ᠢᠷᠠᠭᠤ ᠨᠠᠶᠢᠷᠠᠬ ᠤᠨ ᠬᠡᠰᠢᠭᠪᠡᠲᠦ | ᠬᠡᠰᠢᠭᠪᠡᠲᠦ ᠨᠠᠰᠣᠨ ᠲᠣᠷᠰᠢ ᠬᠡᠲᠦᠢ ᠰᠢᠯᠦᠭ ᠨᠠᠶᠢᠷᠠᠬᠯᠠᠯ ᠵᠣᠬᠢᠶᠠᠬᠰᠠᠨ ᠲᠣᠬᠠᠢ ᠯᠠᠪᠲᠠᠢ ᠮᠡᠲᠡᠭᠡ ᠣᠲᠣ | ᠪᠣᠯᠲᠠᠯ᠎ᠠ ᠣᠯᠲᠠᠭᠠᠲᠣᠢ ᠪᠣᠯᠪᠠᠴᠣ ᠦᠨᠦ ᠬᠦᠷᠲᠡᠯ᠎ᠡ ᠣᠯᠠᠮᠵᠢᠯᠠᠬᠲᠠᠵᠦ ᠢᠷᠡᠭᠰᠡᠨ ᠨᠢ 100 ᠭᠠᠷᠣᠢ ᠰᠢᠯᠦᠭ ᠪᠣᠢ᠃ | ᠲᠣᠮᠲᠠᠲᠣ ᠣᠯᠣᠰ ᠤᠨ ᠮᠣᠩᠭᠤᠯ ᠰᠣᠲᠣᠯᠣᠯ ᠤᠨ ᠨᠡᠶᠢᠭᠡᠮᠯᠢᠭ ᠤᠨ ᠲᠡᠳ᠋ ᠲᠠᠷᠤᠭ᠎ᠠ ᠴ᠊ · ᠵᠢᠷᠭᠠᠯ ᠬᠡᠰᠢᠭᠪᠡᠲᠦ | ᠰᠣᠲᠣᠯᠣᠯ ᠤᠨ ᠪᠦᠬᠦ ᠣᠯᠣᠰ ᠤᠨ ᠰᠣᠲᠣᠯᠣᠨ ᠶᠠᠷᠢᠯᠴᠠᠬᠤ ᠬᠤᠷᠠᠯ ᠳᠤ ᠲᠡᠪᠰᠢᠬᠦᠯᠦᠭᠰᠡᠨ ᠦᠬᠦᠯᠡᠯ ᠳᠡᠭᠡᠨ | ᠬᠡᠰᠢᠭᠪᠡᠲᠦ ᠪᠣᠯ ᠠᠬᠤᠢᠢᠴᠢ ᠦᠵᠡᠯ ᠤᠨ ᠰᠢᠯᠦᠭᠴᠢ᠂ ᠦᠨᠳᠦᠰᠦᠲᠡᠨ ᠤ ᠠᠷᠠᠳᠴᠢᠯᠠᠬᠰᠠᠨ ᠦᠵᠡᠯ ᠤᠨ ᠰᠢᠯᠦᠭᠴᠢ | ᠪᠦᠭᠡᠳ ᠣᠷᠲᠣᠰ ᠤᠨ ᠣᠷᠠᠨ ᠵᠣᠬᠢᠶᠠᠯ ᠪᠠ ᠦᠪᠦᠷ ᠮᠣᠩᠭᠤᠯ ᠤᠨ ᠣᠷᠠᠨ ᠵᠣᠬᠢᠶᠠᠯ ᠲᠡᠷᠡᠴᠢᠯᠡᠨ ᠪᠦᠬᠦ | ᠲᠣᠮᠲᠠᠲᠣ ᠶᠢᠨ ᠣᠷᠠᠨ ᠵᠣᠬᠢᠶᠠᠯ ᠤᠨ ᠲᠡᠣᠭᠡᠨ ᠳᠤ ᠵᠣᠬᠢᠬᠤ ᠪᠠᠶᠢᠷᠢ ᠰᠠᠭᠤᠷᠢ ᠡᠵᠡᠯᠡᠨ᠎ᠡ ᠭᠡᠵᠦ ᠦᠨᠡᠯᠡᠭᠰᠡᠨ ᠪᠠᠶᠢᠲᠠᠬ | ᠃ ᠦᠨᠡᠭᠡᠷ ᠴᠦ ᠲᠡᠶᠢᠮᠦ᠂ ᠪᠢᠲᠡ ᠮᠣᠩᠭᠤᠯ ᠣᠷᠠᠨ ᠵᠣᠬᠢᠶᠠᠯ ᠤᠨ ᠬᠦᠭᠵᠢᠯ ᠤᠨ ᠲᠡᠦᠭᠡ ᠶᠢ ᠰᠡᠬᠦᠬᠦ ᠳᠤ 19 | ᠳ᠋ᠣᠭᠡᠷ ᠵᠠᠭᠤᠨ ᠪᠣᠯᠬᠤ ᠳᠤ ᠵᠡᠬᠦᠨ ᠮᠣᠩᠭᠤᠯ ᠳᠤ ᠬᠠᠰᠪᠤ᠂ ᠢᠨᠵᠠᠨᠨᠠᠰᠢ᠂ ᠬᠦᠯᠠᠷᠠᠨᠰᠠ᠂ ᠬᠦᠩᠨᠡᠴᠦᠭᠡ︔ ᠪᠠᠷᠠᠭᠤᠨ | ᠮᠣᠩᠭᠤᠯ ᠳᠤ ᠬᠡᠰᠢᠭᠪᠡᠲᠦ᠂ ᠢᠰᠢᠲᠡᠨᠽᠠᠨᠸᠠᠩᠵᠢᠯ᠂ ᠭᠠᠮᠠᠯ᠂ ᠬᠠᠯᠬ᠎ᠠ ᠮᠣᠩᠭᠤᠯ ᠳᠤ ᠢᠰᠢᠰᠠᠩᠪᠣᠣ᠂ ᠰᠠᠩᠲᠠᠬ᠁ | ᠵᠡᠷᠭᠡ ᠨᠡᠯᠢᠶᠡᠳ ᠣᠯᠠᠨ ᠨᠡᠷᠡᠲᠡᠢ ᠢᠷᠠᠭᠤ ᠨᠠᠶᠢᠷᠠᠬᠴᠢ ᠲᠦᠷᠦᠭᠲᠡᠨ ᠭᠠᠷᠴᠦ᠂ ᠮᠣᠩᠭᠤᠯ ᠪᠢᠴᠢᠭ ᠤᠨ ᠰᠢᠯᠦᠭ ᠤᠨ | ᠬᠦᠭᠵᠢᠯ ᠢ ᠰᠢᠨ᠎ᠠ ᠣᠷᠬᠢᠯ ᠳᠤ ᠬᠦᠷᠭᠡᠭᠰᠡᠨ ᠶᠣᠮ᠃ ᠡᠶᠢᠨᠬᠦ ᠡᠷᠲᠡᠮᠲᠡᠨ ᠰᠣᠲᠣᠯᠣᠭᠠᠴᠢᠳ ᠠᠴᠠ ᠡᠨᠡ ᠦᠶ᠎ᠡ ᠶᠢᠨ | ᠦᠪᠦᠷ ᠮᠣᠩᠭᠤᠯ ᠤᠨ ᠢᠷᠠᠭᠤ ᠨᠠᠶᠢᠷᠠᠬ ᠢ ᠬᠡᠰᠢᠭᠪᠡᠲᠦ — ᠢᠰᠢᠲᠡᠨᠽᠠᠨᠸᠠᠩᠵᠢᠯ ᠤᠨ ᠣᠷᠣᠰᠬᠠᠯ ᠪᠦᠯᠦᠭ ᠪᠠ | ᠢᠨᠵᠠᠨᠨᠠᠰᠢ — ᠬᠦᠯᠡᠷᠡᠨᠰᠠ ᠶᠢᠨ ᠣᠷᠣᠰᠬᠠᠯ ᠪᠦᠯᠦᠭ ᠭᠡᠵᠦ ᠬᠤᠶᠠᠷ ᠶᠡᠭᠡ ᠣᠷᠣᠰᠬᠠᠯ ᠪᠦᠯᠦᠭ ᠪᠣᠯᠭᠠᠨ | ᠬᠤᠪᠢᠶᠠᠨ ᠰᠢᠨᠵᠢᠯᠡᠵᠦ ᠪᠠᠶᠢᠬᠰᠠᠨ ᠨᠢ ᠣᠴᠢᠷᠲᠠᠢ᠃ | ᠬᠡᠰᠢᠭᠪᠡᠲᠦ ᠶᠢᠨ ᠲᠦᠷᠦᠵᠦ ᠦᠰᠦᠭᠰᠡᠨ ᠴᠠᠬ ᠦᠶ᠎ᠡ ᠳᠤ᠂ ᠦᠣᠰᠢᠨ ᠬᠤᠰᠢᠭᠤᠨ ᠤ ᠣᠯᠠᠩᠬᠢ ᠮᠠᠯᠴᠢᠳ | ᠮᠦᠨ ᠮᠠᠯ ᠠᠵᠦ ᠠᠬᠤᠢ ᠡᠷᠬᠢᠯᠡᠨ ᠠᠮᠢ ᠵᠢᠭᠤᠵᠦ ᠪᠠᠶᠢᠬᠰᠠᠨ ᠪᠣᠯᠪᠠᠴᠣ ᠬᠤᠰᠢᠭᠤᠨ ᠤ ᠬᠦᠪᠡᠭᠡ ᠵᠠᠬ᠎ᠠ ᠭᠠᠵᠠᠷ ᠲᠤ | ᠠᠲᠠᠷ ᠬᠠᠭᠠᠯᠪᠣᠷᠢᠯᠠᠵᠦ ᠲᠠᠷᠢᠶᠠᠯᠠᠵᠦ ᠡᠬᠢᠯᠡᠭᠰᠡᠨ ᠪᠠᠶᠢᠵᠠᠢ᠃ ᠲᠡᠷᠡ ᠦᠶ᠎ᠡ ᠳᠤ ᠲᠣᠲᠣᠷ᠎ᠠ ᠭᠠᠵᠠᠷ ᠲᠤ ᠴᠢᠩ | ᠣᠯᠣᠰ ᠤᠨ ᠨᠣᠶᠠᠷᠬᠠᠯ ᠢ ᠡᠰᠡᠷᠬᠦᠴᠡᠬᠦ ᠲᠠᠢ ᠫᠢᠩ ᠲᠢᠶᠠᠨ ᠬᠦᠸᠧ ᠶᠢᠨ ᠪᠤᠰᠤᠯᠭ᠎ᠠ ᠦᠷᠨᠢᠵᠦ᠂ ᠦᠪᠦᠷ | ᠮᠣᠩᠭᠤᠯ ᠳᠤ ᠴᠦ ᠠᠷᠠᠳ ᠤᠨ ᠪᠣᠰᠣᠯᠭ᠎ᠠ ᠭᠠᠷᠴᠦ ᠹᠧᠣᠲᠠᠯ ᠸᠠᠩ ᠬᠦᠩ ᠤᠨ ᠨᠣᠶᠠᠷᠬᠠᠯ ᠢ ᠡᠰᠡᠷᠬᠦᠴᠡᠵᠦ ᠪᠠᠶᠢᠬᠰᠠᠨ | ᠪᠠ ᠢᠯᠠᠩᠭᠤᠶ᠎ᠠ ᠣᠷᠲᠣᠰ ᠤᠨ ᠠᠷᠠᠳ ᠲᠦᠮᠡᠨ ᠤ ᠹᠧᠣᠲᠠᠯ ᠤᠨ ᠬᠦᠨᠲᠦ ᠠᠯᠪᠠ ᠭᠤᠪᠴᠢᠭᠤᠷ ᠢ ᠡᠰᠡᠷᠬᠦᠴᠡᠭᠰᠡᠨ | ᠲᠣᠭᠤᠢᠢᠯᠠᠩ ᠤᠨ ᠬᠦᠲᠡᠯᠭᠡᠭᠡᠨ ᠢᠲᠡ ᠬᠦᠭ ᠲᠠᠢ ᠦᠷᠨᠢᠵᠦ ᠪᠠᠶᠢᠵᠠᠢ᠃ ᠬᠡᠰᠢᠭᠪᠡᠲᠦ ᠶᠠᠬ ᠡᠶᠢᠮᠦ ᠨᠢᠭᠡᠨ ᠴᠠᠬ | ᠦᠶ᠎ᠡ ᠳᠤ ᠠᠮᠢᠲᠣᠷᠠᠵᠦ ᠪᠠᠶᠢᠬᠰᠠᠨ ᠣᠴᠢᠷ ᠨᠡᠶᠢᠭᠡᠮ ᠤᠨ ᠶᠡᠭᠡ ᠬᠤᠪᠢᠷᠠᠯ ᠠᠴᠠ ᠡᠮᠦᠨᠡᠬᠢ ᠰᠠᠯᠬᠢᠨ ᠪᠣᠷᠣᠭᠠᠨ ᠤ | ᠱᠣᠣᠬᠢᠶᠠᠨ ᠨᠢ ᠲᠡᠬᠦᠨ ᠤ ᠦᠵᠡᠯ ᠰᠠᠨᠠᠭᠠᠨ ᠳᠤ ᠲᠣᠰᠬᠠᠯ ᠢᠶᠠᠨ ᠣᠯᠵᠦ᠂ ᠰᠢᠯᠦᠭ ᠪᠦᠲᠦᠭᠡᠯ ᠳᠤᠨᠢ ᠢᠯᠡᠷᠡᠵᠦ | ᠪᠠᠶᠢᠵᠠᠢ᠃ ᠡᠶᠢᠨᠬᠦ ᠶᠡᠭᠡ ᠰᠢᠯᠦᠭᠴᠢ ᠮᠠᠨᠢ ᠣᠯᠣᠰ ᠦᠨᠳᠦᠰᠦᠲᠡᠨ ᠤ ᠮᠠᠨᠲᠣᠯ ᠮᠦᠬᠦᠯ ᠤᠨ ᠲᠦᠯᠦᠭᠡ ᠰᠠᠨᠠᠭᠠᠰᠢᠷᠠᠵᠦ | ᠂ ᠲᠡᠦᠭᠡ ᠶᠢᠨ ᠰᠣᠷᠭᠠᠮᠵᠢ᠂ ᠲᠣᠬᠠᠢ ᠶᠢᠨ ᠵᠢᠯᠣᠭᠤᠲᠣᠮᠵᠢ ᠪᠣᠯᠣᠬᠰᠠᠨ ᠰᠢᠯᠦᠭ ᠪᠢᠴᠢᠵᠦ᠂ ᠲᠦᠨᠡᠷ ᠬᠠᠷᠠᠩᠭᠤᠢ ᠳᠤ | ᠵᠣᠯᠠ ᠪᠣᠯᠵᠦ᠂ ᠲᠦᠭᠡᠷᠢᠭᠰᠡᠨ ᠣᠯᠠᠨ ᠳᠠᠭᠠᠨ ᠰᠡᠩᠭᠡᠷᠡᠯ ᠪᠣᠯᠵᠦ ᠶᠠᠪᠣᠵᠠᠢ᠃ ᠲᠡᠷᠡ ︽ᠮᠠᠭᠤ ᠴᠠᠬ︾ ᠭᠡᠲᠡᠭ | ᠰᠢᠯᠦᠭ ᠲᠡᠭᠡᠨ ᠲᠣᠬᠠᠢ ᠶᠢᠨ ᠨᠡᠶᠢᠭᠡᠮ ᠢ᠄ | ︽ᠰᠡᠴᠡᠨ ᠮᠡᠷᠭᠡᠨ ᠬᠡᠷᠡᠭ ᠦᠭᠡᠢ ᠴᠠᠬ | ᠰᠡᠵᠢᠭ ᠨᠠᠮᠲᠠᠬ ᠶᠡᠭᠡ ᠴᠠᠬ | ᠰᠡᠬᠦᠲᠡᠷ ᠠᠴᠠ ᠪᠠᠨ ᠠᠶᠣᠬᠤ ᠴᠠᠬ | ᠰᠡᠬᠦᠯ ᠠᠴᠠ ᠰᠣᠴᠢᠬᠤ ᠴᠠᠬ︾ ᠭᠡᠵᠦ ᠲᠦᠷᠰᠦᠯᠡᠭᠰᠡᠨ ᠪᠠᠶᠢᠨ᠎ᠠ᠃ ᠲᠡᠬᠦᠨ ᠤ ᠡᠨᠡᠬᠦ ᠦᠵᠡᠯ ᠰᠠᠨᠠᠭ᠎ᠠ ᠨᠢ | ᠣᠯᠠᠮ ᠢᠶᠠᠷ ᠬᠦᠭᠵᠢᠵᠦ ︽ᠠᠲᠠᠯᠢ ᠲᠡᠭᠰᠢ︾ ᠭᠡᠲᠡᠭ ᠰᠢᠯᠦᠭ ᠲᠡᠭᠡᠨ᠄ | ︽ᠬᠠᠳ ᠬᠢᠭᠡᠳ ᠬᠠᠷᠠᠴᠣᠰ ᠭᠡᠲᠡᠭ ᠢᠵᠠᠭᠤᠷ ᠤᠨ ᠢᠯᠭᠠᠯ ᠪᠢᠰᠢ | ᠬᠠᠷ᠎ᠠ ᠲᠣᠯᠣᠭᠠᠢᠢᠲᠣ ᠬᠦᠮᠦᠨ ᠪᠦᠬᠦᠨ ᠨᠢᠭᠡᠨ ᠠᠲᠠᠯᠢ ᠪᠦᠯᠦᠭᠡ | ᠬᠠᠪᠣᠷ ᠰᠠᠴᠣᠨ ᠨᠠᠮᠣᠷ ᠠᠪᠬᠤ ᠲᠠᠷᠢᠶᠠᠨ ᠤ ᠬᠦᠷᠦᠩᠭᠡ | ᠬᠠᠶᠢᠯᠠᠰᠣᠨ ᠤ ᠦᠩᠭᠡ ᠴᠢᠨᠠᠷ ᠨᠢᠭᠡᠨ ᠠᠲᠠᠯᠢ ᠪᠢᠰᠢ ᠤᠤ︖︾ ᠭᠡᠵᠦ ︽ᠬᠠᠷ᠎ᠠ ᠲᠣᠯᠣᠭᠠᠢᠢᠲᠣ ᠬᠦᠮᠦᠨ ᠪᠦᠬᠦᠨ | ᠨᠢᠭᠡᠨ ᠠᠲᠠᠯᠢ︾ ᠠᠷᠠᠳᠴᠢᠯᠠᠬᠰᠠᠨ ᠦᠵᠡᠯ ᠰᠠᠨᠠᠭ᠎ᠠ ᠶᠢ ᠲᠣᠲᠣᠷᠬᠠᠢ ᠢᠯᠡᠳᠭᠡᠭᠰᠡᠨ ᠶᠣᠮ᠃ | ᠬᠡᠰᠢᠭᠪᠡᠲᠦ ᠫᠣᠣ ᠰᠣᠮᠣ ᠪᠠᠷᠢᠬᠰᠠᠨ ᠴᠡᠷᠢᠭ ᠪᠢᠰᠢ ᠪᠣᠯᠪᠠᠴᠣ ᠪᠢᠷ ᠰᠢᠯᠦᠭ ᠬᠤᠶᠠᠷ ᠢᠶᠠᠷ ᠢᠶᠠᠨ ᠵᠠᠭᠤ ᠮᠢᠩᠭᠠᠨ | ᠪᠣᠷᠣᠩᠬᠤᠢ ᠨᠣᠶᠠᠳ ᠤᠨ ᠵᠢᠷᠦᠭᠡ ᠶᠢ ᠪᠣᠲᠠ ᠪᠣᠲᠠ ᠰᠦᠪᠡᠯᠡᠭᠰᠡᠨ ᠲᠠᠶᠢᠴᠢᠨ ᠪᠠᠶᠢᠯᠲᠣᠬᠴᠢ ᠪᠠᠶᠢᠬᠰᠠᠨ ᠶᠣᠮ᠃ | ᠬᠡᠰᠢᠭᠪᠡᠲᠦ ᠠᠴᠠ ᠰᠢᠨᠠᠯᠠᠮ᠎ᠠ ᠳᠤ ᠦᠭᠬᠦᠭᠰᠡᠨ ᠨᠢᠭᠡᠨ ᠵᠠᠬᠢᠲᠠᠯ ᠳᠠᠭᠠᠨ᠄ | ︽ᠮᠢᠯᠣᠩ ᠲᠠᠯ᠎ᠠ ᠶᠢᠨ ᠣᠲᠣᠮᠪᠠᠷ | ᠮᠡᠷᠭᠡᠨ ᠭᠡᠲᠡᠭ ᠰᠠᠴᠣᠷᠠᠯ | ᠠᠶᠢᠯᠠᠳᠬᠠᠬᠴᠢ ᠬᠡᠮᠡᠬᠦ ᠠᠷᠰᠯᠠᠨ | ᠠᠪᠣᠷᠠᠯ ᠴᠠᠭᠠᠨ ᠪᠣᠬᠲᠠ︾ ᠭᠡᠵᠦ ᠮᠣᠩᠭᠤᠯ ᠲᠦᠪᠡᠳ ᠬᠤᠶᠠᠷ ᠬᠡᠯᠡ ᠶᠢ ᠬᠤᠯᠢᠯᠲᠣᠭᠤᠯᠣᠬᠰᠠᠨ ᠰᠢᠯᠦᠭ ᠪᠢᠴᠢᠵᠦ | ᠲᠣᠬᠠᠢ ᠶᠢᠨ ᠦᠶ᠎ᠡ ᠶᠢᠨ ᠲᠣᠯᠢ ᠶᠢᠨ ᠭᠠᠷᠮ᠎ᠠ ︵ᠮᠠᠶᠢᠷᠠᠨ︶᠂ ᠰᠠᠴᠡᠨᠴᠣᠬᠲᠣ ︵ᠮᠡᠶᠢᠷᠡᠨ︶᠂ ᠰᠡᠩᠭᠡᠵᠡᠪ ︵ᠠᠶᠢᠯᠠᠳᠬᠠᠯ︶ | ᠂ ᠲᠣᠭᠠᠷᠵᠠᠪ ᠵᠡᠷᠭᠡ ᠬᠦᠮᠦᠰ ᠤᠨ ᠬᠤᠶᠠᠷ ᠨᠢᠭᠤᠷᠲᠣ ᠭᠡᠷᠡᠭ ᠦᠢᠯᠡᠳᠴᠦ ᠪᠠᠶᠢᠬᠤ ᠶᠢ ᠪᠢᠲᠡᠬᠦᠦ ᠲᠡᠯᠲᠡ ᠪᠠᠷ | ᠢᠯᠡᠴᠢᠯᠡᠨ ᠮᠡᠲᠡᠬᠦᠯᠦᠭᠰᠡᠨ ᠭᠡᠲᠡᠭ᠃ ᠡᠶᠢᠨᠬᠦ ᠬᠡᠰᠢᠭᠪᠡᠲᠦ ᠪᠣᠯ ᠮᠠᠨ ᠤ ᠦᠨᠳᠦᠰᠦᠲᠡᠨ ᠤ ᠣᠷᠴᠢᠨ ᠦᠶ᠎ᠡ ᠶᠢᠨ | ᠣᠷᠠᠨ ᠵᠣᠬᠢᠶᠠᠯᠴᠢᠳ ᠤᠨ ᠲᠣᠲᠣᠷ᠎ᠠ ᠠᠷᠠᠳ ᠲᠦᠮᠡᠨ ᠤ ᠬᠤᠪᠢᠰᠬᠠᠯᠲᠣ ᠬᠦᠲᠡᠯᠭᠡᠭᠡᠨ ᠳᠤ ᠲᠡᠮᠵᠢᠯᠭᠡ | ᠦᠵᠡᠬᠦᠯᠦᠭᠰᠡᠨ ᠴᠣᠷ ᠤᠨ ᠭᠠᠭᠴᠠ ᠵᠣᠬᠢᠶᠠᠯᠴᠢ ᠭᠡᠵᠦ ︽ᠮᠣᠩᠭᠤᠯ ᠣᠷᠠᠨ ᠵᠣᠬᠢᠶᠠᠯ ᠤᠨ ᠲᠡᠦᠭᠡ︾ ᠨᠣᠮ ᠳᠤ | ᠦᠨᠡᠯᠡᠭᠰᠡᠨ ᠶᠣᠮ᠃ | ᠰᠣᠷᠭᠠᠨ ᠬᠦᠮᠦᠵᠢᠯ ᠤᠨ ᠵᠢᠳᠬᠦᠯᠲᠡᠨ ᠬᠡᠰᠢᠭᠪᠡᠲᠦ | ᠵᠣᠬᠢᠨᠯᠴᠢ ᠬᠡᠰᠢᠭᠪᠡᠲᠦ ᠶᠢ ᠰᠣᠷᠭᠠᠨ ᠬᠦᠮᠦᠵᠢᠯ ᠤᠨ ᠵᠢᠳᠬᠦᠯᠲᠡᠨ ᠭᠡᠵᠦ ᠦᠨᠡᠯᠡᠬᠦ ᠶᠢᠨ ᠣᠴᠢᠷ ᠨᠢ ᠲᠡᠬᠦᠨ ᠤ | ᠵᠣᠬᠢᠶᠠᠬᠰᠠᠨ ︽ᠬᠦᠢᠭᠡᠨ ᠣᠳᠬ᠎ᠠ ᠶᠢᠨ ᠲᠣᠯᠢ ᠪᠢᠴᠢᠭ︾ ᠠᠴᠠ ᠡᠬᠦᠰᠭᠡᠵᠦ ᠶᠠᠷᠢᠬᠤ ᠴᠢᠬᠤᠯᠠᠲᠠᠢ᠃ | ᠬᠡᠰᠢᠭᠪᠡᠲᠦ ᠶᠢᠨ ᠠᠮᠢᠲᠣᠷᠠᠵᠦ ᠠᠬᠰᠠᠨ ᠲᠣᠬᠠᠢ ᠶᠢᠨ ᠦᠶ᠎ᠡ ᠶᠢᠨ ︽ᠣᠲᠣᠲᠠᠢ ᠲᠡᠭᠷᠢ ᠣᠷᠴᠢᠵᠦ᠂ ᠣᠷᠪᠠᠭᠠᠨ | ᠬᠦᠷᠪᠡᠭᠡᠨ ᠲᠠᠢ︾ ᠠᠬᠤᠢ ᠪᠠᠶᠢᠲᠠᠯ ᠳᠤ ᠪᠠᠭᠠᠴᠣᠳ ᠬᠡᠦᠬᠡᠳ ᠤᠨ ᠪᠠᠯᠠᠢ ᠶᠢ ᠠᠷᠢᠯᠭᠠᠬᠤ ᠨᠣᠮ ᠪᠢᠴᠢᠭ ᠢ ᠡᠷᠢᠵᠦ | ᠰᠣᠷᠠᠬᠯᠠᠭᠠᠳ ᠣᠯᠬᠤ ᠦᠭᠡᠢ ᠰᠢᠣᠬᠠᠨ ᠪᠠᠶᠢᠵᠠᠢ᠃ ᠨᠡᠩ ᠢᠯᠠᠩᠭᠤᠶ᠎ᠠ ᠬᠢᠴᠢᠶᠡᠯ ᠤᠨ ᠲᠡᠪᠲᠡᠷ ᠭᠡᠲᠡᠭ ᠨᠢ | ᠶᠣᠰᠣᠲᠠᠢ ︽ᠡᠳᠦᠷ ᠤᠨ ᠣᠲᠣ᠂ ᠡᠪᠦᠯ ᠤᠨ ᠴᠡᠴᠡᠭ︾ ᠮᠡᠲᠦ ᠬᠤᠪᠣᠷ ᠣᠯᠲᠠᠲᠠᠬ ᠵᠦᠢᠯ ᠪᠣᠯᠬᠤ ᠶᠣᠮ᠃ ᠬᠠᠶᠠ | ᠨᠢᠭᠡ ᠬᠤᠶᠠᠷ ᠢ ᠣᠯᠲᠠᠬ ᠪᠣᠯᠪᠠᠴᠣ ᠲᠡᠷᠡᠨᠢ ᠬᠢᠲᠡᠳ ᠬᠡᠯᠡᠨ ᠤ ᠶᠠᠭᠤᠮ᠎ᠠ ᠪᠢᠰᠢ ᠪᠣᠯ ᠲᠦᠪᠡᠳ ᠬᠡᠯᠡᠨ ᠤ ᠨᠣᠮ | ᠪᠣᠯᠣᠨ᠎ᠠ᠃ ᠡᠬᠦᠨ ᠢ ᠮᠣᠩᠭᠤᠯ ᠬᠡᠦᠬᠡᠳ ᠶᠠᠭᠠᠬᠢᠵᠦ ᠣᠩᠰᠢᠵᠦ ᠲᠡᠶᠢᠯᠬᠦ ᠪᠣᠢ⁈ ᠡᠶᠢᠮᠦ ᠠᠴᠠ ᠲᠡᠷᠡ ᠦᠶ᠎ᠡ ᠶᠢᠨ | ᠣᠯᠲᠠᠰᠢ ᠦᠭᠡᠢ ᠣᠩᠰᠢᠵᠦ ᠰᠣᠷᠣᠯᠴᠠᠬᠤ ᠪᠢᠴᠢᠭ ᠭᠡᠲᠡᠭ ᠨᠢ ︽ᠣᠶᠣᠨ ᠲᠦᠯᠬᠢᠬᠦᠷ︾ ︽ᠪᠣᠬᠲᠠ ᠶᠢᠨ ᠰᠣᠷᠭᠠᠯ︾ | ︽ᠭᠤᠷᠪᠠᠨ ᠦᠰᠦᠭᠲᠦ ᠨᠣᠮ︾ ︵ᠬᠢᠲᠡᠳ ᠪᠢᠴᠢᠭ ᠤᠨ ᠣᠷᠴᠢᠭᠤᠯᠭ᠎ᠠ︶ ︽ᠰᠠᠶᠢᠨ ᠦᠭᠡᠲᠦ ᠰᠣᠷᠭᠠᠯ︾ ︵ᠲᠦᠪᠡᠳ | ᠨᠣᠮ ᠤᠨ ᠣᠷᠴᠢᠭᠤᠯᠭ᠎ᠠ︶ ᠮᠡᠲᠦ ᠬᠠᠭᠤᠯᠵᠦ ᠣᠷᠴᠢᠭᠤᠯᠣᠬᠰᠠᠨ ᠶᠠᠭᠤᠮ᠎ᠠ ᠶᠢ ᠦᠬᠦᠮᠡᠯ ᠢᠶᠠᠷ ᠴᠡᠭᠡᠵᠢᠯᠡᠵᠦ | ᠦᠢᠯᠡ ᠪᠠᠨ ᠪᠠᠷᠠᠲᠠᠬ ᠨᠢ ᠦᠨᠡᠨ᠃ ᠡᠨᠡ ᠨᠢ ᠲᠡᠷᠡᠦᠶᠡ ᠵᠢᠨᠬᠡᠦᠬᠡᠳᠪᠠᠭᠠᠴᠣᠳ ᠤᠨ ᠰᠣᠷᠣᠯᠭ᠎ᠠ ᠳᠤ ᠬᠡᠴᠢᠨᠡᠨ | ᠣᠯᠠᠨ ᠬᠦᠴᠢᠷ ᠪᠡᠷᠭᠡᠰᠢᠶᠡᠯ ᠣᠴᠠᠷᠠᠭᠤᠯᠵᠦ ᠪᠠᠶᠢᠬᠰᠠᠨ ᠢ ᠬᠡᠰᠢᠭᠪᠡᠲᠦ ᠪᠡᠶ᠎ᠡ ᠪᠠᠷ ᠵᠶ᠋ᠠᠨᠠᠮᠲᠠᠯᠠᠵᠦ ᠦᠩᠭᠡᠷᠡᠭᠰᠡᠨ | ᠪᠣᠯᠬᠤᠷ ᠬᠡᠵᠢᠶᠡᠨᠢᠭᠡᠨᠡᠳᠦᠷ ᠮᠣᠩᠭᠤᠯᠴᠣᠳ ᠤᠨ ᠬᠡᠦᠬᠡᠳ ᠢ ᠦᠪᠡᠷ ᠤᠨᠬᠡᠯᠡ ᠪᠠᠷ ᠵᠶ᠋ᠠᠨᠵᠣᠬᠢᠶᠠᠬᠰᠠᠨ ᠬᠢᠴᠢᠶᠡᠯ ᠤᠨ | ᠲᠡᠪᠲᠡᠷ᠂ ᠣᠩᠰᠢᠬᠤ ᠰᠣᠲᠣᠷ ᠲᠠᠢ ᠪᠣᠯᠭᠠᠬᠤ ᠶᠢ ᠲᠣᠩ ᠶᠡᠭᠡ ᠬᠦᠰᠡᠵᠦ ︽ᠮᠠᠨ ᠤ ᠣᠩᠰᠢᠲᠠᠬᠨᠣᠮ ᠪᠢᠴᠢᠭ ᠭᠡᠭᠴᠢ | ᠡᠶᠢᠮᠦ ᠯᠡᠲ᠋ᠦ᠋ᠪᠡᠭᠲᠡᠢ ᠶᠠᠭᠤᠮ᠎ᠠ ᠪᠠᠶᠢᠨ᠎ᠠ ᠰᠢᠦ᠂ ᠶᠠᠲᠠᠬᠤ ᠳᠤ ᠣᠷᠲᠣ ᠪᠡᠶ᠎ᠡ ᠶᠢᠨ ᠬᠢᠲᠡᠳ ᠬᠡᠦᠬᠡᠳ ᠤᠨ ᠣᠩᠰᠢᠬᠤ | ᠨᠣᠮ ᠪᠣᠯᠣᠨᠰᠦ᠋ᠮᠠ ᠶᠢᠨ ᠯᠠᠮᠠ ᠨᠠᠷ ᠤᠨ ᠴᠡᠭᠡᠵᠢᠯᠡᠲᠡᠭ ᠲᠦᠪᠡᠳ ᠰᠢᠯᠦᠭᠯᠡᠯ ᠳᠤ ᠪᠠᠰᠠ ᠬᠦᠷᠬᠦ ᠦᠭᠡᠢ ᠰᠢᠦ︾᠂ | ︽ᠬᠤᠵᠢᠮ ᠪᠢ ᠨᠢᠭᠡ ᠬᠡᠦᠬᠡᠳ ᠤᠨ ᠣᠩᠰᠢᠬᠤ ᠶᠠᠭᠤᠮ᠎ᠠ ᠪᠢᠴᠢᠬᠦ ᠰᠠᠨᠠᠭ᠎ᠠ ᠲᠠᠢ᠁︾ ᠭᠡᠵᠦ | ᠦᠶ᠎ᠡ ᠵᠢᠨᠨᠦ᠋ᠬᠦᠳ ᠲᠡᠭᠡᠨ ᠦᠨᠡᠨ ᠬᠤᠲᠠᠯ ᠤᠨ ᠬᠤᠭᠤᠷᠣᠨᠲᠣ ᠨᠢᠭᠡ ᠶᠠᠭᠤᠮ᠎ᠠ ᠶᠠᠷᠢᠵᠦ ᠪᠠᠶᠢᠬᠰᠠᠨ ᠭᠡᠲᠡᠭ᠃ | ᠬᠡᠰᠢᠭᠪᠡᠲᠦ ᠬᠡᠦᠬᠡᠳ ᠪᠠᠶᠢᠬᠤ ᠦᠶ᠎ᠡ ᠳᠡᠭᠡᠨ ᠪᠣᠰᠣᠳ ᠲᠤ ᠲᠠᠭᠤᠣ ᠰᠢᠯᠦᠭ ᠬᠠᠭᠤᠯᠣᠨ ᠪᠢᠴᠢᠵᠦ ᠦᠭᠬᠦ ᠪᠣᠶᠣ | ᠦᠪᠡᠷ ᠢᠶᠠᠨ ᠪᠠᠰᠠ ᠪᠠᠭ᠎ᠠ ᠰᠠᠭ᠎ᠠ ᠶᠠᠭᠤᠮ᠎ᠠ ᠵᠣᠬᠢᠶᠠᠵᠦ ᠪᠢᠴᠢᠲᠡᠭ ᠪᠠᠶᠢᠵᠠᠢ᠃ ᠲᠡᠬᠦᠨᠴᠢᠯᠡᠨ ᠪᠠᠰᠠ ᠪᠠᠭᠠᠴᠣᠳ | ᠬᠡᠦᠬᠡᠳ ᠤᠨ ᠪᠠᠭ᠋ᠠᠷᠣᠯ ᠰᠣᠨᠢᠷᠬᠠᠯ ᠢ ᠲᠠᠲᠠᠬᠰᠠᠨ ᠣᠯᠠᠨ ᠶᠠᠩᠵᠦ ᠶᠢᠨ ᠬᠤᠯᠪᠣᠵᠦ ᠰᠢᠯᠦᠭᠯᠡᠭᠰᠡᠨ ᠬᠤᠱᠣᠩ | ᠨᠠᠭᠠᠲᠣᠮ ᠮᠡᠲᠦ ᠶᠢᠨ ᠡᠯᠲᠡᠪ ᠰᠣᠨᠢᠨ ᠶᠠᠭᠤᠮ᠎ᠠ ᠶᠢ ᠪᠢᠴᠢᠵᠦ᠂ ᠬᠡᠦᠬᠡᠳ ᠪᠠᠭᠠᠴᠣᠳ ᠤᠨ ᠣᠶᠣᠨ ᠤ ᠬᠤᠷᠣᠬᠠᠢ ᠶᠢ | ᠬᠦᠲᠡᠯᠭᠡᠲᠡᠭ ᠪᠠᠶᠢᠬᠰᠠᠨ ᠭᠡᠨ᠎ᠡ᠃ ᠡᠨᠡ ᠨᠢ ᠦᠨᠡᠭᠡᠷ ︽ᠡᠮᠦᠨᠡᠬᠢ ᠬᠦᠰᠡᠯᠡᠩ ᠨᠢ ᠬᠤᠶᠢᠨᠠᠬᠢ ᠵᠢᠷᠭᠠᠯᠠᠩ ᠢ ᠲᠠᠯᠠᠯᠣᠨᠠ︾ | ᠭᠡᠭᠴᠢ ᠪᠠᠷ ᠬᠤᠵᠢᠮ ᠤᠨ ᠬᠢᠨᠢ ︽ᠪᠢᠷ ᠪᠠᠷᠢᠮᠠᠬᠴᠠ ᠪᠢᠴᠢᠵᠦ ᠵᠣᠬᠢᠶᠠᠵᠦ ᠴᠢᠲᠠᠲᠠᠬ ᠠᠶᠢᠬᠤᠪᠲᠣᠷ ᠬᠦᠮᠦᠨ᠂ | ᠠᠯᠲᠠᠷᠲᠦ ᠰᠢᠯᠦᠭᠴᠢᠨ︾ ᠪᠣᠯᠬᠤ ᠶᠢᠨ ᠠᠩᠬᠠᠨ ᠤ ᠰᠠᠭᠤᠷᠢ ᠶᠢ ᠲᠠᠯᠪᠢᠬᠰᠠᠨ ᠪᠠᠶᠢᠵᠠᠢ᠃ | ᠬᠡᠰᠢᠭᠪᠡᠲᠦ ᠶᠢᠨ ᠪᠢᠴᠢᠭᠰᠡᠨ ᠵᠣᠬᠢᠶᠠᠬᠰᠠᠨ ᠣᠷᠴᠢᠭᠤᠯᠣᠬᠰᠠᠨ᠂ ᠰᠡᠶᠢᠷᠡᠬᠦᠯᠦᠭᠰᠡᠨ ᠪᠠ ᠨᠠᠶᠢᠷᠠᠭᠤᠯᠣᠬᠰᠠᠨ ᠣᠯᠠᠨ | ᠵᠣᠬᠢᠶᠠᠯ ᠤᠨ ᠲᠣᠲᠣᠷ᠎ᠠ ᠬᠡᠦᠬᠡᠳ ᠪᠠᠭᠠᠴᠣᠳ ᠲᠤ ᠵᠣᠷᠢᠭᠤᠯᠣᠬᠰᠠᠨ ᠰᠢᠯᠦᠭ ᠨᠠᠶᠢᠷᠠᠬ ᠨᠡᠯᠢᠶᠡᠳ ᠬᠤᠪᠢ ᠶᠢᠨ | ᠵᠢᠩ ᠢ ᠡᠵᠡᠯᠡᠨ᠎ᠡ᠃ ᠡᠬᠦᠨ ᠳᠤ ︽ᠬᠦᠢᠭᠡᠨ ᠣᠳᠬ᠎ᠠ ᠶᠢᠨ ᠲᠣᠪᠴᠢ ᠲᠣᠯᠢ︾ ᠪᠣᠯ ᠬᠡᠦᠬᠡᠳ ᠪᠠᠭᠠᠴᠣᠳ ᠤᠨ | ᠣᠩᠰᠢᠬᠤ ᠪᠢᠴᠢᠭ ᠤᠨ ᠬᠤᠪᠢ ᠳᠤ ᠣᠯᠠᠨ ᠵᠣᠬᠢᠶᠠᠯ ᠤᠨ ᠣᠬᠢ ᠰᠣᠲᠣ ᠨᠢ ᠪᠣᠯᠬᠤ ᠶᠣᠮ᠃ ᠲᠣᠰ ᠰᠣᠷᠬᠤ ᠪᠢᠴᠢᠭ | ᠪᠣᠯ ᠮᠣᠩᠭᠤᠯ ᠦᠨᠳᠦᠰᠦᠲᠡᠨ ᠤ ᠬᠡᠦᠬᠡᠳ ᠪᠠᠭᠠᠴᠣᠳ ᠠᠩᠬ᠎ᠠ ᠡᠬᠢᠯᠡᠵᠦ ᠪᠢᠴᠢᠭ ᠰᠣᠷᠬᠤ ᠳᠤ ᠨᠡᠯᠢᠶᠡᠳ | ᠲᠣᠬᠢᠷᠠᠬᠰᠠᠨ ᠰᠣᠷᠬᠤ ᠪᠢᠴᠢᠭ ᠶᠣᠮ᠃ ᠰᠣᠷᠬᠤ ᠪᠢᠴᠢᠭ ᠢ ᠭᠤᠶᠢᠲᠠ ᠰᠠᠶᠢᠬᠠᠨ ᠰᠢᠯᠦᠭ ᠤᠨ ᠬᠡᠯᠪᠡᠷᠢ ᠪᠠᠷ | ᠨᠠᠶᠢᠷᠠᠭᠤᠯᠵᠦ᠂ ᠲᠣᠯᠣᠭᠠᠢ ᠬᠤᠯᠪᠣᠨ ᠡᠩ ᠵᠡᠷᠭᠡᠴᠡᠬᠦᠯᠵᠦ᠂ ᠬᠡᠦᠬᠡᠳ ᠤᠨ ᠣᠨᠴᠠᠯᠢᠬ ᠪᠦᠬᠦᠢ ᠬᠡᠯᠡ ᠬᠡᠯᠡᠯᠭᠡ | ᠠᠶᠢᠵᠠᠮ ᠴᠣᠬᠢᠯᠭ᠎ᠠ ᠲᠠᠢ ᠪᠣᠯᠭᠠᠵᠦ ᠴᠢᠲᠠᠵᠠᠢ᠃ ᠰᠣᠷᠬᠤ ᠪᠢᠴᠢᠭ ᠨᠢ ᠮᠣᠩᠭᠤᠯ ᠦᠨᠳᠦᠰᠦᠲᠡᠨ ᠤ ᠡᠷᠲᠡᠨ ᠤ | ᠢᠷᠦᠭᠡᠯ ᠮᠠᠬᠲᠠᠭᠠᠯ ᠢ ᠢᠲᠡᠭᠡᠰᠢᠬᠦᠯᠦᠨ ᠰᠢᠩᠭᠡᠭᠡᠵᠦ ᠦᠨᠳᠦᠰᠦᠲᠡᠨ ᠤ ᠣᠨᠴᠠᠯᠢᠬ ᠪᠠ ᠬᠡᠦᠬᠡᠳ ᠤᠨ ᠣᠨᠴᠠᠯᠢᠬ ᠲᠤ | ᠵᠣᠬᠢᠴᠠᠬᠰᠠᠨ ᠣᠴᠢᠷ ᠬᠡᠦᠬᠡᠳ ᠪᠠᠭᠠᠴᠣᠳ ᠤᠨ ᠰᠣᠷᠴᠣ ᠴᠡᠭᠡᠵᠢᠯᠡᠬᠦ ᠳᠤ ᠲᠦᠬᠦᠮ᠂ ᠲᠠᠨᠢᠵᠦ ᠮᠡᠲᠡᠬᠦ ᠳᠤ ᠬᠢᠯᠪᠡᠷ | ᠪᠣᠯᠣᠬᠰᠠᠨ ᠨᠢ ᠦᠨᠡᠨᠲᠡᠢ᠃ ︽ᠬᠦᠢᠭᠡᠨ ᠣᠳᠬ᠎ᠠ ᠶᠢᠨ ᠲᠣᠯᠢ ᠪᠢᠴᠢᠭ︾ ᠨᠢ ᠠᠷᠪᠠᠨ ᠬᠤᠶᠠᠷ ᠵᠢᠯ ᠠᠴᠠ ᠡᠬᠢᠯᠡᠨ | ᠤᠨ ᠲᠣᠭᠠᠯᠠᠯ᠂ ᠠᠮᠢᠲᠠᠨ ᠣᠷᠭᠤᠮᠠᠯ ᠤᠨ ᠨᠡᠷ᠎ᠡ ᠵᠡᠷᠭᠡ ᠲᠦᠷᠪᠡᠨ ᠵᠦᠢᠯ ᠤᠨ ᠠᠭᠤᠯᠭ᠎ᠠ ᠶᠢ ᠪᠠᠭᠲᠠᠭᠠᠬᠰᠠᠨ ᠲᠣᠯᠢ | ᠪᠠᠶᠢᠵᠦ᠂ ᠡᠬᠢᠯᠡᠮᠡᠭᠴᠡ ᠰᠢᠯᠦᠭᠯᠡᠯ ᠤᠨ ᠬᠡᠯᠪᠡᠷᠢ ᠪᠠᠷ | ︽ᠲᠣᠯᠢ ᠬᠡᠮᠡᠨ ᠨᠡᠷᠡᠶᠢᠲᠦᠭᠰᠡᠨ ᠡᠬᠦᠨ ᠳᠤᠷ | ᠲᠤᠭ᠎ᠠ ᠬᠢᠭᠡᠳ ᠵᠢᠯ ᠪᠠ ᠴᠠᠬ ᠢ ᠪᠦᠷᠢᠨ᠎ᠠ | ᠲᠣᠪᠴᠢ ᠶᠢᠨ ᠲᠡᠲᠦᠢ ᠮᠡᠲᠡᠭᠰᠡᠨ ᠢ ᠲᠡᠮᠲᠡᠭᠯᠡᠨ | ᠲᠣᠬᠲᠠᠭᠠᠵᠦ ᠰᠣᠷᠬᠤ ᠮᠠᠰᠢ ᠬᠡᠷᠡᠭᠲᠡᠢ︾ ᠭᠡᠵᠦ ᠣᠷᠣᠰᠣᠮ᠎ᠠ ᠬᠡᠯᠡ ᠬᠡᠯᠡᠯᠭᠡ ᠪᠠᠷ ᠭᠤᠣᠯ ᠠᠭᠤᠯᠭ᠎ᠠ ᠪᠠᠨ | ᠲᠣᠷᠠᠲᠣᠬᠰᠠᠨ ᠪᠢᠯᠡ᠃ ᠵᠠᠯᠭᠠᠭᠠᠳ ᠠᠷᠪᠠᠨ ᠬᠤᠶᠠᠷ ᠵᠢᠯ ᠤᠨ ᠲᠣᠬᠠᠢ ᠰᠢᠯᠦᠭᠯᠡᠬᠦ ᠳᠡᠭᠡᠨ | ᠠᠩᠬᠠᠨ ᠤ ᠵᠢᠯ ᠤᠨ ᠬᠤᠯᠣᠭᠠᠨ᠎ᠠ ᠪᠠ ᠦᠭᠡᠷ | ᠠᠯᠢ ᠪᠠᠰᠠ ᠪᠠᠷᠰ ᠲᠠᠣᠯᠠᠢ ᠯᠣᠣ ᠮᠣᠭᠠᠢ | ᠠᠶ᠎ᠠ ᠮᠣᠷᠢ ᠬᠤᠨᠢ ᠪᠠᠴᠢᠨ ᠲᠠᠬᠢᠶᠠᠨ | ᠠᠲᠠᠬ ᠰᠡᠬᠦᠯ ᠨᠣᠬᠠᠢ ᠭᠠᠭ᠋ᠠᠢ ᠡᠲᠡᠭᠡᠷ ᠢ | ᠠᠷᠪᠠᠨ ᠬᠤᠶᠠᠷ ᠵᠢᠯ ᠤᠨ ᠨᠡᠷ᠎ᠡ ᠬᠡᠮᠡᠵᠦ | ᠠᠯᠢ ᠵᠢᠯ ᠪᠠ ᠰᠠᠷ᠎ᠠ ᠪᠦᠷ ᠪᠣᠢ ᠪᠦᠭᠡᠳ | ᠠᠪᠴᠦ ᠮᠡᠲᠡᠨ ᠬᠡᠷᠡᠭᠯᠡᠬᠦ ᠲᠣᠲᠣᠷ᠎ᠠ | ᠠᠷᠢᠭᠤᠳᠬᠠᠨ ᠡᠳᠦᠷ ᠴᠠᠬ ᠢ ᠰᠣᠩᠭᠤᠮᠣᠢ | ᠭᠡᠵᠦ ᠠᠷᠪᠠᠨ ᠬᠤᠶᠠᠷ ᠵᠢᠯ ᠢ ᠲᠣᠭᠠᠯᠠᠬᠤ ᠪᠡ ᠡᠳᠦᠷ ᠰᠠᠷ᠎ᠠ ᠵᠢᠯ ᠤᠨ ᠦᠩᠭᠡ ᠶᠢ ᠬᠡᠦᠬᠡᠳ ᠪᠠᠭᠠᠴᠣᠳ ᠤᠨ | ᠬᠡᠯᠡᠯᠭᠡ ᠶᠢᠨ ᠣᠨᠴᠠᠯᠢᠬ ᠢᠶᠠᠷ ᠠᠶᠢᠵᠠᠮ ᠴᠣᠬᠢᠯᠠᠭᠠ ᠲᠠᠭᠠᠷᠠᠭᠤᠯᠣᠨ ᠰᠢᠯᠦᠭᠯᠡᠭᠰᠡᠨ ᠪᠢᠯᠡ᠃ | ᠭᠡᠰᠢᠭᠪᠡᠲᠦ ᠶᠢᠨ ︽ᠬᠦᠢᠭᠡᠨ ᠣᠳᠬ᠎ᠠ ᠶᠢᠨ ᠲᠣᠯᠢ ᠪᠢᠴᠢᠭ︾ ᠬᠡᠴᠢᠨᠡᠨ ᠣᠯᠠᠨ ᠬᠦᠮᠦᠰ ᠢ ᠡᠷᠲᠡᠮ ᠤᠨ ᠵᠠᠮ ᠳᠤ | ᠬᠦᠲᠦᠯᠦᠭᠰᠡᠨ ᠢ ᠭᠡᠨ ᠴᠦ ᠦᠯᠦ ᠮᠡᠲᠡᠨ᠎ᠡ᠃ ᠠᠮᠠᠨ ᠵᠣᠬᠢᠶᠠᠯ ᠰᠣᠲᠣᠯᠣᠭᠠᠴᠢ ᠠᠷᠯᠠᠳ ᠤᠨ ᠴ᠊ · | ᠬᠠᠰᠪᠢᠯᠢᠭᠲᠦ ᠶᠢᠨ ᠬᠠᠭᠤᠴᠢᠯᠠᠬᠤ ᠪᠠᠷ᠂ ᠲᠡᠷᠡ ᠪᠠᠷ ᠲᠣᠯᠣᠭᠠᠨ ᠨᠠᠰᠣᠨ ᠠᠴᠠ ᠪᠠᠨ ᠡᠬᠢᠯᠡᠭᠡᠳ ᠦᠬᠢᠨ ᠲᠡᠬᠦᠦ | ᠲᠠᠢ ᠪᠠᠨ ᠬᠤᠶᠠᠭᠤᠯᠠ ︽ᠬᠡᠰᠢᠭᠪᠡᠲᠦ ᠶᠢᠨ ᠬᠦᠢᠭᠡᠨ ᠣᠳᠬ᠎ᠠ ᠶᠢᠨ ᠲᠣᠯᠢ ᠪᠢᠴᠢᠭ ᠣᠷᠣᠰᠢᠪᠠ︾ ᠬᠡᠰᠡᠨ ᠨᠡᠷ᠎ᠡ | ᠲᠠᠢ ᠵᠢᠵᠢᠭ ᠲᠡᠪᠲᠡᠷ ᠢ ᠰᠣᠷᠣᠬᠰᠠᠨ ᠪᠦᠭᠡᠳ ᠪᠠᠷᠤᠬ ᠬᠠᠭᠠᠰ ᠵᠢᠯ ᠲᠡᠭᠡᠷ᠎ᠡ ᠪᠠᠨ ᠮᠣᠩᠭᠤᠯ ᠪᠢᠴᠢᠭ ᠢᠶᠠᠨ | ᠣᠩᠰᠢᠵᠦ ᠴᠢᠲᠠᠬᠤ ᠪᠣᠯᠵᠦ᠂ ᠬᠤᠶᠠᠷ ᠵᠢᠯ ᠲᠡᠭᠡᠷ᠎ᠡ ᠪᠠᠨ ᠪᠦᠬᠦᠨ ᠢ ᠴᠡᠭᠡᠵᠢ ᠪᠠᠷ ᠣᠩᠰᠢᠬᠤ ᠪᠣᠯᠵᠠᠢ᠃ ᠵᠠᠯᠭᠠᠭᠠᠳ | ︽ᠭᠤᠷᠪᠠᠨ ᠣᠯᠣᠰ ᠤᠨ ᠲᠣᠪᠴᠢᠶ᠎ᠠ ᠰᠢᠯᠦᠭ︾ ᠢ ᠣᠩᠰᠢᠵᠦ ᠪᠠᠷᠠᠬᠤ ᠲᠠᠢ ᠵᠡᠷᠭᠡ ᠮᠣᠩᠭᠤᠯ ᠪᠢᠴᠢᠭ ᠲᠠᠢ | ᠬᠡᠦᠬᠡᠳ ᠤᠨ ᠲᠣᠭᠠᠨ ᠳᠤ ᠪᠠᠭᠲᠠᠬᠤ ᠪᠣᠯᠣᠬᠰᠠᠨ᠃ ᠬᠤᠵᠢᠮ ᠨᠢ ᠭᠠᠯᠠᠭᠤᠲᠣ ᠰᠦᠮ᠎ᠠ ᠲᠡᠭᠡᠷ᠎ᠡ ᠣᠴᠢᠭᠠᠳ ᠪᠠᠰᠠ | ᠬᠡᠰᠢᠭᠪᠡᠲᠦ ᠶᠢᠨ ᠵᠣᠬᠢᠶᠠᠬᠰᠠᠨ ︽ᠰᠠᠶᠢᠨ ᠦᠭᠡᠲᠦ ᠵᠠᠭᠤᠨ ᠰᠢᠯᠦᠭ ᠣᠷᠣᠰᠢᠪᠠ︾ ᠪᠠ ᠢᠰᠢᠲᠡᠨᠽᠠᠨᠸᠠᠩᠵᠢᠯ ᠤᠨ | ᠵᠣᠬᠢᠶᠠᠬᠰᠠᠨ ︽ᠬᠦᠩ ᠤᠨ ᠵᠣᠣ ᠶᠢᠨ ᠭᠡᠭᠡᠨ ᠤ ᠰᠣᠷᠭᠠᠯ ᠰᠢᠯᠦᠭ ᠣᠷᠣᠰᠢᠪᠠ︾ ᠶᠢ ᠦᠷᠬᠦᠯᠵᠢᠯᠡᠨ ᠣᠩᠰᠢᠪᠠ᠃ | ᠲᠡᠷᠡ ᠦᠶ᠎ᠠ ᠳᠤ ᠮᠠᠨ ᠤ ᠮᠡᠲᠦ ᠶᠢᠨ ᠪᠢᠴᠢᠭ ᠦᠵᠡᠭᠰᠡᠨ ᠪᠢᠴᠢᠬᠠᠨ ᠬᠡᠦᠬᠡᠳ ᠤᠨ ᠣᠯᠠᠩᠬᠢ ᠨᠢ ᠬᠡᠰᠢᠭᠪᠡᠲᠦ ᠭᠡᠲᠡᠭ | ︽ᠠᠪᠦ︾ ᠪᠠᠭᠰᠢ ᠠᠯᠢ ᠣᠵᠠᠭᠤᠷ ᠲᠤ ᠪᠠᠶᠢᠬᠰᠠᠨ ᠢ ᠪᠦᠷ ᠪᠠᠷᠣᠬᠯᠠᠬᠤ ᠲᠡᠲᠦᠢ ᠦᠭᠡᠢ᠂ ᠬᠤᠩ ᠳᠠᠭᠠᠨ | ᠬᠦᠷᠦᠮᠡᠭᠴᠡ ᠪᠠᠨ ︽ᠬᠤᠣᠰ ᠮᠣᠷᠢᠨ ᠰᠠᠶᠢᠪᠣᠷ︾ ︽ᠦᠨᠳᠦᠷ ᠬᠦᠭᠡ ᠣᠬᠲᠠᠷᠭᠤᠢ︾ ᠪᠣᠯᠣᠨ ︽ᠵᠣᠭᠠᠩ ᠮᠢᠨᠢ︾ ᠵᠡᠷᠭᠡ | ᠢᠨᠠᠬ ᠠᠮᠠᠷᠠᠬ ᠤᠨ ᠰᠢᠯᠦᠭ ᠤᠳ ᠢ ᠶᠠᠩ ᠲᠠᠢ ᠲᠠᠩ ᠲᠠᠢ ᠣᠩᠰᠢᠵᠦ ᠪᠠᠶᠢᠬᠰᠠᠨ ᠭᠡᠵᠦ ᠶᠠᠷᠢᠵᠦ ᠪᠠᠶᠢᠯ᠎ᠠ᠃ | ᠲᠡᠦᠭᠡᠴᠢᠨ ᠬᠡᠰᠢᠭᠪᠡᠲᠦ | ᠬᠠᠲᠠᠬᠢᠨ ᠣᠪᠣᠬᠲᠣ ᠬᠠᠷᠠᠴᠣ ᠮᠠᠯᠴᠢᠨ ᠷᠠᠪᠵᠠᠢ ᠶᠢᠨ ᠬᠡᠰᠢᠭᠪᠡᠲᠦ ᠪᠣᠯ ᠠᠯᠲᠠᠷᠲᠣ ᠢᠷᠠᠭᠤ ᠨᠠᠶᠢᠷᠠᠬᠴᠢ᠂ ᠠᠯᠲᠠᠷᠲᠣ | ᠲᠡᠦᠭᠡᠴᠢᠨ᠂ ᠪᠣᠲᠣᠯᠭᠠᠲᠠᠨ ᠬᠡᠰᠡᠨ ᠢᠶᠠᠨ ᠦᠪᠡᠷ ᠤᠨ ᠢᠶᠠᠨ ᠵᠣᠬᠢᠶᠠᠯ ᠪᠦᠲᠦᠭᠡᠯ ᠢᠶᠠᠷ ᠬᠡᠷᠡᠴᠢᠯᠡᠭᠰᠨᠨ ᠪᠠᠶᠢᠲᠠᠬ ᠶᠣᠮ | ᠃ ᠲᠡᠷᠡ ᠪᠠᠷ ᠢᠷᠠᠭᠤ ᠰᠠᠶᠢᠬᠠᠨ ᠰᠢᠯᠦᠭ ᠨᠠᠶᠢᠷᠠᠬ ᠢ ᠵᠠᠭᠤ ᠭᠠᠷᠣᠢ ᠵᠣᠬᠢᠶᠠᠬᠰᠠᠨ ᠠᠴᠠ ᠭᠠᠲᠠᠨ᠎ᠠ ᠪᠠᠰᠠ ︽ᠠᠷᠢᠭᠤᠨ | ᠲᠣᠯᠢ︾ ︽ᠠᠯᠲᠠᠨ ᠲᠣᠯᠢ︾ ︽ᠭᠡᠭᠡᠨ ᠲᠣᠯᠢ︾ ︵ᠬᠡᠦᠬᠡᠳ ᠤᠨ ᠰᠣᠷᠬᠤ ᠪᠢᠴᠢᠭ︶ ᠪ᠊ ︽ᠡᠷᠲᠡᠬᠢ ᠪᠡ ᠡᠲᠦᠭᠡᠬᠢ ᠶᠢᠨ | ᠡᠷᠲᠡᠨᠢ ᠶᠢᠨ ᠲᠣᠪᠴᠢ︾ ᠬᠡᠮᠡᠬᠦ ᠲᠡᠦᠭᠡ ᠶᠢᠨ ᠵᠣᠬᠢᠶᠠᠯ ᠤᠳ ᠢ ᠵᠣᠬᠢᠶᠠᠬᠰᠠᠨ ᠪᠠᠶᠢᠲᠠᠬ ᠭᠡᠵᠦ ︽ᠭᠡᠰᠢᠭᠪᠡᠲᠦ︾ | ᠨᠣᠮ ᠤᠨ ᠨᠠᠶᠢᠷᠠᠭᠤᠯᠣᠬᠴᠢ ᠶᠢᠨ ᠨᠢᠭᠡ ᠪᠣᠯᠬᠤ ᠳ᠋ᠣᠺᠲ᠋ᠣᠷ᠂ ᠰᠣᠲᠣᠯᠣᠭᠠᠴᠢ ᠯ᠊ · ᠬᠤᠷᠴᠠᠪᠠᠭᠠᠲᠣᠷ ᠶᠠᠷᠢᠵᠦ ᠪᠠᠶᠢᠯ᠎ᠠ | ᠃ | ᠶᠡᠷᠦ ᠨᠢ ᠮᠣᠩᠭᠤᠯᠴᠣᠳ ᠲᠠᠯ᠎ᠠ ᠶᠢᠨ ᠵᠢᠵᠢᠭᠭᠡᠨ ᠣᠪᠣᠬ ᠠᠶᠢᠮᠠᠬ ᠪᠠᠶᠢᠬᠰᠠᠨ ᠠᠴᠠ ᠪᠠᠨ ᠲᠦᠷᠪᠡᠨ ᠵᠦᠭ ᠢ ᠲᠠᠶᠢᠯᠠᠨ | ᠲᠠᠭᠠᠭᠤᠯᠵᠦ᠂ ᠲᠠᠶᠠᠩ ᠤᠨ ᠰᠣᠨᠣᠷ ᠲᠤ ᠴᠣᠯᠠ ᠪᠠᠨ ᠮᠠᠨᠲᠣᠭᠤᠯᠣᠬᠰᠠᠨ ᠦᠯᠡᠮᠵᠢ ᠬᠡᠷᠡᠭ ᠦᠨᠡᠨ ᠣᠴᠢᠷ ᠢ ᠡᠷᠲᠡ | ᠲᠡᠭᠡᠲᠦ ᠦᠶ᠎ᠡ ᠠᠴᠠ ᠡᠷᠲᠡᠮᠲᠡᠨ ᠮᠡᠷᠭᠡᠳ ᠡᠲᠦᠭᠡ ᠴᠠᠬ ᠤᠨ ᠦᠷ᠎ᠡ ᠬᠦᠪᠡᠬᠦᠳ ᠪᠣᠯᠣᠨ ᠣᠲᠣᠮ ᠣᠬᠰᠠᠭ᠎ᠠ ᠳᠠᠭᠠᠨ | ᠮᠡᠲᠡᠷᠡᠬᠦᠯᠬᠦ ᠵᠣᠷᠢᠯᠭ᠎ᠠ ᠪᠠᠷ ︽ᠮᠣᠩᠭᠤᠯ ᠤᠨ ᠨᠢᠭᠤᠴᠠ ᠲᠣᠪᠴᠢᠶᠠᠨ︾ ︽ᠴᠠᠭᠠᠨ ᠲᠡᠦᠭᠡ︾ ︽ᠠᠯᠲᠠᠨ ᠲᠣᠪᠴᠢ︾ | ︽ᠡᠷᠲᠡᠨᠢ ᠶᠢᠨ ᠡᠷᠢᠭᠡ︾ ᠵᠡᠷᠭᠡ ᠨᠣᠮ ᠰᠣᠲᠣᠷ ᠪᠣᠯᠭᠠᠨ ᠲᠣᠭᠤᠷᠪᠢᠨ ᠪᠢᠴᠢᠵᠦ ᠢᠷᠡᠭᠰᠡᠨ ᠣᠯᠠᠮᠵᠢᠯᠠᠯ ᠲᠠᠢ ᠪᠠᠶᠢᠵᠦ᠂ | ᠦᠨᠦ ᠴᠠᠬ ᠤᠨ ᠡᠷᠲᠡᠮᠲᠡᠨ ᠲᠡᠦᠭᠡᠴᠢᠨ ᠨᠠᠷ ᠲᠤ ᠲᠣᠲᠠᠬᠲᠠᠵᠦ ᠪᠣᠯᠣᠰᠢ ᠦᠭᠡᠢ ᠬᠤᠪᠣᠷ ᠨᠠᠨᠲᠢᠨ ᠮᠠᠲ᠋ᠧᠷᠢᠶᠠᠯ | ᠪᠣᠯᠣᠬᠰᠠᠨ ᠶᠣᠮ᠃ | ︽ᠡᠷᠲᠡᠬᠢ ᠪᠡ ᠡᠲᠦᠭᠡᠬᠢ ᠶᠢᠨ ᠡᠷᠲᠡᠨᠢ ᠶᠢᠨ ᠲᠣᠪᠴᠢ︾ ᠪᠣᠯ ᠬᠡᠰᠢᠭᠪᠡᠲᠦ ᠶᠢᠨ ᠠᠯᠲᠠᠷᠲᠣ ᠲᠡᠦᠭᠡᠴᠢᠨ ᠪᠣᠯᠣᠬᠰᠠᠨ ᠤ | ᠭᠤᠣᠯ ᠪᠣᠯᠬᠤ ᠰᠣᠲᠣᠯᠭᠠᠨ ᠤ ᠪᠦᠲᠦᠭᠡᠯ ᠪᠣᠯᠬᠤ ᠶᠣᠮ᠃ ᠡᠨᠡᠬᠦ ᠪᠦᠲᠦᠭᠡᠯ ᠢ ᠲᠡᠯᠡᠭᠡᠢ ᠳ᠋ᠡᠬᠢᠨ᠎ᠠ ᠬᠠᠮᠤᠬ ᠡᠷᠲᠡ | ᠮᠡᠲᠡᠭᠡᠯᠡᠭᠰᠡᠨ ᠬᠦᠮᠦᠨ ᠪᠣᠯ ᠪᠧᠯᠬᠢ ᠶᠢᠨ ᠱᠠᠰᠢᠨ ᠲᠡᠯᠭᠡᠷᠡᠬᠦᠯᠦᠭᠴᠢ᠂ ᠠᠯᠲᠠᠷᠲᠣ ᠮᠣᠩᠭᠤᠯᠴᠢ ᠡᠷᠲᠡᠮᠲᠡᠨ ᠠ᠊ · | ᠮᠣᠰᠲᠶᠧᠷᠲ ᠪᠣᠯᠣᠨ᠎ᠠ᠃ ᠲᠡᠷᠡ 1905 — 1945 ᠤᠨ ᠤ ᠬᠤᠭᠤᠷᠣᠨᠲᠣ ᠬᠡᠰᠢᠭᠪᠡᠲᠦ ᠶᠢᠨ ᠵᠣᠬᠢᠶᠠᠬᠰᠠᠨ | ︽ᠡᠷᠲᠡᠬᠢ ᠪᠡ ᠡᠲᠦᠭᠡᠬᠢ ᠶᠢᠨ ᠡᠷᠲᠡᠨᠢ ᠶᠢᠨ ᠲᠣᠪᠴᠢ︾ ᠶᠢ ᠨᠢᠭᠡ ᠬᠤᠪᠢ ᠬᠠᠭᠤᠯᠣᠭᠤᠯᠣᠨ ᠠᠪᠴᠦ ᠡᠸᠦ᠋ᠷᠦᠫᠠ ᠳᠤ | ᠠᠪᠠᠴᠢᠨ ᠬᠤᠷᠢᠶᠠᠨ ᠬᠠᠲᠠᠭᠠᠯᠠᠬᠰᠠᠨ ᠪᠠᠶᠢᠨ᠎ᠠ᠃ 1958 ᠤᠨ ᠳᠤ ᠦᠪᠦᠷ ᠮᠣᠩᠭᠤᠯ ᠤᠨ ᠨᠣᠮ ᠤᠨ ᠰᠠᠩ ᠤᠨ | ᠠᠵᠢᠯᠲᠠᠨ ᠸᠠᠩᠴᠢᠨ ᠭᠤᠸᠠᠢ ᠣᠷᠲᠣᠰ ᠢᠶᠠᠷ ᠲᠣᠭᠤᠷᠢᠵᠦ ᠲᠡᠦᠭᠡ ᠶᠢᠨ ᠪᠣᠷᠣ ᠮᠠᠲ᠋ᠧᠷᠢᠶᠠᠯ ᠴᠣᠬᠯᠠᠭᠤᠯᠬᠤ ᠳᠠᠭᠠᠨ | ᠦᠣᠰᠢᠨ ᠬᠤᠰᠢᠭᠤᠨ ᠤ ᠱᠠᠷᠯᠢᠬ ᠰᠣᠮᠣ ᠶᠢᠨ ᠰᠢᠷᠲᠡᠭ ᠤᠨ ᠴᠠᠶᠢᠲᠠᠮ ᠤᠨ ᠵᠡᠬᠦᠨ ᠬᠤᠶᠢᠨ᠎ᠠ ᠭᠤᠴᠢ ᠰᠢᠬᠠᠮ | ᠭᠠᠵᠠᠷ ᠲᠤ ᠰᠠᠭᠤᠷᠢᠰᠢᠬᠤ ᠬᠡᠰᠢᠭᠪᠡᠲᠦ ᠶᠢᠨ ᠣᠮᠪᠣᠯᠣ ᠬᠦᠦ ᠰᠠᠶᠢᠰᠢᠶᠠᠯᠲᠣ ᠭᠤᠸᠠᠢ ᠠᠴᠠ ︽ᠡᠷᠲᠡᠬᠢ ᠪᠡ | ᠡᠲᠦᠭᠡᠬᠢ ᠶᠢᠨ ᠡᠷᠲᠡᠨᠢ ᠶᠢᠨ ᠲᠣᠪᠴᠢ︾ ᠭᠡᠰᠡᠨ ᠨᠡᠷ᠎ᠡ ᠲᠠᠢ ᠭᠠᠷ ᠬᠠᠭᠤᠯᠣᠮᠠᠯ ᠲᠡᠪᠲᠡᠷ ᠢ ᠣᠯᠵᠦ ᠠᠪᠴᠢᠷᠠᠨ | ᠦᠰᠦᠨ ᠪᠢᠷ ᠢᠶᠠᠷ ᠬᠠᠭᠤᠯᠣᠭᠤᠯᠣᠭᠠᠳ ᠨᠣᠮ ᠤᠨ ᠰᠠᠩ ᠳᠠᠭᠠᠨ ᠬᠠᠲᠠᠭᠠᠯᠠᠭᠤᠯᠣᠬᠰᠠᠨ ᠪᠠᠶᠢᠨ᠎ᠠ᠃ | ︽ᠡᠷᠲᠡᠬᠢ ᠪᠡ ᠡᠲᠦᠭᠡᠬᠢ ᠶᠢᠨ ᠡᠷᠲᠡᠨᠢ ᠶᠢᠨ ᠲᠣᠪᠴᠢ︾ ᠭᠡᠬᠦ ᠰᠣᠲᠣᠷ ᠨᠣᠮ ᠨᠠᠶᠢᠲᠠ 12 ᠪᠦᠯᠦᠭ ᠢᠶᠠᠷ | ᠪᠦᠷᠢᠯᠲᠦᠵᠡᠢ᠃ ᠨᠣᠮ ᠳᠤ ᠣᠷᠴᠢᠯᠠᠩ ᠶᠢᠷᠲᠢᠨᠴᠦ ᠶᠢᠨ ᠪᠦᠲᠦᠴᠡ ᠠᠴᠠ ᠠᠪᠣᠭᠠᠳ ᠡᠨᠡᠳᠭᠡᠭ ᠲᠦᠪᠡᠳ ᠬᠢᠲᠡᠳ | ᠮᠣᠩᠭᠤᠯ ᠤᠨ ᠲᠡᠦᠭᠡ ᠶᠢ ᠲᠦᠢᠮᠣᠴᠢᠯᠠᠨ ᠦᠬᠦᠯᠡᠵᠦ᠂ ᠮᠣᠩᠭᠤᠯ ᠤᠨ ᠠᠷᠪᠠᠨ ᠲᠠᠪᠣᠲᠣᠭᠠᠷ ᠬᠠᠭᠠᠨ ᠲᠣᠭᠤᠨᠲᠡᠮᠦᠷ | ᠬᠦᠷᠲᠡᠯ᠎ᠡ ᠬᠠᠭᠠᠳ ᠤᠨ ᠬᠡᠷᠬᠢᠨ ᠶᠡᠭᠡ ᠰᠠᠭᠤᠷᠢᠨ ᠳᠤ ᠰᠠᠭᠤᠵᠦ ᠬᠡᠷᠬᠢᠨ ᠶᠡᠭᠡ ᠰᠠᠭᠤᠷᠢᠨ ᠠᠴᠠ ᠠᠩᠬᠢᠵᠢᠷᠠᠬᠰᠠᠨ | ᠵᠡᠷᠭᠡ ᠶᠢ ᠴᠦᠮ ᠲᠣᠲᠣᠷᠬᠠᠢ ᠪᠢᠴᠢᠭᠰᠡᠨ ᠢᠶᠠᠷ ᠪᠠᠷᠠᠬᠤ ᠦᠭᠡᠢ ᠰᠠᠭᠤᠷᠢᠨ ᠳᠤ ᠰᠠᠭᠤᠵᠦ ᠪᠠᠶᠢᠬᠤ ᠳᠠᠭᠠᠨ | ᠲᠡᠦᠭᠡ ᠶᠢᠨ ᠬᠦᠭᠵᠢᠯᠲᠡ ᠳᠤ ᠬᠢᠷᠢ ᠵᠡᠷᠭᠡ ᠦᠢᠯᠡᠲᠦᠯ ᠦᠵᠡᠬᠦᠯᠦᠭᠰᠡᠨ ᠪᠠ ᠬᠠᠷᠰᠢ ᠰᠠᠭᠠᠳ ᠣᠴᠠᠷᠠᠭᠤᠯᠣᠬᠰᠠᠨ ᠢ | ᠨᠡᠯᠢᠶᠡᠳ ᠲᠣᠲᠣᠷᠬᠠᠢ ᠪᠢᠴᠢᠵᠡᠢ᠃ ᠲᠡᠷᠡᠴᠢᠯᠡᠨ ᠪᠢᠯᠢᠭᠲᠦ ᠬᠠᠭᠠᠨ ᠠᠴᠠ ᠴᠠᠬᠠᠷ ᠤᠨ ᠯᠢᠭᠲᠡᠨ ᠬᠠᠭᠠᠨ ᠬᠦᠷᠲᠡᠯᠡᠬᠢ | ᠮᠣᠩᠭᠤᠯ ᠤᠨ ᠨᠡᠶᠢᠭᠡᠮ ᠤᠨ ᠲᠣᠲᠣᠭᠠᠲᠣ ᠶᠢᠨ ᠬᠠᠭᠠᠴᠠᠯ᠂ ᠲᠠᠶᠢᠨ ᠪᠠᠶᠢᠯᠲᠣᠭᠠᠨ ᠵᠡᠷᠭᠡ ᠶᠢ ᠨᠡᠯᠢᠶᠡᠳ ᠨᠠᠷᠢᠯᠢᠬ | ᠪᠢᠴᠢᠵᠦ ᠴᠢᠩ ᠣᠯᠣᠰ ᠤᠨ ᠡᠶᠡᠪᠡᠷ ᠵᠠᠰᠠᠬᠴᠢ ᠬᠠᠭᠠᠨ ᠤ ᠦᠶ᠎ᠡ ᠳᠤ ᠮᠣᠩᠭᠤᠯ ᠣᠷᠣᠨ ᠳᠤ ᠵᠠᠰᠠᠬ ᠴᠢᠭᠤᠯᠭᠠᠨ | ᠠᠶᠢᠮᠠᠬ ᠬᠤᠰᠢᠭᠤ ᠬᠤᠪᠢᠶᠠᠬᠰᠠᠨ ᠵᠡᠷᠭᠡ ᠶᠢ ᠪᠠᠭᠲᠠᠭᠠᠨ ᠦᠬᠦᠯᠡᠵᠦ ᠮᠣᠩᠭᠤᠯ ᠤᠨ ᠲᠡᠦᠭᠡ ᠶᠢ ᠰᠣᠲᠣᠯᠬᠤ ᠳᠤ | ᠲᠣᠲᠠᠬᠲᠠᠵᠦ ᠪᠣᠯᠣᠰᠢ ᠦᠭᠡᠢ ᠮᠠᠲ᠋ᠧᠷᠢᠶᠠᠯ ᠪᠢᠴᠢᠭ ᠪᠣᠯᠬᠤ ᠶᠣᠮ᠃ ᠲᠣᠰ ᠨᠣᠮ ᠤᠨ ᠬᠠᠮᠣᠷᠣᠬᠰᠠᠨ ᠠᠭᠤᠯᠭ᠎ᠠ ᠪᠠᠷ | ᠬᠠᠮᠤᠬ ᠤᠨ ᠪᠠᠶᠠᠯᠢᠬ᠂ ᠠᠯᠣᠰᠯᠠᠬᠲᠠᠬᠰᠠᠨ ᠴᠠᠬ ᠬᠤᠭᠤᠴᠠᠭ᠎ᠠ ᠪᠠᠷ ᠬᠠᠮᠤᠬ ᠤᠨ ᠣᠷᠲᠣ ᠪᠠᠶᠢᠬᠤ ᠨᠢ ᠡᠨᠡ ᠨᠣᠮ ᠤᠨ | ᠪᠣᠰᠣᠳ ᠠᠴᠠ ᠢᠯᠭᠠᠬᠲᠠᠬᠤ ᠦᠪᠡᠷᠮᠢᠴᠡ ᠣᠨᠴᠠᠯᠢᠬ ᠬᠡᠯᠲᠡᠢ᠃ ᠲᠡᠦᠭᠡᠴᠢᠨ ᠬᠡᠰᠢᠭᠪᠡᠲᠦ ᠲᠣᠰ ᠨᠣᠮ ᠳᠠᠭᠠᠨ | ᠱᠠᠰᠢᠨ ᠤ ᠦᠵᠡᠯᠲᠡ ᠪᠠᠷ ᠭᠠᠯᠪᠠ ᠶᠢᠷᠲᠢᠨᠴᠦ ᠲᠣᠬᠲᠠᠨᠢᠬᠰᠠᠨ ᠠᠴᠠ ᠮᠣᠩᠭᠤᠯ ᠤᠨ ᠲᠡᠦᠭᠡᠨ ᠳᠠᠬᠢ ᠡᠯ᠎ᠠ ᠲᠦᠷᠦ | ᠬᠦᠷᠦᠨ ᠤ ᠬᠡᠷᠡᠭ ᠣᠴᠢᠷ᠂ ᠲᠡᠦᠭᠡᠨ ᠬᠦᠮᠦᠰ ᠤᠨ ᠦᠢᠯᠡ ᠠᠵᠢᠯᠯᠠᠭ᠎ᠠ᠂ ᠱᠠᠰᠢᠨ ᠰᠣᠷᠲᠠᠬᠤᠨ ᠤ ᠮᠠᠨᠲᠣᠯ ᠬᠦᠭᠵᠢᠯ | ᠪᠠ ᠰᠣᠶᠣᠯ ᠠᠮᠢᠲᠣᠷᠠᠯ ᠵᠡᠷᠭᠡ ᠠᠯᠢ ᠣᠯᠠᠨ ᠲᠠᠯ᠎ᠠ ᠶᠢᠨ ᠠᠭᠤᠯᠭ᠎ᠠ ᠶᠢ ᠪᠠᠭᠲᠠᠭᠠᠨ ᠦᠬᠦᠯᠡᠭᠰᠡᠨ ᠪᠦᠭᠡᠳ | ᠬᠢᠲᠡᠳ ᠤᠨ ᠦᠶ᠎ᠡ ᠲᠠᠷᠠᠭᠠᠯᠠᠬᠰᠠᠨ ᠲᠡᠦᠭᠡ ᠶᠢ ᠴᠦ ᠬᠡᠲᠦᠭᠡᠨ ᠬᠠᠭᠤᠲᠠᠰᠣᠨᠠ ᠰᠢᠯᠦᠭᠯᠡᠵᠦ ᠲᠡᠮᠲᠡᠭᠯᠡᠨ ᠨᠢᠲᠦᠨ ᠳᠤ | ᠦᠵᠡᠭᠲᠡᠮᠡ ᠵᠢᠷᠣᠬᠯᠠᠬᠰᠠᠨ ᠨᠢ ᠭᠠᠶᠢᠬᠠᠯᠲᠠᠢ᠃ | ᠦᠪᠦᠷ ᠮᠣᠩᠭᠤᠯ ᠤᠨ ᠨᠡᠶᠢᠭᠡᠮ ᠤᠨ ᠰᠢᠨᠵᠢᠯᠡᠬᠦ ᠣᠬᠠᠭᠠᠨ ᠤ ᠬᠦᠷᠢᠶᠡᠯᠡᠩ ᠤᠨ ᠰᠣᠲᠣᠯᠣᠬᠴᠢ ᠡᠷᠲᠡᠮᠲᠡᠨ ᠴ᠊ · | ᠠᠯᠲᠠᠨᠰᠦ᠋ᠮᠪᠦᠷ ︽ᠬᠡᠰᠢᠭᠪᠡᠲᠦ ᠶᠢᠨ ᠡᠷᠲᠡᠬᠢ ᠪᠡ ᠡᠲᠦᠭᠡᠬᠢ ᠶᠢᠨ ᠡᠷᠲᠡᠨᠢ ᠶᠢᠨ ᠲᠣᠪᠴᠢ ᠶᠢᠨ ᠲᠣᠬᠠᠢ ᠦᠬᠦᠯᠡᠯ︾ | ᠭᠡᠰᠡᠨ ᠵᠣᠬᠢᠶᠠᠯ ᠳᠠᠭᠠᠨ᠂ ︽ᠡᠷᠲᠡᠬᠢ ᠪᠡ ᠡᠲᠦᠭᠡᠬᠢ ᠶᠢᠨ ᠡᠷᠲᠡᠨᠢ ᠶᠢᠨ ᠲᠣᠪᠴᠢ︾ ᠪᠣᠯ ᠡᠲᠦᠭᠡ ᠶᠢᠨ ᠣᠯᠲᠠᠵᠦ | ᠪᠠᠶᠢᠭ᠎ᠠ ᠮᠣᠩᠭᠤᠯ ᠲᠡᠦᠭᠡ ᠶᠢᠨ ᠭᠠᠷ ᠪᠢᠴᠢᠮᠡᠯ ᠪᠢᠴᠢᠭ ᠤᠳ ᠤᠨ ᠬᠠᠮᠤᠬ ᠤᠨ ᠣᠳᠬᠤᠨ ᠪᠢᠴᠢᠮᠡᠯ ᠭᠡᠵᠦ ᠬᠡᠯᠡᠵᠦ | ᠪᠣᠯᠣᠮᠠᠷ ᠪᠠᠶᠢᠨ᠎ᠠ᠃ ᠣᠴᠢᠷ ᠨᠢ ᠭᠡᠰᠢᠭᠪᠡᠲᠦ ᠲᠣᠰ ᠵᠣᠬᠢᠶᠠᠯ ᠢᠶᠠᠨ 1905 — 1909 ᠤᠨ ᠳᠤ ᠪᠢᠴᠢᠵᠦ | ᠲᠡᠬᠦᠰᠭᠡᠭᠰᠡᠨ ᠠᠴᠠ ᠡᠲᠦᠭᠡ ᠪᠣᠯᠲᠠᠯ᠎ᠠ ᠡᠶᠢᠮᠦᠷᠬᠦ ᠮᠠᠶ᠋ᠢᠬ ᠤᠨ ᠮᠣᠩᠭᠤᠯ ᠲᠡᠦᠭᠡ ᠶᠢᠨ ᠭᠠᠷ ᠪᠢᠴᠢᠮᠡᠯ ᠪᠢᠴᠢᠭ ᠪᠠᠰᠠ | ᠣᠯᠲᠠᠭᠠᠲᠣᠢ ᠪᠦᠭᠡᠳ ᠡᠨᠡ ᠲᠣᠬᠠᠢ ᠠᠯᠠᠭ᠎ᠠ ᠪᠠᠶᠢᠬᠰᠠᠭᠠᠷ ᠭᠡᠵᠡᠢ᠃ | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ | |