ᠬᠥᠷᠢᠶᠡᠳᠥ ᠰ᠊ ᠲᠤᠳᠤᠭ᠍᠊
ᠨᠡᠶᠢᠲᠡᠯᠡᠭᠰᠡᠨ ᠴᠠᠭ᠄
2020-05-14
ᠮᠠᠩᠬᠠᠨ ᠨᠤᠳᠤᠭ ᠡᠯᠡᠰᠤᠨ ᠲᠠᠯᠠᠢ ᠬᠡᠵᠤ ᠬᠥᠷᠢᠶᠡᠳᠥ ᠶᠤᠮ ᠮᠠᠩᠨᠤᠭ ᠲᠤᠷᠭᠠᠨ ᠲᠡᠯᠡᠬᠡᠢ ᠶᠢᠨ ᠵᠤᠯᠠᠢ ᠬᠡᠵᠤ ᠬᠥᠷᠢᠶᠡᠳᠥ ᠶᠤᠮ ᠮᠠᠯ ᠤᠨ ᠮᠥᠷ᠂ ᠪᠤᠳᠤᠭᠤᠨ ᠪᠤᠶᠢᠯᠠᠭ᠎ᠠ ᠴᠤ ᠲᠠᠨᠳᠡ ᠪᠠᠶᠢᠳᠠᠭ ᠶᠤᠮ ᠮᠠᠯᠴᠢᠨ ᠮᠤᠩᠭᠤᠯ ᠤᠨ ᠮᠢᠨᠢ ᠲᠤᠯᠭ᠎ᠠ ᠶᠢᠨ ᠭᠠᠯ ᠴᠤ ᠲᠠᠨᠳᠠ ᠲᠥᠷᠡᠯᠵᠡᠳᠡᠭ ᠶᠤᠮ ᠲᠥᠷᠪᠡᠨ ᠴᠠᠭ ᠤᠨ ᠮᠤᠩᠭᠤᠯ ᠤᠨ ᠨᠡᠬᠦᠳᠡᠯ ᠲᠡᠨᠳᠡ ᠪᠠᠶᠢᠳᠠᠭ ᠶᠤᠮ ᠲᠥᠷᠥᠬᠡ ᠵᠢᠬᠢᠭᠰᠡᠨ ᠮᠤᠩᠭᠤᠯ ᠤᠨ ᠬᠥᠪᠡᠬᠦᠳ ᠲᠡᠨᠳᠡ ᠠᠴᠠ ᠠᠯᠬᠤᠭᠰᠠᠨ ᠶᠤᠮ ᠲᠡᠮᠡᠭᠡ ᠲᠠᠢ ᠭᠤᠪᠢ ᠬᠡᠵᠤ ᠤᠤᠯ ᠠᠴᠠ ᠠᠯᠳᠠᠷᠰᠢᠭᠰᠠᠨ ᠨᠤᠳᠤᠭ ᠶᠤᠮ ᠲᠡᠭᠷᠢᠯᠢᠭ ᠲᠡᠬᠡᠳᠥᠰ ᠤᠨ ᠮᠢᠨᠢ ᠬᠠᠯᠠᠭᠤᠨ ᠰᠢᠷᠤᠢ ᠲᠡᠨᠳᠡ ᠠᠮᠢᠰᠬᠤᠳᠠᠭ ᠶᠤᠮ ᠵᠠᠬ᠎ᠠ ᠥᠬᠡᠢ ᠵᠢᠷᠠᠨ ᠬᠡᠵᠤ ᠬᠥᠷᠢᠶᠡᠳᠥ ᠠᠴᠠ ᠴᠠᠭᠠᠰᠢ ᠨᠢ ᠪᠠᠶᠢᠳᠠᠭ ᠶᠤᠮ ᠵᠠᠭ ᠤᠨ ᠬᠥᠬᠡ ᠰᠢᠭᠤᠢ ᠴᠤ ᠲᠡᠨᠳᠡ ᠮᠠᠨᠠᠯᠵᠠᠳᠠᠭ ᠶᠤᠮ ᠬᠠᠮᠢᠭ᠎ᠠ ᠠᠴᠠ ᠬᠠᠷᠠᠭᠰᠠᠨ ᠴᠤ ᠬᠠᠷᠠᠭ᠎ᠠ ᠠᠯᠳᠠᠮ᠎ᠠ ᠨᠤᠳᠤᠭ ᠶᠤᠮ ᠬᠠᠮᠢᠭ᠎ᠠ ᠶᠠᠪᠤᠭᠰᠠᠨ ᠴᠤ ᠬᠠᠶᠢᠷ᠎ᠠ ᠶᠢ ᠪᠤᠯᠢᠶᠠᠮᠠᠷ ᠤᠷᠤᠨ ᠶᠤᠮ ᠪᠠᠭ᠎ᠠ ᠨᠠᠰᠤ᠂ ᠪᠤᠳᠤᠭᠤᠨ ᠲᠠᠭᠤᠨ ᠮᠢᠨᠢ ᠲᠡᠨᠳᠡ ᠰᠢᠩᠬᠡᠭᠰᠡᠨ ᠶᠤᠮ ᠪᠠᠯᠴᠢᠷ ᠤᠢ ᠪᠢᠯᠢᠭ ᠤᠨ ᠵᠤᠯᠠ ᠮᠢᠨᠢ ᠲᠡᠨᠳᠡ ᠠᠴᠠ ᠬᠡᠷᠡᠯᠳᠥᠭᠰᠡᠨ ᠶᠤᠮ ᠬᠥᠰᠡᠯ ᠢᠳᠡᠬᠡᠯ ᠤᠨ ᠮᠢᠨᠢ ᠠᠯᠳᠠᠨ ᠬᠠᠷᠭᠤᠢ ᠲᠡᠨᠳᠡ ᠠᠴᠠ ᠲᠠᠪᠢᠰᠥᠭᠳᠡᠭᠰᠡᠨ ᠶᠤᠮ ᠬᠥᠮᠤᠨ ᠤ ᠠᠮᠢᠳᠤᠷᠠᠯ ᠤᠨ ᠮᠤᠷᠤᠢ ᠵᠥᠷᠢᠭ ᠴᠤ ᠲᠡᠨᠳᠡ ᠠᠴᠠ ᠡᠬᠢᠯᠡᠭᠰᠡᠨ ᠶᠤᠮ ᠁ ᠪᠠᠳᠠᠢ ᠶᠢᠨ ᠵᠢᠷᠠᠨ ᠤ ᠬᠤᠷᠮᠤᠢ ᠳᠤ ᠪᠠᠶᠢᠭᠤᠯᠤᠭᠳᠠᠭᠰᠠᠨ ᠬᠥᠷᠢᠶᠡᠳᠥ ᠪᠠᠭ᠎ᠠ ᠰᠤᠷᠭᠠᠭᠤᠯᠢ ᠪᠠᠨ ᠪᠠᠳᠠᠭ ᠰᠢᠯᠥᠭ ᠢᠶᠠᠷ ᠤᠶᠠᠩᠭᠠᠯᠠᠵᠤ ᠪᠢᠴᠢᠬᠦᠶ᠎ᠡ ᠰᠡᠳᠬᠢᠯ ᠨᠢᠬᠡ ᠰᠡᠷᠬᠦᠬᠦᠢ ᠡᠬᠡ ᠨᠤᠳᠤᠭ ᠤᠨ ᠮᠢᠨᠢ ᠡᠷᠳᠡᠨᠢᠳᠥ ᠰᠢᠷᠤᠢ ᠬᠥᠷᠢᠶᠡᠳᠥ ᠶᠤᠮ ᠡᠯᠢᠬᠡᠨ ᠬᠠᠶᠢᠷ᠎ᠠ ᠬᠥᠷᠡᠩ ᠵᠢᠷᠥᠬᠡ ᠮᠢᠨᠢ ᠲᠡᠰᠢ ᠪᠠᠨ ᠤᠪᠤᠯᠵᠠᠬᠤ ᠶᠤᠮ ᠬᠥᠷᠢᠶᠡᠳᠥ ᠬᠡᠵᠤ ᠬᠥᠬᠡ ᠮᠤᠩᠭᠤᠯ ᠤᠨ ᠤᠩᠭᠤᠨ ᠲᠠᠷᠬᠠᠨ ᠪᠠᠶᠢᠭᠠᠯᠢ ᠶᠤᠮ ᠬᠥᠷᠢᠶᠡᠳᠥ ᠬᠡᠵᠤ ᠬᠥᠳᠡᠭᠡ ᠨᠤᠳᠤᠭ ᠤᠨ ᠮᠠᠯᠴᠢᠨ ᠠᠷᠠᠳ ᠤᠨ ᠮᠢᠨᠢ ᠬᠡᠶᠢᠮᠤᠷᠢ ᠶᠢᠨ ᠰᠢᠳᠥᠬᠡᠨᠳᠥ ᠤᠷᠤᠨ ᠶᠤᠮ᠃ ᠪᠡᠯᠡᠳᠬᠡᠭᠰᠡᠨ ᠨᠢ᠄ ᠡᠷᠳᠡᠨᠢᠬᠦᠦ ᠨᠠᠶᠢᠷᠠᠭᠤᠯᠤᠭᠰᠠᠨ ᠨᠢ᠄ ᠨᠠᠮᠤᠷ ᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号