| | ᠮᠢᠩᠭᠠᠳᠤ ᠶᠢᠨ ᠲᠦᠷᠢᠮ ᠤᠤᠯ ᠨᠢ ᠵᠦᠷᠴᠢᠨ ᠦᠨᠳᠤᠰᠤᠳᠡᠨ ᠤ ᠠᠶᠢᠮᠠᠭ ᠤᠨ ᠬᠤᠯᠪᠤᠭ᠎ᠠ ᠶᠢᠨ ᠵᠤᠬᠢᠶᠠᠨ | ᠪᠠᠶᠢᠭᠤᠯᠤᠯᠳᠠ ᠶᠢᠨ ᠬᠡᠯᠪᠡᠷᠢ ᠪᠠᠶᠢᠪᠠ᠂ ᠰᠡᠭᠦᠯᠡᠷ ᠨᠢ ᠮᠤᠩᠭᠤᠯ ᠤᠭᠰᠠᠭᠠᠳᠠᠨ ᠪᠤᠯᠬᠤ ᠭᠡᠷᠡᠶᠢᠳ ᠠᠶᠢᠮᠠᠭ ᠴᠤ | ᠬᠡᠷᠡᠭᠯᠡᠵᠦ ᠦᠩᠭᠡᠷᠡᠭᠰᠡᠨ ᠪᠢᠯᠡ᠃ | ᠴᠢᠩᠬᠢᠰ ᠬᠠᠭᠠᠨ 1204 ᠤᠨ ᠳᠤ ᠨᠠᠢᠮᠠᠨ ᠠᠶᠢᠮᠠᠭ ᠲᠤ ᠴᠡᠷᠢᠭᠯᠡᠬᠦ ᠠᠴᠠ ᠡᠮᠦᠨ᠎ᠡ ᠨᠢᠭᠡᠨᠳᠡ ᠮᠢᠩᠭᠠᠳᠤ ᠶᠢᠨ | ᠲᠦᠷᠢᠮ ᠢ ᠵᠠᠷᠢᠯᠢᠭᠳᠠᠨ ᠬᠡᠷᠡᠭᠵᠢᠬᠦᠯᠵᠦ᠂ 1206 ᠤᠨ ᠳᠤ ᠮᠤᠩᠭᠤᠯ ᠬᠠᠭᠠᠨᠳᠤ ᠤᠯᠤᠰ ᠢ ᠪᠠᠶᠢᠭᠤᠯᠤᠭᠰᠠᠨ ᠤ | ᠳᠠᠷᠠᠭ᠎ᠠ ᠤᠯᠠᠮ ᠳᠡᠬᠦᠯᠳᠡᠷᠵᠢᠪᠡ᠃ ᠡᠨᠡᠬᠦ ᠲᠦᠷᠢᠮ ᠳᠤ ᠮᠤᠩᠭᠤᠯ ᠦᠨᠳᠤᠰᠤᠳᠡᠨ ᠤ ᠬᠦᠮᠦᠨ ᠠᠮᠠ ᠶᠢ ᠲᠦᠮᠡᠳᠤ᠂ | ᠮᠢᠩᠭᠠᠳᠤ᠂ ᠵᠠᠭᠤᠳᠤ᠂ ᠠᠷᠪᠠᠳᠤ ᠬᠡᠮᠡᠨ ᠬᠤᠪᠢᠶᠠᠵᠦ᠂ ᠳᠤᠰ ᠳᠤᠰ ᠲᠤᠨᠢ ᠨᠤᠶᠠᠳ ᠡᠷᠬᠦᠮᠵᠢᠯᠡᠵᠦ᠂ ᠳᠡᠰ ᠳᠡᠰ | ᠢᠶᠠᠷ ᠬᠠᠮᠢᠶᠠᠷᠤᠭᠤᠯᠪᠠ᠃ ᠳᠡᠭᠡᠬᠦ ᠳᠡᠭᠡᠨ ᠤᠤᠯ ᠤᠨ ᠠᠶᠢᠮᠠᠭ ᠢᠶᠠᠷ ᠨᠢ ᠮᠢᠩᠭᠠᠳᠤ ᠪᠤᠯᠭᠠᠬᠤ ᠪᠤᠶᠤ ᠡᠯ᠎ᠡ ᠠᠶᠢᠮᠠᠭ ᠢ | ᠬᠤᠯᠢᠯᠳᠤᠭᠤᠯᠤᠨ ᠮᠢᠩᠭᠠᠳᠤ ᠪᠤᠯᠭᠠᠵᠦ᠂ ᠨᠡᠶᠢᠳᠡ ᠶᠡᠷᠡᠨ ᠳᠠᠪᠤᠨ ᠮᠢᠩᠭᠠᠳᠤ ᠶᠢ ᠵᠤᠬᠢᠶᠠᠨ ᠪᠠᠶᠢᠭᠤᠯᠵᠦ᠂ ᠲᠦᠮᠡᠳᠤ | ᠮᠢᠩᠭᠠᠳᠤ ᠶᠢᠨ ᠨᠤᠶᠠᠳ ᠢ ᠶᠡᠭᠡ ᠬᠠᠭᠠᠨ ᠠᠴᠠ ᠡᠷᠭᠦᠮᠵᠢᠯᠡᠨ ᠳᠤᠮᠢᠯᠠᠵᠦ᠂ ᠳᠤᠰᠢᠶᠠᠯ ᠢᠶᠠᠨ ᠦᠶ᠎ᠡ ᠤᠯᠠᠷᠢᠨ | ᠵᠠᠯᠭᠠᠮᠵᠢᠯᠠᠵᠦ ᠪᠠᠶᠢᠪᠠ᠃ | ᠮᠢᠩᠭᠠᠳᠤ ᠶᠢᠨ ᠲᠦᠷᠢᠮ ᠨᠢ ᠡᠬᠢᠨ ᠳᠡᠭᠡᠨ ᠭᠠᠭᠴᠠᠬᠦ ᠴᠡᠷᠢᠭ ᠤᠨ ᠶᠠᠪᠤᠳᠠᠯ ᠤᠨ ᠰᠢᠨᠵᠢ ᠲᠠᠢ ᠪᠠᠶᠢᠭᠰᠠᠨ ᠢᠶᠠᠨ | ᠬᠤᠵᠢᠮ ᠨᠢ ᠤᠯᠠᠷᠢᠵᠦ ᠴᠡᠷᠢᠭ ᠵᠠᠰᠠᠭ ᠨᠢᠭᠡᠳᠤᠭ᠍ᠰᠡᠨ ᠵᠤᠬᠢᠶᠠᠨ ᠪᠠᠶᠢᠭᠤᠯᠤᠯᠳᠠ ᠪᠤᠯᠪᠠ᠃ | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ | | |