ᠮᠤᠩᠭᠤᠯᠴᠤᠳ ᠤᠨ ᠢᠳᠡᠭᠡᠨ ᠤᠮᠳᠠᠭᠠᠨ      ᠳ᠋᠊ ᠵ᠊
ᠨᠡᠶᠢᠲᠡᠯᠡᠭᠰᠡᠨ ᠴᠠᠭ᠄
2020/4/22
     ᠬᠠᠳᠠᠭ ᠪᠠᠷᠢᠬᠤ᠄ ᠬᠦᠨᠳᠦᠳᠦ ᠵᠤᠴᠢᠨ ᠠᠬᠠᠰ ᠵᠠᠬᠠᠰ ᠢᠶᠠᠨ ᠤᠭᠳᠤᠵᠤ ᠮᠤᠷᠳᠠᠭᠤᠯᠬᠤ ᠳᠤ ᠪᠦᠷ ᠯᠡ ᠬᠠᠳᠠᠭ ᠪᠠᠷᠢᠵᠤ ᠬᠠᠯᠠᠭᠤᠨ ᠲᠤᠳᠤᠨᠤ ᠪᠠᠷ ᠠᠮᠤᠷ ᠮᠡᠨᠳᠤ ᠪᠠᠨ ᠠᠰᠠᠭᠤᠯᠴᠠᠵᠤ᠂ ᠠᠵᠤ ᠠᠬᠤᠢ ᠶᠢᠨ ᠠᠬᠢᠴᠠ ᠬᠦᠭᠵᠢᠯᠳᠡ ᠪᠠᠨ ᠢᠷᠦᠭᠡᠯᠴᠡᠳᠡᠭ᠃ ᠬᠡᠷ ᠤᠨ ᠡᠵᠡᠨ ᠠᠯᠳᠠ ᠤᠷᠳᠤ ᠬᠠᠳᠠᠭ ᠢᠶᠠᠨ ᠬᠤᠶᠠᠷ ᠠᠯᠠᠭᠠᠨ ᠳᠠᠭᠠᠨ ᠲᠡᠯᠭᠡᠨ ᠪᠡᠶ᠎ᠡ ᠪᠦᠬᠦ᠋ᠢᠨ ᠪᠠᠷᠢᠬᠤ ᠳᠤ ᠵᠤᠴᠢᠨ ᠬᠢᠴᠢᠶᠡᠩᠭᠦᠢ ᠪᠠᠷ ᠲᠤᠰᠤᠨ ᠠᠪᠴᠤ ᠲᠠᠯᠠᠷᠬᠠᠵᠤ ᠪᠠᠶᠢᠬᠤ ᠪᠠᠨ ᠢᠯᠡᠳᠭᠡᠭᠡᠳ ᠬᠠᠳᠠᠭ ᠢ ᠲᠡᠬᠢᠨ ᠡᠵᠡᠨ ᠳᠤᠨᠢ ᠪᠤᠴᠠᠭᠠᠬᠤ ᠳᠤ ᠬᠡᠷ ᠤᠨ ᠡᠵᠡᠨ ᠬᠠᠳᠠᠭ ᠢᠶᠠᠨ ᠬᠢᠴᠢᠶᠡᠩᠭᠦᠢ ᠪᠠᠷ ᠲᠤᠰᠤᠨ ᠠᠪᠴᠤ ᠪᠠᠶᠠᠷᠯᠠᠭᠰᠠᠨ ᠰᠡᠳᠬᠢᠯᠭᠡ ᠪᠠᠨ ᠢᠯᠡᠳᠭᠡᠨ᠎ᠡ᠃      ᠰᠦ ᠲᠠᠢ ᠴᠠᠢ᠄ ᠵᠤᠴᠢᠨ ᠢᠶᠠᠨ ᠬᠡᠷ ᠲᠡᠭᠡᠨ ᠵᠠᠯᠠᠵᠤ ᠤᠷᠤᠭᠤᠯᠤᠭᠰᠠᠨ ᠤ ᠲᠠᠷᠠᠭ᠎ᠠ ᠬᠡᠷ ᠤᠨ ᠡᠵᠡᠨ ᠲᠤᠰᠤ᠂ ᠦᠷᠦᠮ᠎ᠡ᠂ ᠴᠦᠷᠮ᠎ᠠ᠂ ᠬᠤᠷᠤᠳ᠂ ᠰᠢᠬᠢᠷ ᠪᠤᠭᠤᠷᠰᠤᠭ᠂ ᠬᠠᠭᠤᠷᠤᠭᠰᠠᠨ ᠠᠮᠤ ᠵᠡᠷᠭᠡ ᠶᠢᠨ ᠢᠳᠡᠭᠡᠨ ᠤᠮᠳᠠᠭᠠᠨ ᠢ ᠰᠢᠷᠡᠭᠡ ᠲᠦᠭᠦᠷᠡᠩ ᠦᠷᠦᠵᠤ ᠲᠠᠯᠪᠢᠭᠰᠠᠨ ᠤ ᠲᠠᠷᠠᠭ᠎ᠠ ᠨᠠᠷᠢᠯᠢᠭ ᠬᠢᠴᠡᠳᠡᠢ ᠠᠶᠠᠭᠠᠨ ᠳᠤ ᠲᠤᠨᠳᠠᠭᠤᠷ ᠬᠠᠭᠤᠷᠤᠭᠰᠠᠨ ᠠᠮᠤ ᠬᠢᠵᠤ ᠨᠠᠶᠢᠷᠠᠭᠤᠯᠵᠤ ᠴᠢᠨᠠᠭᠰᠠᠨ ᠰᠦ ᠲᠠᠢ ᠴᠠᠢ ᠠᠶᠠᠭᠠᠯᠠᠳᠠᠭ᠃ ᠮᠤᠩᠭᠤᠯᠴᠤᠳ ᠤᠨ ᠤᠯᠠᠩᠬᠢ ᠨᠢ ᠬᠡᠪ ᠤᠨ ᠴᠠᠢ ᠶᠢ ᠨᠦᠳᠦᠵᠤ ᠨᠤᠨᠳᠤᠭᠯᠠᠭᠠᠳ ᠴᠢᠨᠠᠵᠤ ᠪᠤᠴᠠᠯᠭᠠᠭᠰᠠᠨ ᠤ ᠲᠠᠷᠠᠭ᠎ᠠ ᠲᠠᠪᠤᠰᠤ ᠰᠦ ᠬᠢᠵᠤ ᠰᠠᠮᠤᠷᠠᠭᠠᠳ ᠤᠤᠭᠤᠳᠠᠭ᠃ ᠢᠡᠭᠬᠢᠵᠤ ᠰᠦᠯᠡᠭᠰᠡᠨ ᠴᠠᠢ ᠨᠢ ᠦᠨᠦᠷ ᠠᠩᠬᠢᠯᠦᠮ᠎ᠠ ᠠᠮᠳᠠ ᠰᠠᠶᠢᠳᠠᠢ᠂ ᠠᠮᠰᠠᠬᠤ ᠲᠤᠳᠤᠮ ᠲᠠᠭᠠᠯᠠᠮᠵᠢᠳᠠᠢ ᠪᠠᠶᠢᠳᠠᠭ᠃      ᠰᠦ ᠴᠠᠭ᠎ᠠ ᠠᠮᠰᠠᠬᠤ᠄ ᠰᠦ ᠴᠠᠭ᠎ᠠ ᠠᠮᠰᠠᠭᠤᠯᠬᠤ ᠪᠤᠯ ᠮᠤᠩᠭᠤᠯ ᠦᠨᠳᠦᠰᠦᠳᠡᠨ ᠤ ᠵᠤᠴᠢᠨ ᠲᠠᠶᠢᠯᠠᠬᠤ ᠳᠤ ᠲᠤᠳᠠᠭᠳᠠᠵᠤ ᠪᠤᠯᠤᠰᠢ ᠦᠭᠡᠢ ᠨᠢᠭᠡ ᠵᠦᠢᠯ ᠤᠨ ᠶᠤᠰᠤ ᠪᠤᠯᠤᠨ᠎ᠠ᠃ ᠵᠤᠴᠢᠨ ᠪᠠᠭᠤᠳᠠᠯᠯᠠᠭᠰᠠᠨ ᠤ ᠲᠠᠷᠠᠭ᠎ᠠ ᠪᠠᠷ ᠬᠡᠷ ᠤᠨ ᠡᠵᠡᠨ ᠮᠦᠡᠭᠭᠦᠨ ᠠᠶᠠᠭ᠎ᠠ ᠪᠤᠶᠤ ᠪᠤᠰᠤᠳ ᠠᠶᠠᠭ᠎ᠠ ᠰᠠᠪᠠᠨ ᠳᠤ ᠰᠦ ᠴᠠᠭ᠎ᠠ ᠬᠡᠮᠨᠡᠭᠡᠳ ᠵᠤᠴᠢᠨ ᠳᠤ ᠪᠠᠷᠢᠬᠤ ᠳᠤ ᠵᠤᠴᠢᠨ ᠬᠤᠶᠠᠷ ᠭᠠᠷ ᠢᠶᠠᠷ ᠢᠶᠠᠨ ᠬᠢᠴᠢᠶᠡᠩᠭᠦᠢ ᠲᠤᠰᠤᠨ ᠠᠪᠴᠤ ᠪᠠᠷᠠᠭᠤᠨ ᠭᠠᠷ ᠤᠨ ᠢᠳᠡᠮ ᠬᠤᠷᠤᠭᠤ ᠪᠠᠨ ᠠᠶᠠᠭ᠎ᠠ ᠲᠠᠢ ᠰᠦᠨ ᠳᠤ ᠲᠦᠷᠦᠭᠡᠳ ᠲᠡᠭᠷᠢ ᠭᠠᠵᠠᠷ ᠲᠤ ᠰᠡᠷᠵᠢᠮᠯᠡᠵᠤ᠂ ᠲᠡᠭᠷᠢ ᠭᠠᠵᠠᠷ ᠤᠨ ᠬᠡᠰᠢᠭ ᠢᠪᠡᠭᠡᠯ ᠳᠤ ᠲᠠᠯᠠᠷᠬᠠᠭᠰᠠᠨ ᠤ ᠲᠠᠷᠠᠭ᠎ᠠ ᠦᠪᠡᠷ ᠢᠶᠠᠨ ᠠᠮᠰᠠᠭᠠᠳ ᠠᠶᠠᠭ᠎ᠠ ᠲᠠᠢ ᠰᠦ ᠶᠢ ᠡᠵᠡᠨ ᠳᠤᠨᠢ ᠪᠤᠴᠠᠭᠠᠨ᠎ᠠ᠃ ᠰᠦ ᠰᠠᠭᠠᠯᠢ ᠪᠤᠯ ᠮᠤᠩᠭᠤᠯᠴᠤᠳ ᠤᠨ ᠠᠮᠤᠷ ᠲᠦᠪᠰᠢᠨ ᠤ ᠪᠡᠯᠭᠡ᠂ ᠠᠵᠤ ᠠᠬᠤᠢ ᠶᠢᠨ ᠡᠯᠪᠡᠭ ᠬᠤᠷᠢᠶᠠᠯᠳᠠ ᠶᠢᠨ ᠢᠷᠦᠭᠡᠯ ᠪᠤᠯᠤᠨ᠎ᠠ᠃      ᠰᠢᠭᠦᠰᠦ ᠲᠠᠯᠪᠢᠬᠤ᠄ ᠰᠢᠬᠦᠰᠦ ᠪᠤᠯ ᠲᠠᠪᠤᠨ ᠴᠠᠢ ᠶᠢᠨ ᠬᠠᠮᠤᠭ ᠤᠨ ᠬᠦᠨᠳᠦᠳᠡᠢ ᠬᠠᠮᠤᠭ ᠤᠨ ᠨᠠᠨᠳᠢᠨ ᠬᠠᠮᠤᠭ ᠤᠨ ᠦᠵᠡᠮᠵᠢᠳᠡᠢ ᠰᠠᠶᠢᠬᠠᠨ ᠢᠳᠡᠭᠡᠨ ᠤ ᠵᠦᠢᠯ ᠪᠤᠯᠤᠨ᠎ᠠ᠃ ᠬᠤᠷᠢᠮ ᠬᠤᠷᠠᠯ᠂ ᠨᠠᠶᠢᠷ ᠨᠠᠭᠠᠳᠤᠮ ᠳᠤ ᠡᠷᠬᠢᠮ ᠵᠤᠴᠢᠳ ᠢ ᠲᠠᠶᠢᠯᠠᠬᠤ ᠳᠤ ᠬᠤᠨᠢᠨ ᠰᠢᠬᠦᠰᠦ ᠲᠠᠯᠪᠢᠳᠠᠭ᠃ ᠰᠢᠬᠦᠰᠦ ᠪᠤᠯ ᠲᠡᠷᠢᠬᠦᠨ ᠵᠦᠢᠯ ᠤᠨ ᠬᠦᠨᠳᠦᠳᠭᠡᠯ ᠤᠨ ᠢᠳᠡᠭᠡᠨ ᠪᠤᠯᠤᠨ᠎ᠠ᠃ ᠬᠤᠨᠢ ᠶᠢ ᠨᠢᠳᠤᠯᠡᠭᠰᠡᠨ ᠤ ᠲᠠᠷᠠᠭ᠎ᠠ ᠬᠡᠳᠡᠰᠦ ᠲᠤᠳᠤᠷ ᠢ ᠨᠢ ᠭᠠᠷᠭᠠᠭᠠᠳ ᠶᠡᠭᠡ ᠲᠤᠭᠤᠭᠠᠨ ᠳᠤ ᠪᠦᠬᠦᠯᠢ ᠪᠠᠷ ᠨᠢ ᠴᠢᠨᠠᠵᠤ ᠭᠠᠷᠭᠠᠭᠠᠳ ᠵᠤᠬᠢᠬᠤ ᠬᠡᠮᠵᠢᠶᠡᠳᠢ ᠤᠷᠳᠤ ᠲᠦᠷᠪᠡᠯᠵᠢᠨ ᠤᠯᠠᠭᠠᠨ ᠮᠤᠳᠤᠨ ᠲᠠᠪᠠᠭ ᠲᠤ ᠰᠢᠬᠦᠰᠦ ᠶᠢᠨ ᠪᠡᠶ᠎ᠡ ᠲᠠᠯᠤ ᠲᠦᠷᠪᠡᠨ ᠮᠦᠴᠡ ᠶᠢ ᠨᠢ ᠨᠡᠶᠢᠯᠡᠬᠦᠯᠵᠤ᠂ ᠲᠤᠯᠤᠭᠠᠢ ᠶᠢ ᠨᠢ ᠲᠡᠭᠡᠷ᠎ᠡ ᠨᠢ ᠲᠠᠯᠪᠢᠵᠤ᠂ ᠡᠭᠦᠨ ᠢᠶᠠᠨ ᠡᠷᠬᠢᠮ ᠵᠤᠴᠢᠳ ᠤᠨ ᠡᠮᠦᠨ᠎ᠡ ᠲᠠᠯᠪᠢᠵᠤ᠂ ᠲᠡᠳᠡ ᠬᠤᠨᠢᠨ ᠲᠤᠯᠤᠭᠠᠢ ᠶᠢᠨ ᠮᠠᠩᠨᠠᠢ ᠠᠴᠠ ᠴᠢᠮᠬᠢᠵᠤ ᠲᠡᠭᠷᠢ ᠪᠤᠷᠬᠠᠨ᠂ ᠭᠠᠵᠠᠷ ᠯᠤᠤᠰ ᠲᠤ ᠡᠷᠬᠦᠭᠰᠡᠨ ᠤ ᠬᠤᠶᠢᠨ᠎ᠠ ᠰᠢᠬᠦᠰᠦ ᠲᠠᠯᠪᠢᠭᠴᠢ ᠠᠴᠠ ᠰᠢᠬᠦᠰᠦ ᠪᠠᠨ ᠠᠪᠴᠤ ᠶᠠᠪᠤᠭᠠᠳ ᠦᠶᠡᠯᠡᠵᠤ ᠮᠦᠴᠢᠯᠡᠵᠤ ᠡᠪᠳᠡᠭᠡᠳ ᠤᠯᠠᠨ ᠳᠤ ᠢᠳᠡᠭᠦᠯᠦᠨ᠎ᠡ᠃ ᠰᠢᠬᠦᠰᠦ ᠪᠤᠯ ᠰᠢᠨ᠎ᠡ ᠮᠢᠬ᠎ᠠ᠂ ᠲᠠᠷᠭᠤᠨ ᠵᠦᠭᠡᠯᠡᠨ᠂ ᠦᠨᠦᠷ ᠠᠮᠳᠠᠳᠠᠢ᠂ ᠢᠳᠡᠬᠦ ᠳᠤ ᠲᠠᠭᠠᠯᠠᠮᠵᠢᠳᠠᠢ ᠢᠳᠡᠭᠡᠨ ᠪᠤᠯᠤᠨ᠎ᠠ᠃      ᠠᠷᠢᠬᠢ ᠪᠠᠷᠢᠬᠤ᠄ ᠠᠷᠢᠬᠢ ᠪᠤᠯ ᠤᠮᠳᠠᠭᠠᠨ ᠤ ᠤᠬᠢ ᠪᠤᠯᠤᠨ᠎ᠠ᠃ ᠴᠠᠢ ᠶᠢᠨ ᠲᠠᠷᠠᠭ᠎ᠠ ᠠᠷᠢᠬᠢ᠂ ᠠᠷᠢᠬᠢ ᠶᠢᠨ ᠲᠠᠷᠠᠭ᠎ᠠ ᠬᠤᠭᠤᠯᠠ ᠬᠡᠳᠡᠭ᠃ ᠬᠡᠷ ᠤᠨ ᠡᠵᠡᠨ ᠵᠤᠴᠢᠨ ᠳᠠᠭᠠᠨ ᠠᠷᠢᠬᠢ ᠪᠠᠷᠢᠵᠤ ᠪᠠᠶᠠᠷᠯᠠᠨ ᠤᠭᠳᠤᠵᠤ᠂ ᠬᠦᠨᠳᠦᠳᠭᠡᠨ ᠵᠤᠴᠢᠯᠠᠵᠤ ᠪᠠᠶᠢᠬᠤ ᠰᠡᠳᠬᠢᠯ ᠢᠶᠠᠨ ᠢᠯᠡᠳᠭᠡᠵᠤ᠂ ᠠᠷᠢᠬᠢ ᠪᠠᠷᠢᠬᠤ ᠳᠤ ᠮᠦᠡᠭᠭᠦᠨ ᠠᠶᠠᠭ᠎ᠠ ᠪᠤᠶᠤ ᠮᠦᠡᠭᠭᠦᠨ ᠬᠤᠨᠳᠠᠭᠠᠨ ᠳᠤ ᠬᠢᠵᠤ ᠪᠠᠷᠢᠳᠠᠭ᠃ ᠡ᠊ᠡᠭ ᠤᠨ ᠦᠶ᠎ᠡ ᠳᠤ ᠪᠤᠯ ᠪᠤᠰᠤᠳ ᠠᠶᠠᠭ᠎ᠠ ᠬᠤᠨᠳᠠᠭᠠᠨ ᠳᠤ ᠨᠡᠷᠡᠵᠤ ᠪᠠᠷᠢᠳᠠᠭ᠃ ᠬᠡᠷ ᠤᠨ ᠡᠵᠡᠨ ᠬᠤᠶᠠᠷ ᠭᠠᠷ ᠢᠶᠠᠷ ᠢᠶᠠᠨ ᠪᠠᠷᠢᠬᠤ ᠳᠤ ᠵᠤᠴᠢᠨ ᠪᠠᠷᠠᠭᠤᠨ ᠭᠠᠷ ᠢᠶᠠᠷ ᠢᠶᠠᠨ ᠲᠤᠰᠤᠨ ᠠᠪᠴᠤ ᠵᠡᠭᠦᠨ ᠭᠠᠷ ᠢᠶᠠᠨ ᠬᠠᠪᠰᠤᠷᠤᠭᠤᠯᠤᠨ ᠠᠷᠢᠬᠢ ᠶᠢ ᠠᠮᠰᠠᠵᠤ ᠬᠤᠨᠳᠠᠭ᠎ᠠ ᠪᠤᠴᠠᠭᠠᠨ᠎ᠠ᠃ ᠵᠠᠷᠢᠮ ᠬᠡᠷ ᠤᠨ ᠡᠵᠡᠨ ᠠᠷᠢᠬᠢᠨ ᠲᠠᠭᠤᠤ᠂ ᠢᠷᠦᠭᠡᠯ ᠤᠨ ᠲᠠᠭᠤᠤ ᠡᠷᠬᠦᠵᠤ ᠬᠤᠨᠳᠠᠭ᠎ᠠ ᠬᠤᠭᠤᠰᠤᠷᠠᠭᠤᠯᠬᠤ ᠶᠢ ᠱᠠᠭᠠᠷᠳᠠᠳᠠᠭ᠃ᠪᠡᠯᠡᠳᠬᠡᠭᠰᠡᠨ ᠨᠢ᠄ ᠡᠷᠳᠡᠨᠢᠬᠦᠦ ᠨᠠᠶᠢᠷᠠᠭᠤᠯᠤᠭᠰᠠᠨ ᠨᠢ᠄ ᠨᠠᠮᠤᠷ ᠬᠢᠨᠠᠭᠰᠠᠨ ᠨᠢ᠄ ᠤᠷᠢᠬᠠᠨ  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号