠎ᠠ ᠵᠢᠬᠰᠠᠭᠠᠵᠥ᠂ ᠬᠠᠮᠤᠭ ᠲᠠᠬᠡᠷ᠎ᠠ ᠲᠠᠯ᠎ᠠ ᠳᠤᠨᠢ ᠪᠤᠬ᠎ᠠ᠂ ᠲᠠᠷᠠᠭ᠎ᠠ ᠨᠢ ᠠᠳᠤᠭᠤ᠂ ᠲᠡᠮᠡᠭᠡ᠂ ᠭᠠᠳᠠᠭᠤᠷ ᠨᠢ ᠬᠤᠨᠢ ᠢᠮᠠᠭ᠎ᠠ ᠵᠤᠬᠰᠤᠭᠠᠨ ᠰᠠᠩ ᠲᠠᠯᠪᠢᠵᠥ ᠠᠷᠢᠭᠤᠯᠠᠭᠠᠳ ᠡᠮᠥᠨ᠎ᠠ ᠨᠢ ᠴᠠᠭᠠᠨ ᠢᠰᠡᠬᠡᠢ ᠲᠠᠪᠢᠰᠥᠨ ᠤᠯᠪᠤᠭ ᠲᠠᠯᠪᠢᠵᠥ᠂ ᠲᠠᠬᠡᠷ᠎ᠠ ᠨᠢ ᠰᠢᠷᠡᠭᠡ ᠵᠠᠰᠠᠭᠠᠳ ᠪᠤᠬ᠎ᠠ᠂ ᠠᠵᠢᠷᠭ᠎ᠠ᠂ ᠪᠤᠤᠷ᠎ᠠ᠂ ᠬᠤᠴᠠ᠂ ᠤᠬᠤᠨ᠎ᠠ ᠪᠠᠨ ᠠᠶᠢᠷᠠᠭ᠂ ᠰᠢᠷ᠎ᠠ ᠲᠤᠰᠥ᠂ ᠠᠮᠤᠰᠥᠨ ᠪᠤᠳᠠᠭ᠎ᠠ᠂ ᠰᠥ ᠴᠠᠭᠠᠨ ᠢᠳᠡᠬᠡᠨ ᠢᠶᠠᠷ ᠮᠢᠯᠢᠶᠠᠵᠥ᠂ ᠡᠪᠡᠷ ᠬᠥᠵᠥᠬᠦᠨ ᠳᠤᠨᠢ ᠥᠡᠭᠬᠡ ᠶᠢᠨ ᠭᠭᠢᠪ ᠵᠠᠬᠦᠯᠬᠡᠵᠥ ᠢᠷᠥᠬᠡᠯ ᠲᠠᠯᠪᠢᠨ᠎ᠠ᠃    ᠪᠤᠬ᠎ᠠ ᠮᠢᠯᠢᠶᠠᠬᠤ ᠢᠷᠥᠬᠡᠯ ᠳᠤ᠄ᠮᠢᠡᠳᠠᠰᠥᠨ ᠰᠥᠷᠥᠭ ᠤᠨ ᠡᠵᠡᠨᠮᠢᠩᠭᠠᠨ ᠥᠬᠡᠷ ᠤᠨ ᠮᠠᠩᠯᠠᠢᠮᠠᠩᠨᠠᠢ ᠬᠠᠯᠵᠠᠨ ᠪᠤᠬ᠎ᠠᠲᠥᠷᠥᠯ ᠢᠶᠠᠷ ᠢᠶᠠᠨ ᠤᠬᠢᠲᠥᠯᠵᠢᠬᠦ ᠪᠠᠷ ᠢᠶᠠᠨ ᠥᠨᠢᠷᠲᠥᠯ ᠢᠶᠠᠷ ᠢᠶᠠᠨ ᠪᠠᠶᠠᠨ ᠪᠤᠯᠳᠤᠭᠠᠢᠠᠵᠢᠷᠭ᠎ᠠ ᠮᠢᠯᠢᠶᠠᠬᠤ ᠢᠷᠥᠬᠡᠯ ᠳᠤ᠄ᠲᠥᠮᠠᠨ ᠤ ᠲᠥᠷᠥᠬᠦᠥᠲᠥᠳᠥᠬᠡᠷ ᠰᠠᠷᠠᠳᠥᠬᠤᠯᠠᠨ ᠴᠢᠬᠢᠳᠥᠬᠤᠷ ᠲᠠᠯᠠᠳᠥᠬᠤᠷᠳᠤᠨ ᠬᠥᠶᠥᠳᠡᠯᠳᠥ ᠡᠨᠡ ᠠᠵᠢᠷᠭ᠎ᠠ ᠪᠤᠯᠪᠠᠰᠥ ᠬᠡᠵᠥ ᠮᠢᠯᠢᠶᠠᠨ᠎ᠠ᠃ᠪᠤᠤᠷ᠎ᠠ ᠮᠢᠯᠢᠶᠠᠬᠤ ᠢᠷᠥᠬᠡᠯ ᠳᠡᠭᠡᠨ᠄ᠠᠶᠤᠩᠭ᠎ᠠ ᠶᠢᠨ ᠲᠠᠭᠤᠳᠥᠠᠷᠰᠯᠠᠨ ᠤ ᠰᠥᠷᠳᠥᠰᠢᠯᠢ ᠬᠠᠨᠳᠠᠷᠥᠬᠰᠠᠨᠰᠢᠷᠡᠭᠡ ᠪᠥᠬᠦ ᠲᠠᠢ ᠡᠨᠡ ᠪᠤᠤᠷ᠎ᠠ ᠪᠤᠯᠵᠤ᠋ ᠶᠠᠬᠡᠳᠥ ᠶᠢᠨ ᠲᠠᠬᠡᠳᠥᠰᠵᠤᠬᠳᠤᠷ ᠶᠡᠬᠡᠳᠥ ᠶᠢᠨ ᠡᠴᠢᠬᠡᠬᠡᠶᠢᠮᠤᠷᠢ ᠪᠠᠨ ᠲᠡᠭᠷᠢ ᠳᠤ ᠡᠷᠬᠦᠵᠥᠬᠡᠰᠢᠭ ᠢᠶᠠᠨ ᠲᠥᠮᠡᠨ ᠳᠤ ᠲᠥᠬᠡᠬᠡᠵᠥ ᠁ ᠁ ᠬᠡᠵᠥ ᠢᠷᠥᠬᠡᠨ᠎ᠠ᠃    ᠬᠤᠴᠠ ᠶᠢ ᠮᠢᠯᠢᠶᠠᠬᠤ ᠳᠤ ᠴᠢᠯᠠᠭᠤ ᠪᠤᠶᠥ ᠬᠥᠷᠵᠠᠩ᠂ ᠬᠥᠷ ᠴᠠᠰᠥ ᠪᠠᠷ ᠵᠠᠰᠠᠬᠰᠠᠨ ︿ᠬᠤᠴᠠ ᠶᠢᠨ ᠰᠢᠷᠡᠭᠡ﹀ ᠲᠠᠬᠡᠷ᠎ᠠ ᠭᠠᠷᠭᠠᠵᠥ ︿ᠲᠥᠯ ᠨᠢ ᠲᠥᠮᠠ ᠳᠤ ᠬᠥᠷᠥᠭ᠂ ᠲᠥᠷᠥᠯ ᠨᠢ ᠲᠠᠯ᠎ᠠ ᠪᠥᠷᠬᠦᠭ﹀ ᠬᠡᠵᠥ ᠡᠪᠡᠷ ᠬᠥᠵᠥᠬᠦᠥ ᠶᠢ ᠨᠢ ᠥᠡᠭᠬᠡ ᠶᠢᠨ ᠭᠭᠢᠪ ᠬᠠᠳᠠᠭ ᠢᠶᠠᠷ ᠴᠢᠮᠡᠭᠯᠡᠨ ᠮᠢᠯᠢᠶᠠᠳᠠᠭ᠃ ᠢᠮᠠᠭ᠎ᠠ ᠪᠤᠯ ᠥᠰᠬᠦ ᠨᠢ ᠬᠤᠷᠳᠤᠨ᠂ ᠥᠬᠡᠳᠡ ᠡᠰᠡᠷᠡᠭ᠂ ᠴᠤᠪᠤᠭᠤ ᠰᠠᠷᠬᠦᠯᠡᠩ ᠠᠪᠬᠠᠯᠵᠢ ᠠᠮᠢᠳᠠᠨ ᠪᠤᠯᠬᠤᠷ ᠬᠡᠰᠢᠭ ᠤᠨ ᠬᠥᠷᠢᠶᠠᠨ ᠤ ᠭᠠᠳᠠᠨ᠎ᠠ ᠵᠣᠬᠰᠣᠭᠠᠵᠥ᠂ ︿ᠶᠠᠭᠠᠷᠠᠪᠠᠯ ᠢᠮᠠᠭ᠎ᠠ ᠲᠡᠵᠢᠬᠡ᠂ ᠶᠠᠪᠤᠪᠠᠯ ᠶᠠᠪᠤᠳᠠᠯ ᠪᠥᠳᠥᠬᠡ﹀ ᠬᠡᠬᠦ ᠵᠡᠷᠬᠡ ᠪᠠᠷ ᠮᠢᠯᠢᠶᠠᠳᠠᠭ᠃    ᠰᠢᠨᠠᠯᠠᠬᠦᠯᠬᠡ ᠬᠢᠵᠥ ᠪᠠᠶᠢᠬᠤ ᠥᠶ᠎ᠠ ᠳᠤ ᠬᠡᠷ ᠤᠨ ᠡᠵᠡᠨ ᠲᠠᠪᠠᠭ ᠲᠠᠢ ᠢᠳᠡᠭᠡ ᠪᠤᠳᠠᠭ᠎ᠠ ᠪᠠᠷᠢᠵᠥ᠂ ᠲᠠᠯᠠᠯᠭᠠᠨ ᠰᠠᠭᠤᠯᠠᠭ᠎ᠠ ᠲᠠᠢ ᠰᠥ ᠪᠠᠷ ᠰᠠᠴᠣᠯᠢ ᠡᠷᠬᠦᠨ᠂ ︽ᠰᠥᠷᠥᠭ ᠤᠨ ᠬᠡᠶᠢᠮᠥᠷᠢ ᠲᠡᠭᠳᠡᠭ᠂ ᠰᠥᠯᠳᠡ ᠵᠣᠷᠢᠭ ᠰᠠᠷᠬᠦᠭ᠂ ᠬᠡᠷ ᠤᠨ ᠬᠡᠶᠢᠮᠥᠷᠢ ᠲᠡᠭᠳᠡᠭ᠂ ᠬᠡᠰᠢᠭ ᠪᠤᠶᠠᠨ ᠲᠡᠯᠬᠡᠷᠡᠭ᠂ ᠬᠤᠷᠣᠢ ᠬᠤᠷᠣᠢ︾ ᠬᠡᠮᠡᠨ ᠲᠠᠯᠠᠯᠭ᠎ᠠ ᠠᠪᠳᠠᠭ᠃ ᠲᠠᠷᠠᠭ᠎ᠠ ᠨᠢ ᠮᠠᠯ ᠤᠨ ᠬᠡᠶᠢᠮᠥᠷᠢ ᠰᠠᠷᠬᠦᠬᠡᠨ᠎ᠠ ᠬᠡᠵᠥ ᠫᠣᠣᠵᠢᠩ ᠲᠠᠯᠪᠢᠳᠠᠭ ᠴᠥ ᠪᠤᠢ᠃ᠮᠠᠯ ᠢᠶᠠᠨ ᠰᠢᠨᠠᠯᠠᠬᠦᠯᠵᠥ ᠪᠠᠷᠠᠬᠰᠠᠨ ᠤ ᠲᠠᠷᠠᠭ᠎ᠠ ᠮᠠᠯ ᠤᠨ ᠰᠢᠨ᠎ᠠ ᠶᠢ ᠡᠷᠬᠢᠯᠡᠭᠰᠡᠨ ᠨᠠᠰᠣᠳᠡᠨ ᠲᠣᠮᠣᠭᠠᠳᠠᠨ᠂ ᠮᠠᠯ ᠬᠠᠷᠢᠭᠤᠯᠣᠬᠴᠢ ᠨᠠᠷ ᠢ ᠲᠠᠬᠡᠳᠥ ᠰᠠᠭᠤᠳᠠᠯ ᠳᠤ ᠵᠠᠯᠠᠵᠥ᠂ ᠰᠠᠭᠠᠯᠢ ᠶᠢᠨ ᠰᠠᠷᠬᠤᠳ ᠢᠶᠠᠨ ᠪᠠᠷᠢᠵᠥ ᠢᠳᠡᠭᠡ ᠪᠤᠳᠠᠭ᠎ᠠ ᠵᠣᠭᠤᠬᠯᠠᠭᠤᠯᠣᠨ ᠬᠥᠡᠳᠥᠳᠬᠡᠨ ᠵᠣᠴᠢᠯᠠᠨ᠎ᠠ᠃    ᠰᠢᠨ᠎ᠠ ᠶᠢᠨ ᠲᠠᠯ᠎ᠠ ᠳᠤ ᠮᠣᠷᠢ ᠲᠠᠮᠡᠭᠡ ᠣᠷᠣᠯᠳᠥᠭᠤᠯᠵᠥ ᠵᠠᠯᠠᠭᠤᠴᠣᠳ ᠪᠥᠬᠡ ᠪᠠᠷᠢᠯᠳᠣᠨ᠎ᠠ᠃ ᠬᠡᠣᠬᠡᠳ ᠪᠠᠭᠠᠴᠣᠳ ᠢᠷᠬᠡ ᠰᠠᠷᠬᠡ ᠣᠨᠣᠵᠥ ᠣᠷᠣᠯᠳᠥᠨ᠂ ᠮᠠᠠᠳᠥ ᠣᠠᠳᠥᠷᠥᠬᠰᠠᠨ ᠮᠠᠯ ᠰᠥᠷᠥᠭ ᠤᠨ ᠢᠶᠠᠨ ᠲᠠᠷᠭᠤ ᠬᠥᠴᠥ᠂ ᠶᠠᠰᠥ ᠴᠢᠮᠥᠬᠡ ᠰᠠᠶᠢᠳᠡᠢ ᠶᠢ ᠲᠠᠶᠠᠩ ᠳᠤ ᠭᠠᠶᠢᠬᠠᠭᠤᠯᠣᠨ᠎ᠠ᠃ ᠬᠡᠣᠬᠡᠳ ᠤᠨ ᠣᠷᠣᠯᠳᠣᠭᠠᠨ ᠳᠤ ᠲᠠᠷᠢᠬᠦᠯᠡᠭᠰᠡᠨ ᠬᠡᠣᠬᠡᠳ ᠢ ᠢᠬᠢᠷ᠎ᠠ ᠬᠤᠷᠠᠭ᠎ᠠ ᠢᠰᠢᠬᠡ ᠪᠠᠷ ᠱᠠᠩᠨᠠᠳᠠᠭ ᠵᠠᠩᠰᠢᠯ ᠲᠠᠢ᠃ ᠨᠠᠰᠣᠳᠡᠨ ᠲᠣᠮᠣᠭᠠᠳᠠᠳ ᠠᠴᠠ ᠮᠠᠯ ᠰᠢᠨᠠᠯᠠᠬᠦᠯᠥᠭᠰᠡᠨ ᠡᠳᠥᠷ ᠮᠠᠯ ᠰᠥᠷᠥᠭ ᠤᠨ ᠪᠠᠯᠴᠢᠬᠡᠷ ᠲᠤ ᠭᠠᠷᠬᠤ ᠪᠠᠶᠢᠳᠠᠯ ᠢ ᠠᠵᠢᠬᠯᠠᠨ ᠰᠢᠡᠵᠢᠵᠥ᠂ ᠢᠷᠡᠬᠦ ᠵᠢᠯ ᠤᠨ ᠮᠠᠯ ᠰᠥᠷᠥᠭ ᠤᠨ ᠥᠬᠡᠳᠡ ᠡᠰᠡᠷᠡᠭ ᠢ ᠵᠥᠡᠭᠨᠡᠨ ᠪᠠᠯᠬᠡᠳᠡᠵᠡᠬᠡᠨ᠎ᠠ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号