ᠮᠤᠷᠢᠨ ᠤ ᠶᠠᠪᠤᠳᠠᠯ ︵ᠨᠢᠭᠡ︶
ᠨᠡᠶᠢᠲᠡᠯᠡᠭᠰᠡᠨ ᠴᠠᠭ᠄
2020/7/30
ᠮᠤᠷᠢᠨ ᠤ ᠶᠠᠪᠤᠳᠠᠯ ᠢ ᠡᠩ ᠤᠨ ᠶᠠᠪᠤᠳᠠᠯ᠂ ᠮᠡᠷᠭᠡᠵᠢᠯ ᠤᠨ ᠶᠠᠪᠤᠳᠠᠯ ᠭᠡᠵᠤ ᠬᠤᠶᠠᠷ ᠬᠤᠪᠢᠶᠠᠵᠤ ᠪᠤᠯᠤᠨ᠎ᠠ᠃ ︵ᠨᠢᠭᠡ︶ ᠮᠤᠷᠢᠨ ᠤ ᠡᠩ ᠤᠨ ᠶᠠᠪᠤᠳᠠᠯ᠃ ᠮᠤᠷᠢᠨ ᠤ ᠡᠩ ᠤᠨ ᠶᠠᠪᠤᠳᠠᠯ ᠳᠤ ᠮᠤᠷᠢᠨ ᠤ ᠠᠯᠬᠤᠭ᠎ᠠ᠂ ᠠᠯᠬᠤᠭ᠎ᠠ ᠰᠠᠶᠢᠪᠤᠷ᠂ ᠭᠡᠯᠳᠦᠷᠢᠭᠡ᠂ ᠰᠠᠶᠢᠪᠤᠷ᠂ ᠰᠡᠭᠡᠯᠭᠡ᠂ ᠱᠤᠭᠰᠢᠶ᠎ᠠ᠂ ᠲᠠᠪᠬᠢᠶ᠎ᠠ᠂ ᠲᠠᠷᠬᠢᠶ᠎ᠠ᠂ ᠲᠠᠩᠰᠢᠶ᠎ᠠ᠂ ᠲᠤᠩᠰᠢᠶ᠎ᠠ᠂ ᠴᠤᠭᠬᠢᠶ᠎ᠠ᠂ ᠶᠦᠷᠬᠡᠭᠡ ᠬᠡᠬᠦ ᠮᠡᠳᠦ ᠶᠠᠪᠤᠳᠠᠯ ᠤᠳ ᠪᠠᠶᠢᠳᠠᠭ᠃ ᠮᠤᠷᠢᠨ ᠤ ᠠᠯᠬᠤᠭ᠎ᠠ᠃ ᠮᠤᠷᠢᠨ ᠤ ᠠᠯᠬᠤᠯᠠᠬᠤ ᠬᠦᠳᠡᠯᠦᠯ ᠨᠢ ᠬᠡᠯᠳᠦᠷᠢᠬᠦ ᠶᠢ ᠪᠤᠳᠤᠪᠠᠯ ᠠᠷᠠᠢ ᠲᠦᠷᠭᠡᠨ ᠪᠦᠬᠡᠳ ᠬᠦᠡᠭᠭᠡᠨ ᠴᠤᠪᠤᠭᠤ ᠠᠯᠬᠤᠳᠠᠯ ᠢ ᠬᠡᠯᠡᠨ᠎ᠡ᠃ ᠠᠯᠬᠤᠯᠠᠬᠤ ᠨᠢ ᠲᠦᠷᠪᠡᠨ ᠬᠦᠯ ᠢᠶᠠᠨ ᠦᠷᠦᠭᠡᠯᠳᠡᠭᠰᠡᠨ ᠲᠡᠰ ᠲᠠᠷᠠᠭ᠎ᠠ ᠪᠠᠷ ᠵᠦᠬᠡᠬᠡᠬᠦ ᠪᠦᠬᠡᠳ ᠨᠢᠬᠡ ᠠᠯᠬᠤᠮ ᠳᠤ ᠲᠦᠷᠪᠡᠨ ᠲᠤᠭᠤᠷᠠᠢ ᠶᠢᠨ ᠲᠠᠭᠤᠨ ᠰᠤᠨᠤᠰᠳᠠᠨ᠎ᠠ᠃ ᠮᠤᠷᠢᠨ ᠤ ᠠᠯᠬᠤᠭ᠎ᠠ ᠳᠤ ᠡᠩ ᠤᠨ ᠠᠯᠬᠤᠭ᠎ᠠ᠂ ᠬᠦᠡᠭᠬᠡᠨ ᠬᠠᠷ᠎ᠠ ᠠᠯᠬᠤᠭ᠎ᠠ᠂ ᠬᠦᠨ ᠬᠠᠷ᠎ᠠ ᠠᠯᠬᠤᠭ᠎ᠠ᠂ ᠬᠦᠶᠦᠮ᠎ᠡ ᠬᠠᠷ᠎ᠠ ᠠᠯᠬᠤᠭ᠎ᠠ ᠬᠡᠵᠦ ᠬᠤᠪᠢᠶᠠᠨ᠎ᠠ᠃ ① ᠡᠩ ᠤᠨ ᠠᠯᠬᠤᠭ᠎ᠠ᠄ ᠬᠤᠶᠢᠳᠤ ᠬᠦᠯ ᠤᠨ ᠲᠤᠭᠤᠷᠠᠢ ᠨᠢ ᠤᠷᠳᠤ ᠬᠦᠯ ᠤᠨ ᠲᠤᠭᠤᠷᠠᠢ ᠶᠢᠨ ᠤᠷᠤ ᠳᠤ ᠲᠠᠪᠬᠤᠴᠠᠬᠤ ᠪᠤᠶᠤ ᠪᠠᠭ᠎ᠠ ᠬᠡᠳᠦᠷᠡᠭᠰᠡᠨ ᠪᠠᠶᠢᠳᠠᠭ᠃ ② ᠬᠦᠡᠭᠭᠡᠨ ᠬᠠᠷ᠎ᠠ ᠠᠯᠬᠤᠭ᠎ᠠ᠄ ᠬᠡᠯᠳᠦᠷᠢᠬᠦ ᠠᠴᠠ ᠬᠦᠡᠭᠭᠡᠨ ᠠᠯᠬᠤᠭ᠎ᠠ᠃ ③ ᠭᠦᠨ ᠬᠠᠷ᠎ᠠ ᠠᠯᠬᠤᠭ᠎ᠠ᠄ ᠬᠤᠶᠢᠳᠤ ᠬᠦᠯ ᠤᠨ ᠲᠤᠭᠤᠷᠠᠢ ᠨᠢ ᠤᠷᠳᠤ ᠬᠦᠯ ᠤᠨ ᠲᠤᠭᠤᠷᠠᠢ ᠶᠢᠨ ᠤᠷᠤ ᠶᠢᠨ ᠡᠮᠦᠨ᠎ᠡ ᠲᠠᠯ᠎ᠠ ᠳᠤ ᠨᠢ ᠲᠤᠰᠤᠨ᠎ᠠ᠃ ᠭᠦᠨ ᠬᠠᠷ᠎ᠠ ᠠᠯᠬᠤᠭ᠎ᠠ ᠨᠢ ᠡᠩ ᠤᠨ ᠠᠯᠬᠤᠭ᠎ᠠ ᠠᠴᠠ ᠪᠠᠨ ᠠᠷᠠᠢ ᠲᠦᠷᠭᠡᠨ ᠪᠦᠬᠡᠳ ᠶᠠᠩᠵᠤ ᠮᠠᠶ᠋ᠢᠭ ᠨᠢ ᠨᠡᠩ ᠰᠠᠶᠢᠬᠠᠨ᠂ ᠪᠠᠷᠤᠭ ᠰᠠᠶᠢᠪᠤᠷ ᠲᠠᠢ ᠤᠢᠢᠷᠠᠳᠤᠮ᠎ᠠ ᠲᠦᠷᠬᠡᠨ ᠠᠯᠬᠤᠳᠠᠯ ᠪᠤᠯᠤᠨ᠎ᠠ᠃ ᠪᠠᠰᠠ ᠭᠦᠶᠦᠮ᠎ᠡ ᠬᠠᠷ᠎ᠠ ᠠᠯᠬᠤᠭ᠎ᠠ ᠴᠤ ᠭᠡᠳᠡᠭ᠃ ④ ᠭᠦᠶᠦᠮ᠎ᠡ ᠬᠠᠷ᠎ᠠ ᠠᠯᠬᠤᠭ᠎ᠠ = ᠭᠦᠨ ᠬᠠᠷ᠎ᠠ ᠠᠯᠬᠤᠭ᠎ᠠ᠃ ᠪᠡᠯᠡᠳᠬᠡᠭᠰᠡᠨ ᠨᠢ᠄ ᠡᠷᠳᠡᠨᠢᠬᠦᠦ ᠨᠠᠶᠢᠷᠠᠭᠤᠯᠤᠭᠰᠠᠨ ᠨᠢ᠄ ᠨᠠᠮᠤᠷ ᠬᠢᠨᠠᠭᠰᠠᠨ ᠨᠢ᠄ ᠤᠷᠢᠬᠠᠨ  
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号