| | ᠶᠤᠸᠠᠨ ᠤᠯᠤᠰ ᠤᠨ ᠬᠠᠤᠯᠢ ᠲᠦᠷᠢᠮ ᠠᠷᠠᠳ ᠤᠨ ᠳᠤᠮᠳᠠ ᠡᠶᠡᠳᠡᠬᠦᠯᠬᠦ ᠠᠵᠢᠯᠯᠠᠭ᠎ᠠ ᠦᠷᠨᠢᠬᠦᠯᠦᠭᠰᠡᠨ ᠳᠠᠯ᠎ᠠ ᠪᠠᠷ | ᠳᠤᠩ ᠠᠮᠵᠢᠯᠳᠠ ᠲᠠᠢ ᠪᠠᠶᠢᠳᠠᠭ᠃ ᠳᠡᠬᠦᠨ ᠤ ᠠᠮᠵᠢᠯᠳᠠ ᠲᠠᠢ ᠳᠤᠷᠰᠢᠯᠭ᠎ᠠ ᠨᠢ ᠬᠤᠵᠢᠮ ᠤᠨ ᠬᠠᠤᠯᠢ ᠴᠠᠭᠠᠵᠠ | ᠶᠢᠨ ᠬᠦᠭᠵᠢᠯᠳᠡ ᠳᠤ ᠢᠳᠡᠪᠬᠢᠳᠠᠢ ᠨᠦᠯᠦᠭᠡ ᠦᠵᠡᠬᠦᠯᠦᠭᠰᠡᠨ ᠶᠤᠮ᠃ | ᠨᠢᠭᠡ᠂ ᠬᠤᠷᠰᠢᠶᠠᠨ ᠳᠠᠷᠤᠭ᠎ᠠ ᠶᠤᠰᠤ ᠪᠠᠷ ᠰᠠᠨᠠᠭᠤᠯᠬᠤ᠃ ᠶᠤᠸᠠᠨ ᠤᠯᠤᠰ ᠠᠴᠠ 50 ᠡᠷᠤᠬᠡ ᠶᠢ ᠨᠢᠭᠡ | ᠬᠤᠷᠰᠢᠶ᠎ᠠ ᠪᠤᠯᠭᠠᠨ ᠵᠤᠬᠢᠶᠠᠨ ᠪᠠᠶᠢᠭᠤᠯᠵᠦ᠂ ᠬᠤᠷᠰᠢᠶ᠎ᠠ ᠪᠦᠷᠢ ᠳᠤ ᠨᠢᠭᠡ ᠬᠤᠷᠰᠢᠶᠠᠨ ᠳᠠᠷᠤᠭ᠎ᠠ ᠳᠤᠬᠢᠷᠠᠭᠤᠯᠤᠭᠰᠠᠨ | ᠪᠠᠶᠢᠨ᠎ᠠ᠃ ᠬᠤᠷᠰᠢᠶᠠᠨ ᠳᠠᠷᠤᠭ᠎ᠠ ᠶᠢᠨ ᠡᠬᠦᠷᠭᠡ ᠬᠠᠷᠢᠭᠤᠴᠠᠯᠭ᠎ᠠ ᠨᠢ ᠳᠠᠷᠢᠶᠠᠯᠠᠬᠤ ᠶᠢ ᠰᠠᠨᠠᠭᠤᠯᠬᠤ᠂ ᠤᠯᠠᠨ ᠲᠦᠮᠡᠨ | ᠳᠤ ᠠᠴᠢᠯᠠᠯ ᠶᠤᠰᠤ ᠰᠤᠷᠳᠠᠬᠤᠨ ᠰᠤᠷᠭᠠᠨ ᠬᠦᠮᠦᠵᠢᠬᠦᠯᠬᠦ ᠠᠴᠠ ᠭᠠᠳᠠᠨ᠎ᠠ ᠪᠠᠰᠠ ᠨᠢᠭᠡᠨ ᠴᠢᠬᠤᠯᠠ ᠡᠬᠦᠷᠭᠡ ᠪᠤᠯ | ᠳᠠᠷᠤᠢ ᠠᠷᠠᠳ ᠤᠨ ᠳᠤᠮᠳᠡᠬᠢ ᠵᠢᠭᠤᠷᠠᠭᠠᠨ ᠢ ᠡᠶᠡᠳᠡᠬᠦᠯᠬᠦ ᠶᠠᠪᠤᠳᠠᠯ ᠪᠤᠯᠤᠨ᠎ᠠ᠃ | ᠬᠤᠶᠠᠷ᠂ ᠵᠠᠷᠭᠤ ᠶᠢ ᠲᠦᠪᠰᠢᠳᠬᠡᠬᠦ ᠶᠢᠨ ᠲᠦᠯᠦᠭᠡ ᠬᠠᠤᠯᠢ ᠶᠢ ᠮᠡᠳᠡᠬᠦ ᠬᠦᠮᠦᠰ ᠢ ᠬᠦᠮᠦᠵᠢᠬᠦᠯᠬᠦ᠃ ︽ᠶᠤᠸᠠᠨ ᠤ | ᠰᠤᠳᠤᠷ︾ ᠲᠤ ᠳᠤᠷᠠᠳᠤᠭᠰᠠᠨ ᠢᠶᠠᠷ᠂ ᠳᠤᠬᠠᠢ ᠶᠢᠨ ᠦᠶ᠎ᠠ ᠳᠤ ᠭᠤᠤᠯᠳᠠᠭᠤ ᠭᠤᠷᠪᠠᠨ ᠵᠦᠢᠯ ᠤᠨ ᠬᠦᠮᠦᠰ ᠢ | ᠬᠦᠮᠦᠵᠢᠬᠦᠯᠪᠡ᠃ | 1. ᠠᠷᠠᠳ ᠤᠨ ᠳᠤᠮᠳᠡᠬᠢ ᠤᠷᠤᠭ ᠤᠨ ᠶᠠᠪᠤᠳᠠᠯ᠂ ᠭᠠᠵᠠᠷ ᠳᠠᠷᠢᠶᠠᠨ ᠤ ᠵᠢᠭᠤᠷᠠᠯᠳᠤᠭᠠᠨ ᠢ ᠡᠶᠡᠳᠡᠬᠦᠯᠬᠦ ᠵᠠᠭᠤᠴᠢ | ᠬᠦᠮᠦᠰ ᠢ ᠬᠦᠮᠦᠵᠢᠬᠦᠯᠬᠦ᠃ ᠡᠯ᠎ᠠ ᠵᠢᠭᠤᠷᠠᠯᠳᠤᠭᠠᠨ ᠤ ᠳᠤᠮᠳᠠ ᠤᠷᠤᠭ ᠤᠨ ᠶᠠᠪᠤᠳᠠᠯ᠂ ᠭᠠᠵᠠᠷ ᠳᠠᠷᠢᠶᠠᠨ ᠤ | ᠵᠢᠭᠤᠷᠠᠯᠳᠤᠭᠠ ᠬᠠᠮᠤᠭ ᠤᠨ ᠤᠯᠠᠨ ᠤᠴᠢᠷ ᠠᠴᠠ ᠡᠨᠡ ᠠᠰᠠᠭᠤᠳᠠᠯ ᠢ ᠰᠢᠢᠳᠪᠤᠷᠢᠯᠡᠬᠦ ᠶᠢᠨ ᠲᠦᠯᠦᠭᠡ ᠶᠤᠸᠠᠨ | ᠤᠯᠤᠰ ᠤᠨ ᠵᠠᠰᠠᠭ ᠤᠨ ᠭᠠᠵᠠᠷ ᠠᠴᠠ ᠡᠯ᠎ᠠ ᠭᠠᠵᠠᠷ ᠤᠨ ᠠᠯᠪᠠᠨ ᠶᠠᠮᠤᠨ ᠵᠠᠭᠤᠴᠢ ᠬᠦᠮᠦᠨ ᠵᠠᠪᠠᠯ ᠬᠤᠷᠢᠮᠯᠠᠵᠦ | ᠦᠯᠦ ᠪᠤᠯᠬᠤ ᠬᠡᠷᠡᠭ ᠶᠠᠪᠤᠳᠠᠯ ᠤᠨ ᠳᠤᠬᠠᠢ ᠮᠡᠳᠡᠬᠦ ᠬᠡᠷᠡᠭᠳᠡᠢ ᠭᠡᠰᠡᠨ ᠪᠠᠶᠢᠨ᠎ᠠ᠃ | 2. ᠬᠤᠳᠠᠯᠳᠤᠭᠠᠨ ᠤ ᠬᠠᠷᠢᠴᠠᠭᠠᠨ ᠤ ᠳᠤᠮᠳᠡ ᠡᠬᠦᠰᠦᠭᠰᠡᠨ ᠬᠠᠤᠯᠢ ᠶᠢ ᠵᠦᠷᠢᠴᠡᠭᠰᠡᠨ ᠠᠵᠢᠯᠯᠠᠭ᠎ᠠ ᠶᠢ | ᠰᠢᠢᠳᠪᠤᠷᠢᠯᠡᠬᠦ ᠦᠨ᠎ᠠ ᠵᠠᠰᠠᠭᠴᠢ ᠶᠢ ᠬᠦᠮᠦᠵᠢᠬᠦᠯᠬᠦ᠃ ᠡᠨᠡᠬᠦ ︽ᠦᠨ᠎ᠠ ᠵᠠᠰᠠᠭᠴᠢ︾ ᠨᠢ ᠵᠠᠪᠠᠯ ᠭᠠᠵᠠᠷ ᠳᠠᠷᠢᠶ᠎ᠠ | ᠬᠤᠳᠠᠯᠳᠤᠬᠤ ᠬᠠᠤᠯᠢ ᠠᠴᠠ ᠵᠤᠷᠢᠴᠡᠬᠦ ᠠᠵᠢᠯᠯᠠᠭ᠎ᠠ ᠶᠢᠨ ᠳᠤᠬᠠᠢ ᠵᠢᠱᠢᠶ᠎ᠠ ᠶᠢ ᠮᠡᠳᠡᠬᠦ ᠬᠡᠷᠡᠭᠳᠡᠢ ᠭᠡᠵᠦ ᠱᠠᠭᠠᠷᠳᠠᠳᠠᠭ᠃ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ | | |