ᠬᠢᠯᠢᠭ ᠤᠨ ᠬᠡᠬᠡᠷ
ᠨᠡᠶᠢᠲᠡᠯᠡᠭᠰᠡᠨ ᠴᠠᠭ᠄
2020/5/14
        ᠰᠢᠯᠦᠭ᠄ ᠰᠡᠴᠢᠨᠪᠢᠯᠢᠭ ᠤᠨ ᠡᠷᠳᠡᠨᠢᠴᠢᠯᠠᠭᠤ         ᠠᠶ᠎ᠠ᠄ ᠲᠦᠭᠡᠷ ᠤᠨ ᠡᠷᠬᠢᠮ         ᠳᠠᠭᠤᠴᠢᠨ᠄ ᠪᠠᠭᠠᠲᠤᠷᠰᠦ᠋ᠬᠡ ᠶᠢᠨ ᠡᠩᠬᠡᠵᠢᠷᠭᠠᠯ ᠰᠠᠨᠰᠠᠷ ᠤᠨ ᠲᠤᠷᠭᠠᠨ ᠰᠠᠯᠬᠢᠨ ᠤ ᠬᠡ ᠨᠢ ᠵᠠᠳᠠᠷᠠᠵᠤ ᠤᠷᠤᠯᠳᠤᠯ᠎ᠠ ᠰᠠᠶᠢᠨ ᠤ ᠢᠷᠦᠭᠡᠯ ᠤᠷᠤᠰᠢᠬᠤ ᠬᠡᠦᠬᠡᠳ ᠤᠨ ᠭᠢᠩᠭᠤᠤ ᠰᠤᠨᠤᠰᠤᠭᠳᠠᠯ᠎ᠠ ᠬᠦᠯᠦᠭ ᠬᠦᠯᠦᠭ ᠤᠨ ᠲᠦᠪᠡᠷᠭᠡᠨ ᠳᠤ ᠨᠠᠭᠠᠲᠤᠮ ᠤᠨ ᠵᠢᠷᠦᠬᠡ ᠳᠡᠯᠳᠡᠯ᠎ᠡ ᠬᠦᠷᠦᠰᠦᠲᠦ ᠶᠢᠨ ᠵᠠᠢ ᠵᠠᠶᠢᠴᠢᠯᠠᠵᠤ ᠮᠤᠩᠭᠤᠯ ᠮᠤᠩᠭᠤᠯ ᠳᠠᠭᠤᠯᠠᠨ᠎ᠠ ᠳ᠋ᠠ        ᠴᠤᠤ ᠲᠠᠢ ᠳᠡᠯᠭᠡᠷ ᠨᠠᠭᠠᠳᠤᠮ ᠳᠤ ᠵᠠᠪᠰᠠᠷ ᠯᠡ ᠭᠠᠷᠭ᠎ᠠ ᠦᠭᠡᠢ ᠮᠠᠩᠯᠠᠢ ᠳ᠋ᠠ        ᠰᠤᠤ ᠲᠠᠢ ᠮᠡᠷᠬᠡᠨ ᠤᠶᠠᠭᠠᠴᠢ ᠲᠠᠢ ᠪᠠᠨ ᠠᠯᠳᠠᠷ ᠢᠶᠠᠨ ᠮᠦᠩᠬᠡᠯᠡᠭᠰᠡᠨ ᠬᠦᠯᠦᠭ ᠡ        ᠬᠢᠯᠢᠭ ᠤᠨ ᠬᠡᠬᠡᠷ ᠬᠢᠯᠢᠭ ᠤᠨ ᠬᠡᠬᠡᠷ        ᠭᠡᠷᠡᠯ ᠮᠠᠩᠨᠠᠢ ᠳᠠᠭᠠᠨ ᠠᠶᠢᠷᠠᠭ ᠤᠨ ᠲᠡᠷᠢᠬᠦᠨ ᠤ ᠰᠢᠪᠰᠢᠯᠡᠭᠡ ᠲᠠᠢ ᠳ᠋ᠠ ᠭᠠᠵᠠᠷ ᠤᠨ ᠵᠦᠭᠡᠯᠡᠨ ᠠᠮᠢᠰᠬᠤᠭ᠎ᠠ ᠪᠦᠯᠢᠶᠡᠷᠡᠵᠦ ᠵᠦᠭᠡᠯᠡᠷᠡᠵᠦ ᠠᠭᠤᠵᠢᠷᠠᠯ᠎ᠠ ᠭᠠᠷᠠᠭᠠᠨ ᠤ ᠪᠤᠭᠤᠷᠤᠯ ᠰᠠᠪᠳᠠᠭ ᠤᠳ ᠬᠤᠷᠵᠠᠶᠢᠯᠠᠵᠤ ᠬᠠᠷᠠᠶᠢᠭᠠᠳ ᠪᠠᠶᠠᠰᠬᠠᠯ᠎ᠠ ᠠᠵᠢᠨᠠᠢ ᠠᠵᠢᠨᠠᠢ ᠬᠦᠯᠦᠭ ᠤᠳ ᠤᠨ ᠠᠯᠳᠠᠨ ᠲᠤᠭᠤᠷᠠᠢ ᠭᠠᠯ ᠲᠠᠢ ᠶᠠ ᠠᠷᠠᠳ ᠤᠨ ᠨᠠᠭᠠᠲᠤᠮ ᠤᠨ ᠮᠠᠩᠯᠠᠢ ᠳᠤ ᠠᠶᠠᠯᠭᠤ ᠴᠤᠯᠠ ᠡᠷᠭᠦᠯ᠎ᠡ ᠳ᠋ᠡ         ᠴᠤᠤ ᠲᠠᠢ ᠳᠡᠯᠭᠡᠷ ᠨᠠᠭᠠᠳᠤᠮ ᠳᠤ ᠵᠠᠪᠰᠠᠷ ᠯᠡ ᠭᠠᠷᠭ᠎ᠠ ᠦᠭᠡᠢ ᠮᠠᠩᠯᠠᠢ ᠳ᠋ᠠ         ᠰᠤᠤ ᠲᠠᠢ ᠮᠡᠷᠬᠡᠨ ᠤᠶᠠᠭᠠᠴᠢ ᠲᠠᠢ ᠪᠠᠨ ᠠᠯᠳᠠᠷ ᠢᠶᠠᠨ ᠮᠦᠩᠬᠡᠯᠡᠭᠰᠡᠨ ᠬᠦᠯᠦᠭ ᠡ         ᠬᠢᠯᠢᠭ ᠤᠨ ᠬᠡᠬᠡᠷ ᠬᠢᠯᠢᠭ ᠤᠨ ᠬᠡᠬᠡᠷ         ᠭᠡᠷᠡᠯ ᠮᠠᠩᠨᠠᠢ ᠳᠠᠭᠠᠨ ᠠᠶᠢᠷᠠᠭ ᠤᠨ ᠲᠡᠷᠢᠬᠦᠨ ᠤ ᠰᠢᠪᠰᠢᠯᠡᠭᠡ ᠲᠠᠢ ᠳ᠋ᠠ ᠤᠩᠭᠤᠨ ᠨᠠᠭᠤᠷ ᠤᠨ ᠤᠰᠤᠨ ᠳᠤᠨᠢ ᠤᠳᠤᠳ ᠪᠠᠭᠤᠵᠦ ᠡᠷᠬᠡᠯᠡᠯ᠎ᠡ ᠤᠷᠴᠢᠯᠠᠩ ᠤᠨ ᠰᠠᠶᠢᠬᠠᠨ ᠨᠠᠶᠢᠵᠠᠳ ᠤᠨ ᠪᠡᠯᠡᠭ ᠤᠨ ᠲᠡᠭᠡᠲᠦ ᠤᠷᠤᠰᠢᠯ᠎ᠠ ᠪᠠᠷᠢᠭ᠎ᠠ ᠭᠠᠷᠠᠭ᠎ᠠ ᠬᠤᠶᠠᠷ ᠳᠤᠨᠢ ᠬᠠᠳᠠᠭ ᠰᠡᠮᠡᠷᠴᠤ ᠵᠤᠯᠭᠠᠯ᠎ᠠ ᠪᠠᠶᠠᠷ ᠴᠡᠩᠭᠡᠯ ᠤᠨ ᠮᠠᠩᠯᠠᠢ ᠴᠤᠯᠠ ᠪᠠᠷ ᠲᠠᠬᠢᠨ ᠲᠠᠬᠢᠨ ᠳᠠᠭᠤᠳᠠᠭᠤᠯᠤᠯ᠎ᠠ ᠳ᠋ᠠ          ᠴᠤᠤ ᠲᠠᠢ ᠳᠡᠯᠭᠡᠷ ᠨᠠᠭᠠᠳᠤᠮ ᠳᠤ ᠵᠠᠪᠰᠠᠷ ᠯᠡ ᠭᠠᠷᠭ᠎ᠠ ᠦᠭᠡᠢ ᠮᠠᠩᠯᠠᠢ ᠳ᠋ᠠ         ᠰᠤᠤ ᠲᠠᠢ ᠮᠡᠷᠬᠡᠨ ᠤᠶᠠᠭᠠᠴᠢ ᠲᠠᠢ ᠪᠠᠨ ᠠᠯᠳᠠᠷ ᠢᠶᠠᠨ ᠮᠦᠩᠬᠡᠯᠡᠭᠰᠡᠨ ᠬᠦᠯᠦᠭ ᠡ         ᠬᠢᠯᠢᠭ ᠤᠨ ᠬᠡᠬᠡᠷ ᠬᠢᠯᠢᠭ ᠤᠨ ᠬᠡᠬᠡᠷ         ᠭᠡᠷᠡᠯ ᠮᠠᠩᠨᠠᠢ ᠳᠠᠭᠠᠨ ᠠᠶᠢᠷᠠᠭ ᠤᠨ ᠲᠡᠷᠢᠬᠦᠨ ᠤ ᠰᠢᠪᠰᠢᠯᠡᠭᠡ ᠲᠠᠢ ᠳ᠋ᠠ    ᠴᠤᠤ ᠲᠠᠢ ᠳᠡᠯᠭᠡᠷ ᠨᠠᠭᠠᠳᠤᠮ ᠳᠤ ᠵᠠᠪᠰᠠᠷ ᠯᠡ ᠭᠠᠷᠭ᠎ᠠ ᠦᠭᠡᠢ ᠮᠠᠩᠯᠠᠢ ᠳ᠋ᠠ    ᠰᠤᠤ ᠲᠠᠢ ᠮᠡᠷᠬᠡᠨ ᠤᠶᠠᠭᠠᠴᠢ ᠲᠠᠢ ᠪᠠᠨ ᠠᠯᠳᠠᠷ ᠢᠶᠠᠨ ᠮᠦᠩᠬᠡᠯᠡᠭᠰᠡᠨ ᠬᠦᠯᠦᠭ ᠡ    ᠬᠢᠯᠢᠭ ᠤᠨ ᠬᠡᠬᠡᠷ ᠬᠢᠯᠢᠭ ᠤᠨ ᠬᠡᠬᠡᠷ    ᠭᠡᠷᠡᠯ ᠮᠠᠩᠨᠠᠢ ᠳᠠᠭᠠᠨ ᠠᠶᠢᠷᠠᠭ ᠤᠨ ᠲᠡᠷᠢᠬᠦᠨ ᠤ ᠰᠢᠪᠰᠢᠯᠡᠭᠡ ᠲᠠᠢ ᠳ᠋ᠠ    ᠠᠶᠢᠷᠠᠭ ᠤᠨ ᠲᠡᠷᠢᠬᠦᠨ ᠤ ᠰᠢᠪᠰᠢᠯᠡᠭᠡ ᠲᠠᠢ ᠳ᠋ᠠ ᠪᠡᠯᠡᠳᠬᠡᠭᠰᠡᠨ ᠨᠢ᠄ ᠡᠷᠳᠡᠨᠢᠬᠦᠦ ᠨᠠᠶᠢᠷᠠᠭᠤᠯᠤᠭᠰᠠᠨ ᠨᠢ᠄ ᠨᠠᠮᠤᠷ ᠬᠢᠨᠠᠭᠰᠠᠨ ᠨᠢ᠄ ᠤᠷᠢᠬᠠᠨ        
 
ᠢᠷᠡᠯᠲᠡ᠄ ᠲᠣᠰ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号