| | ᠮᠤᠷᠢᠨ ᠤ ᠱᠤᠭᠰᠢᠶ᠎ᠠ ︵ᠨᠤᠬᠠᠢ ᠱᠤᠭᠰᠢᠶ᠎ᠠ︶᠄ ᠱᠤᠩᠰᠢᠬᠤ ᠨᠢ ᠲᠤᠩᠰᠢᠬᠤ ᠠᠴᠠ ᠪᠠᠨ ᠲᠦᠷᠭᠡᠨ ᠪᠦᠭᠡᠳ ᠪᠡᠶ᠎ᠡ | ᠰᠡᠭᠰᠦᠷᠬᠦ ᠨᠢ ᠰᠢᠷᠦᠭᠦᠨ᠃ ᠢᠵᠢᠯᠢ ᠲᠠᠯ᠎ᠠ ᠶᠢᠨ ᠮᠦᠴᠢ ᠨᠦᠭᠦᠳ ᠤᠨ ᠠᠳᠠᠯᠢ ᠪᠤᠰᠤ ᠱᠠᠳᠤᠨ ᠳᠤ ᠬᠢ | ᠬᠦᠳᠡᠯᠬᠡᠬᠡᠨ ᠪᠤᠯᠬᠤ ᠪᠦᠬᠡᠳ ᠬᠦᠪᠦᠮᠡᠯ ᠬᠤᠭᠤᠴᠠᠭ᠎ᠠ ᠦᠬᠡᠢ ᠪᠠᠶᠢᠳᠠᠭ᠂ ᠲᠡᠬᠦᠨ ᠤ ᠬᠦᠯ ᠢᠶᠠᠨ ᠵᠦᠬᠡᠬᠡᠬᠦ ᠲᠡᠰ | ᠲᠠᠷᠠᠭ᠎ᠠ ᠨᠢ ᠵᠡᠬᠦᠨ ᠬᠤᠶᠢᠳᠤ᠂ ᠪᠠᠷᠠᠭᠤᠨ ᠬᠤᠶᠢᠳᠤ᠂ ᠵᠡᠬᠦᠨ ᠤᠷᠳᠤ᠂ ᠪᠠᠷᠠᠭᠤᠨ ᠤᠷᠳᠤ ᠬᠦᠯ᠂ ᠡᠰᠡᠬᠦᠯ᠎ᠡ | ᠪᠠᠷᠠᠭᠤᠨ ᠬᠤᠶᠢᠳᠤ᠂ ᠵᠡᠬᠦᠨ ᠬᠤᠶᠢᠳᠤ᠂ ᠪᠠᠷᠠᠭᠤᠨ ᠤᠷᠳᠤ᠂ ᠵᠡᠬᠦᠨ ᠤᠷᠳᠤ ᠬᠦᠯ ᠪᠤᠯᠤᠨ᠎ᠠ᠃ ᠡᠨᠡ ᠬᠦ ᠠᠯᠬᠤᠴᠠ | ᠶᠢᠨ ᠲᠡᠭᠡᠭᠰᠢ ᠲᠤᠷᠤᠭᠰᠢ ᠲᠤᠩᠰᠤᠯᠬᠤ ᠨᠢ ᠶᠡᠭᠡ᠂ ᠬᠤᠷᠳᠤᠴᠠ ᠨᠢ ᠤᠳᠠᠭᠠᠨ᠂ ᠶᠡᠷᠦ ᠳᠤ ᠪᠠᠨ ᠲᠦᠷᠪᠡᠨ | ᠲᠤᠭᠤᠷᠠᠢ ᠶᠢᠨ ᠲᠠᠭᠤᠨ ᠰᠤᠨᠤᠰᠳᠠᠨ᠎ᠠ᠃ ᠠᠯᠬᠤᠮ ᠤᠨ ᠬᠡᠮᠵᠢᠶ᠎ᠡ ᠨᠢ 2.5 — 3.5 ᠮᠧᠲᠷ᠂ ᠬᠤᠷᠳᠤᠴᠠ ᠨᠢ | ᠴᠠᠭ ᠲᠤ 12 — 15 ᠺᠢᠯᠤᠮᠧᠲᠷ ᠪᠠᠶᠢᠳᠠᠭ᠃ ᠮᠤᠷᠢᠨ ᠤ ᠱᠤᠭᠰᠢᠬᠤ ᠶᠠᠪᠤᠳᠠᠯ ᠤᠨ ᠬᠤᠷᠳᠤᠴᠠ ᠨᠢ ᠠᠯᠬᠤᠵᠤ | ᠰᠠᠶᠢᠪᠤᠷᠢᠯᠠᠬᠤ ᠲᠠᠢ ᠪᠠᠷᠤᠭ ᠤᠴᠢᠬᠤ ᠪᠤᠯᠪᠠᠴᠤ ᠶᠠᠪᠤᠳᠠᠯ ᠨᠢ ᠬᠠᠷᠢᠨ ᠠᠯᠬᠤᠭ᠎ᠠ ᠰᠠᠶᠢᠪᠤᠷ ᠲᠠᠢ ᠮᠤᠷᠢᠨ ᠤ ᠬᠢ | ᠠᠴᠠ ᠬᠤᠯᠠ ᠬᠠᠳᠠᠭᠤ ᠬᠦᠰᠢᠬᠦᠨ ᠪᠠᠶᠢᠳᠠᠭ᠃ ᠱᠤᠭᠰᠢᠵᠤ ᠶᠠᠪᠤᠬᠤ ᠳᠤ ᠲᠠᠰᠢᠭᠤ ᠱᠤᠭᠤᠮ ᠢᠶᠠᠷ ᠤᠷᠳᠤ ᠬᠤᠶᠢᠳᠤ | ᠬᠦᠯ ᠨᠢ ᠤᠷᠤᠭᠰᠢᠯᠠᠵᠤ ᠬᠠᠷᠢᠯᠴᠠᠨ ᠡᠬᠡᠯᠵᠢᠯᠡᠨᠡ᠂ ᠨᠢᠬᠡ ᠠᠯᠬᠤᠮ ᠳᠤ ᠬᠤᠶᠠᠷ ᠲᠤᠭᠤᠷᠠᠢ ᠶᠢᠨ ᠲᠠᠭᠤᠨ | ᠰᠤᠨᠤᠰᠳᠠᠨ᠎ᠠ᠃ | ᠱᠤᠭᠰᠢᠬᠤ ᠵᠦᠬᠡᠯᠡᠨ ᠬᠠᠳᠠᠭᠤ ᠶᠢᠨ ᠬᠢ ᠨᠢ ᠪᠠᠶᠢᠳᠠᠯ ᠢᠶᠠᠷ ᠲᠤᠩᠰᠢᠶ᠎ᠠ ᠱᠤᠭᠰᠢᠶ᠎ᠠ᠂ ᠬᠠᠳᠠᠭᠤ ᠱᠤᠭᠰᠢᠶ᠎ᠠ᠂ ᠨᠤᠬᠠᠢ | ᠱᠤᠭᠰᠢᠶ᠎ᠠ ᠬᠡᠵᠦ ᠢᠯᠭᠠᠳᠠᠭ᠃ | ᠬᠤᠷᠳᠤᠴᠠ ᠶᠢᠨ ᠬᠢ ᠨᠢ ᠪᠠᠶᠢᠳᠠᠯ ᠢᠶᠠᠷ ᠲᠤᠩᠰᠢᠶ᠎ᠠ ︵ᠮᠠᠭᠤᠬᠠᠨ ᠱᠤᠭᠰᠢᠶ᠎ᠠ︶᠂ ᠶᠦᠷᠬᠡᠬᠡ᠂ ᠲᠠᠷᠭᠢᠶᠠ ᠬᠡᠵᠦ | ᠢᠯᠭᠠᠨ᠎ᠠ᠃ | ᠶᠦᠷᠭᠡᠭᠡ ᠲᠠᠷᠭᠢᠶᠠ ᠬᠤᠶᠠᠷ ᠪᠠᠷᠤᠭ ᠠᠳᠠᠯᠢ᠂ ᠱᠤᠭᠰᠢᠨ ᠶᠠᠪᠤᠵᠤ ᠪᠠᠶᠢᠭᠠᠳ ᠮᠤᠷᠢᠨ ᠳᠤ ᠪᠠᠨ ᠪᠠᠭ᠎ᠠ ᠱᠠᠯᠠᠭ᠎ᠠ | ᠦᠭᠴᠦ ᠦᠨᠳᠡᠶᠢᠰᠬᠢᠨ ᠬᠤᠷᠳᠤᠯᠠᠬᠤ ᠶᠠᠪᠤᠳᠠᠯ ᠢ ᠬᠡᠯᠡᠨ᠎ᠡ᠃ | ᠶᠦᠷᠬᠡᠵᠦ ᠲᠠᠷᠬᠢᠵᠦ ᠶᠠᠪᠤᠬᠤ ᠶᠢᠨ ᠬᠤᠷᠳᠤᠴᠠ ᠨᠢ ᠱᠤᠭᠰᠢᠶ᠎ᠠ ᠲᠤᠩᠰᠢᠶ᠎ᠠ ᠠᠴᠠ ᠨᠡᠯᠢᠶᠡᠳ ᠲᠦᠷᠬᠡᠨ ᠪᠦᠬᠡᠳ | ᠲᠤᠷᠬᠢᠯᠳᠡ ᠶᠢᠨ ᠬᠦᠴᠦᠨ ᠨᠢ ᠴᠦ ᠪᠠᠭᠠᠰᠴᠤ ᠢᠷᠡᠨ᠎ᠡ᠃ | ᠰᠠᠶᠢᠨ ᠲᠠᠷᠬᠢᠶᠠ ᠨᠢ ᠶᠡᠷᠦ ᠶᠢᠨ ᠶᠠᠪᠤᠳᠠᠯ ᠤᠨ ᠬᠠᠳᠠᠷᠢᠶ᠎ᠠ ᠲᠠᠢ ᠠᠳᠠᠯᠢ ᠪᠠᠶᠢᠳᠠᠭ᠃ | ᠱᠤᠭᠰᠢᠵᠦ ᠲᠤᠩᠰᠢᠬᠤ ᠶᠠᠪᠤᠳᠠᠯ ᠨᠢ ᠬᠠᠳᠠᠷᠢᠶ᠎ᠠ ᠲᠠᠢ ᠬᠤᠷᠳᠤᠴᠠ ᠶᠢᠨ ᠲᠠᠯ᠎ᠠ ᠪᠠᠷ ᠨᠡᠯᠢᠶᠡᠳ ᠵᠦᠷᠢᠶ᠎ᠡ ᠲᠠᠢ | ᠪᠤᠯᠪᠠᠴᠤ ᠬᠦᠯ ᠤᠨ ᠡᠷᠬᠦᠯᠳᠡ ᠲᠠᠯᠪᠢᠯᠳᠠ ᠶᠢᠨ ᠪᠠᠶᠢᠳᠠᠯ ᠨᠢ ᠦᠨᠳᠦᠰᠦᠨ ᠳᠤ ᠪᠠᠨ ᠠᠳᠠᠯᠢ᠂ ᠬᠠᠳᠠᠷᠢᠵᠦ ᠶᠠᠪᠤᠬᠤ | ᠳᠤ ᠬᠤᠶᠢᠳᠤ ᠬᠦᠯ ᠨᠢ ᠤᠷᠳᠤ ᠬᠦᠯ ᠤᠨ ᠢᠶᠠᠨ ᠬᠠᠵᠠᠭᠤ ᠪᠠᠷ ᠡᠮᠦᠨᠡᠰᠢ ᠭᠠᠷᠤᠨ᠎ᠠ᠃ | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ | | |