ᠡᠭᠦᠯᠡᠨ ᠪᠣᠷᠣ ᠮᠣᠩᠭᠤᠯ ᠠᠵᠢᠨᠠᠢ
ᠨᠡᠶᠢᠲᠡᠯᠡᠭᠰᠡᠨ ᠴᠠᠭ᠄
2020/5/14
            ᠦᠭᠡ᠄ ᠴ᠊᠂ ᠨᠠᠨᠳᠢᠨᠴᠡᠴᠡᠭ᠂ ᠱ᠊᠂ ᠭᠦᠷᠦᠪᠠᠽᠠᠷ             ᠠᠶ᠎ᠠ᠄ ᠴ᠊᠂ ᠳ᠋ᠠᠰᠢᠽᠡᠪᠡᠭ             ᠳᠠᠭᠤᠴᠢᠨ᠄ ᠨᠢᠮᠠᠰᠦ᠋ᠷᠦᠩ ᠤᠨ ᠭᠡᠷᠡᠯᠴᠢᠯᠠᠭᠤᠨ ᠨᠠᠭᠠᠳᠤᠮ ᠨᠠᠭᠠᠳᠤᠮ ᠤᠨ ᠳᠡᠪᠵᠢᠶᠡᠨ ᠳᠤ ᠬᠤᠲᠠᠯᠠ ᠣᠯᠠᠨ ᠢᠶᠠᠨ ᠴᠡᠩᠭᠡᠭᠦᠯᠦᠭᠰᠡᠨ ᠨᠠᠷᠠᠨ ᠳᠣᠣᠷ᠎ᠠ ᠴᠠᠬᠢᠯᠠᠭᠰᠠᠨ ᠲᠡᠭᠷᠢ ᠶᠢᠨ ᠰᠠᠬᠢᠭᠤᠰᠤ ᠲᠠᠢ ᠠᠵᠢᠨᠠᠢ ᠬᠥᠯᠥᠭ ᠮᠢᠨᠢ ᠤᠶᠠᠭᠠᠴᠢ ᠤᠶᠠᠭᠠᠴᠢᠳ ᠤᠨ ᠭᠠᠯ ᠳᠡᠭᠡᠷ᠎ᠡ ᠳᠣᠮᠤᠭ ᠰᠢᠭ᠋ ᠠᠶᠢᠷᠠᠭᠳᠠᠭᠰᠡᠨ ᠪᠤᠶᠠᠨ ᠤᠷᠲᠤ ᠶᠢᠨ ᠳᠠᠭᠤᠤ ᠲᠠᠢ ᠡᠳᠦᠷ ᠤᠳ ᠤᠨ ᠤᠶᠠᠩᠭ᠎ᠠ ᠨᠢ ᠪᠣᠯᠣᠭᠰᠠᠨ ᠬᠥᠯᠥᠭ ᠮᠢᠨᠤ ᠵᠧ    ᠲᠤᠭᠤᠷᠠᠢ ᠶᠢᠨ ᠬᠡ ᠲᠠᠢ ᠨᠠᠭᠠᠳᠤᠮ ᠳᠠᠭᠠᠨ    ᠲᠣᠷᠭᠠᠨ ᠵᠢᠯᠣᠭᠤ ᠡᠷᠭᠦᠭᠦᠯᠦᠭᠰᠡᠨ ᠡ    ᠡᠭᠦᠯᠡᠨ ᠪᠣᠷᠣ ᠬᠥᠯᠥᠭ ᠮᠢᠨᠢ    ᠡᠵᠡᠨ ᠢᠶᠠᠨ ᠣᠭᠰᠢᠬᠤ ᠳᠤ ᠦᠦᠷᠰᠡᠨ᠎ᠡ ᠡ ᠳᠡᠯᠭᠡᠷ ᠳᠡᠯᠭᠡᠷ ᠬᠥᠨᠳᠡᠢ ᠶᠢᠨ ᠳᠡᠯ ᠤᠨ ᠰᠠᠯᠬᠢ ᠶᠢ ᠥᠨᠳᠡᠯᠵᠡᠭᠦᠯᠵᠦ ᠳᠡᠭᠡᠳᠦᠰ ᠤᠨ ᠲᠡᠦᠬᠡ ᠶᠢ ᠥᠷᠲᠡᠭᠡᠯᠡᠭᠰᠡᠨ ᠲᠡᠭᠷᠢ ᠶᠢᠨ ᠰᠠᠬᠢᠭᠤᠰᠤ ᠲᠠᠢ ᠠᠵᠢᠨᠠᠢ ᠬᠥᠯᠥᠭ ᠮᠢᠨᠢ ᠨᠤᠲᠤᠭ ᠨᠤᠲᠤᠭ ᠤᠨ ᠤᠶᠠᠭᠠᠴᠢᠳ ᠤᠨ ᠨᠢᠭᠤᠴᠠᠬᠠᠨ ᠬᠠᠷᠠᠴᠠ ᠶᠢ ᠤᠨᠠᠭᠠᠭᠰᠠᠨ ᠨᠠᠷᠠᠨ ᠤ ᠰᠤᠳᠤᠷ ᠲᠠᠢ ᠡᠳᠦᠷ ᠤᠳ ᠤᠨ ᠲᠠᠷᠨᠢ ᠪᠣᠯᠣᠭᠰᠠᠨ ᠬᠥᠯᠥᠭ ᠮᠢᠨᠤ ᠵᠧ    ᠲᠤᠭᠤᠷᠠᠢ ᠶᠢᠨ ᠬᠡ ᠲᠠᠢ ᠨᠠᠭᠠᠳᠤᠮ ᠳᠠᠭᠠᠨ    ᠲᠣᠷᠭᠠᠨ ᠵᠢᠯᠣᠭᠤ ᠡᠷᠭᠦᠭᠦᠯᠦᠭᠰᠡᠨ ᠡ    ᠡᠭᠦᠯᠡᠨ ᠪᠣᠷᠣ ᠬᠥᠯᠥᠭ ᠮᠢᠨᠢ    ᠡᠵᠡᠨ ᠢᠶᠠᠨ ᠣᠭᠰᠢᠬᠤ ᠳᠤ ᠦᠦᠷᠰᠡᠨ᠎ᠡ ᠡ ᠠᠰᠠᠷ ᠠᠰᠠᠷ ᠤᠨ ᠣᠷᠣᠢ ᠳᠤ ᠠᠯᠲᠠᠨ ᠰᠣᠶᠣᠮᠪᠤ ᠨᠠᠮᠢᠷᠠᠨ᠎ᠠ ᠡ ᠠᠵᠠ ᠶᠢᠨ ᠱᠠᠭᠠᠢ ᠶᠢ ᠪᠦᠵᠢᠭᠦᠯᠦᠭᠰᠡᠨ ᠲᠡᠭᠷᠢ ᠶᠢᠨ ᠰᠠᠬᠢᠭᠤᠰᠤ ᠲᠠᠢ ᠠᠵᠢᠨᠠᠢ ᠬᠥᠯᠥᠭ ᠮᠢᠨᠢ ᠨᠠᠷᠠᠨ ᠵᠦᠭ ᠤᠨ ᠨᠤᠲᠤᠭ ᠲᠠᠢ ᠢᠷᠦᠭᠡᠯ ᠳᠠᠯᠠᠯᠤᠭᠰᠠᠨ ᠪᠤᠶᠠᠨ ᠨᠠᠭᠠᠳᠤᠮᠴᠢ ᠲᠦᠮᠡᠨ ᠤ ᠰᠡᠳᠬᠢᠯ ᠳᠡᠭᠡᠨ ᠠᠶᠠᠯᠭᠤ ᠪᠣᠯᠣᠭᠰᠠᠨ ᠬᠥᠯᠥᠭ ᠮᠢᠨᠤ ᠵᠧ    ᠲᠤᠭᠤᠷᠠᠢ ᠶᠢᠨ ᠬᠡ ᠲᠠᠢ ᠨᠠᠭᠠᠳᠤᠮ ᠳᠠᠭᠠᠨ    ᠲᠣᠷᠭᠠᠨ ᠵᠢᠯᠣᠭᠤ ᠡᠷᠭᠦᠭᠦᠯᠦᠭᠰᠡᠨ ᠡ    ᠡᠭᠦᠯᠡᠨ ᠪᠣᠷᠣ ᠬᠥᠯᠥᠭ ᠮᠢᠨᠢ    ᠡᠵᠡᠨ ᠢᠶᠠᠨ ᠣᠭᠰᠢᠬᠤ ᠳᠤ ᠦᠦᠷᠰᠡᠨ᠎ᠡ ᠡ    ᠲᠤᠭᠤᠷᠠᠢ ᠶᠢᠨ ᠬᠡ ᠲᠠᠢ ᠨᠠᠭᠠᠳᠤᠮ ᠳᠠᠭᠠᠨ    ᠲᠣᠷᠭᠠᠨ ᠵᠢᠯᠣᠭᠤ ᠡᠷᠭᠦᠭᠦᠯᠦᠭᠰᠡᠨ ᠡ    ᠡᠭᠦᠯᠡᠨ ᠪᠣᠷᠣ ᠬᠥᠯᠥᠭ ᠮᠢᠨᠢ    ᠮᠣᠩᠭᠤᠯ ᠢᠶᠠᠨ ᠰᠡᠷᠢᠭᠡᠵᠦ ᠦᠦᠷᠰᠡᠨ᠎ᠡ ᠡ    ᠁ ᠪᠡᠯᠡᠳᠬᠡᠭᠰᠡᠨ ᠨᠢ᠄ ᠡᠷᠳᠡᠨᠢᠬᠦᠦ ᠨᠠᠶᠢᠷᠠᠭᠤᠯᠤᠭᠰᠠᠨ ᠨᠢ᠄ ᠨᠠᠮᠤᠷ ᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号