| | ᠬᠤᠶᠢᠰᠢᠳᠠ ᠶᠢᠨ ᠲᠠᠪᠣᠨ ᠵᠢᠯ ᠤᠨ ᠠᠵᠣ ᠠᠬᠤᠢ ᠨᠡᠶᠢᠬᠡᠮ ᠤᠨ ᠬᠥᠭᠵᠢᠯᠳᠡ ᠶᠢᠨ ᠶᠡᠷᠥᠩᠬᠡᠢ ᠰᠡᠳᠬᠢᠴᠡ | ᠣᠳᠣ᠂ ᠮᠠᠨ ᠤ ᠬᠤᠰᠢᠭᠤ ᠶᠠᠭ ᠴᠢᠬᠤᠯᠠ ᠠᠵᠠ ᠲᠣᠬᠢᠶᠠᠯ ᠤᠨ ᠲᠥᠪᠯᠡᠷᠡᠯ ᠤᠨ ᠬᠤᠭᠤᠴᠠᠭᠠᠨ ᠳᠤ ᠣᠷᠣᠰᠢᠵᠣ᠂ | ᠡᠯ᠎ᠡ ᠵᠣᠶᠢᠯ ᠤᠨ ᠲᠠᠪᠠᠭᠤᠯᠢᠭ ᠡᠬᠢ ᠪᠠᠶᠠᠯᠢᠭ ᠢᠶᠠᠨ ᠪᠥᠳᠥᠮᠵᠢ ᠲᠠᠢ ᠠᠰᠢᠭᠯᠠᠬᠤ ᠴᠠᠭ ᠥᠶ᠎ᠡ ᠳᠤ ᠣᠷᠣᠰᠢᠵᠣ | ᠪᠠᠶᠢᠨ᠎ᠠ᠃ ᠣᠳᠠᠯ ᠥᠬᠡᠢ ᠣᠯᠣᠰ ᠪᠠᠶᠢᠭᠤᠯᠣᠭᠳᠠᠭᠰᠠᠨ 70 ᠵᠢᠯ ᠤᠨ ᠣᠢ᠂ 2020 ᠣᠨ ᠳᠤ ᠪᠥᠬᠦ ᠲᠠᠯ᠎ᠠ ᠪᠠᠷ | ᠴᠢᠨᠡᠬᠡᠯᠢᠭ ᠨᠡᠶᠢᠬᠡᠮ ᠢ ᠪᠠᠶᠢᠭᠤᠯᠬᠤ᠂ ᠨᠠᠮ ᠪᠠᠶᠢᠭᠤᠯᠣᠭᠳᠠᠭᠰᠠᠨ100 ᠵᠢᠯ ᠤᠨ ᠣᠢ ᠶᠢ ᠣᠭᠳᠣᠨ᠎ᠠ᠃ | ᠶᠡᠷᠥᠩᠬᠡᠶᠢᠯᠡᠪᠠᠯ᠂ ᠮᠠᠨ ᠤ ᠬᠤᠰᠢᠭᠤᠨ ᠤ ᠰᠠᠭᠤᠷᠢ᠂ ᠨᠥᠭᠦᠴᠡᠯ᠂ ᠴᠢᠳᠠᠪᠣᠷᠢ ᠲᠡᠣᠬᠡᠨ ᠰᠢᠨ᠎ᠡ ᠡᠬᠢᠯᠯᠡᠳᠡ ᠳᠤ᠂ | ᠠᠵᠣ ᠠᠬᠤᠢ ᠪᠠᠨ ᠨᠡᠩ ᠴᠢᠨᠠᠷᠯᠢᠭ᠂ ᠨᠡᠩ ᠪᠥᠳᠥᠮᠵᠢᠲᠠᠢ᠂ ᠨᠡᠩ ᠭᠤᠣᠯᠴᠢ᠂ ᠨᠡᠩ ᠦᠷᠬᠦᠯᠵᠢᠯᠡᠨ ᠬᠥᠭᠵᠢᠭᠦᠯᠬᠦ | ᠶᠢ ᠠᠬᠢᠭᠤᠯᠵᠣ ᠴᠢᠳᠠᠨ᠎ᠠ᠃ ᠬᠥᠭᠵᠢᠯᠳᠡ ᠶᠢᠨ ᠣᠷᠴᠢᠨ ᠲᠣᠭᠤᠷᠢᠨ ᠠᠴᠠ ᠥᠵᠡᠪᠡᠯ᠂ ᠰᠢ ᠶᠢᠨ ᠫᠢᠩ ᠤᠨ ᠰᠢᠨ᠎ᠡ | ᠴᠠᠭ ᠥᠶ᠎ᠡ ᠶᠢᠨ ᠳᠣᠮᠳᠠᠳᠣ ᠣᠯᠣᠰ ᠤᠨ ᠨᠡᠶᠢᠬᠡᠮ ᠵᠢᠷᠥᠮ ᠤᠨ ᠥᠵᠡᠯ ᠰᠠᠨᠠᠭ᠎ᠠ᠂ ᠪᠢᠳᠡᠨ ᠳᠤ ᠰᠢᠨ᠎ᠡ ᠴᠠᠭ ᠥᠶ᠎ᠡ | ᠶᠢᠨ ᠡᠯ᠎ᠡ ᠲᠥᠷᠥᠯ ᠤᠨ ᠠᠵᠢᠯ ᠣᠶᠢᠯᠡᠰ ᠤᠨ ᠬᠥᠭᠵᠢᠯᠳᠡ ᠶᠢ ᠠᠬᠢᠭᠤᠯᠬᠤ ᠣᠷᠣᠭᠰᠢᠯᠠᠯᠳᠠ ᠶᠢᠨ ᠴᠢᠭᠯᠡᠯ ᠢ | ᠳᠣᠳᠣᠳᠬᠠᠵᠣ᠂ ᠰᠢᠨᠵᠢᠯᠡᠬᠦ ᠣᠬᠠᠭᠠᠨᠴᠢ ᠣᠨᠣᠯ ᠤᠨ ᠵᠢᠯᠣᠭᠤᠳᠣᠮᠵᠢ ᠪᠠ ᠵᠢᠷᠥᠮᠯᠠᠯ ᠥᠨᠳᠥᠰᠥᠯᠡᠯ ᠢ ᠬᠠᠩᠭᠠᠪᠠ᠃ | ᠣᠯᠣᠰ ᠠᠴᠠ ᠬᠥᠳᠡᠯᠬᠡᠬᠦ ᠬᠥᠴᠥᠨ ᠢ ᠰᠢᠨᠡᠴᠢᠯᠡᠬᠦ᠂ ᠬᠥᠳᠡᠭᠡ ᠲᠣᠰᠬᠤᠨ ᠢ ᠴᠡᠴᠡᠭᠯᠡᠬᠦᠯᠦᠨ ᠬᠥᠭᠵᠢᠭᠦᠯᠬᠦ᠂ ᠴᠡᠷᠢᠭ | ᠠᠷᠠᠳ ᠢ ᠣᠶᠠᠯᠳᠣᠭᠤᠯᠣᠨ ᠬᠥᠭᠵᠢᠭᠦᠯᠬᠦ ᠵᠡᠷᠬᠡ ᠪᠠᠶᠢᠯᠳᠣᠬᠤ ᠪᠣᠳᠣᠯᠭ᠎ᠠ ᠶᠢ ᠬᠥᠨᠵᠡᠬᠡᠢ ᠬᠡᠷᠡᠭᠵᠢᠭᠦᠯᠬᠦ ᠶᠢ | ᠳᠠᠭᠠᠯᠳᠣᠨ᠂ ᠴᠥᠬᠡᠨ ᠲᠣᠭᠠᠳᠣ ᠥᠨᠳᠥᠰᠥᠳᠡᠨ ᠤ ᠣᠷᠣᠨ᠂ ᠬᠢᠯᠢ ᠬᠢᠵᠠᠭᠠᠷ ᠣᠷᠣᠨ᠂ ᠶᠠᠳᠠᠭᠤ ᠬᠥᠴᠢᠷᠳᠡᠯᠲᠠᠢ | ᠣᠷᠣᠨ ᠤ ᠬᠥᠭᠵᠢᠯᠳᠡ ᠶᠢ ᠳᠡᠮᠵᠢᠬᠦ ᠵᠡᠷᠬᠡ ᠣᠯᠣᠰ ᠲᠥᠷᠥ ᠶᠢᠨ ᠪᠣᠳᠣᠯᠭ᠎ᠠ ᠶᠢ ᠬᠥᠨᠵᠡᠬᠡᠢ ᠨᠠᠶᠢᠳᠠᠪᠤᠷᠢᠵᠢᠭᠤᠯᠬᠤ | ᠨᠢ ᠪᠢᠳᠠᠨ ᠤ ᠰᠢᠨ᠎ᠡ ᠬᠡᠪ ᠤᠨ ᠪᠠᠶᠢᠳᠠᠯ ᠢ ᠣᠳᠣᠷᠢᠳᠬᠤ᠂ ᠰᠢᠨ᠎ᠡ ᠬᠥᠳᠡᠯᠬᠡᠬᠦ ᠬᠥᠴᠥ ᠶᠢ ᠪᠣᠶᠢᠵᠢᠭᠤᠯᠬᠤ᠂ ᠰᠢᠨ᠎ᠡ | ᠠᠵᠣ ᠠᠬᠤᠢ ᠶᠢ ᠬᠥᠭᠵᠢᠭᠦᠯᠬᠦ ᠳᠤ ᠰᠠᠶᠢᠨ ᠰᠠᠶᠢᠬᠠᠨ ᠭᠠᠳᠠᠭᠠᠳᠣ ᠣᠷᠴᠢᠨ ᠲᠣᠭᠤᠷᠢᠨ ᠢ ᠡᠭᠦᠳᠥᠨ ᠪᠥᠳᠥᠬᠡᠪᠡ᠃ | ᠥᠪᠡᠷ ᠤᠨ ᠲᠠᠪᠠᠭᠤᠯᠢᠭ ᠳᠠᠯ᠎ᠠ ᠠᠴᠠ ᠥᠵᠡᠪᠡᠯ᠂ ᠪᠢᠳᠡ ᠥᠪᠡᠷᠮᠢᠴᠡ ᠡᠬᠢ ᠪᠠᠶᠠᠯᠢᠭ ᠤᠨ ᠳᠠᠪᠠᠭᠤᠯᠢᠭ ᠪᠠ ᠣᠷᠣᠨ | ᠪᠥᠰᠡ ᠶᠢᠨ ᠳᠠᠪᠠᠭᠤᠯᠢᠭ ᠳᠡᠬᠡᠷ᠎ᠡ ᠰᠠᠭᠤᠷᠢᠯᠠᠵᠤ᠂ ︽ᠨᠢᠬᠡ ᠪᠥᠰᠡ ᠨᠢᠬᠡ ᠵᠠᠮ︾ ᠤᠨ ᠪᠥᠳᠥᠬᠡᠨ ᠪᠠᠶᠢᠭᠤᠯᠣᠯᠳᠠ | ᠳᠤ ᠢᠳᠡᠪᠬᠢᠲᠠᠢ ᠠᠭᠤᠰᠣᠯᠴᠠᠨ᠂ ᠨᠢᠬᠡ ᠪᠥᠯᠥᠭ ᠬᠠᠷᠢᠯᠴᠠᠨ ᠬᠤᠯᠪᠣᠭᠳᠠᠭᠰᠠᠨ ᠭᠤᠣᠯᠳᠠᠯᠭᠠᠳᠣ ᠢᠨᠵᠧᠨᠧᠷᠢᠩ ᠢ | ᠳᠠᠷᠠᠭᠠᠯᠠᠨ ᠡᠬᠢᠯᠡᠭᠦᠯᠵᠥ᠂ ᠥᠯᠵᠡᠢ ᠪᠣᠭᠤᠮᠳᠠ ᠶᠢᠨ ᠪᠥᠳᠥᠬᠡᠨ ᠪᠠᠶᠢᠭᠤᠯᠣᠯᠳᠠ ᠶᠢ ᠯᠠᠪᠳᠠᠭᠤᠨ ᠠᠬᠢᠭᠤᠯᠵᠤ᠂ | ᠡᠷᠬᠢᠨ ᠲᠣᠭᠤᠷᠢᠨ ᠤ ᠭᠠᠵᠠᠷ ᠣᠷᠣᠨ ᠤ ᠠᠵᠣ ᠠᠬᠤᠢ ᠶᠢᠨ ᠲᠣᠭᠤᠷᠢᠭ ᠲᠠᠢ ᠣᠯᠠᠮ ᠰᠠᠶᠢᠨ ᠠᠭᠤᠰᠤᠯᠴᠠᠬᠤ ᠳᠤ | ᠠᠰᠢᠭᠲᠠᠢ ᠪᠠᠶᠢᠵᠣ᠂ ᠴᠡᠷᠢᠭ ᠠᠷᠠᠳ ᠤᠨ ᠣᠶᠠᠯᠳᠣᠨ ᠬᠥᠭᠵᠢᠬᠦ ᠳᠤ ᠠᠰᠢᠭᠲᠠᠢ᠂ ᠣᠷᠭᠠᠨᠢᠭ ᠣᠨᠴᠠᠯᠢᠭᠳᠣ | ᠲᠠᠷᠢᠶᠠᠯᠠᠩ ᠮᠠᠯ ᠠᠵᠣ ᠠᠬᠤᠢ ᠂ ᠴᠡᠪᠡᠷ ᠡᠨᠧᠷᠬᠢ᠂ ᠰᠣᠶᠣᠯ ᠵᠢᠭᠤᠯᠴᠢᠯᠠᠯ᠂ ᠡᠯᠡᠰᠣᠨ ᠤ ᠠᠵᠣ ᠣᠶᠢᠯᠡᠰ ᠵᠡᠷᠬᠡ | ᠰᠢᠨ᠎ᠡ ᠪᠠᠷ ᠬᠥᠭᠵᠢᠵᠥ ᠪᠠᠶᠢᠭ᠎ᠠ ᠠᠵᠣ ᠣᠶᠢᠯᠡᠰ ᠢ ᠬᠥᠴᠥᠷᠬᠡᠭᠵᠢᠭᠦᠯᠥᠨ ᠪᠣᠵᠠᠭᠠᠶᠢᠷᠠᠭᠤᠯᠬᠤ ᠳᠤ ᠠᠰᠢᠭᠲᠠᠢ᠃ | ᠳᠣᠳᠣᠭᠠᠳᠣ ᠬᠥᠳᠡᠯᠬᠡᠬᠦ ᠬᠥᠴᠥ ᠠᠴᠠ ᠥᠵᠡᠪᠡᠯ᠂ ᠪᠢᠳᠠ ᠰᠠᠨᠠᠭᠠᠴᠢᠯᠠᠭ᠎ᠠ ᠠᠴᠠ ᠪᠠᠨ ᠪᠥᠳᠥᠴᠡ ᠶᠢᠨ ᠲᠠᠯ᠎ᠠ ᠶᠢᠨ | ᠬᠠᠩᠭᠠᠯᠭ᠎ᠠ ᠶᠢᠨ ᠴᠢᠨᠠᠷ ᠲᠠᠢ ᠥᠬᠡᠷᠡᠴᠢᠯᠡᠯᠳᠡ ᠶᠢ ᠲᠥᠷᠬᠡᠳᠬᠡᠨ᠂ ᠵᠠᠰᠠᠭ ᠤᠨ ᠣᠷᠳᠣᠨ ᠤ ᠥᠷᠢ ᠥᠭᠴᠡᠭᠡ ᠶᠢ | ᠬᠥᠴᠥᠯᠡᠨ ᠲᠥᠯᠥᠵᠥ᠂ ᠡᠳ᠋ ᠤᠨ ᠵᠠᠰᠠᠭ ᠤᠨ ᠣᠷᠣᠯᠭ᠎ᠠ ᠶᠢᠨ ᠶᠡᠷᠥᠩᠬᠡᠢ ᠬᠡᠮᠵᠢᠶ᠎ᠡ ᠶᠢ ᠪᠠᠳᠤᠯᠠᠵᠤ᠂ ᠴᠢᠨᠠᠷ ᠢᠶᠠᠨ | ᠰᠠᠶᠢᠵᠢᠷᠠᠭᠤᠯᠤᠨ᠂ ᠠᠵᠣ ᠠᠬᠤᠢ ᠨᠡᠶᠢᠬᠡᠮ ᠤᠨ ᠡᠯ᠎ᠡ ᠠᠵᠢᠯ ᠣᠶᠢᠯᠡᠰ ᠤᠨ ᠬᠥᠭᠵᠢᠯᠳᠡ ᠳᠤ ᠪᠠᠳᠣᠯᠠᠭ᠎ᠠ ᠬᠠᠩᠭᠠᠪᠠ | ᠃ ᠲᠥᠪ ᠬᠤᠷᠢᠶᠠᠨ ᠤ ᠲᠣᠭᠤᠷᠢᠨ ᠥᠵᠡᠬᠦ ᠶᠢ ︽ᠡᠷᠬᠢᠵᠣ ᠬᠠᠷᠠᠬᠤ︾ ᠪᠠ ᠣᠷᠴᠢᠨ ᠲᠣᠭᠤᠷᠢᠨ ᠤ ᠬᠠᠮᠠᠭᠠᠯᠠᠯᠳᠠ | ᠶᠢ ᠱᠠᠭᠠᠷᠳᠠᠨ ᠪᠠᠶᠢᠴᠠᠭᠠᠬᠤ ᠲᠣᠭᠤᠶᠢᠯᠠᠩ ᠤᠨ ᠢᠯᠡᠷᠡᠭᠦᠯᠥᠨ ᠲᠣᠰᠢᠶᠠᠭᠰᠠᠨ ᠰᠠᠨᠠᠯ ᠢ ᠴᠡᠭᠴᠡᠯᠡᠨ | ᠨᠠᠶᠢᠳᠠᠪᠤᠷᠢᠵᠢᠭᠤᠯᠤᠭᠰᠠᠨ ᠨᠢ᠂ ᠪᠢᠳᠠᠨ ᠤ ᠠᠰᠠᠭᠤᠳᠠᠯ ᠳᠤ ᠪᠠᠨ ᠵᠥᠪ ᠢᠶᠠᠷ ᠬᠠᠨᠳᠤᠵᠤ᠂ ᠠᠵᠢᠯ ᠢᠶᠠᠨ ᠵᠠᠰᠠᠨ | ᠥᠬᠡᠷᠡᠴᠢᠯᠡᠬᠦ᠂ ᠬᠥᠭᠵᠢᠯᠳᠡ ᠶᠢ ᠠᠬᠢᠭᠤᠯᠬᠤ ᠳᠤ ᠠᠵᠠ ᠵᠠᠪᠰᠢᠶᠠᠨ ᠢ ᠠᠪᠴᠢᠷᠠᠪᠠ᠃ ᠢᠯᠠᠩᠭᠤᠶ᠎ᠠ ᠪᠠᠴᠢᠮ ᠬᠥᠴᠢᠷ | ᠲᠥᠭᠰᠢᠭᠦᠷᠢᠳᠥ ᠬᠥᠨᠳᠥ ᠠᠵᠢᠯ ᠡᠭᠦᠷᠬᠡ ᠪᠠᠨ ᠭᠥᠢᠴᠡᠳᠬᠡᠬᠦ ᠳᠤ᠂ ᠪᠥᠬᠦ ᠬᠤᠰᠢᠭᠤᠨ ᠤ ᠡᠯ᠎ᠡ ᠡᠳᠡᠭᠡᠳ | ᠪᠥᠯᠬᠦᠮᠳᠡᠨ ᠨᠢᠬᠡᠳᠴᠣ᠂ ᠵᠣᠷᠢᠭᠲᠠᠢ ᠣᠷᠣᠭᠰᠢᠯᠠᠨ᠂ ᠢᠳᠡᠪᠬᠢᠯᠡᠨ ᠳᠡᠪᠰᠢᠬᠦ ᠥᠩᠬᠡᠷᠡᠯᠳᠡ ᠳᠤ ᠪᠠᠨ ᠬᠠᠷᠢᠭᠤᠴᠠᠯᠭ᠎ᠠ | ᠶᠢ ᠭᠤᠣᠯᠴᠢᠯᠠᠵᠣ᠂ ᠪᠡᠷᠬᠡᠰᠢᠶᠡᠯᠳᠥ ᠣᠷᠴᠢᠨ ᠳᠤ ᠬᠠᠳᠠᠭᠤᠵᠢᠨ ᠵᠣᠷᠢᠭᠵᠢᠵᠣ᠂ ᠬᠥᠴᠢᠷ ᠢ ᠲᠣᠭᠤᠯᠣᠨ ᠪᠡᠷᠬᠡ ᠶᠢ | ᠢᠯᠠᠬᠤ ᠳᠣᠮᠳᠠ ᠺᠠᠳ᠋ᠷᠴᠣᠳ ᠤᠨ ᠡᠩᠨᠡᠭᠡ ᠪᠠᠨ ᠳᠠᠪᠳᠠᠨ ᠪᠣᠯᠪᠠᠰᠣᠷᠠᠭᠤᠯᠪᠠ᠂ ᠡᠳᠡᠬᠡᠷ ᠨᠢ ᠪᠢᠳᠠᠨ ᠤ ᠬᠡᠯᠪᠡᠷᠢ ᠪᠠᠨ | ᠬᠤᠪᠢᠷᠠᠭᠤᠯᠣᠨ ᠳᠡᠰ ᠳᠡᠪᠰᠢᠭᠦᠯᠬᠦ᠂ ᠴᠢᠨᠠᠷᠯᠢᠭ ᠬᠥᠭᠵᠢᠬᠦ ᠳᠤ ᠴᠢᠬᠤᠯᠠ ᠶᠡᠭᠡ ᠲᠣᠯᠭᠠᠭᠤᠷᠢᠯᠠᠯ ᠢ ᠬᠠᠩᠭᠠᠪᠠ᠃ | ᠲᠥᠯᠥᠬᠡᠯᠡᠭᠴᠢᠳ ᠡ᠂ ᠨᠥᠬᠦᠳ ᠡ᠂ ᠴᠢᠨᠡᠬᠡᠯᠢᠭ ᠨᠡᠶᠢᠬᠡᠮ ᠢ ᠪᠥᠬᠦ ᠲᠠᠯ᠎ᠠ ᠪᠠᠷ ᠪᠠᠶᠢᠭᠤᠯᠤᠨ᠂ ᠪᠠᠶᠠᠨ ᠬᠥᠴᠥᠷᠬᠡᠭ | ᠠᠷᠠᠳᠴᠢᠯᠠᠯᠳᠣ ᠡᠶ᠎ᠡ ᠵᠣᠬᠢᠴᠠᠩᠭᠤᠢ ᠥᠵᠡᠰᠭᠦᠯᠡᠩᠳᠥ ᠠᠯᠠᠱᠠ ᠵᠡᠭᠦᠨ ᠬᠤᠰᠢᠭᠤ ᠶᠢ ᠲᠥᠷᠬᠡᠳᠬᠡᠨ ᠪᠥᠳᠥᠬᠡᠨ | ᠪᠠᠶᠢᠭᠤᠯᠬᠤ ᠨᠢ᠂ ᠪᠥᠬᠦ ᠬᠤᠰᠢᠭᠤᠨ ᠤ ᠠᠷᠠᠳ ᠲᠥᠮᠡᠨ ᠤ ᠠᠰᠢᠭ ᠲᠣᠰᠠ ᠪᠠ ᠬᠠᠮᠳᠣ ᠶᠢᠨ ᠵᠣᠷᠢᠯᠳᠠ ᠶᠢ | ᠲᠣᠰᠬᠠᠵᠡᠢ᠃ ᠪᠢᠳᠠ ᠰᠠᠬᠢᠨ ᠪᠠᠷᠠᠭᠠᠯᠠᠵᠣ ᠬᠠᠷᠢᠯᠴᠠᠨ ᠬᠠᠪᠰᠣᠷᠣᠯᠴᠠᠨ᠂ ᠪᠥᠯᠬᠦᠮᠳᠡᠨ ᠲᠡᠮᠡᠴᠡᠪᠡᠯ᠂ ᠯᠠᠪᠳᠠᠶᠢᠶ᠎ᠠ | ᠬᠥᠭᠵᠢᠯᠳᠡ ᠶᠢ ᠲᠥᠷᠬᠡᠳᠬᠡᠬᠦ ᠬᠥᠴᠥᠷᠬᠡᠭ ᠶᠡᠭᠡ ᠬᠥᠴᠥ ᠶᠢ ᠨᠢᠭᠳᠠᠷᠠᠭᠤᠯᠵᠣ ᠴᠢᠳᠠᠨ᠎ᠠ︕ ᠪᠢᠳᠠ ᠬᠥᠭᠵᠢᠯᠳᠡ | ᠶᠢᠨ ᠨᠢᠬᠡᠳᠣᠬᠡᠷ ᠡᠭᠦᠷᠬᠡ ᠶᠢ ᠪᠠᠳᠣᠲᠠᠢ ᠬᠥᠢᠴᠡᠳᠬᠡᠵᠣ᠂ ᠢᠳᠡᠬᠡᠯ ᠵᠣᠷᠢᠭ ᠢᠶᠠᠨ ᠬᠥᠪᠴᠢᠯᠡᠨ᠂ ᠠᠵᠠ ᠲᠣᠬᠢᠶᠠᠯ ᠢ | ᠠᠳᠬᠤᠪᠠᠯ᠂ ᠯᠠᠪᠳᠠᠶᠢᠶ᠎ᠠ ᠴᠢᠨᠡᠬᠡᠯᠢᠭ ᠨᠡᠶᠢᠬᠡᠮ ᠢ ᠪᠥᠬᠦ ᠲᠠᠯ᠎ᠠ ᠪᠠᠷ ᠪᠡᠶᠡᠯᠡᠭᠦᠯᠬᠦ ᠰᠢᠢᠳᠪᠣᠷᠢᠳᠣ ᠢᠯᠠᠯᠳᠠ ᠶᠢ ᠣᠯᠬᠤ | ᠰᠢᠨ᠎ᠡ ᠠᠶᠠᠨ ᠳᠤ᠂ ᠠᠵᠣ ᠠᠬᠤᠢ ᠨᠡᠶᠢᠬᠡᠮ ᠤᠨ ᠬᠥᠭᠵᠢᠯᠳᠡ ᠶᠢᠨ ᠰᠢᠨ᠎ᠡ ᠪᠠᠶᠢᠳᠠᠯ ᠢ ᠲᠠᠰᠣᠷᠠᠯᠳᠠ ᠥᠬᠡᠢ | ᠡᠭᠦᠳᠥᠨ ᠪᠦᠳᠦᠬᠡᠵᠤ ᠴᠢᠳᠠᠨ᠎ᠠ᠃ | ᠬᠤᠶᠢᠰᠢᠳᠠ ᠶᠢᠨ ᠲᠠᠪᠣᠨ ᠵᠢᠯ ᠤᠨ ᠵᠠᠰᠠᠭ ᠤᠨ ᠣᠷᠳᠣᠨ ᠤ ᠠᠵᠢᠯ ᠤᠨ ᠶᠡᠷᠥᠩᠬᠡᠢ ᠰᠡᠳᠬᠢᠴᠡ ᠪᠣᠯ᠄ ᠰᠢ ᠶᠢᠨ | ᠫᠢᠩ ᠤᠨ ᠰᠢᠨ᠎ᠡ ᠴᠠᠭ ᠥᠶ᠎ᠡ ᠶᠢᠨ ᠲᠣᠮᠳᠠᠳᠣ ᠣᠯᠣᠰ ᠤᠨ ᠣᠨᠴᠠᠯᠢᠭ ᠲᠠᠢ ᠨᠡᠶᠢᠬᠡᠮ ᠵᠢᠷᠣᠮ ᠤᠨ ᠥᠵᠡᠯ ᠰᠠᠨᠠᠭ᠎ᠠ | ᠪᠠᠷ ᠵᠢᠯᠣᠭᠤᠳᠣᠯᠭ᠎ᠠ ᠪᠣᠯᠭᠠᠵᠣ᠂ ᠨᠠᠮ ᠤᠨ ᠠᠷᠪᠠᠨ ᠶᠢᠰᠥᠳᠥᠬᠡᠷ ᠬᠤᠷᠠᠯ ᠤᠨ ᠵᠣᠷᠢᠭ ᠰᠠᠨᠠᠭ᠎ᠠ ᠶᠢ ᠬᠥᠨᠵᠡᠬᠡᠢ | ᠲᠣᠣᠱᠯᠠᠭᠤᠯᠣᠨ᠂ ᠲᠥᠪ ᠬᠤᠷᠢᠶ᠎ᠠ᠂ ᠥᠪᠡᠷᠳᠡᠬᠡᠨ ᠵᠠᠰᠠᠬᠤ ᠣᠷᠣᠨ᠂ ᠠᠶᠢᠮᠠᠭ ᠤᠨ ᠨᠠᠮ ᠤᠨ ᠬᠤᠷᠢᠶ᠎ᠠ ᠵᠠᠬᠢᠷᠭ᠎ᠠ | ᠪᠠ ᠬᠤᠰᠢᠭᠤᠨ ᠤ ᠨᠠᠮ ᠤᠨ ᠬᠤᠷᠢᠶᠠᠨ ᠤ ᠰᠢᠢᠳᠪᠣᠷᠢ ᠪᠠᠶᠢᠷᠢᠭᠤᠯᠣᠯᠳᠠ ᠶᠢ ᠬᠢᠨᠠᠮᠠᠭᠠᠢ ᠨᠠᠶᠢᠳᠠᠪᠣᠷᠢᠵᠢᠭᠤᠯᠵᠣ᠂ | ᠲᠣᠭᠳᠠᠭᠤᠨ ᠤ ᠲᠣᠮᠳᠡ ᠣᠷᠣᠭᠰᠢᠯᠡᠨ ᠲᠠᠪᠰᠢᠬᠤ ᠠᠵᠢᠯ ᠤᠨ ᠶᠡᠷᠣᠩᠬᠡᠢ ᠬᠦᠭ ᠠᠶᠠᠰ ᠢ ᠪᠠᠷᠢᠮᠳᠡᠯᠠᠵᠣ᠂ ᠰᠢᠨ᠎ᠡ | ᠬᠥᠭᠵᠢᠯᠳᠡ ᠶᠢᠨ ᠣᠶᠢᠯᠠᠭᠠᠭᠳᠠᠬᠤᠨ ᠢ ᠬᠥᠨᠵᠡᠬᠡᠢ ᠣᠶᠢᠯᠡᠳᠣᠯᠬᠡᠵᠢᠭᠦᠯᠥᠨ᠂ ᠨᠡᠶᠢᠬᠡᠮ ᠤᠨ ᠭᠤᠣᠯ ᠵᠥᠷᠢᠴᠡᠯ ᠤᠨ | ᠬᠤᠪᠢᠷᠠᠯᠳᠠ ᠶᠢ ᠡᠵᠡᠮᠳᠡᠨ᠂ ᠴᠢᠨᠠᠷᠯᠢᠭ ᠬᠥᠭᠵᠢᠯᠳᠡ ᠶᠢᠨ ᠱᠠᠭᠠᠷᠳᠠᠯᠭ᠎ᠠ ᠶᠣᠰᠣᠭᠠᠷ᠂ ︽ᠲᠠᠪᠤ ᠶᠢ ᠨᠢᠬᠡ | ᠴᠣᠭᠴᠠᠵᠢᠭᠤᠯᠬᠤ︾ ᠶᠡᠷᠥᠩᠬᠡᠢ ᠪᠠᠶᠢᠷᠢᠯᠠᠭᠤᠯᠣᠯᠳᠠ ᠶᠢ ᠨᠢᠬᠡᠳᠥᠯᠲᠠᠢ ᠠᠬᠢᠭᠤᠯᠵᠤ᠂ ︽ᠲᠥᠷᠪᠡᠨ ᠪᠥᠬᠦ ᠲᠠᠯ᠎ᠠ︾ | ᠶᠢᠨ ᠪᠠᠶᠢᠯᠳᠣᠬᠤ ᠪᠣᠳᠣᠯᠭ᠎ᠠ ᠶᠢᠨ ᠪᠠᠶᠢᠷᠢᠯᠠᠭᠤᠯᠣᠯᠳᠠ ᠶᠢ ᠵᠣᠬᠢᠴᠠᠭᠤᠯᠣᠨ ᠠᠬᠢᠭᠤᠯᠵᠣ᠂ ︽ᠭᠤᠷᠪᠠᠨ ᠬᠤᠷᠢᠭ᠎ᠠ | ᠱᠣᠭᠤᠮ︾ ᠢ ᠡᠷᠡᠰ ᠰᠠᠬᠢᠨ᠂ ᠬᠠᠩᠭᠠᠯᠭ᠎ᠠ ᠶᠢᠨ ᠲᠠᠯ᠎ᠠ ᠶᠢᠨ ᠪᠥᠳᠥᠴᠡ ᠶᠢᠨ ᠴᠢᠨᠠᠷᠲᠠᠢ ᠥᠭᠡᠷᠡᠴᠢᠯᠡᠯᠳᠡ ᠪᠠᠷ | ᠭᠤᠣᠯ ᠱᠣᠭᠤᠮ ᠪᠣᠯᠭᠠᠬᠤ ᠶᠢ ᠪᠠᠷᠢᠮᠳᠠᠯᠠᠨ᠂ ᠨᠡᠮᠡᠭᠳᠡᠯ ᠢ ᠲᠣᠭᠳᠠᠪᠦᠷᠢᠵᠢᠭᠤᠯᠵᠣ᠂ ᠦᠬᠡᠷᠡᠴᠢᠯᠡᠯᠳᠡ ᠶᠢ | ᠠᠬᠢᠭᠤᠯᠣᠨ᠂ ᠪᠦᠳᠣᠴᠡ ᠶᠢ ᠲᠣᠬᠢᠷᠠᠭᠤᠯᠵᠣ᠂ ᠠᠷᠠᠳ ᠤᠨ ᠠᠮᠢᠳᠣᠷᠠᠯ ᠢ ᠬᠠᠯᠠᠮᠵᠢᠯᠠᠨ᠂ ᠲᠦᠭᠰᠢᠬᠦᠷᠢ ᠶᠢ | ᠰᠡᠷᠬᠡᠶᠢᠯᠡᠬᠦ ᠡᠯ᠎ᠡ ᠲᠦᠷᠣᠯ ᠤᠨ ᠠᠵᠢᠯ ᠢ ᠨᠢᠬᠡᠳᠣᠯᠳᠡᠢ ᠠᠬᠢᠭᠤᠯᠵᠣ᠂ ᠥᠭᠡᠷᠡᠴᠢᠯᠡᠯᠲᠡ ᠬᠢᠵᠤ ᠴᠢᠯᠦᠭᠡᠲᠠᠢ | ᠶᠠᠪᠤᠯᠴᠠᠬᠤ ᠶᠢ ᠬᠦᠴᠦᠯᠡᠨ ᠠᠬᠢᠭᠤᠯᠣᠨ᠂ ᠬᠡᠯᠪᠡᠷᠢ ᠪᠠᠨ ᠬᠤᠪᠢᠷᠠᠭᠤᠯᠤᠨ ᠲᠡᠰ ᠲᠡᠪᠰᠢᠬᠦᠯᠬᠦ ᠶᠢ ᠲᠦᠷᠬᠡᠳᠬᠡᠨ | ᠠᠬᠢᠭᠤᠯᠵᠣ᠂ ᠣᠯᠠᠨ ᠲᠦᠮᠡᠨ ᠤ ᠪᠣᠶᠠᠨ ᠬᠡᠰᠢᠭ ᠢ ᠬᠦᠴᠦᠯᠡᠨ ᠨᠡᠮᠡᠭᠳᠡᠭᠦᠯᠥᠨ᠂ ᠠᠮᠢ ᠠᠬᠤᠢ ᠶᠢᠨ ᠪᠣᠯᠪᠠᠰᠣᠨ ᠤ | ᠪᠠᠶᠢᠭᠤᠯᠣᠯᠳᠡ ᠶᠢ ᠴᠢᠩᠭᠠᠳᠬᠠᠵᠣ᠂ ᠪᠥᠬᠦ ᠬᠥᠴᠥ ᠪᠠᠷ ᠮᠠᠨ ᠤ ᠬᠤᠰᠢᠭᠤ ᠪᠠᠨ ᠣᠯᠠᠨ ᠣᠯᠣᠰ ᠤᠨ ᠵᠢᠭᠤᠯᠴᠢᠯᠠᠯ | ᠤᠨ ᠬᠠᠷᠠᠯᠳᠠᠳᠣ ᠣᠷᠣᠨ ᠪᠠ ᠣᠯᠣᠰ ᠤᠨ ᠭᠤᠣᠯᠳᠠᠯᠭᠠᠳᠣ ᠴᠡᠷᠢᠭ ᠠᠷᠠᠳ ᠤᠨ ᠣᠶᠠᠯᠳᠣᠨ ᠬᠥᠭᠵᠢᠬᠦ ᠰᠠᠭᠤᠷᠢᠨ | ᠭᠠᠵᠠᠷ᠂ ᠴᠡᠪᠡᠷ ᠡᠨᠧᠷᠬᠢ ᠶᠢᠨ ᠵᠢᠱᠢᠶ᠎ᠡ ᠥᠵᠡᠭᠦᠯᠬᠦ ᠰᠠᠭᠤᠷᠢᠨ ᠭᠠᠵᠠᠷ᠂ ᠡᠯᠡᠰᠣᠨ ᠤ ᠠᠵᠣ ᠣᠶᠢᠯᠡᠰ ᠤᠨ | ᠰᠠᠭᠤᠷᠢᠨ ᠭᠠᠵᠠᠷ ᠢᠶᠠᠷ ᠪᠥᠳᠥᠬᠡᠨ ᠪᠠᠶᠢᠭᠤᠯᠬᠤ ᠪᠠᠷ ᠴᠢᠷᠮᠠᠶᠢᠵᠤ᠂ ᠣᠭ ᠰᠠᠨᠠᠭ᠎ᠠ ᠪᠠᠨ ᠮᠠᠷᠳᠠᠯ ᠥᠬᠡᠢ᠂ ᠡᠭᠦᠷᠬᠡ | ᠬᠠᠷᠢᠭᠤᠴᠠᠯᠭ᠎ᠠ ᠪᠠᠨ ᠪᠠᠳᠣ ᠴᠡᠬᠡᠵᠢᠯᠡᠨ᠂ ᠴᠢᠨᠡᠬᠡᠯᠢᠭ ᠨᠡᠶᠢᠬᠡᠮ ᠢ ᠪᠥᠬᠦ ᠲᠠᠯ᠎ᠠ ᠪᠠᠷ ᠪᠡᠶᠡᠯᠡᠭᠦᠯᠬᠦ ᠰᠢᠢᠳᠪᠣᠷᠢᠳᠣ | ᠢᠯᠯᠠᠳᠠ ᠶᠢ ᠣᠯᠵᠣ᠂ ᠡᠬᠡ ᠣᠯᠣᠰ ᠤᠨ ᠣᠮᠠᠷᠠᠳᠣ ᠬᠢᠵᠠᠭᠠᠷ ᠤᠨ ᠭᠤᠶᠢᠳᠠ ᠰᠠᠶᠢᠬᠠᠨ ᠥᠵᠡᠮᠵᠢ ᠶᠢᠨ ᠣᠷᠣᠨ ᠤ | ᠬᠡᠷᠡᠯᠳᠥ ᠰᠣᠪᠣᠳ ᠪᠣᠯᠬᠤ ᠪᠠᠷ ᠴᠢᠷᠮᠠᠶᠢᠨ ᠲᠡᠮᠡᠴᠡᠰᠣᠬᠡᠢ︕ | ᠬᠤᠶᠢᠰᠢᠳᠠ ᠶᠢᠨ ᠲᠠᠪᠤᠨ ᠵᠢᠯ ᠤᠨ ᠠᠵᠤ ᠠᠬᠤᠢ ᠶᠢᠨ ᠬᠥᠭᠵᠢᠯᠲᠡ ᠶᠢᠨ ᠵᠢᠱᠢᠭᠰᠡᠨ ᠬᠠᠷᠠᠯᠲᠠ ᠪᠣᠯ᠄ ᠣᠷᠤᠨ | ᠨᠤᠲᠤᠭ ᠤᠨ ᠤᠶᠢᠯᠡᠳᠪᠤᠷᠢᠯᠡᠯ ᠤᠨ ᠶᠡᠷᠦᠩᠬᠡᠢ ᠥᠷᠲᠡᠭ ᠢ 8 % ᠤᠷᠴᠢᠮ ᠢᠶᠠᠷ ᠨᠡᠮᠡᠭᠳᠡᠭᠦᠯᠵᠦ᠂ 500 ᠲᠦᠮᠡᠨ | ᠲᠦᠬᠦᠷᠢᠭ ᠠᠴᠠ ᠳᠡᠭᠡᠭᠰᠢᠬᠢ ᠲᠣᠭᠲᠠᠮᠠᠯ ᠬᠥᠷᠦᠩᠭᠡ ᠶᠢᠨ ᠪᠡᠯᠡ ᠤᠷᠤᠭᠤᠯᠤᠯᠲᠠ ᠶᠢ 10% ᠤᠷᠴᠢᠮ ᠢᠶᠠᠷ | ᠨᠡᠮᠡᠭᠳᠡᠬᠦᠯᠦᠨ᠂ ᠡᠩ ᠤᠨ ᠨᠠᠶᠢᠳᠡ ᠶᠢᠨ ᠲᠦᠰᠦᠪ ᠤᠨ ᠤᠷᠤᠯᠭ᠎ᠠ ᠶᠢ 7 % ᠤᠷᠴᠢᠮ ᠪᠠᠷ ᠨᠡᠮᠡᠭᠳᠡᠭᠦᠯᠵᠦ᠂ | ᠬᠤᠲᠠ ᠬᠥᠳᠡᠭᠡᠨ ᠤ ᠪᠠᠶᠢᠩᠭᠤ ᠶᠢᠨ ᠰᠠᠭᠤᠭᠠᠯᠢ ᠠᠷᠠᠳ ᠤᠨ ᠬᠦᠮᠦᠨ ᠪᠦᠷᠢ ᠳᠤ ᠲᠡᠭᠰᠢᠳᠭᠡᠭᠰᠡᠨ ᠡᠵᠡᠮᠳᠡᠵᠦ | ᠪᠣᠯᠬᠤ ᠣᠷᠤᠯᠭ᠎ᠠ ᠶᠢ ᠲᠤᠰᠪᠤᠷᠢ 8.5 % ᠤᠷᠴᠢᠮ ᠪᠠ 9.5% ᠤᠷᠴᠢᠮ ᠪᠠᠷ ᠨᠡᠮᠡᠭᠳᠡᠬᠦᠯᠦᠨ᠂ ᠨᠡᠶᠢᠬᠡᠮ ᠤᠨ | ᠭᠡᠷᠡᠭᠯᠡᠭᠡᠨ ᠤ ᠵᠤᠶᠢᠯᠡᠰ ᠢ ᠵᠢᠵᠢᠭᠯᠡᠨ ᠪᠣᠷᠤᠯᠠᠭᠤᠯᠬᠤ ᠶᠡᠷᠦᠩᠬᠡᠢ ᠲᠤᠭ᠎ᠠ ᠶᠢ 9% ᠤᠷᠴᠢᠮ ᠪᠠᠷ ᠨᠡᠮᠡᠭᠳᠡᠭᠦᠯᠵᠦ᠂ | ᠡᠯ᠎ᠡ ᠵᠣᠶᠢᠯ ᠤᠨ ᠬᠢᠵᠠᠭᠠᠷᠯᠠᠯ ᠤᠨ ᠴᠢᠨᠡᠷᠲᠠᠢ ᠬᠦᠢᠴᠡᠳᠬᠡᠯ ᠲᠤᠭ᠎ᠠ ᠶᠢ ᠳᠡᠭᠡᠳᠤ ᠱᠠᠲᠤᠨ ᠠᠴᠠ ᠱᠠᠭᠠᠷᠳᠠᠭᠰᠠᠨ | ᠭᠦᠢᠴᠡᠳᠭᠡᠯ ᠲᠣᠭᠠᠨ ᠤ ᠳᠣᠲᠤᠷ᠎ᠠ ᠬᠢᠵᠠᠭᠠᠷᠯᠠᠨ᠎ᠠ ᠃ | ᠳᠡᠭᠡᠷᠡᠬᠢ ᠬᠠᠷᠠᠯᠲᠠ ᠶᠢ ᠳᠣᠭᠲᠠᠭᠠᠬᠤ ᠳᠤ᠂ ᠴᠢᠨᠡᠭᠡᠯᠢᠭ ᠨᠡᠶᠢᠬᠡᠮ ᠢ ᠪᠦᠬᠦ ᠲᠠᠯ᠎ᠠ ᠪᠠᠷ ᠪᠦᠲᠦᠭᠡᠨ ᠪᠠᠶᠢᠭᠤᠯᠤᠬᠤ᠂ | ᠬᠤᠰᠢᠭᠤᠨ ᠤ ᠠᠷᠪᠠᠨ ᠭᠤᠷᠪᠠᠳᠤᠭᠠᠷ ᠤᠳᠠᠭᠠᠨ ᠤ ᠨᠠᠮ ᠤᠨ ᠲᠥᠯᠦᠭᠡᠯᠡᠭᠴᠢᠳ ᠤᠨ ᠶᠡᠭᠡ ᠬᠤᠷᠠᠯ ᠪᠠ ︽ᠠᠷᠪᠠᠨ | ᠭᠤᠷᠪᠠᠳᠤᠭᠠᠷ ᠲᠠᠪᠤᠨ ᠵᠢᠯ︾ ᠤᠨ ᠲᠥᠯᠦᠪᠵᠢᠭᠦᠯᠭᠡ ᠶᠢᠨ ᠬᠤᠭᠤᠷᠤᠨᠳᠤᠬᠢ ᠠᠪᠴᠠᠯᠳᠤᠯ ᠢ ᠶᠠᠷᠦᠩᠬᠡᠶᠢᠯᠡᠨ | ᠪᠣᠳᠤᠯᠬᠢᠯᠠᠵᠤ᠂ ᠨᠡᠮᠡᠭᠳᠡᠯ ᠢ ᠲᠣᠭᠲᠠᠪᠤᠷᠢᠵᠢᠭᠤᠯᠬᠤ ᠶᠢ ᠪᠦᠲᠦᠴᠡ ᠶᠢ ᠲᠣᠬᠢᠷᠠᠭᠤᠯᠬᠤ᠂ ᠥᠭᠡᠷᠡᠴᠢᠯᠡᠯᠲᠡ ᠶᠢ | ᠠᠬᠢᠭᠤᠯᠵᠤ᠂ ᠠᠷᠠᠳ ᠤᠨ ᠠᠮᠢᠳᠤᠷᠠᠯ ᠢ ᠬᠠᠯᠠᠮᠵᠢᠯᠠᠬᠤ᠂ ᠲᠦᠭᠰᠢᠭᠦᠷᠢ ᠶᠢ ᠰᠡᠷᠭᠡᠶᠢᠯᠡᠬᠦ ᠲᠠᠢ ᠵᠣᠬᠢᠴᠠᠭᠤᠯᠵᠤ᠂ | ᠲᠣᠭᠲᠠᠭᠤᠨ ᠪᠠ ᠨᠡᠶᠢᠬᠡᠮ ᠤᠨ ᠬᠠᠷᠠᠯᠲᠠ ᠶᠢ ᠤᠳᠤᠷᠢᠳᠬᠤ ᠳᠤ ᠠᠰᠢᠭᠲᠠᠢ᠃ ᠪᠢᠳᠡ ᠨᠠᠮ ᠤᠨ ᠠᠷᠪᠠᠨ ᠶᠢᠰᠦᠳᠦᠭᠡᠷ | ᠶᠡᠭᠡ ᠬᠤᠷᠠᠯ ᠤᠨ ᠵᠣᠷᠢᠭᠵᠢᠭᠤᠯᠤᠯ ᠪᠠ ᠤᠳᠤᠷᠢᠳᠤᠯᠭ᠎ᠠ ᠳᠣᠣᠷ᠎ᠠ᠂ ᠶᠡᠷᠦᠩᠬᠡᠢ ᠬᠡᠮᠵᠢᠶ᠎ᠡ ᠶᠢ ᠪᠣᠳᠠᠳᠠᠶᠢᠵᠢᠭᠤᠯᠣᠭᠰᠠᠨ | ᠰᠠᠭᠤᠷᠢᠨ ᠳᠡᠭᠡᠷ᠎ᠡ᠂ ᠪᠦᠬᠦ ᠬᠤᠰᠢᠭᠤᠨ ᠤ ᠡᠯ᠎ᠡ ᠡᠳᠡᠬᠡᠳ ᠤᠨ ᠴᠢᠷᠮᠠᠶᠢᠯᠭ᠎ᠠ ᠳᠣᠣᠷ᠎ᠠ᠂ ᠡᠳᠡᠭᠡᠷ ᠬᠠᠷᠠᠯᠲᠠ ᠶᠢ | ᠪᠡᠶᠡᠯᠡᠬᠦᠯᠬᠦ ᠳᠤ ᠢᠳᠡᠬᠡᠯ ᠲᠠᠢ ᠪᠠᠶᠢᠨ᠎ᠠ᠃ | ᠬᠤᠶᠢᠰᠢᠳᠠ ᠶᠢᠨ ᠲᠠᠪᠤᠨ ᠵᠢᠯ᠂ ᠪᠢᠳᠡ ᠡᠷᠬᠡᠪᠰᠢ ᠳᠠᠪᠤᠨ ᠢᠯᠡᠳᠲᠡ ᠳᠡᠭᠡᠭᠰᠢᠯᠡᠯᠲᠡ ᠶᠢ ᠦᠨᠡᠨᠬᠦ ᠪᠡᠶᠡᠯᠡᠬᠦᠯᠦᠨ᠎ᠡ᠄ | —— ᠶᠠᠷᠦᠩᠬᠡᠶᠢᠯᠡᠭᠰᠡᠨ ᠠᠵᠤ ᠠᠬᠤᠢ ᠶᠢᠨ ᠪᠣᠳᠠᠲᠤ ᠬᠦᠴᠦᠨ ᠢ ᠢᠯᠡᠳᠲᠡ ᠳᠡᠭᠡᠭᠰᠢᠯᠡᠭᠦᠯᠥᠨ᠎ᠡ᠃ | ᠰᠢᠨᠡᠴᠢᠯᠡᠯᠲᠡ᠂ ᠵᠤᠬᠢᠴᠠᠭᠤᠯᠤᠯᠳᠠ᠂ ᠨᠣᠭᠤᠭᠠᠷᠠᠭᠤᠯᠤᠯᠲᠠ᠂ ᠨᠡᠭᠡᠭᠡᠯᠲᠡ᠂ ᠬᠠᠮᠲᠤ ᠪᠠᠷ ᠡᠳ᠋ᠯᠡᠬᠦ ᠬᠥᠭᠵᠢᠯᠲᠡ ᠶᠢᠨ | ᠣᠶᠢᠯᠠᠭᠠᠭᠳᠠᠬᠤᠨ ᠢ ᠡᠷᠡᠰ ᠲᠤᠤᠱᠯᠠᠭᠤᠯᠵᠤ᠂ ᠬᠠᠩᠭᠠᠯᠭ᠎ᠠ ᠶᠢᠨ ᠲᠠᠯ᠎ᠠ ᠶᠢᠨ ᠪᠦᠲᠦᠴᠡ ᠶᠢᠨ ᠴᠢᠨᠡᠷᠲᠠᠢ | ᠥᠭᠡᠷᠡᠴᠢᠯᠡᠯᠲᠡ ᠪᠠᠷ ᠭᠤᠣᠯ ᠱᠤᠭᠤᠮ ᠪᠣᠯᠭᠠᠬᠤ ᠶᠢ ᠪᠠᠷᠢᠮᠲᠠᠯᠠᠵᠤ᠂ ᠪᠣᠳᠠᠲᠤ ᠴᠣᠭᠴᠠᠲᠤ ᠠᠵᠤ ᠠᠬᠤᠢ ᠶᠢ | ᠬᠦᠴᠦᠯᠡᠨ ᠬᠥᠭᠵᠢᠭᠦᠯᠵᠦ᠂ ᠬᠥᠭᠵᠢᠯᠲᠡ ᠶᠢᠨ ᠴᠢᠨᠠᠷ ᠢᠶᠠᠨ ᠬᠦᠴᠦᠯᠡᠨ ᠳᠡᠭᠡᠭᠰᠢᠯᠡᠭᠦᠯᠵᠦ᠂ ᠣᠯᠠᠮᠵᠢᠯᠠᠯᠳᠣ ᠠᠵᠤ | ᠤᠶᠢᠯᠡᠳᠪᠤᠷᠢ ᠶᠢᠨ ᠬᠡᠯᠪᠡᠷᠢ ᠪᠠᠨ ᠬᠤᠪᠢᠷᠠᠭᠤᠯᠵᠤ ᠳᠡᠰ ᠳᠡᠪᠰᠢᠭᠦᠯᠬᠦ᠂ ᠰᠢᠨ᠎ᠡ ᠠᠵᠤ ᠠᠬᠤᠶᠢᠯᠠᠯ ᠢ | ᠪᠤᠯᠪᠠᠰᠤᠷᠠᠭᠤᠯᠵᠤ ᠬᠦᠭᠵᠢᠬᠦᠯᠬᠦ ᠪᠠ ᠪᠦᠰᠡ ᠨᠤᠳᠤᠭ ᠤᠨ ᠬᠠᠮᠳᠤᠷᠠᠯᠴᠠᠭ᠎ᠠ ᠨᠢ ᠰᠢᠪᠳᠤᠯᠤᠯᠳᠠ ᠲᠠᠢ ᠪᠤᠯᠵᠤ᠂ | ᠬᠥᠳᠡᠭᠡ ᠲᠤᠰᠬᠤᠨ ᠢ ᠰᠡᠷᠭᠦᠭᠡᠨ ᠬᠥᠭᠵᠢᠭᠦᠯᠬᠦ ᠪᠠ ︽ᠵᠢᠷᠭᠤᠭᠠᠨ ᠬᠤᠳᠠ ᠶᠢ ᠬᠠᠮᠳᠣᠪᠠᠷ ᠴᠣᠭᠴᠠᠯᠠᠬᠤ︾ ᠲᠠᠯ᠎ᠠ | ᠶᠢᠨ ᠰᠢᠨ᠎ᠡ ᠬᠥᠭᠵᠢᠯᠲᠡ ᠶᠢ ᠪᠡᠶᠡᠯᠡᠭᠦᠯᠦᠨ᠎ᠡ᠃ ᠡᠯᠡᠰᠦᠨ ᠤ ᠠᠵᠤ ᠤᠶᠢᠯᠡᠰ᠂ ᠰᠣᠶᠣᠯ ᠵᠢᠭᠤᠯᠴᠢᠯᠠᠯ ᠤᠨ ᠠᠵᠤ | ᠤᠶᠢᠯᠡᠰ᠂ ᠴᠡᠷᠢᠭ ᠠᠷᠠᠳ ᠢ ᠣᠶᠠᠯᠳᠣᠭᠤᠯᠣᠭᠰᠠᠨ ᠠᠭᠠᠷ ᠠᠶᠠᠯᠠᠯ ᠤᠨ ᠠᠵᠤ ᠤᠶᠢᠯᠡᠰ ᠢ ᠠᠵᠤ ᠠᠬᠤᠢ ᠶᠢᠨ | ᠰᠢᠨ᠎ᠡ ᠨᠡᠮᠡᠭᠳᠡᠯ ᠴᠡᠭ ᠪᠣᠯᠭᠠᠨ ᠪᠣᠶᠢᠵᠢᠭᠤᠯᠬᠤ ᠪᠠᠷ ᠬᠦᠴᠦᠯᠡᠵᠦ᠂ ᠣᠯᠠᠨ ᠡᠰᠢᠵᠢᠭᠰᠡᠨ ᠬᠦᠭᠵᠢᠯᠳᠡ᠂ ᠣᠯᠠᠨ | ᠲᠥᠢᠯᠰᠢᠷᠡᠨ ᠲᠣᠯᠭᠠᠭᠤᠷᠢᠯᠠᠭᠰᠠᠨ ᠣᠳᠤᠬᠢᠴᠢᠯᠠᠭᠰᠠᠨ ᠠᠵᠤ ᠤᠶᠢᠯᠡᠰ ᠤᠨ ᠰᠢᠰᠲ᠋ᠧᠮ ᠢ ᠦᠨᠳᠤᠰᠤᠨ ᠳᠡᠭᠡᠨ | ᠪᠦᠷᠢᠯᠳᠤᠭᠦᠯᠵᠦ᠂ ᠬᠤᠰᠢᠭᠤᠨ ᠤ ᠠᠵᠣ ᠠᠬᠤᠢ ᠶᠢᠨ ᠪᠣᠳᠠᠲᠤ ᠬᠦᠴᠦᠨ ᠢ ᠢᠯᠡᠳᠳᠡ ᠳᠡᠭᠡᠭᠰᠢᠯᠡᠭᠦᠯᠥᠨ᠎ᠡ᠃ | —— ᠠᠷᠠᠳ ᠤᠨ ᠠᠮᠢᠳᠣᠷᠠᠯ ᠤᠨ ᠬᠢᠷᠢ ᠲᠥᠪᠰᠢᠨ ᠢ ᠢᠯᠡᠳᠳᠡ ᠳᠡᠬᠡᠭᠰᠢᠯᠡᠭᠦᠯᠥᠨ᠎ᠡ᠃ ᠠᠷᠠᠳ ᠢᠶᠠᠷ | ᠥᠨᠳᠥᠰᠥ ᠪᠣᠯᠭᠠᠬᠤ ᠶᠢ ᠪᠠᠷᠢᠮᠳᠠᠯᠠᠨ᠂ ᠬᠥᠭᠵᠢᠯᠳᠡ ᠶᠢᠨ ᠲᠣᠮᠳᠠ ᠠᠷᠠᠳ ᠤᠨ ᠠᠮᠢᠳᠣᠷᠠᠯ ᠢ ᠪᠠᠳᠣᠯᠠᠨ | ᠰᠠᠶᠢᠵᠢᠷᠠᠭᠤᠯᠣᠨᠡ᠃ ᠠᠵᠢᠯ ᠣᠯᠭᠤᠨ ᠠᠳᠠᠯ ᠪᠣᠰᠬᠠᠬᠤ ᠣᠶᠢᠯᠡᠴᠢᠯᠡᠬᠡᠨ ᠤ ᠬᠢᠷᠢ ᠲᠥᠪᠰᠢᠨ ᠢ ᠳᠡᠬᠡᠭᠰᠢᠯᠡᠭᠦᠯᠥᠨ᠂ | ᠬᠥᠳᠡᠯᠮᠥᠷᠢ ᠶᠢᠨ ᠣᠷᠣᠯᠭ᠎ᠠ ᠪᠠ ᠬᠥᠷᠥᠩᠬᠡ ᠶᠢᠨ ᠴᠢᠨᠠᠷᠲᠠᠢ ᠣᠷᠣᠯᠭ᠎ᠠ ᠶᠢᠨ ᠠᠷᠭ᠎ᠠ ᠵᠠᠮ ᠢ ᠥᠷᠬᠡᠳᠬᠡᠵᠥ᠂ ᠬᠤᠳᠠ | ᠬᠥᠳᠡᠬᠡᠨ ᠤ ᠪᠠᠶᠢᠩᠭᠤ ᠶᠢᠨ ᠰᠠᠭᠤᠭᠠᠯᠢ ᠠᠷᠠᠳ ᠤᠨ ᠲᠡᠭᠰᠢᠳᠬᠡᠭᠰᠡᠨ ᠡᠵᠡᠮᠳᠡᠵᠥ ᠪᠣᠯᠬᠤ ᠣᠷᠣᠯᠭ᠎ᠠ ᠶᠢ ᠠᠵᠣ | ᠠᠬᠤᠢ ᠶᠢᠨ ᠨᠡᠮᠡᠭᠳᠡᠯ ᠠᠴᠠ ᠶᠡᠭᠡ ᠪᠠᠶᠢᠬᠤ ᠶᠢ ᠪᠠᠳᠣᠯᠠᠨ᠎ᠠ᠃ ᠬᠤᠳᠠ ᠬᠥᠳᠡᠬᠡᠨ ᠤ ᠨᠢᠬᠡ ᠴᠣᠭᠴᠠᠵᠢᠭᠤᠯᠣᠯᠳᠠ | ᠶᠢᠨ ᠪᠥᠳᠥᠴᠡ ᠲᠣᠭᠳᠠᠯᠴᠠᠭ᠎ᠠ ᠶᠢ ᠲᠡᠭᠦᠯᠳᠡᠷᠵᠢᠭᠦᠯᠵᠥ᠂ ᠨᠡᠶᠢᠬᠡᠮ ᠤᠨ ᠨᠡᠶᠢᠳᠡ ᠶᠢᠨ ᠣᠶᠢᠯᠡᠴᠢᠯᠡᠬᠡᠨ ᠤ ᠬᠢᠷᠢ | ᠲᠥᠪᠰᠢᠨ ᠪᠠ ᠲᠡᠩᠴᠡᠭᠦᠷᠢᠵᠢᠯᠳᠡ ᠶᠢᠨ ᠬᠢᠷᠢ ᠲᠥᠪᠰᠢᠨ ᠢ ᠲᠠᠰᠣᠷᠠᠯᠳᠠ ᠥᠬᠡᠢ ᠳᠡᠭᠡᠭᠰᠢᠯᠡᠭᠦᠯᠥᠨ᠂ ᠬᠤᠳᠠ | ᠬᠥᠳᠡᠬᠡᠨ ᠤ ᠰᠠᠭᠤᠭᠠᠯᠢ ᠠᠷᠠᠳ ᠤᠨ ᠡᠳᠣᠷ ᠢᠷᠡᠭᠦᠶ᠎ᠡ ᠨᠡᠮᠡᠭᠳᠡᠵᠥ ᠪᠠᠶᠢᠭ᠎ᠠ ᠰᠠᠶᠢᠨ ᠰᠠᠶᠢᠬᠠᠨ ᠠᠮᠢᠳᠣᠷᠠᠯ ᠤᠨ | ᠱᠠᠭᠠᠷᠳᠠᠯᠭ᠎ᠠ ᠶᠢ ᠬᠠᠩᠭᠠᠨ᠎ᠠ᠃ ᠨᠡᠩ ᠲᠡᠭᠦᠯᠳᠡᠷᠵᠢᠭᠰᠡᠨ ᠨᠡᠶᠢᠬᠡᠮ ᠤᠨ ᠪᠠᠳᠣᠯᠠᠭᠠᠨ ᠤ ᠰᠢᠰᠲ᠋ᠧᠮ ᠢ ᠪᠠᠶᠢᠭᠤᠯᠵᠣ᠂ | ᠠᠷᠠᠳ ᠲᠦᠮᠡᠨ ᠤ ᠣᠯᠣᠯᠳᠠᠳᠣ ᠰᠡᠳᠬᠢᠭᠳᠡᠯ᠂ ᠵᠣᠯ ᠵᠢᠷᠭᠠᠯᠳᠣ ᠰᠡᠳᠬᠢᠭᠳᠡᠯ᠂ ᠠᠮᠦᠷ ᠲᠦᠪᠰᠢᠨ ᠰᠡᠳᠬᠢᠭᠳᠡᠯ ᠢ | ᠨᠡᠩ ᠬᠠᠩᠭᠠᠯᠳᠠ ᠲᠠᠢ᠂ ᠪᠠᠳᠣᠯᠠᠭ᠎ᠠ ᠲᠠᠢ᠂ ᠦᠷᠬᠦᠯᠵᠢ ᠶᠢᠨ ᠬᠡᠪᠰᠢᠯ ᠲᠠᠢ ᠪᠣᠯᠭᠠᠨ᠎ᠠ᠃ ᠨᠣᠪᠴᠢᠲᠠᠢ ᠪᠠᠷ ᠶᠠᠳᠠᠭᠤ | ᠶᠢ ᠳᠡᠳᠭᠦᠭᠦ᠂ ᠣᠨᠣᠪᠴᠢᠲᠠᠢ ᠪᠠᠷ ᠶᠠᠳᠠᠭᠤ ᠠᠴᠠ ᠠᠩᠬᠢᠵᠢᠷᠠᠭᠤᠯᠬᠤ ᠠᠷᠭ᠎ᠠ ᠪᠣᠳᠣᠯᠭ᠎ᠠ ᠶᠢ ᠬᠢᠨᠠᠮᠠᠭᠠᠢ | ᠨᠠᠶᠢᠳᠠᠪᠣᠷᠢᠵᠢᠭᠤᠯᠵᠣ᠂ 2020 ᠣᠨ ᠪᠣᠯᠬᠤ ᠳᠤ᠂ ᠣᠯᠣᠰ ᠤᠨ ᠤᠳᠤᠬᠠᠨ ᠳᠤ ᠬᠡᠷᠡᠭᠵᠢᠭᠦᠯᠵᠥ ᠪᠠᠶᠢᠭ᠎ᠠ | ᠪᠠᠷᠢᠮᠵᠢᠶ᠎ᠠ ᠪᠠᠷ ᠪᠠᠷᠢᠮᠵᠢᠶ᠎ᠠ ᠪᠤᠯᠭᠠᠵᠤ᠂ ᠮᠠᠯᠵᠢᠬᠤ ᠲᠠᠷᠢᠶᠠᠯᠠᠬᠤ ᠣᠷᠣᠨ ᠤ ᠶᠠᠳᠠᠭᠤ ᠬᠥᠴᠢᠷᠳᠡᠯᠲᠠᠢ ᠬᠥᠮᠥᠨ ᠠᠮᠠ | ᠶᠢ ᠴᠢᠨᠡᠬᠡᠯᠢᠭ ᠲᠥᠪᠰᠢᠨ ᠳᠤ ᠣᠷᠣᠭᠤᠯᠵᠣ᠂ ᠶᠠᠳᠠᠭᠤ ᠬᠥᠴᠢᠷᠳᠡᠯᠲᠠᠢ ᠪᠣᠯᠬᠤ ᠬᠡᠮᠵᠢᠶᠡᠨ ᠳᠤ ᠬᠦᠷᠬᠦ ᠬᠥᠮᠥᠰ ᠤᠨ | ᠨᠣᠷᠮ᠎ᠠ ᠶᠢ 2% ᠳᠣᠳᠣᠷ᠎ᠠ ᠪᠠᠳᠣᠯᠠᠨ᠎ᠠ᠃ | —— ᠠᠮᠢ ᠠᠬᠤᠢ ᠣᠷᠴᠢᠨ ᠲᠣᠭᠤᠷᠢᠨ ᠤ ᠴᠢᠨᠡᠷ ᠴᠢᠨᠰᠠᠭ᠎ᠠ ᠶᠢ ᠢᠯᠡᠳᠲᠡ ᠳᠡᠭᠡᠭᠰᠢᠯᠡᠭᠦᠯᠥᠨ᠎ᠡ᠃ | ᠬᠥᠭᠵᠢᠯᠲᠡ ᠶᠢᠨ ᠦᠨᠳᠤᠰᠤᠨ ᠱᠤᠭᠤᠮ᠂ ᠠᠮᠢ ᠠᠬᠤᠢ ᠶᠢᠨ ᠬᠤᠷᠢᠭ᠎ᠠ ᠱᠤᠭᠤᠮ ᠢ ᠴᠢᠩᠭ᠎ᠠ ᠪᠠᠷᠢᠮᠲᠠᠯᠠᠵᠤ᠂ | ᠬᠥᠭᠵᠢᠯᠲᠡ ᠪᠠ ᠠᠮᠢ ᠠᠬᠤᠢ ᠣᠷᠴᠢᠨ ᠲᠣᠭᠤᠷᠢᠨ ᠤ ᠬᠠᠮᠠᠭᠠᠯᠠᠯᠲᠠ ᠶᠢᠨ ᠬᠠᠷᠢᠴᠠᠭ᠎ᠠ ᠶᠢ ᠤᠯᠠᠮ ᠰᠠᠶᠢᠳᠣᠷ | ᠰᠡᠢᠳᠪᠤᠷᠢᠯᠡᠵᠦ᠂ ᠠᠮᠢ ᠠᠬᠤᠢ ᠣᠷᠴᠢᠨ ᠲᠤᠭᠤᠷᠢᠨ ᠤ ᠥᠷᠡᠭᠳᠡᠯ ᠢᠶᠠᠷ ᠠᠵᠤ ᠠᠬᠤᠢ ᠶᠢᠨ ᠨᠡᠮᠡᠭᠳᠡᠯ ᠢ ᠰᠣᠯᠢᠬᠤ | ᠦᠭᠡᠢ᠃ ᠠᠮᠢ ᠠᠬᠤᠢ ᠣᠷᠴᠢᠨ ᠲᠣᠭᠤᠷᠢᠨ ᠢ ᠬᠠᠮᠠᠭᠠᠯᠠᠨ ᠰᠡᠷᠭᠦᠭᠡᠬᠦ ᠴᠢᠬᠤᠯᠠ ᠶᠡᠭᠡ ᠢᠨᠵᠧᠨᠧᠷᠢᠩ ᠢ ᠰᠠᠶᠢᠲᠤᠷ | ᠪᠡᠶᠡᠯᠡᠭᠦᠯᠵᠦ᠂ ᠬᠤᠲᠠ ᠬᠥᠳᠡᠬᠡᠨ ᠤ ᠨᠣᠭᠤᠭᠠᠷᠠᠭᠤᠯᠤᠯᠲᠠ ᠶᠢᠨ ᠠᠵᠢᠯᠯᠠᠭ᠎ᠠ ᠶᠢ ᠦᠷᠭᠦᠯᠵᠢᠯᠡᠨ ᠦᠷᠨᠢᠭᠦᠯᠵᠦ᠂ | ᠪᠦᠬᠦ ᠬᠤᠰᠢᠭᠤᠨᠤ ᠨᠣᠳᠤᠭ ᠪᠡᠯᠴᠢᠬᠡᠷ ᠤᠨ ᠣᠷᠭᠤᠮᠠᠯ ᠤᠨ ᠪᠥᠷᠬᠦᠴᠡ ᠪᠠ ᠣᠢ ᠰᠢᠭᠤᠢ ᠶᠢᠨ ᠪᠦᠷᠬᠦᠴᠡ ᠶᠢ | ᠲᠣᠰᠪᠤᠷᠢ 25% ᠪᠠ 14.5% ᠳᠤ ᠬᠦᠷᠬᠡᠵᠤ᠂ ᠭᠠᠵᠠᠷ ᠳᠣᠣᠷᠠᠬᠢ ᠤᠰᠤ ᠶᠢ ᠬᠡᠲᠤᠷᠡᠲᠡᠯ᠎ᠡ ᠠᠰᠢᠭᠯᠠᠭᠰᠨ | ᠣᠷᠣᠨ ᠤ ᠬᠡᠷᠡᠭᠯᠡᠭᠡ ᠪᠠ ᠨᠥᠬᠦᠪᠦᠷᠢᠯᠡᠯᠲᠡ ᠶᠢ ᠲᠡᠩᠴᠡᠭᠦᠷᠢᠰᠢᠯᠡᠭᠦᠯᠥᠨᠡ᠃ ᠪᠣᠬᠢᠷᠳᠤᠯ ᠢ ᠰᠡᠷᠭᠡᠶᠢᠯᠡᠨ ᠵᠠᠰᠠᠬᠤ | ᠰᠢᠪᠲᠤᠯᠤᠯᠲᠠ ᠶᠢ ᠰᠠᠶᠢᠲᠤᠷ ᠬᠢᠵᠦ᠂ ᠠᠵᠤ ᠤᠶᠢᠯᠡᠳᠪᠤᠷᠢ ᠠᠵᠦ ᠠᠬᠤᠶᠢᠯᠡᠯ ᠤᠨ ᠭᠠᠳᠠᠭᠰᠢᠯᠠᠭᠤᠯᠤᠯᠲᠠ ᠶᠢ | ᠪᠠᠷᠢᠮᠵᠢᠶ᠎ᠡ ᠳᠤ ᠬᠥᠷᠬᠡᠵᠥ᠂ ᠭᠤᠣᠯᠳᠠᠯᠭᠠᠲᠤ ᠬᠤᠲᠠ ᠪᠠᠯᠭᠠᠰᠤᠨ ᠤ ᠠᠮᠢᠳᠤᠷᠠᠯ ᠤᠨ ᠪᠣᠬᠢᠷ ᠤᠰᠤ᠂ ᠬᠤᠭ | ᠨᠣᠪᠰᠢ ᠶᠢ ᠴᠤᠭᠯᠠᠭᠤᠯᠬᠤ ᠪᠠ ᠰᠢᠢᠳᠪᠣᠷᠢᠯᠡᠬᠦ ᠨᠣᠷᠮ᠎ᠠ ᠶᠢ ᠢᠯᠡᠳᠳᠡ ᠳᠡᠭᠡᠭᠰᠢᠯᠡᠭᠦᠯᠵᠦ᠂ ᠲᠠᠷᠢᠶᠠᠯᠠᠩ ᠠᠵᠤ | ᠠᠬᠤᠢ ᠶᠢᠨ ᠪᠣᠬᠢᠷᠳᠤᠯ ᠤᠨ ᠡᠬᠢ ᠰᠣᠷᠪᠣᠯᠵᠢ ᠶᠢᠨ ᠠᠰᠠᠭᠤᠳᠠᠯ ᠢ ᠪᠦᠲᠦᠮᠵᠢᠲᠠᠢ ᠰᠢᠢᠳᠪᠣᠷᠢᠯᠡᠵᠥ᠂ ᠭᠤᠤᠯᠳᠠᠯᠭᠠᠳᠤ | ᠪᠣᠬᠢᠷᠳᠤᠯ ᠡᠳ᠋ ᠢ ᠭᠠᠳᠠᠭᠰᠢᠯᠠᠭᠤᠯᠬᠤ ᠬᠡᠮᠵᠢᠶ᠎ᠡ ᠶᠢ ᠶᠡᠬᠡᠪᠡᠷ ᠪᠠᠭᠠᠰᠬᠠᠨ᠂ ᠪᠠᠶᠢᠭᠠᠶᠢᠯᠢ ᠶᠢᠨ ᠬᠠᠮᠠᠭᠠᠯᠠᠯᠲᠠ ᠶᠢᠨ | ᠣᠷᠤᠨ ᠳᠠᠬᠢ ᠠᠭᠤᠷᠬᠠᠢ ᠶᠢᠨ ᠡᠷᠬᠡ ᠶᠢ ᠡᠮᠬᠢ ᠳᠠᠷᠠᠭᠠᠯᠠᠯ ᠲᠠᠢ ᠥᠬᠡᠶᠢᠰᠬᠡᠵᠥ᠂ ᠮᠠᠨ ᠤ ᠬᠤᠰᠢᠭᠤ ᠪᠠᠨ | ᠤᠯᠤᠰ ᠤᠨ ᠴᠢᠬᠤᠯᠠ ᠠᠮᠢ ᠠᠬᠤᠢ ᠶᠢᠨ ᠴᠢᠳᠡᠪᠬᠢᠳᠥ ᠵᠢᠱᠢᠶ᠎ᠡ ᠦᠵᠡᠭᠦᠯᠬᠦ ᠣᠷᠤᠨ ᠪᠣᠯᠭᠠᠬᠤ ᠪᠠᠷ ᠬᠦᠴᠦᠯᠡᠨ | ᠴᠢᠷᠮᠠᠶᠢᠵᠦ᠂ ᠠᠷᠠᠳ ᠨᠢ ᠴᠢᠨᠡᠭᠡᠯᠢᠭ᠂ ᠠᠮᠢ ᠠᠬᠤᠢ ᠣᠷᠴᠢᠨ ᠲᠣᠭᠤᠷᠢᠨ ᠭᠤᠶᠣᠮᠰᠤᠭ ᠪᠠᠶᠢᠬᠤ ᠶᠢ ᠪᠡᠶᠡᠯᠡᠭᠦᠯᠵᠦ᠂ | ᠠᠮᠢ ᠠᠬᠤᠢ ᠶᠢᠨ ᠪᠣᠯᠪᠠᠰᠤᠨ ᠤ ᠰᠢᠨ᠎ᠡ ᠴᠠᠭ ᠡᠷᠡᠨ ᠵᠦᠭ ᠤᠷᠤᠭᠰᠢᠯᠠᠨ᠎ᠠ᠃ | —— ᠥᠬᠡᠷᠡᠴᠢᠯᠡᠯᠳᠡ ᠰᠢᠨᠡᠴᠢᠯᠡᠯᠳᠡ ᠶᠢᠨ ᠦᠷ᠎ᠡ ᠪᠦᠲᠦᠮᠵᠢ ᠪᠠᠨ ᠢᠯᠡᠳᠲᠡ ᠳᠡᠭᠡᠭᠰᠢᠯᠡᠭᠦᠯᠥᠨ᠎ᠡ᠃ ᠪᠦᠬᠦ | ᠲᠠᠯ᠎ᠠ ᠪᠠᠷ ᠬᠥᠴᠥᠯᠡᠨ᠂ ᠣᠯᠠᠨ ᠴᠡᠭ ᠢᠶᠠᠷ ᠰᠢᠪᠳᠥᠯᠵᠣ᠂ ᠭᠦᠨᠵᠡᠭᠡᠶᠢᠷᠡᠭᠦᠯᠦᠨ ᠠᠬᠢᠭᠤᠯᠬᠤ ᠶᠢ ᠪᠠᠷᠢᠮᠲᠠᠯᠠᠵᠤ᠂ | ᠦᠬᠡᠷᠡᠴᠢᠯᠡᠯᠳᠡ ᠶᠢᠨ ᠰᠢᠰᠲ᠋ᠧᠮᠳᠣ ᠴᠢᠨᠠᠷ᠂ ᠪᠦᠬᠦᠯᠢ ᠴᠣᠭᠴᠠᠲᠤ ᠴᠢᠨᠠᠷ᠂ ᠵᠤᠬᠢᠴᠠᠭᠤᠯᠬᠤ ᠴᠢᠨᠠᠷ ᠢ ᠬᠦᠴᠦᠯᠡᠨ | ᠨᠡᠮᠡᠭᠳᠡᠭᠦᠯᠵᠦ᠂ ᠥᠭᠡᠷᠡᠴᠢᠯᠡᠯᠲᠡ ᠶᠢᠨ ᠥᠷᠬᠡᠨ ᠳᠡᠯᠬᠡᠷ ᠪᠠ ᠬᠥᠨᠵᠡᠬᠡᠢ ᠨᠠᠷᠢᠯᠢᠭ ᠢ ᠡᠮᠬᠢ ᠳᠠᠷᠠᠭᠠᠯᠠᠯ ᠲᠠᠢ | ᠶᠠᠪᠣᠭᠳᠠᠭᠤᠯᠵᠣ᠂ ᠬᠥᠭᠵᠢᠯᠲᠡ ᠶᠢ ᠬᠢᠵᠠᠭᠠᠷᠯᠠᠵᠤ ᠪᠠᠶᠢᠭ᠎ᠠ ᠪᠣᠭᠤᠮᠢ ᠶᠢ ᠥᠷᠭᠦᠯᠵᠢᠯᠡᠨ ᠲᠠᠶᠢᠯᠠᠨ᠎ᠠ᠃ ︽ᠭᠤᠷᠪᠠᠨ | ᠲᠥᠷᠦᠯ ᠢ ᠤᠷᠢᠳᠠᠪᠠᠷ ᠣᠶᠢᠯᠡᠳᠣᠯᠬᠡᠵᠢᠭᠦᠯᠥᠨ ᠲᠤᠷᠰᠢᠬᠤ ᠥᠭᠡᠷᠡᠴᠢᠯᠡᠯᠲᠡ︾ ᠶᠢ ᠦᠷᠭᠦᠯᠵᠢᠯᠡᠨ ᠠᠬᠢᠭᠤᠯᠵᠤ᠂ | ᠳᠡᠭᠡᠲᠤ ᠱᠠᠲᠤᠨ ᠤ ᠡᠯ᠎ᠡ ᠵᠤᠶᠢᠯ ᠤᠨ ᠥᠭᠡᠷᠡᠴᠢᠯᠡᠯᠲᠡ ᠶᠢᠨ ᠰᠢᠢᠳᠪᠣᠷᠢ ᠪᠠᠶᠢᠷᠢᠯᠠᠭᠤᠯᠤᠯᠲᠠ ᠶᠢ ᠬᠢᠨᠡᠮᠠᠭᠠᠢ | ᠲᠤᠤᠱᠯᠠᠭᠤᠯᠵᠤ᠂ ᠥᠭᠡᠷᠡᠴᠢᠯᠡᠯᠲᠡ ᠶᠢᠨ ᠡᠭᠦᠷᠭᠡ ᠶᠢ ᠤᠯᠠᠮ ᠨᠢᠭᠡ ᠠᠯᠬᠤᠮ ᠨᠠᠷᠢᠯᠢᠭᠵᠢᠨ ᠲᠣᠣᠱᠯᠠᠭᠳᠠᠬᠤ ᠶᠢ | ᠪᠠᠲᠤᠯᠠᠨ᠎ᠠ᠃ ᠬᠥᠭᠵᠢᠯᠲᠡ ᠶᠢᠨ ᠤᠳᠤᠷᠢᠳᠤᠮᠵᠢ ᠪᠠ ᠠᠰᠠᠭᠤᠳᠠᠯ ᠤᠨ ᠤᠳᠤᠷᠢᠳᠤᠮᠵᠢ ᠶᠢ ᠴᠢᠬᠤᠯᠠᠴᠢᠯᠠᠵᠤ᠂ | ᠪᠣᠳᠠᠲᠠᠢ ᠳᠤ ᠤᠶᠠᠯᠳᠤᠭᠤᠯᠵᠤ᠂ ᠢᠲᠡᠪᠬᠢᠲᠠᠢ ᠰᠥᠪᠡᠭᠴᠢᠯᠡᠨ᠂ ᠳᠤᠷᠰᠢᠯᠳᠠ ᠶᠢᠨ ᠴᠡᠭ ᠤᠨ ᠥᠭᠡᠷᠡᠴᠢᠯᠡᠯᠲᠡ᠂ | ᠣᠨᠴᠠᠯᠢᠭᠲᠤ ᠥᠭᠡᠷᠡᠴᠢᠯᠡᠯᠲᠡ ᠶᠢ ᠭᠦᠨᠵᠡᠭᠡᠢ ᠠᠬᠢᠭᠤᠯᠵᠤ᠂ ᠠᠵᠤ ᠠᠬᠤᠢ᠂ ᠠᠮᠢ ᠠᠬᠤᠢ᠂ ᠨᠡᠶᠢᠬᠡᠮ᠂ ᠠᠷᠠᠳ ᠤᠨ | ᠠᠮᠢᠳᠤᠷᠠᠯ ᠵᠡᠷᠭᠡ ᠭᠤᠤᠯᠳᠠᠯᠭᠠᠲᠤ ᠥᠭᠡᠷᠡᠴᠢᠯᠡᠯᠲᠡ ᠶᠢᠨ ᠬᠥᠷᠢᠶ᠎ᠡ ᠬᠡᠪᠴᠢᠶᠡᠨ ᠳᠤ ᠰᠢᠨ᠎ᠡ ᠰᠢᠪᠲᠤᠯᠤᠯᠲᠠ ᠣᠯᠬᠤ | ᠪᠠᠷ ᠬᠦᠴᠦᠯᠡᠵᠦ᠂ ᠬᠠᠮᠤᠭ ᠶᠡᠭᠡ ᠬᠡᠮᠵᠢᠶ᠎ᠡ ᠪᠠᠷ ᠲᠥᠷᠦ ᠶᠢᠨ ᠪᠣᠳᠣᠯᠭ᠎ᠠ ᠶᠢᠨ ᠠᠰᠢᠭ ᠲᠤᠰᠠ ᠶᠢ ᠠᠰᠢᠭᠯᠠᠨ᠂ | ᠥᠭᠡᠷᠡᠴᠢᠯᠡᠯᠲᠡ ᠶᠢᠨ ᠦᠷ᠎ᠡ ᠪᠦᠲᠦᠮᠵᠢ ᠶᠢ ᠪᠦᠬᠦ ᠬᠤᠰᠢᠭᠤᠨ ᠤ ᠡᠯ᠎ᠡ ᠦᠨᠳᠤᠰᠦᠲᠡᠨ ᠤ ᠠᠷᠠᠳ ᠲᠥᠮᠡᠨ | ᠬᠠᠮᠲᠤᠪᠠᠷ ᠡᠳ᠋ᠯᠡᠬᠦᠯᠦᠨ᠎ᠡ᠃ | —— ᠰᠣᠶᠣᠯ ᠤᠨ ᠴᠡᠴᠡᠭᠯᠡᠯᠲᠡ ᠶᠢᠨ ᠬᠡᠮᠵᠢᠶ᠎ᠡ ᠶᠢ ᠢᠯᠡᠳᠲᠡ ᠳᠡᠭᠡᠭᠰᠢᠯᠡᠭᠦᠯᠥᠨ᠎ᠡ᠃ ᠰᠣᠶᠣᠯ ᠤᠨ | ᠣᠳᠣᠷᠢᠳᠣᠮᠵᠢ ᠶᠢ ᠪᠠᠷᠢᠮᠲᠠᠯᠠᠵᠤ᠂ ᠣᠶᠤᠨ ᠤ ᠪᠣᠯᠪᠠᠰᠤᠨ ᠪᠠ ᠪᠣᠳᠠᠰ ᠤᠨ ᠪᠣᠯᠪᠠᠰᠤᠨ ᠤ ᠬᠠᠷᠢᠯᠴᠠᠨ | ᠲᠥᠰᠢᠭᠯᠡᠯᠴᠡᠵᠥ᠂ ᠬᠠᠷᠢᠯᠴᠠᠨ ᠠᠬᠢᠭᠤᠯᠬᠤ ᠶᠢ ᠵᠣᠬᠢᠴᠠᠭᠤᠯᠣᠨ ᠬᠥᠨᠵᠡᠬᠡᠶᠢᠷᠡᠭᠦᠯᠵᠥ᠂ ᠨᠡᠶᠢᠬᠡᠮ ᠵᠢᠷᠤᠮ ᠤᠨ | ᠭᠤᠣᠯᠯᠠᠭᠴᠢ ᠥᠷᠲᠡᠭ ᠤᠨ ᠦᠵᠡᠯ ᠢ ᠨᠡᠶᠢᠬᠡᠮ ᠤᠨ ᠡᠯ᠎ᠡ ᠲᠠᠯ᠎ᠠ ᠳᠤ ᠦᠨᠡᠨᠬᠦ ᠠᠭᠤᠰᠤᠯᠴᠠᠵᠤ᠂ ᠬᠦᠮᠦᠰ ᠤᠨ | ᠰᠡᠳᠭᠢᠯ ᠤᠨ ᠮᠡᠳᠡᠷᠡᠮᠵᠢ ᠪᠠ ᠠᠮᠢᠳᠤᠷᠠᠯ ᠤᠨ ᠳᠠᠳᠬᠠᠯ ᠪᠣᠯᠭᠠᠨ ᠬᠤᠪᠢᠷᠠᠭᠤᠯᠤᠨ᠎ᠠ᠃ ᠣᠨᠴᠠᠯᠢᠭ ᠢᠶᠠᠨ | ᠲᠣᠪᠣᠶᠢᠯᠭᠠᠨ᠂ ᠳᠠᠪᠠᠭᠤᠯᠢᠭ ᠢᠶᠠᠨ ᠪᠠᠳᠠᠷᠠᠭᠤᠯᠵᠤ᠂ ᠭᠦᠨᠵᠡᠭᠡᠢ ᠠᠭᠤᠰᠤᠯᠴᠠᠯ ᠢ ᠪᠡᠶᠡᠯᠡᠭᠦᠯᠥᠨ᠂ ᠰᠢᠯᠢᠳᠡᠭ | ᠤᠯᠠᠮᠵᠢᠯᠠᠯᠲᠤ ᠰᠣᠶᠣᠯ ᠢᠶᠠᠨ ᠶᠡᠬᠡᠪᠡᠷ ᠮᠠᠨᠳᠤᠭᠤᠯᠵᠤ᠂ ᠦᠨᠳᠦᠰᠦᠳᠡᠨ ᠤ ᠵᠠᠩ ᠤᠶᠢᠯᠠ ᠶᠢ ᠭᠦᠨᠵᠡᠭᠡᠢ ᠰᠤᠳᠤᠯᠵᠤ᠂ | ᠨᠣᠳᠤᠭ ᠣᠷᠤᠨ ᠤ ᠰᠣᠶᠣᠯ ᠤᠨ ᠨᠡᠷᠡᠲᠤ ᠲᠡᠮᠳᠡᠭ ᠢ ᠡᠬᠦᠳᠬᠦ ᠪᠠᠷ ᠬᠦᠴᠦᠯᠡᠵᠦ᠂ ᠰᠣᠶᠣᠯ ᠤᠷᠠᠯᠢᠭ ᠤᠨ | ᠰᠣᠩᠭᠤᠳᠠᠭ ᠪᠥᠳᠥᠬᠡᠯ ᠢ ᠲᠠᠰᠤᠷᠠᠯᠲᠠ ᠦᠭᠡᠢ ᠡᠭᠦᠳᠴᠥ᠂ ᠬᠤᠲᠠ ᠬᠥᠳᠡᠭᠡ ᠶᠢᠨ ᠰᠠᠭᠤᠭᠠᠯᠢ ᠠᠷᠠᠳ ᠤᠨ | ᠱᠠᠭᠠᠷᠳᠠᠯᠭ᠎ᠠ ᠳᠤ ᠨᠡᠶᠢᠴᠡᠭᠰᠡᠨ ᠣᠳᠣᠬᠢᠴᠢᠯᠠᠭᠰᠠᠨ ᠨᠡᠶᠢᠲᠡ ᠶᠢᠨ ᠰᠣᠶᠣᠯ ᠤᠨ ᠤᠶᠢᠯᠡᠴᠢᠯᠡᠭᠡᠨ ᠤ ᠰᠢᠰᠲ᠋ᠧᠮ ᠢ | ᠤᠯᠠᠮ ᠲᠡᠭᠦᠯᠳᠡᠷᠵᠢᠭᠦᠯᠵᠦ᠂ ᠨᠡᠶᠢᠲᠡ ᠶᠢᠨ ᠰᠣᠶᠣᠯ ᠤᠨ ᠤᠶᠢᠯᠡᠴᠢᠯᠡᠭᠡᠨ ᠤ ᠪᠠᠷᠢᠮᠵᠢᠶᠠᠵᠢᠭᠰᠠᠨ᠂ | ᠲᠡᠩᠴᠡᠭᠦᠷᠢᠵᠢᠭᠰᠡᠨ ᠬᠢᠷᠢ ᠲᠥᠪᠰᠢᠨ ᠢ ᠢᠯᠡᠳᠳᠡ ᠳᠡᠭᠡᠭᠰᠢᠯᠡᠬᠦᠯᠵᠥ ᠂ ᠥᠯᠡᠮᠵᠢ ᠪᠠᠶᠠᠯᠢᠭ ᠴᠡᠴᠡᠭᠯᠡᠨ | ᠬᠥᠭᠵᠢᠭᠰᠡᠨ ᠰᠣᠶᠣᠯ ᠤᠨ ᠠᠮᠢ ᠠᠬᠤᠢ ᠶᠢ ᠪᠣᠢ ᠪᠣᠯᠭᠠᠨ᠎ᠠ᠃ | —— ᠵᠠᠰᠠᠭ ᠤᠨ ᠣᠷᠳᠣᠨ ᠤ ᠪᠦᠲᠦᠭᠡᠨ ᠪᠠᠶᠢᠭᠤᠯᠤᠯᠲᠠ ᠶᠢ ᠢᠯᠡᠳᠲᠡ ᠳᠡᠭᠡᠭᠰᠢᠯᠡᠭᠦᠯᠥᠨ᠎ᠡ᠃ ᠨᠠᠮ ᠤᠨ | ᠠᠷᠪᠠᠨ ᠶᠢᠰᠦᠳᠦᠭᠡᠷ ᠶᠡᠭᠡ ᠬᠤᠷᠠᠯ ᠤᠨ ᠵᠣᠷᠢᠭ ᠰᠠᠨᠠᠭ᠎ᠠ ᠶᠢ ᠭᠦᠨᠵᠡᠭᠡᠶᠢᠷᠡᠭᠦᠯᠦᠨ ᠲᠤᠤᠱᠯᠠᠭᠤᠯᠵᠤ᠂ ︽ ᠳᠥᠷᠪᠡᠨ | ᠦᠵᠡᠯ ᠤᠬᠠᠮᠰᠠᠷ︾ ᠢ ᠪᠠᠲᠤᠳᠬᠠᠵᠤ᠂ ᠵᠠᠰᠠᠭ ᠵᠠᠬᠢᠷᠭᠠᠨ ᠤ ᠡᠷᠬᠡ ᠪᠠᠨ ᠴᠣᠮᠬᠠᠳᠬᠠᠵᠣ᠂ ᠡᠷᠬᠡ ᠲᠣᠰᠢᠶᠠᠯ ᠢᠶᠠᠨ | ᠵᠣᠬᠢᠰᠲᠠᠢ ᠬᠡᠷᠡᠭᠵᠢᠭᠦᠯᠥᠨ᠂ ᠤᠶᠢᠯᠡᠴᠢᠯᠡᠭᠡ ᠪᠠᠨ ᠰᠢᠯᠢᠳᠡᠭᠵᠢᠭᠦᠯᠬᠦ ᠶᠢ ᠭᠦᠨᠵᠡᠭᠡᠶᠢᠷᠡᠭᠦᠯᠵᠦ᠂ ᠵᠠᠰᠠᠭ ᠤᠨ | ᠣᠷᠳᠤᠨ ᠤ ᠴᠢᠳᠠᠮᠵᠢ ᠶᠢ ᠬᠤᠪᠢᠷᠠᠭᠤᠯᠬᠤ ᠪᠠᠨ ᠲᠦᠷᠭᠡᠳᠭᠡᠵᠦ᠂ ᠵᠠᠰᠠᠭ ᠵᠠᠬᠢᠷᠭᠠᠨ ᠤ ᠴᠢᠳᠠᠪᠣᠷᠢ ᠪᠠᠨ ᠲᠠᠰᠤᠷᠠᠯᠲᠠ | ᠦᠭᠡᠢ ᠳᠡᠭᠡᠭᠰᠢᠯᠡᠭᠦᠯᠵᠦ᠂ ᠬᠠᠤᠯᠢ ᠪᠠᠷ ᠵᠠᠰᠠᠭ ᠪᠠᠷᠢᠬᠤ᠂ ᠠᠷᠠᠳ ᠲᠤ ᠤᠶᠢᠯᠡᠴᠢᠯᠡᠬᠦ᠂ ᠢᠯᠵᠢᠷᠡᠯ ᠢ ᠰᠡᠷᠬᠡᠶᠢᠯᠡᠨ | ᠲᠡᠪᠴᠢᠬᠦ ᠴᠢᠳᠠᠪᠤᠷᠢ ᠪᠠᠨ ᠪᠦᠬᠦ ᠲᠠᠯ᠎ᠠ ᠪᠠᠷ ᠳᠡᠭᠡᠭᠰᠢᠯᠡᠭᠦᠯᠵᠦ᠂ ᠯᠠᠪᠳᠠᠭᠤᠨ ᠪᠥᠳᠥᠮᠵᠢᠲᠠᠢ ᠠᠵᠢᠯᠯᠠᠬᠤ ᠪᠠᠷ ᠠᠵᠤ | ᠠᠬᠤᠢ ᠶᠢᠨ ᠬᠥᠭᠵᠢᠯᠲᠡ ᠶᠢ ᠠᠬᠢᠭᠤᠯᠵᠤ᠂ ᠣᠯᠠᠨ ᠲᠥᠮᠡᠨ ᠤ ᠪᠣᠶᠠᠨ ᠬᠡᠰᠢᠭ ᠢ ᠨᠡᠮᠡᠭᠳᠡᠭᠦᠯᠥᠨ᠂ ᠠᠷᠠᠳ ᠤᠨ | ᠬᠠᠨᠣᠮᠵᠢᠲᠠᠢ ᠵᠠᠰᠠᠭ ᠤᠨ ᠣᠷᠳᠤᠨ ᠢ ᠴᠢᠷᠮᠠᠶᠢᠨ ᠴᠣᠭᠴᠠᠯᠠᠨ᠎ᠠ᠃ | | | | | | | | | | | | ᠨᠡᠷᠡᠰ ᠤᠨ ᠳᠠᠶᠢᠯᠪᠤᠷᠢ | 1. ᠰᠢᠨ᠎ᠡ ᠬᠥᠭᠵᠢᠯᠳᠡ ᠶᠢᠨ ᠣᠶᠢᠯᠠᠭᠠᠭᠳᠠᠬᠤᠨ᠄ ᠰᠢᠨ᠎ᠡ ᠶᠢ ᠡᠭᠦᠳᠬᠦ᠂ ᠵᠣᠬᠢᠴᠠᠩᠭᠤᠢ᠂ ᠪᠣᠬᠢᠷᠳᠣᠯ ᠥᠬᠡᠢ᠂ | ᠴᠢᠯᠥᠬᠡᠲᠠᠢ ᠶᠠᠪᠣᠯᠴᠠᠬᠤ᠂ ᠬᠠᠮᠳᠣᠪᠠᠷ ᠡᠳ᠋ᠯᠡᠬᠦ ᠬᠥᠭᠵᠢᠯᠳᠡ ᠶᠢᠨ ᠣᠶᠢᠯᠠᠭᠠᠭᠳᠠᠬᠤᠨ ᠢ ᠵᠢᠭᠠᠵᠣ᠂ ᠪᠥᠬᠦ ᠲᠠᠯ᠎ᠠ ᠶᠢᠨ ᠂ | ᠥᠨᠳᠥᠰᠥᠨ᠂ ᠣᠷᠳᠣ ᠴᠠᠭ ᠤᠨ ᠵᠢᠯᠣᠭᠤᠳᠣᠬᠤ ᠣᠶᠢᠯᠡᠳᠣᠯ ᠲᠠᠢ᠂ ︽ᠠᠷᠪᠠᠨ ᠭᠤᠷᠪᠠᠳᠣᠭᠠᠷ ᠲᠠᠪᠣᠨ ᠵᠢᠯ︾ | ᠤᠨ ᠲᠥᠯᠥᠪᠵᠢᠭᠦᠯᠬᠡ ᠵᠢᠴᠢ ᠨᠡᠩ ᠣᠷᠳᠣ ᠬᠤᠭᠤᠴᠠᠭᠠᠨ ᠤ ᠮᠠᠨ ᠤ ᠣᠯᠣᠰ ᠤᠨ ᠬᠥᠭᠵᠢᠯᠳᠡ ᠶᠢᠨ ᠰᠡᠳᠬᠢᠴᠡ᠂ | ᠴᠢᠭᠯᠡᠯ ᠪᠠ ᠬᠥᠴᠥᠯᠡᠬᠦ ᠴᠡᠭ ᠢ ᠳᠣᠳᠣᠳᠬᠠᠪᠠ᠃ | 2. ︽ᠠ ᠳ᠋ᠥ᠋︾ ᠠᠯᠠᠰᠢᠨ ᠬᠤᠨᠢ᠄ ᠠᠯᠠᠱᠠ ᠳ᠋ᠥ᠋ ᠪᠥᠸᠧ ᠬᠤᠨᠢ ᠶᠢᠨ ᠲᠥᠭᠦᠮ ᠨᠡᠷᠡᠶᠢᠳᠣᠯ᠂ ᠨᠣᠳᠤᠭ ᠤᠨ ᠬᠤᠨᠢ | ᠂ ᠣᠬᠤᠷ ᠰᠡᠭᠦᠯᠳᠥ ᠬᠤᠨᠢ ᠪᠠ ᠠᠥ᠋ᠰᠲᠷᠢᠶᠠ ᠶᠢᠨ ᠴᠠᠭᠠᠨ ᠲᠣᠯᠣᠭᠠᠶᠢᠳᠣ ᠳ᠋ᠥ᠋ ᠪᠥᠸᠧ ᠬᠤᠨᠢ ᠵᠡᠷᠬᠡ ᠭᠤᠷᠪᠠᠨ | ᠲᠥᠷᠥᠯ ᠤᠨ ᠬᠤᠨᠢ ᠶᠢ ᠡᠷᠯᠢᠰᠵᠢᠭᠦᠯᠥᠭᠰᠡᠨ ᠤ ᠳᠠᠷᠠᠭᠠᠬᠢ ᠰᠢᠨ᠎ᠡ ᠡᠭᠦᠯᠳᠡᠷ ᠢ ᠬᠡᠯᠡᠨ᠎ᠡ᠃ | 3.1396᠂ 1450 ᠪᠣᠯ᠄ ᠥᠨᠳᠥᠷ ᠴᠢᠨᠠᠷᠯᠢᠭᠳᠣ ᠢᠮᠠᠭᠠᠨ ᠨᠣᠯᠣᠣᠷ ᠤᠨ ᠨᠢᠬᠡ ᠲᠥᠷᠥᠯ ᠤᠨ ᠪᠠᠷᠢᠮᠵᠢᠶ᠎ᠠ᠂13 | ᠂14 ᠨᠢ ᠢᠮᠠᠭᠠᠨ ᠨᠣᠯᠣᠣᠷ ᠤᠨ ᠰᠢᠷᠬᠡᠭ ᠤᠨ ᠬᠡᠮᠵᠢᠶ᠎ᠡ ᠶᠢ ᠵᠢᠭᠠᠵᠣ᠂ ᠮᠢᠺᠷᠣᠨ ᠢᠶᠠᠷ ᠨᠢᠬᠡᠴᠢ ᠪᠣᠯᠭᠠᠳᠠᠭ᠃ 96᠂ | 50 ᠨᠢ ᠢᠮᠠᠭᠠᠨ ᠨᠣᠯᠣᠣᠷ ᠤᠨ ᠣᠷᠳᠣ ᠶᠢᠨ ᠬᠡᠮᠵᠢᠶ᠎ᠡ ᠶᠢ ᠲᠥᠯᠥᠬᠡᠯᠡᠵᠣ᠂ ᠮᠢᠺᠷᠣᠨ ᠢᠶᠠᠷ ᠨᠢᠬᠡᠴᠢ ᠪᠣᠯᠭᠠᠳᠠᠭ᠃ | 4. ᠣᠶᠢᠯᠡᠳᠪᠣᠷᠢᠯᠡᠯ᠂ ᠰᠣᠷᠣᠯᠴᠠᠭ᠎ᠠ᠂ ᠰᠣᠳᠣᠯᠭᠠᠨ᠄ ᠠᠵᠣ ᠣᠶᠢᠯᠡᠰ᠂ ᠰᠣᠷᠭᠠᠭᠤᠯᠢ᠂ ᠰᠣᠳᠣᠯᠭᠠᠨ ᠤ | ᠪᠠᠶᠢᠭᠤᠯᠣᠮᠵᠢ ᠵᠡᠷᠬᠡ ᠨᠢᠬᠡᠴᠡ ᠬᠠᠷᠢᠯᠴᠠᠨ ᠬᠠᠮᠳᠣᠷᠠᠯᠴᠠᠵᠣ᠂ ᠥᠪᠡᠷ ᠤᠨ ᠳᠠᠪᠠᠭᠤᠯᠢᠭ ᠢᠶᠠᠨ ᠪᠠᠳᠠᠷᠠᠭᠤᠯᠣᠨ᠂ | ᠰᠣᠳᠣᠯᠭᠠᠨ᠂ ᠨᠡᠬᠡᠬᠡᠯᠳᠡ᠂ ᠣᠶᠢᠯᠡᠳᠪᠣᠷᠢᠯᠡᠯ ᠢ ᠨᠢᠬᠡ ᠴᠣᠭᠴᠡᠵᠢᠭᠤᠯᠣᠭᠰᠠᠨ ᠲᠡᠷᠢᠭᠦᠨ ᠤ ᠰᠢᠰᠲ᠋ᠧᠮ ᠢ | ᠪᠥᠷᠢᠯᠳᠥᠭᠦᠯᠥᠨ᠂ ᠠᠰᠢᠭᠯᠠᠯᠳᠠ ᠶᠢᠨ ᠶᠠᠪᠣᠴᠠ ᠳᠣᠮᠳᠠ ᠪᠠᠨ ᠶᠡᠷᠥᠩᠬᠡᠶᠢᠯᠡᠰᠡᠨ ᠳᠠᠪᠠᠭᠤᠯᠢᠭ ᠢᠶᠠᠨ ᠢᠯᠡᠷᠡᠭᠦᠯᠥᠨ᠎ᠡ᠃ | | 5.ᠣᠶᠣᠨᠯᠢᠭ ᠵᠢᠭᠤᠯᠴᠢᠯᠠᠯᠳᠣ ᠠᠯᠠᠱᠠ ᠵᠡᠭᠦᠨ ᠬᠤᠰᠢᠭᠤ᠄ ᠠᠯᠠᠱᠠ ᠵᠡᠭᠦᠨ ᠬᠤᠰᠢᠭᠤᠨ ᠤ ᠵᠢᠭᠤᠯᠴᠢᠯᠠᠯ ᠤᠨ | ᠨᠡᠷᠡᠳᠣ ᠳᠡᠮᠳᠡᠭ ᠢ ᠥᠷᠬᠡᠳᠬᠡᠨ ᠳᠦᠬᠡᠮᠡᠯᠵᠢᠬᠦᠯᠬᠦ᠂ ᠰᠣᠯᠢᠯᠴᠡᠨ ᠨᠡᠪᠳᠡᠷᠡᠯᠴᠡᠭᠰᠡᠨ ᠪᠠ ᠵᠢᠭᠤᠯᠴᠢᠯᠠᠯ ᠤᠨ | ᠣᠶᠢᠯᠡᠴᠢᠯᠡᠭᠡ ᠶᠢ ᠨᠢᠬᠡ ᠴᠣᠭᠴᠠᠵᠢᠭᠤᠯᠣᠭᠰᠠᠨ ᠰᠢᠯᠵᠢᠮᠡᠯ ᠲᠣᠣᠷ ᠰᠥᠯᠵᠢᠶᠡᠨ ᠤ ᠸᠢᠴᠡᠲ ᠶᠢᠨ ᠣᠯᠠᠨ ᠨᠡᠶᠢᠳᠡ | ᠶᠢᠨ ᠲᠠᠪᠴᠠᠩ ᠢ ᠬᠡᠯᠡᠨ᠎ᠡ᠃ | 6. ᠪᠥᠬᠦ ᠬᠥᠷᠢᠶ᠎ᠡ ᠴᠠᠷ᠎ᠠ ᠶᠢᠨ ᠵᠢᠭᠤᠯᠴᠢᠯᠠᠯ᠄ ᠲᠣᠭᠳᠠᠭᠰᠠᠨ ᠣᠷᠣᠨ ᠪᠥᠰᠡ ᠲᠣᠳᠣᠷ᠎ᠠ᠂ ᠵᠢᠭᠤᠯᠴᠢᠯᠠᠯ ᠢᠶᠠᠷ | ᠳᠠᠪᠠᠭᠤᠯᠢᠭ ᠠᠵᠣ ᠣᠶᠢᠯᠡᠰ ᠢᠶᠠᠨ ᠪᠣᠯᠭᠠᠵᠣ᠂ ᠣᠷᠣᠨ ᠪᠥᠰᠡ ᠶᠢᠨ ᠳᠣᠳᠣᠷᠠᠬᠢ ᠠᠵᠣ ᠠᠬᠤᠢ ᠨᠡᠶᠢᠬᠡᠮ ᠤᠨ ᠡᠬᠢ | ᠰᠣᠷᠪᠣᠯᠵᠢ᠂ ᠢᠯᠠᠩᠭᠤᠶ᠎ᠡ ᠵᠢᠭᠤᠯᠴᠢᠯᠠᠯ ᠤᠨ ᠡᠬᠢ ᠰᠣᠷᠪᠣᠯᠵᠢ᠂ ᠬᠠᠮᠢᠶ᠎ᠠ ᠪᠥᠭᠦᠢ ᠠᠵᠣ ᠣᠶᠢᠯᠡᠰ ᠂ ᠠᠮᠢ ᠠᠬᠤᠢ | ᠣᠷᠴᠢᠨ ᠲᠣᠭᠤᠷᠢᠠ᠂ ᠨᠡᠶᠢᠳᠡ ᠶᠢᠨ ᠣᠶᠢᠯᠡᠴᠢᠯᠡᠭᠡ᠂ ᠪᠥᠳᠥᠴᠡ ᠲᠣᠭᠳᠠᠯᠴᠠᠭ᠎ᠠ᠂ ᠲᠥᠷᠥ ᠶᠢᠨ ᠪᠣᠳᠣᠯᠭ᠎ᠠ ᠬᠠᠣᠯᠢ | ᠲᠣᠭᠳᠠᠭᠠᠯ᠂ ᠪᠣᠯᠪᠠᠰᠣᠨ ᠬᠡᠪ ᠰᠣᠷᠳᠠᠯ ᠵᠡᠷᠬᠡ ᠲᠠᠯ᠎ᠠ ᠳᠤ ᠪᠥᠬᠦ ᠲᠠᠯ ᠶᠢ᠂ ᠰᠢᠰᠲ᠋ᠧᠮᠳᠣ ᠪᠠᠷ ᠰᠢᠯᠢᠳᠡᠭᠵᠢᠭᠦᠯᠥᠨ | ᠳᠡᠬᠡᠭᠰᠢᠯᠡᠭᠦᠯᠥᠨ᠎ᠡ᠃ | 7. ︽ᠵᠢᠷᠭᠤᠭᠠᠨ ᠬᠤᠳᠠ ᠶᠢ ᠬᠠᠮᠳᠣᠪᠠᠷ ᠴᠣᠭᠴᠠᠯᠠᠬᠤ︾᠄ ᠣᠯᠣᠰ ᠤᠨ ᠪᠣᠯᠪᠠᠰᠣᠨ ᠬᠤᠳᠠ᠂ ᠣᠯᠣᠰ ᠤᠨ | ᠡᠷᠡᠭᠦᠯ ᠬᠠᠮᠠᠭᠠᠯᠠᠯ ᠤᠨ ᠰᠢᠶᠠᠨ ᠬᠤᠳᠠ᠂ ᠣᠯᠣᠰ ᠤᠨ ᠴᠡᠴᠡᠷᠯᠢᠭᠳᠦ ᠰᠢᠶᠠᠨ ᠬᠤᠳᠠ᠂ ᠣᠯᠣᠰ ᠤᠨ ᠬᠤᠶᠠᠷ ᠢ | ᠬᠥᠷᠢᠶᠡᠯᠡᠬᠦ ᠵᠢᠱᠢᠶ᠎ᠡ ᠥᠵᠡᠭᠦᠯᠬᠦ ᠬᠤᠳᠠ᠂ ᠣᠯᠣᠰ ᠤᠨ ᠪᠥᠬᠦ ᠬᠥᠷᠢᠶ᠎ᠡ ᠴᠠᠷ᠎ᠠ ᠶᠢᠨ ᠵᠢᠭᠤᠯᠴᠢᠯᠠᠯ ᠤᠨ ᠵᠢᠱᠢᠶ᠎ᠡ | ᠥᠵᠡᠭᠦᠯᠬᠦ ᠣᠷᠣᠨ ᠪᠠ ᠥᠪᠡᠷᠳᠡᠬᠡᠨ ᠵᠠᠰᠠᠬᠤ ᠣᠷᠣᠨ ᠤ ᠥᠨᠳᠥᠰᠥᠳᠡᠨ ᠤ ᠪᠥᠯᠬᠦᠮᠳᠡᠯ ᠤᠨ ᠳᠠᠪᠰᠢᠯᠳᠠᠳᠣ | ᠵᠢᠱᠢᠶ᠎ᠡ ᠥᠵᠡᠭᠦᠯᠬᠦ ᠬᠤᠰᠢᠭᠤ ᠪᠠᠶᠢᠭᠤᠯᠬᠤ ᠶᠢ ᠬᠡᠯᠡᠨ᠎ᠡ᠃ | 8. ︽1+9︾ ᠬᠤᠳᠠ ᠶᠢᠨ ᠬᠠᠮᠢᠶᠠᠷᠥᠯᠳᠠ ᠶᠢᠨ ᠬᠠᠣᠯᠢ ᠬᠡᠷᠡᠭᠵᠢᠭᠦᠯᠥᠯᠳᠡ ᠶᠢᠨ ᠬᠡᠯᠪᠡᠷᠢ᠄ ᠠᠯᠠᠱᠠ ᠵᠡᠭᠦᠨ | ᠬᠤᠰᠢᠭᠤᠨ ᠤ ᠬᠤᠳᠠ ᠶᠢᠨ ᠬᠠᠮᠢᠶᠠᠷᠥᠯᠳᠠ ᠶᠢᠨ ᠲᠣᠪᠴᠢᠶᠡᠨ ᠤ ᠰᠠᠭᠤᠷᠢᠨ ᠳᠡᠬᠡᠷ᠎ᠡ᠂ ᠣᠷᠣᠨ ᠰᠠᠭᠤᠴᠠ᠂ | ᠣᠷᠴᠢᠨ ᠲᠣᠭᠤᠷᠢᠨ ᠤ ᠬᠠᠮᠠᠭᠠᠯᠠᠯᠳᠠ᠂ ᠣᠰᠣᠨ ᠤ ᠶᠠᠪᠣᠳᠠᠯ᠂ ᠵᠠᠮ ᠬᠠᠷᠢᠯᠴᠠᠭᠠᠨ ᠤ ᠴᠠᠭᠳᠠᠭ᠎ᠠ᠂ ᠵᠠᠬ᠎ᠠ ᠳᠡᠯᠬᠡᠭᠦᠷ | ᠤᠨ ᠬᠢᠨᠠᠨ ᠬᠠᠮᠢᠶᠠᠷᠥᠯᠳᠠ᠂ ᠡᠷᠡᠭᠦᠯ ᠬᠠᠮᠠᠭᠠᠯᠠᠯ᠂ ᠢᠳᠡᠬᠡᠨ ᠤ ᠵᠣᠶᠢᠯ ᠡᠮ ᠤᠨ ᠵᠣᠶᠢᠯᠡᠰ ᠤᠨ ᠬᠢᠨᠠᠨ ᠬᠠᠮᠢᠶᠠᠷᠥᠯᠳᠠ | ᠂ ᠥᠨᠳᠥᠰᠥᠳᠡᠨ ᠤ ᠬᠡᠷᠡᠭ ᠡᠷᠬᠢᠯᠡᠬᠦ᠂ ᠠᠷᠠᠳ ᠤᠨ ᠶᠠᠪᠣᠳᠠᠯ ᠵᠡᠷᠬᠡ ᠶᠢᠰᠥᠨ ᠬᠥᠷᠢᠶ᠎ᠡ ᠬᠡᠪᠴᠢᠶ᠎ᠡ ᠳᠠᠬᠢ ᠵᠠᠰᠠᠭ | ᠪᠠᠷᠢᠨ ᠬᠠᠣᠯᠢ ᠬᠡᠷᠡᠭᠵᠢᠭᠦᠯᠬᠦ ᠪᠠ ᠬᠢᠨᠠᠨ ᠪᠠᠶᠢᠴᠠᠭᠠᠬᠤ ᠡᠭᠦᠷᠬᠡ ᠲᠣᠰᠢᠶᠠᠯ ᠢ ᠬᠠᠮᠳᠣᠳᠬᠠᠵᠣ᠂ ︽1+9︾ ᠬᠤᠳᠠ | ᠶᠢᠨ ᠶᠡᠷᠥᠩᠬᠡᠶᠢᠯᠡᠭᠰᠡᠨ ᠬᠠᠮᠢᠶᠠᠷᠥᠯᠳᠠ ᠶᠢᠨ ᠬᠠᠣᠯᠢ ᠬᠡᠷᠡᠭᠵᠢᠭᠦᠯᠬᠦ ᠲᠣᠭᠳᠠᠯᠴᠠᠭ᠎ᠠ ᠶᠢ ᠪᠣᠢ ᠪᠣᠯᠭᠠᠨ᠎ᠠ᠃ | 9. ᠶᠠᠳᠠᠭᠤ ᠠᠴᠠ ᠠᠩᠬᠢᠵᠢᠷᠠᠭᠤᠯᠬᠤ ᠳᠠᠭᠠᠳᠬᠠᠯ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠠᠴᠠ | ᠣᠨᠣᠪᠴᠢᠲᠠᠢ ᠪᠠᠷ ᠶᠠᠳᠠᠭᠤ ᠶᠢ ᠳᠡᠳᠬᠦᠬᠦ᠂ ᠶᠠᠳᠠᠭᠤ ᠠᠴᠠ ᠠᠩᠬᠢᠵᠢᠷᠠᠭᠤᠯᠬᠤ ᠠᠵᠢᠯ ᠢ ᠪᠠᠳᠣᠲᠠᠢ ᠪᠠᠷ ᠲᠥᠯᠬᠢᠨ | ᠠᠬᠢᠭᠤᠯᠬᠤ᠂ ᠳᠠᠭᠠᠳᠬᠠᠯ ᠤᠨ ᠶᠠᠳᠠᠭᠤ ᠠᠴᠠ ᠠᠩᠬᠢᠵᠢᠷᠠᠭᠤᠯᠬᠤ ᠪᠣᠭᠤᠮᠳᠠ ᠶᠢ ᠰᠢᠪᠳᠥᠯᠬᠤ ᠲᠠᠯ᠎ᠠ ᠶᠢ ᠳᠡᠮᠵᠢᠬᠦ | ᠢᠳᠡᠪᠬᠢᠲᠠᠢ ᠣᠶᠢᠯᠡᠳᠥᠯ ᠢ ᠪᠠᠳᠠᠷᠠᠭᠤᠯᠬᠤ ᠪᠠᠷ ᠶᠠᠳᠠᠭᠤ ᠬᠥᠴᠢᠷᠳᠡᠯᠲᠠᠢ ᠬᠥᠮᠥᠰ ᠲᠤ ᠠᠪᠴᠣ ᠥᠭᠭᠦᠭᠰᠡᠨ | ᠬᠤᠳᠠᠯᠳᠣᠭᠠᠨ ᠤ ᠳᠠᠭᠠᠳᠬᠠᠯ ᠢ ᠬᠡᠯᠡᠨ᠎ᠡ᠃ ᠳᠠᠭᠠᠳᠬᠠᠯ ᠤᠨ ᠲᠥᠷᠥᠯ ᠵᠣᠶᠢᠯ ᠳᠤ ᠡᠮᠴᠢᠯᠡᠬᠡᠨ ᠤ ᠳᠠᠭᠠᠳᠬᠠᠯ ᠢ | ᠨᠥᠬᠦᠪᠥᠷᠢᠯᠡᠬᠦ᠂ ᠬᠥᠨᠳᠥ ᠶᠡᠭᠡ ᠡᠪᠡᠳᠴᠢᠨ ᠲᠠᠬᠤᠯ ᠤᠨ ᠠᠩᠬᠠᠨ ᠤ ᠣᠨᠣᠰᠢᠯᠠᠯᠳᠠ ᠶᠢᠨ ᠳᠠᠭᠠᠳᠬᠠᠯ᠂ ᠬᠡᠨᠡᠳᠡᠯ | ᠢᠶᠠᠷ ᠨᠠᠰᠣ ᠨᠥᠭᠴᠢᠬᠦ ᠪᠠ ᠰᠢᠷᠬᠠᠳᠣᠨ ᠵᠡᠮᠳᠡᠭ ᠪᠣᠯᠬᠤ ᠳᠤ ᠨᠥᠬᠦᠪᠥᠷᠢᠯᠡᠬᠦ ᠭᠤᠷᠪᠠᠨ ᠳᠠᠭᠠᠳᠬᠠᠯ ᠪᠠᠭᠳᠠᠨ᠎ᠠ᠃ | 10. ᠠᠮᠢ ᠠᠬᠤᠢ ᠣᠷᠴᠢᠨ ᠲᠣᠭᠤᠷᠢᠨ ᠤ ︽1+7︾ ᠬᠡᠯᠪᠡᠷᠢ ᠶᠢᠨ ᠶᠡᠷᠥᠩᠬᠡᠶᠢᠯᠡᠭᠰᠡᠨ ᠬᠠᠣᠯᠢ ᠬᠡᠷᠡᠭᠵᠢᠭᠦᠯᠥᠯᠳᠡ | ᠄ ᠲᠠᠷᠢᠶᠠᠯᠠᠩ ᠮᠠᠯ ᠠᠵᠣ ᠠᠬᠤᠢ ᠶᠢᠨ ᠲᠣᠪᠴᠢᠶ᠎ᠡ᠂ ᠣᠰᠣᠨ ᠶᠠᠪᠣᠳᠠᠯ ᠤᠨ ᠲᠣᠪᠴᠢᠶ᠎ᠡ᠂ ᠣᠯᠣᠰ ᠤᠨ ᠭᠠᠵᠠᠷ | ᠰᠢᠷᠥᠢ ᠶᠢᠨ ᠲᠣᠪᠴᠢᠶ᠎ᠡ᠂ ᠣᠢ ᠶᠢᠨ ᠶᠠᠪᠣᠳᠠᠯ ᠤᠨ ᠲᠣᠪᠴᠢᠶ᠎ᠡ᠂ ᠠᠷᠠᠳ ᠤᠨ ᠶᠠᠪᠣᠳᠠᠯ ᠤᠨ ᠲᠣᠪᠴᠢᠶ᠎ᠡ᠂ | ᠥᠨᠳᠥᠰᠥᠳᠡᠨ ᠤ ᠬᠡᠷᠡᠭ ᠡᠷᠬᠢᠯᠡᠬᠦ ᠲᠣᠪᠴᠢᠶ᠎ᠡ᠂ ᠰᠣᠶᠣᠯ ᠵᠢᠭᠤᠯᠴᠢᠯᠠᠯ ᠤᠨ ᠲᠣᠪᠴᠢᠶ᠎ᠡ ᠶᠢᠨ ᠬᠡᠰᠡᠭ ᠵᠠᠰᠠᠭ ᠪᠠᠷᠢᠨ | ᠬᠠᠣᠯᠢ ᠬᠡᠷᠡᠭᠵᠢᠭᠦᠯᠬᠦ ᠴᠢᠳᠠᠮᠵᠢ ᠶᠢ ᠨᠢᠬᠡᠳᠬᠡᠬᠦ ᠶᠢ ᠵᠢᠭᠠᠨ᠎ᠠ᠃ ᠠᠯᠠᠱᠠ ᠵᠡᠭᠦᠨ ᠬᠤᠰᠢᠭᠤᠨ ᠤ ᠮᠠᠯᠵᠢᠬᠤ | ᠲᠠᠷᠢᠶᠠᠯᠠᠬᠤ ᠣᠷᠣᠨ ᠤ ᠠᠮᠢ ᠠᠬᠤᠢ ᠶᠢᠨ ᠬᠠᠮᠢᠶᠠᠷᠥᠯᠳᠠ ᠶᠢᠨ ᠶᠡᠷᠥᠩᠬᠡᠶᠢᠯᠡᠭᠰᠡᠨ ᠵᠠᠰᠠᠭ ᠪᠠᠷᠢᠨ ᠬᠠᠣᠯᠢ | ᠬᠡᠷᠡᠭᠵᠢᠭᠦᠯᠥᠯᠳᠡ ᠶᠢᠨ ᠲᠣᠪᠴᠢᠶ᠎ᠡ ᠶᠢ ᠪᠠᠶᠢᠭᠤᠯᠵᠣ᠂ ︽1+7︾ ᠬᠡᠯᠪᠡᠷᠢ ᠶᠢᠨ ᠶᠡᠷᠥᠩᠬᠡᠶᠢᠯᠡᠭᠰᠡᠨ ᠬᠠᠣᠯᠢ | ᠬᠡᠷᠡᠭᠵᠢᠭᠦᠯᠥᠯᠳᠡ ᠶᠢᠨ ᠲᠣᠭᠳᠠᠯᠴᠠᠭ᠎ᠠ ᠶᠢ ᠪᠦᠷᠢᠯᠳᠦᠬᠦᠯᠪᠡ᠃ | 11. ᠭᠤᠣᠯ ᠤᠨ ᠲᠠᠷᠤᠭ᠎ᠠ ᠶᠢᠨ ᠲᠥᠷᠢᠮ᠂ ᠨᠠᠭᠤᠷ ᠤᠨ ᠳᠠᠷᠤᠭ᠎ᠠ ᠶᠢᠨ ᠲᠥᠷᠢᠮ ᠄ ᠡᠯ᠎ᠡ ᠱᠠᠳᠣᠨ ᠤ ᠨᠠᠮ | ᠵᠠᠰᠠᠭ ᠤᠨ ᠭᠤᠣᠯ ᠬᠠᠷᠢᠭᠤᠴᠠᠯᠭᠠᠳᠠᠨ ︽ᠭᠤᠣᠯ ᠤᠨ ᠲᠠᠷᠤᠭ᠎ᠠ ︾᠂ ︽ᠨᠠᠭᠤᠷ ᠤᠨ ᠳᠠᠷᠤᠭ᠎ᠠ ︾ ᠶᠢᠨ | ᠲᠣᠰᠢᠶᠠᠯ ᠢ ᠡᠭᠦᠷᠬᠡᠯᠡᠵᠥ᠂ ᠬᠠᠮᠢᠶ᠎ᠠ ᠪᠥᠬᠦᠢ ᠭᠤᠣᠯ ᠨᠠᠭᠤᠷ ᠤᠨ ᠬᠠᠮᠢᠶᠠᠷᠥᠯᠳᠠ ᠪᠠ ᠬᠠᠮᠠᠭᠠᠯᠠᠯᠳᠠ ᠶᠢᠨ ᠠᠵᠢᠯ ᠢ | ᠵᠣᠬᠢᠶᠠᠨ ᠪᠠᠶᠢᠭᠤᠯᠣᠨ ᠣᠳᠣᠷᠢᠳᠬᠤ ᠶᠢ ᠬᠠᠷᠢᠭᠤᠴᠠᠨ᠎ᠠ᠃ | 12. ᠬᠤᠳᠠ ᠬᠥᠳᠡᠬᠡᠨ ᠤ ᠰᠠᠭᠤᠭᠠᠯᠢ ᠠᠷᠠᠳ ᠤᠨ ᠡᠮᠴᠢᠯᠡᠬᠡᠨ ᠤ ᠳᠠᠭᠠᠳᠬᠠᠯ ᠤᠨ ︽ᠵᠢᠷᠭᠤᠭᠠᠨ ᠨᠢᠬᠡᠳᠥᠯ︾᠄ | ᠣᠯᠣᠰ ᠤᠨ ᠶᠠᠪᠣᠳᠠᠯ ᠤᠨ ᠬᠤᠷᠢᠶ᠎ᠠ ᠠᠴᠠ ᠳᠠᠷᠣᠮᠯᠠᠨ ᠲᠠᠷᠬᠠᠭᠠᠭᠰᠠᠨ ︽ᠬᠤᠳᠠ ᠬᠥᠳᠡᠬᠡᠨ ᠤ ᠰᠠᠭᠤᠭᠠᠯᠢ ᠠᠷᠠᠳ | ᠤᠨ ᠥᠨᠳᠥᠰᠥᠨ ᠡᠮᠴᠢᠯᠡᠬᠡᠨ ᠤ ᠳᠠᠭᠠᠳᠬᠠᠯ ᠤᠨ ᠲᠥᠷᠢᠮ ᠢ ᠨᠢᠬᠡᠳᠬᠡᠬᠦ ᠲᠣᠬᠠᠢ ᠰᠠᠨᠠᠯ︾ ᠠᠴᠠ᠂ ᠬᠤᠳᠠ | ᠬᠥᠳᠡᠬᠡᠨ ᠤ ᠰᠠᠭᠤᠭᠠᠯᠢ ᠠᠷᠠᠳ ᠤᠨ ᠥᠨᠳᠥᠰᠥᠨ ᠡᠮᠴᠢᠯᠡᠬᠡᠨ ᠤ ᠳᠠᠭᠠᠳᠬᠠᠯ ᠤᠨ ᠲᠥᠷᠢᠮ ᠢ ᠨᠢᠬᠡᠳᠬᠡᠬᠦ ᠲᠥᠷᠥ | ᠶᠢᠨ ᠪᠣᠳᠣᠯᠭ᠎ᠠ ᠳᠤ ︽ᠵᠢᠷᠭᠤᠭᠠᠨ ᠨᠢᠬᠡᠳᠥᠯ︾ ᠤᠨ ᠱᠠᠭᠠᠷᠳᠠᠯᠭ᠎ᠠ ᠶᠢ ᠳᠣᠳᠣᠷᠬᠠᠢ ᠳᠣᠷᠠᠳᠣᠪᠠ᠄ ᠨᠢᠬᠡ ᠳᠤ | ᠪᠥᠷᠭᠦᠴᠡ ᠶᠢᠨ ᠬᠡᠪᠴᠢᠶ᠎ᠡ ᠶᠢ ᠨᠢᠬᠡᠳᠬᠡᠵᠣ᠂ ᠬᠤᠶᠠᠷ ᠲᠤ ᠪᠡᠯᠡ ᠬᠤᠷᠠᠮᠳᠣᠭᠤᠯᠬᠤ ᠲᠥᠷᠥ ᠶᠢᠨ ᠪᠣᠳᠣᠯᠭ᠎ᠠ ᠶᠢ | ᠨᠢᠬᠡᠳᠬᠡᠵᠣ᠂ ᠭᠤᠷᠪᠠ ᠳᠤ ᠪᠠᠳᠣᠯᠠᠭᠠᠨ ᠤ ᠬᠠᠷᠠᠮᠵᠢ ᠶᠢ ᠨᠢᠬᠡᠳᠬᠡᠵᠣ᠂ ᠲᠥᠷᠪᠡ ᠳᠤ ᠡᠮᠴᠢᠯᠡᠬᠡᠨ ᠤ ᠳᠠᠭᠠᠳᠬᠠᠯ | ᠤᠨ ᠲᠥᠷᠥᠯ ᠵᠣᠶᠢᠯ ᠢ ᠨᠢᠬᠡᠳᠬᠡᠵᠣ᠂ ᠲᠠᠪᠤ ᠳᠤ ᠲᠣᠭᠳᠠᠮᠠᠯ ᠭᠠᠵᠠᠷ ᠤᠨ ᠬᠠᠮᠢᠶᠠᠷᠥᠯᠳᠠ ᠶᠢ ᠨᠢᠬᠡᠳᠬᠡᠵᠣ᠂ | ᠵᠢᠷᠭᠤᠭ᠎ᠠ ᠳᠤ ᠰᠠᠭᠤᠷᠢ ᠮᠥᠩᠬᠦ ᠶᠢᠨ ᠬᠠᠮᠢᠶᠠᠷᠥᠯᠳᠠ ᠶᠢ ᠨᠢᠬᠡᠳᠬᠡᠪᠡ᠃ | 13. ︽ᠢᠯᠡ ᠴᠡᠪᠡᠷ ᠲᠣᠭᠤᠭᠠᠨ ᠬᠡᠷ︾᠄ ᠵᠣᠴᠢᠳ ᠢᠳᠡᠬᠡᠨ ᠣᠮᠳᠠᠭᠠᠨ ᠤ ᠠᠵᠣ ᠣᠶᠢᠯᠡᠰ ᠳᠠᠬᠢ ᠲᠣᠭᠤᠭᠠᠨ | ᠬᠡᠷ ᠤᠨ ᠠᠵᠢᠯᠯᠠᠭ᠎ᠠ ᠲᠥᠷᠢᠮᠵᠢᠭᠰᠡᠨ ᠡᠰᠡᠬᠦ᠂ ᠠᠷᠢᠭᠤᠨ ᠴᠡᠪᠡᠷ ᠬᠢᠷᠢ ᠲᠡᠩᠴᠡᠭᠰᠡᠨ ᠡᠰᠡᠬᠦ᠂ ᠵᠣᠬᠢᠮᠵᠢ ᠥᠬᠡᠢ | ᠪᠣᠳᠠᠰ ᠪᠠᠶᠢᠬᠤ ᠡᠰᠡᠬᠦ ᠶᠢ ᠰᠢᠭᠤᠳ ᠣᠯᠵᠣ ᠬᠠᠷᠠᠬᠤ ᠶᠢ ᠬᠡᠯᠡᠨ᠎ᠡ᠃ ᠢᠯᠡ ᠴᠡᠪᠡᠷ ᠲᠣᠭᠤᠭᠠᠨ ᠬᠡᠷ ᠪᠣᠯ ᠢᠳᠡᠬᠡᠨ | ᠣᠮᠳᠠᠭᠠᠨ ᠤ ᠠᠵᠣ ᠣᠶᠢᠯᠡᠰ ᠤᠨ ᠠᠵᠢᠯᠳᠠᠳ ᠲᠤ ᠬᠡᠷᠡᠭᠵᠢᠭᠦᠯᠥᠭᠰᠡᠨ ᠬᠢᠨᠠᠨ ᠬᠠᠮᠢᠶᠠᠷᠥᠯᠳᠠ ᠪᠣᠯᠣᠨ᠎ᠠ᠃ | 14. ᠴᠡᠷᠢᠭ ᠠᠷᠠᠳ ᠣᠶᠠᠯᠳᠣᠨ ᠬᠥᠭᠵᠢᠬᠦ ᠪᠠᠶᠢᠯᠳᠣᠬᠤ ᠪᠣᠳᠣᠯᠭ᠎ᠠ᠄ ᠰᠢ ᠶᠢᠨ ᠫᠢᠩ ᠶᠡᠷᠥᠩᠬᠡᠢ ᠱᠥᠵᠢ ᠠᠷᠪᠠᠨ | ᠬᠤᠶᠠᠳᠣᠭᠠᠷ ᠬᠤᠭᠤᠴᠠᠭᠠᠨ ᠤ ᠪᠥᠬᠦ ᠣᠯᠣᠰ ᠤᠨ ᠠᠷᠠᠳ ᠤᠨ ᠲᠥᠯᠥᠬᠡᠯᠡᠭᠴᠢᠳ ᠤᠨ ᠭᠤᠷᠪᠠᠳᠣᠭᠠᠷ ᠣᠳᠠᠭᠠᠨ ᠤ | ᠬᠤᠷᠠᠯᠳᠣᠭᠠᠨ ᠤ ᠠᠷᠠᠳ ᠤᠨ ᠴᠢᠯᠥᠬᠡᠯᠡᠬᠦ ᠴᠡᠷᠢᠭ ᠤᠨ ᠲᠥᠯᠥᠬᠡᠯᠡᠭᠴᠢᠳ ᠤᠨ ᠪᠥᠯᠬᠦᠮ ᠤᠨ ᠪᠦᠬᠦ ᠬᠡᠰᠢᠬᠦᠳ ᠤᠨ | ᠬᠤᠷᠠᠯ ᠳᠤ ᠣᠷᠣᠯᠴᠠᠬᠤ ᠳᠤ ᠪᠠᠨ ᠳᠣᠷᠠᠳᠣᠭᠰᠠᠨ ᠨᠢ᠂ ᠴᠡᠷᠢᠭ ᠠᠷᠠᠳ ᠣᠶᠠᠯᠳᠣᠨ ᠬᠥᠭᠵᠢᠬᠦ ᠪᠠᠶᠢᠯᠳᠣᠬᠤ | ᠪᠣᠳᠣᠯᠭ᠎ᠠ ᠶᠢ ᠬᠥᠨᠵᠡᠬᠡᠢ ᠬᠡᠷᠡᠭᠵᠢᠭᠦᠯᠵᠥ᠂ ᠠᠰᠠᠭᠤᠳᠠᠯ ᠤᠨ ᠣᠳᠣᠷᠢᠳᠣᠮᠵᠢ ᠶᠢ ᠪᠠᠷᠢᠮᠳᠠᠯᠠᠨ᠂ ᠪᠣᠳᠣᠯ ᠰᠡᠳᠬᠢᠴᠡ | ᠠᠷᠭ᠎ᠠ ᠪᠠᠷᠢᠯ ᠢ ᠠᠪᠴᠤ᠂ ᠣᠷᠬᠢᠯᠥᠮᠡ ᠬᠠᠯᠠᠭᠤᠨ ᠡᠭᠦᠷᠬᠡ ᠬᠠᠷᠢᠭᠤᠴᠠᠯᠭᠠᠳᠣ ᠣᠪᠣᠷ ᠢᠶᠠᠷ ᠠᠰᠠᠭᠤᠳᠠᠯ ᠢ | ᠰᠢᠢᠳᠪᠣᠷᠢᠯᠡᠬᠦ ᠶᠢ ᠠᠬᠢᠭᠤᠯᠣᠨ᠂ ᠠᠵᠣ ᠠᠬᠤᠢ ᠶᠢᠨ ᠪᠥᠳᠥᠬᠡᠨ ᠪᠠᠶᠢᠭᠤᠯᠣᠯᠳᠠ ᠪᠠ ᠣᠯᠣᠰ ᠤᠨ ᠪᠠᠳᠣᠯᠠᠨ | ᠬᠠᠮᠠᠭᠠᠯᠠᠯᠳᠠ ᠶᠢᠨ ᠪᠠᠶᠢᠭᠤᠯᠣᠯᠳᠠ ᠶᠢᠨ ᠬᠠᠷᠢᠴᠠᠭ᠎ᠠ ᠶᠢ ᠵᠥᠪ ᠪᠠᠷ ᠡᠵᠡᠮᠳᠡᠨ ᠰᠢᠢᠳᠪᠣᠷᠢᠯᠡᠵᠥ᠂ ᠬᠤᠶᠠᠭᠤᠯᠠ ᠶᠢ | ᠨᠢ ᠵᠣᠬᠢᠴᠠᠩᠭᠤᠢ᠂ ᠲᠡᠩᠴᠡᠭᠦᠷᠢᠲᠠᠢ᠂ ᠪᠠᠭᠳᠠᠭᠠᠮᠵᠢᠲᠠᠢ ᠬᠥᠭᠵᠢᠭᠦᠯᠥᠨ᠎ᠡ᠃ | 15. ︽ᠲᠠᠯᠪᠢᠬᠤ᠂ ᠬᠠᠮᠢᠶᠠᠷᠬᠤ᠂ ᠣᠶᠢᠯᠡᠴᠢᠯᠡᠬᠦ︾᠄ ︽ᠲᠠᠯᠪᠢᠬᠤ︾ ᠬᠡᠳᠡᠭ ᠨᠢ ᠵᠠᠰᠠᠭ ᠢᠶᠠᠨ ᠴᠣᠮᠬᠠᠳᠬᠠᠵᠣ | ᠡᠷᠬᠡ ᠪᠠᠨ ᠲᠠᠯᠪᠢᠨ᠂ ᠪᠠᠷᠢᠮᠵᠢᠶ᠎ᠠ ᠪᠠᠨ ᠲᠣᠷᠣᠭᠰᠢᠯᠠᠭᠤᠯᠣᠨ᠎ᠠ᠃ ︽ᠬᠠᠮᠢᠶᠠᠷᠬᠤ︾ ᠬᠡᠳᠡᠭ ᠨᠢ ᠲᠥᠪ ᠭᠤᠣᠯᠴᠢ | ᠪᠠᠷ ᠬᠢᠨᠠᠨ ᠬᠠᠮᠢᠶᠠᠷᠴᠥ᠂ ᠡᠷᠬᠡ ᠲᠡᠭᠰᠢ ᠥᠷᠢᠰᠥᠯᠳᠥᠬᠡᠨ ᠢ ᠠᠬᠢᠭᠤᠯᠣᠨ᠎ᠠ᠃ ︽ᠣᠶᠢᠯᠡᠴᠢᠯᠡᠬᠦ︾ ᠬᠡᠳᠡᠭ ᠨᠢ | ᠥᠨᠳᠥᠷ ᠪᠥᠳᠥᠮᠵᠢᠲᠠᠢ ᠪᠠᠷ ᠣᠶᠢᠯᠡᠴᠢᠯᠡᠨ᠂ ᠲᠥᠭᠦᠮ ᠲᠥᠳᠡ ᠣᠷᠴᠢᠨ ᠢ ᠪᠣᠢ ᠪᠣᠯᠭᠠᠨ᠎ᠠ᠃ | 16. ︽ᠥᠩᠬᠡᠷᠡᠬᠦ ᠭᠠᠯᠠᠭᠤᠨ ᠠᠴᠠ ᠥᠳᠥ ᠰᠣᠭᠤᠯᠬᠤ︾ ᠬᠡᠯᠪᠡᠷᠢ ᠶᠢᠨ ᠢᠯᠵᠡᠷᠡᠯ᠄ ᠪᠠᠭ᠎ᠠ ᠲᠣᠭᠠᠨ ᠤ | ᠥᠨᠳᠥᠰᠥᠨ ᠱᠠᠳᠣᠨ ᠤ ᠺᠠᠳ᠋ᠷᠴᠣᠳ ᠪᠡᠯᠡ ᠮᠥᠩᠬᠦ ᠶᠢ ᠬᠤᠪᠢᠶᠠᠷᠢᠯᠠᠬᠤ᠂ ᠬᠢᠨᠠᠨ ᠴᠣᠬᠤᠪᠣᠷᠢᠯᠠᠬᠤ ᠬᠢᠨᠠᠨ ᠰᠢᠯᠭᠠᠬᠤ | ᠲᠠᠯ᠎ᠠ ᠵᠢᠴᠢ ᠥᠨᠳᠥᠰᠥᠨ ᠱᠠᠳᠣᠨ ᠤ ᠬᠡᠷᠡᠭ ᠶᠠᠪᠣᠳᠠᠯ ᠤᠨ ᠬᠠᠮᠢᠶᠠᠷᠥᠯᠳᠠ ᠶᠢᠨ ᠶᠠᠪᠣᠴᠠ ᠳᠣᠮᠳᠠ᠂ ᠲᠣᠷ᠎ᠠ ᠪᠠᠷ | ᠡᠷᠬᠡ ᠪᠠᠨ ᠬᠡᠷᠡᠭᠯᠡᠵᠥ ᠠᠷᠠᠳ ᠤᠨ ᠥᠨᠳᠥᠰᠥᠨ ᠠᠰᠢᠭ ᠲᠣᠰᠠ ᠶᠢ ᠬᠤᠬᠢᠷᠠᠭᠤᠯᠣᠭᠰᠠᠨ ᠢᠯᠵᠢᠷᠠᠮᠡᠯ ᠤᠨ | ᠠᠵᠢᠯᠯᠠᠭ᠎ᠠ ᠶᠢ ᠬᠡᠯᠡᠨ᠎ᠡ᠃ | 17. ᠬᠠᠩᠭᠠᠯᠭ᠎ᠠ ᠶᠢᠨ ᠳᠠᠯ᠎ᠠ ᠶᠢᠨ ᠪᠦᠳᠦᠴᠠ ᠶᠢᠨ ᠴᠢᠨᠠᠷ ᠤᠨ ᠦᠭᠡᠷᠡᠴᠢᠯᠡᠯᠳᠡ᠄ ᠬᠠᠩᠭᠠᠯᠭ᠎ᠠ ᠶᠢᠨ ᠴᠢᠨᠠᠷ ᠢ | ᠳᠡᠭᠡᠭᠰᠢᠯᠡᠬᠦᠯᠬᠦ ᠠᠴᠠ ᠡᠬᠢᠯᠡᠬᠦᠯᠵᠤ᠂ ᠦᠬᠡᠷᠡᠴᠢᠯᠡᠯᠳᠡ ᠶᠢᠨ ᠠᠷᠭ᠎ᠠ ᠶᠢ ᠭᠡᠷᠡᠭᠯᠡᠨ ᠪᠦᠳᠦᠴᠠ ᠶᠢᠨ ᠳᠣᠬᠢᠷᠠᠭᠤᠯᠤᠯᠳᠠ | ᠶᠢ ᠠᠬᠢᠭᠤᠯᠵᠤ᠂ ᠡᠯᠧᠮᠧᠨ᠋ᠲ ᠶᠢ ᠵᠠᠯᠠᠷᠠᠭᠤᠯᠵᠤ᠂ ᠦᠷ᠎ᠡ ᠪᠦᠳᠦᠮᠵᠢᠳᠣ ᠬᠠᠩᠭᠠᠯᠭ᠎ᠠ ᠶᠢ ᠦᠷᠭᠡᠳᠭᠡᠨ᠂ ᠬᠠᠩᠭᠠᠯᠭ᠎ᠠ | ᠶᠢᠨ ᠪᠦᠳᠦᠴᠠ ᠨᠢ ᠭᠡᠷᠡᠭᠴᠡᠭᠡᠨ ᠤ ᠬᠤᠪᠢᠷᠠᠯᠳᠠ ᠶᠢᠨ ᠵᠤᠬᠢᠴᠠᠬᠤ ᠰᠢᠨᠵᠢ ᠪᠠ ᠠᠮᠢᠳᠣᠯᠢᠭ ᠰᠢᠨᠵᠢ ᠶᠢ | ᠳᠡᠭᠡᠭᠰᠢᠯᠡᠬᠦᠯᠵᠤ᠂ ᠪᠦᠬᠦ ᠡᠯᠧᠮᠧᠨ᠋ᠲ ᠤᠨ ᠦᠢᠯᠡᠳᠪᠦᠷᠢᠯᠡᠯ ᠤᠨ ᠨᠤᠷᠮ᠎ᠠ ᠶᠢ ᠳᠡᠭᠡᠭᠰᠢᠯᠡᠬᠦᠯᠵᠤ᠂ ᠦᠷᠭᠡᠨ ᠤᠯᠠᠨ | ᠠᠷᠠᠳ ᠲᠦᠮᠡᠨ ᠤ ᠱᠠᠭᠠᠷᠳᠠᠯᠭ᠎ᠠ ᠶᠢ ᠨᠡᠩ ᠰᠠᠶᠢᠨ ᠢᠶᠠᠷ ᠬᠠᠩᠭᠠᠨ ᠠᠵᠤ ᠠᠬᠤᠢ ᠨᠡᠶᠢᠭᠡᠮ ᠤᠨ ᠦᠷᠬᠦᠯᠵᠢᠯᠡᠨ | ᠡᠷᠡᠬᠦᠯ ᠢᠶᠠᠷ ᠬᠦᠭᠵᠢᠬᠦ ᠶᠢ ᠠᠬᠢᠭᠤᠯᠤᠨ᠎ᠠ᠃ ᠬᠠᠩᠭᠠᠯᠭ᠎ᠠ ᠶᠢᠨ ᠳᠠᠯ᠎ᠠ ᠶᠢᠨ ᠪᠦᠳᠦᠴᠠ ᠶᠢᠨ ᠴᠢᠨᠠᠷ ᠤᠨ | ᠦᠭᠡᠷᠡᠴᠢᠯᠡᠯᠳᠡ ᠶᠢᠨ ᠦᠨᠳᠦᠰᠣᠨ ᠬᠠᠷᠠᠯᠳᠠ ᠨᠢ ᠨᠡᠶᠢᠭᠡᠮ ᠤᠨ ᠦᠢᠯᠡᠳᠪᠦᠷᠢᠯᠡᠯ ᠤᠨ ᠬᠢᠷᠢ ᠲᠦᠪᠰᠢᠨ ᠢ | ᠳᠡᠭᠡᠭᠰᠢᠯᠡᠬᠦᠯᠵᠤ᠂ ᠠᠷᠠᠳ ᠲᠦᠮᠡᠨ ᠢᠶᠠᠷ ᠭᠤᠤᠯ ᠪᠤᠯᠭᠠᠭᠰᠠᠨ ᠬᠦᠭᠵᠢᠯᠳᠠ ᠶᠢᠨ ᠦᠵᠡᠯ ᠰᠠᠨᠠᠭ᠎ᠠ ᠶᠢ | ᠨᠠᠶᠢᠳᠠᠪᠦᠷᠢᠵᠢᠭᠤᠯᠤᠨ᠎ᠠ᠃ | 18. ︽ ᠳᠠᠪᠤ ᠶᠢ ᠨᠢᠭᠡ ᠴᠣᠭᠴᠠᠵᠢᠭᠤᠯᠬᠤ︾ ᠶᠡᠷᠤᠩᠭᠡᠢ ᠪᠠᠶᠢᠷᠢᠰᠢᠭᠤᠯᠤᠯᠳᠠ᠄ ᠠᠵᠤ ᠠᠬᠤᠢ ᠶᠢᠨ ᠪᠦᠳᠦᠭᠡᠨ | ᠪᠠᠶᠢᠭᠤᠯᠤᠯᠳᠠ᠂ ᠣᠯᠣᠰ ᠲᠦᠷᠤ ᠶᠢᠨ ᠪᠠᠶᠢᠭᠤᠯᠤᠯᠳᠠ᠂ ᠰᠣᠶᠣᠯ ᠤᠨ ᠪᠠᠶᠢᠭᠤᠯᠤᠯᠳᠠ᠂ ᠨᠡᠶᠢᠭᠡᠮ ᠤᠨ | ᠪᠠᠶᠢᠭᠤᠯᠤᠯᠳᠠ᠂ ᠠᠮᠢ ᠠᠬᠤᠢ ᠶᠢᠨ ᠪᠤᠯᠪᠠᠰᠣᠨ ᠤ ᠪᠠᠶᠢᠭᠤᠯᠤᠯᠳᠠ ᠪᠤᠯᠤᠨ᠎ᠠ᠃ | 19. ︽ᠳᠦᠷᠪᠡᠨ ᠪᠦᠬᠦ ᠳᠠᠯ᠎ᠠ︾ ᠶᠢᠨ ᠪᠠᠶᠢᠯᠳᠣᠬᠤ ᠪᠣᠳᠣᠯᠭ᠎ᠠ ᠶᠢᠨ ᠪᠠᠶᠢᠷᠢᠰᠢᠭᠤᠯᠤᠯᠳᠠ᠄ ᠴᠢᠨᠡᠭᠡᠯᠢᠭ ᠨᠡᠶᠢᠭᠡᠮ ᠢ | ᠪᠦᠬᠦ ᠳᠠᠯ᠎ᠠ ᠪᠠᠷ ᠪᠦᠳᠦᠭᠡᠨ ᠪᠠᠶᠢᠭᠤᠯᠬᠤ᠂ ᠦᠭᠡᠷᠡᠴᠢᠯᠠᠯᠳᠠ ᠶᠢ ᠪᠦᠬᠦ ᠳᠠᠯ᠎ᠠ ᠪᠠᠷ ᠬᠦᠨᠵᠡᠭᠡᠶᠢᠷᠡᠬᠦᠯᠬᠦ᠂ ᠪᠦᠬᠦ ᠳᠠᠯ᠎ᠠ | ᠪᠠᠷ ᠬᠠᠤᠯᠢ ᠶᠤᠰᠣᠭᠠᠷ ᠣᠯᠣᠰ ᠢᠶᠠᠨ ᠵᠠᠰᠠᠬᠤ᠂ ᠨᠠᠮ ᠢ ᠪᠦᠬᠦ ᠳᠠᠯ᠎ᠠ ᠪᠠᠷ ᠴᠢᠩᠭ᠎ᠠ ᠵᠠᠰᠠᠨ᠎ᠠ᠃ | 20. ︽ᠭᠤᠷᠪᠠᠨ ᠬᠤᠷᠢᠭ᠎ᠠ ᠱᠣᠭᠤᠮ︾᠄ ᠳᠣᠮᠳᠠᠳᠣ ᠣᠯᠣᠰ ᠤᠨ ᠡᠪ ᠬᠠᠮᠳᠣ ᠨᠠᠮ ᠤᠨ ᠥᠪᠣᠷ ᠮᠣᠩᠭᠤᠯ ᠤᠨ | ᠥᠪᠡᠷᠳᠡᠬᠡᠨ ᠵᠠᠰᠠᠬᠤ ᠣᠷᠣᠨ ᠤ ᠠᠷᠪᠠᠳᠣᠭᠠᠷ ᠣᠳᠠᠭᠠᠨ ᠤ ᠲᠥᠯᠥᠬᠡᠯᠡᠭᠴᠢᠳ ᠤᠨ ᠶᠡᠭᠡ ᠬᠤᠷᠠᠯ ᠳᠡᠬᠡᠷ᠎ᠡ᠂ ᠥᠪᠣᠷ | ᠮᠣᠩᠭᠤᠯ ᠤᠨ ᠥᠪᠡᠷᠳᠡᠬᠡᠨ ᠵᠠᠰᠠᠬᠤ ᠣᠷᠣᠨ ᠤ ᠨᠠᠮ ᠤᠨ ᠬᠤᠷᠢᠶ᠎ᠠ ᠠᠴᠠ ᠭᠤᠷᠪᠠᠨ ᠬᠤᠷᠢᠭ᠎ᠠ ᠱᠣᠭᠤᠮ ᠢ ᠡᠷᠡᠰ | ᠰᠠᠬᠢᠬᠤ ᠶᠢ ᠳᠣᠷᠠᠳᠣᠪᠠ᠃ ᠬᠥᠭᠵᠢᠯᠳᠡ ᠶᠢᠨ ᠬᠤᠷᠢᠭ᠎ᠠ ᠱᠣᠭᠤᠮ᠂ ᠠᠮᠢ ᠠᠬᠤᠢ ᠶᠢᠨ ᠬᠤᠷᠢᠭ᠎ᠠ ᠱᠣᠭᠤᠮ᠂ | ᠠᠷᠠᠳ ᠤᠨ ᠠᠮᠢᠳᠣᠷᠠᠯ ᠤᠨ ᠬᠤᠷᠢᠭ᠎ᠠ ᠱᠣᠭᠤᠮ ᠢ ᠰᠠᠬᠢᠨ᠎ᠠ᠃ | 21. ᠣᠷᠣᠨ ᠠᠯᠤᠰᠯᠠᠭᠰᠠᠨ ᠠᠵᠤ ᠠᠬᠤᠶ᠄ ᠬᠤᠶᠠᠷ ᠤᠤᠯ ᠤᠨ ᠳᠤᠰᠭᠠᠷ ᠢᠶᠠᠨ ᠤᠷᠤᠰᠢᠵᠤ᠂ ᠠᠵᠤ ᠠᠬᠤᠢ ᠶᠢᠨ | ᠬᠦᠭᠵᠢᠯᠳᠡ ᠵᠦᠷᠢᠶ᠎ᠡ ᠲᠠᠢ ᠵᠠᠰᠠᠭ ᠵᠠᠬᠢᠷᠭᠠᠨ ᠤ ᠣᠷᠣᠨ ᠨᠢ ᠬᠤᠪᠢᠶᠠᠷᠢᠯᠠᠯ ᠤᠨ ᠬᠢᠵᠠᠭᠠᠷᠯᠠᠯ ᠢ ᠡᠪᠳᠡᠵᠦ᠂ ᠨᠢᠭᠡ | ᠭᠠᠵᠠᠷ ᠣᠷᠣᠨ ᠤ ᠪᠡᠯᠡ ᠮᠥᠩᠭᠦ ᠪᠣᠯᠤᠨ ᠲᠥᠷᠥᠯ ᠵᠦᠢᠯ ᠢ ᠥᠭᠡᠷ᠎ᠡ ᠨᠢᠭᠡ ᠭᠠᠵᠠᠷ ᠣᠷᠣᠨ ᠳᠤ ᠠᠪᠠᠴᠢᠵᠤ | ᠪᠦᠲᠦᠭᠡᠨ ᠪᠠᠶᠢᠭᠤᠯᠬᠤ ᠶᠢ ᠵᠢᠭᠠᠵᠤ ᠪᠠᠶᠢᠨ᠎ᠠ᠃ ᠲᠥᠯᠥᠪᠵᠢᠭᠦᠯᠬᠦ ᠂ ᠪᠦᠲᠦᠭᠡᠨ ᠪᠠᠶᠢᠭᠤᠯᠬᠤ᠂ ᠬᠠᠮᠢᠶᠠᠷᠬᠤ ᠬᠢᠭᠡᠳ | ᠭᠠᠶᠢᠯᠢ ᠲᠠᠲᠠᠪᠤᠷᠢ ᠶᠢᠨ ᠬᠤᠪᠢᠶᠠᠷᠢᠯᠠᠯᠲᠠ ᠵᠡᠷᠭᠡ ᠬᠠᠮᠲᠤᠷᠠᠯᠴᠠᠭᠠᠨ ᠤ ᠲᠣᠭᠲᠠᠴᠠ ᠪᠠᠷ᠂ ᠬᠤᠶᠠᠷ ᠭᠠᠵᠠᠷ ᠤᠨ ᠡᠬᠢ | ᠪᠠᠶᠠᠯᠢᠭ ᠢᠶᠠᠨ ᠬᠠᠷᠢᠯᠴᠠᠨ ᠨᠥᠬᠦᠪᠥᠷᠢᠯᠡᠬᠦ᠂ ᠬᠠᠷᠢᠯᠴᠠᠨ ᠠᠰᠢᠭᠲᠠᠶ ᠬᠠᠮᠲᠤ ᠪᠠᠷ ᠠᠰᠢᠭ ᠬᠦᠷᠲᠡᠬᠦ ᠨᠢᠭᠡ ᠵᠦᠢᠯ ᠤᠨ | ᠣᠷᠣᠨ ᠪᠦᠰᠡ ᠶᠢᠨ ᠠᠵᠤ ᠠᠬᠤᠶ ᠶᠢᠨ ᠬᠠᠮᠲᠤᠷᠠᠯᠴᠠᠭ᠎ᠠ ᠶᠢᠨ ᠵᠠᠭᠪᠤᠷ ᠢ ᠬᠡᠯᠡᠵᠦ ᠪᠠᠶᠢᠨ᠎ᠠ᠃ | 22. ︽ᠰᠠᠨᠰᠠᠷ ᠠᠴᠠ ᠣᠶᠢᠷ᠎ᠠ ᠣᠷᠣᠨ ᠵᠠᠢ︾᠄ ᠭᠠᠵᠠᠷ ᠤᠨ ᠭᠠᠳᠠᠷᠭᠤ ᠠᠴᠠ 20~100 ᠺᠢᠯᠣᠮᠧᠲᠷ ᠠᠭᠠᠷ | ᠤᠨ ᠣᠷᠣᠨ ᠢ ᠬᠡᠯᠡᠨ᠎ᠡ᠃ ᠡᠨᠡᠬᠦ ᠣᠷᠣᠨ ᠵᠠᠢ ᠶᠢᠨ ᠴᠢᠬᠤᠯᠠ ᠨᠡᠬᠡᠬᠡᠨ ᠠᠰᠢᠭᠯᠠᠬᠤ ᠥᠷᠳᠡᠭ ᠠᠴᠠ | ᠰᠢᠯᠳᠠᠭᠯᠠᠭᠳᠠᠵᠣ᠂ ᠣᠯᠠᠨ ᠣᠯᠣᠰ ᠤᠨ ᠬᠥᠷᠢᠶ᠎ᠡ ᠴᠠᠷ᠎ᠠ ᠳᠤ ᠥᠷᠬᠡᠨ ᠳᠡᠯᠬᠡᠷ ᠠᠩᠬᠠᠷᠣᠯ ᠢ ᠳᠠᠳᠠᠪᠠ᠃ | 23. ᠭᠤᠷᠪᠠ ᠶᠢ ᠪᠠᠭᠤᠷᠠᠭᠤᠯᠵᠤ ᠨᠢᠭᠡ ᠶᠢ ᠳᠣᠷᠣᠭᠰᠢᠯᠠᠭᠤᠯᠵᠤ ᠨᠢᠭᠡ ᠶᠢ ᠨᠥᠬᠦᠪᠦᠷᠢᠯᠡᠬᠦ᠄ ᠲᠤᠬᠠᠶᠢᠯᠠᠪᠠᠯ | ᠦᠯᠡᠭᠦᠳᠡᠭᠰᠡᠨ ᠦᠢᠯᠡᠳᠪᠦᠷᠢᠯᠡᠯ ᠤᠨ ᠴᠢᠳᠠᠪᠬᠢ ᠶᠢ ᠬᠠᠰᠤᠵᠤ᠂ ᠬᠥᠮᠥᠷᠭᠡ ᠶᠢᠨ ᠬᠠᠳᠠᠭᠠᠯᠠᠯᠲᠠ ᠶᠢ ᠪᠠᠭᠤᠷᠠᠭᠤᠯᠬᠤ᠂ | ᠬᠦᠰᠢᠬᠦᠷᠭᠡ ᠶᠢᠨ ᠵᠦᠢᠯᠡᠰ ᠢ ᠴᠥᠭᠡᠳᠬᠡᠬᠦ᠂ ᠥᠪᠡᠷ ᠤᠨ ᠦᠷᠲᠡᠭ ᠢ ᠳᠣᠷᠣᠭᠰᠢᠯᠠᠭᠤᠯᠬᠤ᠂ ᠳᠤᠲᠠᠭᠤᠳᠠᠯ ᠢ | ᠨᠥᠬᠦᠪᠥᠷᠢᠯᠡᠬᠦ ᠵᠡᠷᠭᠡ ᠪᠤᠯᠤᠨ᠎ᠠ᠃ | 24. ᠭᠤᠷᠪᠡᠳᠡᠬᠢ ᠳᠦᠷᠦᠯ ᠤᠨ ᠬᠤᠪᠢᠴᠠᠭᠠᠨ ᠤ ᠵᠠᠬ᠎ᠠ ᠄ ᠪᠦᠬᠦ ᠤᠯᠤᠰ ᠤᠨ ᠳᠤᠮᠳᠠ ᠪᠠᠭ᠎ᠠ ᠠᠵᠤ | ᠠᠬᠤᠶᠢᠯᠠᠯ ᠤᠨ ᠬᠤᠪᠢᠴᠠᠭ᠎ᠠ ᠶᠢ ᠰᠢᠯᠵᠢᠭᠦᠯᠬᠦ ᠰᠢᠰᠲ᠋ᠧᠮ᠂ ᠱᠠᠩᠬᠠᠢ ᠶᠢᠨ ᠰᠲ᠋ᠣᠺ ᠰᠣᠯᠢᠯᠴᠠᠬᠤ ᠭᠠᠵᠠᠷ᠂ | ᠱᠧᠨᠵᠧᠨ ᠤ ᠰᠲ᠋ᠣᠺ ᠤᠨ ᠰᠣᠯᠢᠯᠴᠠᠭᠠᠨ ᠤ ᠭᠠᠵᠠᠷ ᠤᠨ ᠲᠠᠷᠠᠭ᠎ᠠ ᠲᠥᠷᠥ ᠤᠨ ᠶᠠᠪᠤᠳᠠᠯ ᠤᠨ ᠬᠤᠷᠢᠶᠠᠨ ᠠᠴᠠ | ᠵᠥᠪᠰᠢᠶᠡᠷᠡᠨ ᠪᠠᠶᠢᠭᠤᠯᠤᠭᠰᠠᠨ ᠭᠤᠷᠪᠠᠳᠤᠭᠠᠷ ᠰᠲ᠋ᠣᠺ ᠤᠨ ᠰᠣᠯᠢᠯᠴᠠᠭ᠎ᠠ ᠶᠢᠨ ᠭᠠᠵᠠᠷ᠃ ᠭᠤᠣᠯᠳᠠᠭᠤ ᠰᠲ᠋ᠣᠺ ᠢᠶᠠᠨ | ᠵᠠᠬ᠎ᠠ ᠳᠡᠯᠭᠡᠭᠦᠷ ᠲᠤ ᠭᠠᠷᠭᠠᠭ᠎ᠠ ᠦᠭᠡᠢ ᠺᠣᠮᠫᠠᠨᠢ ᠶᠢᠨ ᠬᠤᠪᠢᠴᠠᠭ᠎ᠠ ᠶᠢ ᠢᠯᠡ ᠪᠠᠷ ᠰᠢᠯᠵᠢᠭᠦᠯᠬᠦ ᠪᠣᠯᠣᠨ | ᠴᠢᠭᠯᠡᠭᠦᠯᠦᠨ ᠲᠠᠷᠬᠠᠭᠠᠬᠤ ᠪᠠᠷ ᠭᠤᠣᠯᠯᠠᠵᠤ᠂ ᠳᠤᠮᠳᠠ ᠪᠠᠭ᠎ᠠ ᠠᠵᠤ ᠠᠬᠤᠶᠢᠯᠠᠯ ᠳᠤ ᠨᠡᠭᠡᠭᠡᠭᠰᠡᠨ ᠮᠥᠩᠭᠦᠨ | ᠭᠦᠢᠯᠭᠡᠭᠡ ᠶᠢᠨ ᠳᠠᠪᠴᠠᠩ ᠪᠣᠯᠣᠨ᠎ᠠ᠃ | 25. ᠪᠦᠰᠠ ᠶᠢᠨ ᠬᠤᠪᠢᠴᠠᠭ᠎ᠠ ᠶᠢᠨ ᠵᠠᠬ᠎ᠠ᠄ ᠣᠨᠴᠠᠭᠠᠢ ᠪᠦᠰᠡ ᠨᠤᠲᠤᠭ ᠤᠨ ᠠᠵᠤ ᠠᠬᠤᠶᠢᠯᠠᠯ ᠳᠤ | ᠬᠤᠪᠢᠴᠠᠭ᠎ᠠ ᠶᠢᠨ ᠡᠷᠬᠡ᠂ ᠰᠲ᠋ᠣᠺ ᠤᠨ ᠰᠢᠯᠵᠢᠭᠦᠯᠬᠦ ᠪᠣᠯᠣᠨ ᠪᠡᠯᠡ ᠬᠤᠷᠠᠮᠳᠤᠯᠭ᠎ᠠ ᠶᠢᠨ ᠬᠤᠷᠠᠮᠳᠤᠭᠤᠯᠤᠭᠰᠠᠨ ᠵᠠᠬ᠎ᠠ | ᠳᠡᠯᠭᠡᠭᠡᠷᠡᠢ᠂ ᠮᠠᠨ ᠤ ᠤᠯᠤᠰ ᠤᠨ ᠥᠷᠥᠩᠭᠡ ᠶᠢᠨ ᠵᠠᠬ᠎ᠠ ᠳᠡᠯᠭᠡᠬᠦᠷ ᠤᠨ ᠴᠢᠬᠤᠯᠠ ᠪᠦᠲᠦᠴᠡ᠃ ᠠᠵᠤ | ᠠᠬᠤᠶᠢᠯᠠᠯ ᠢ ᠠᠬᠢᠭᠤᠯᠬᠤ᠂ ᠣᠨᠴᠠᠭᠠᠶᠢᠯᠠᠨ ᠳᠤᠮᠳᠠ ᠪᠠᠭ᠎ᠠ ᠵᠢᠵᠢᠭ ᠠᠵᠤ ᠠᠬᠤᠶᠢᠯᠠᠯ ᠤᠨ ᠬᠤᠪᠢᠴᠠᠭ᠎ᠠ ᠶᠢᠨ | ᠰᠣᠯᠢᠯᠴᠠᠭ᠎ᠠ᠂ ᠪᠡᠯᠡ ᠬᠤᠷᠠᠮᠳᠤᠭᠤᠯᠬᠤ ᠶᠢ ᠠᠬᠢᠭᠤᠯᠬᠤ᠂ ᠰᠢᠨᠵᠢᠯᠡᠭᠡ ᠮᠡᠷᠭᠡᠵᠢᠯ ᠤᠨ ᠰᠢᠨ᠎ᠡ ᠶᠢ ᠡᠭᠦᠳᠬᠦ ᠶᠢ | ᠵᠣᠷᠢᠭᠵᠢᠭᠤᠯᠬᠤ ᠪᠣᠯᠣᠨ ᠠᠷᠠᠳ ᠤᠨ ᠬᠥᠷᠥᠩᠭᠡ ᠶᠢ ᠢᠳᠡᠪᠬᠢᠵᠢᠭᠦᠯᠬᠦ᠂ ᠪᠣᠲᠠᠲᠤ ᠠᠵᠤ ᠠᠬᠤᠢ ᠶᠢᠨ ᠪᠠᠭᠤᠷᠠᠢ | ᠲᠠᠯ᠎ᠠ ᠶᠢ ᠳᠡᠮᠵᠢᠬᠦ ᠶᠢ ᠴᠢᠩᠭᠠᠳᠬᠠᠬᠤ ᠢᠳᠡᠪᠬᠢᠲᠡᠢ ᠦᠢᠯᠡᠳᠦᠯ ᠲᠠᠢ ᠪᠠᠶᠢᠳᠠᠭ᠃ | 26. ᠬᠥᠳᠡᠭᠡ ᠲᠤᠰᠬᠤᠨ ᠢ ᠰᠡᠷᠭᠦᠭᠡᠨ ᠬᠥᠭᠵᠢᠭᠦᠯᠬᠦ ᠪᠠᠶᠢᠯᠳᠤᠬᠤ ᠪᠣᠳᠣᠯᠭ᠎ᠠ᠄ ᠨᠠᠮ ᠤᠨ ᠠᠷᠪᠠᠨ ᠶᠢᠰᠦᠳᠦᠭᠡᠷ | ᠬᠤᠷᠠᠯ ᠠᠴᠠ ᠳᠤᠷᠠᠳᠤᠨ ᠭᠠᠷᠭᠠᠭᠰᠠᠨ ᠳᠣᠯᠣᠭᠠᠨ ᠪᠠᠶᠢᠯᠳᠤᠬᠤ ᠪᠤᠳᠣᠯᠭ᠎ᠠ ᠶᠢᠨ ᠨᠢᠭᠡ ᠨᠢ ᠪᠣᠯᠣᠨ᠎ᠠ᠂ ᠵᠣᠷᠢᠯᠭ᠎ᠠ ᠨᠢ | ᠬᠥᠳᠡᠭᠡ ᠲᠤᠰᠬᠤᠨ ᠮᠠᠯᠵᠢᠬᠤ ᠣᠷᠣᠨ ᠤ ᠬᠥᠭᠵᠢᠯᠲᠡ ᠪᠣᠯᠣᠨ ᠪᠠᠳᠠᠷᠠᠨ ᠴᠡᠴᠡᠭᠯᠡᠯᠲᠡ ᠶᠢ ᠠᠬᠢᠭᠤᠯᠵᠤ᠂ | ᠴᠢᠨᠡᠭᠡᠯᠢᠭ ᠨᠡᠶᠢᠭᠡᠮ ᠢ ᠪᠦᠬᠦ ᠲᠠᠯ᠎ᠠ ᠪᠠᠷ ᠪᠡᠶᠡᠯᠡᠭᠦᠯᠬᠦ ᠶᠢᠨ ᠴᠢᠬᠤᠯᠠ ᠵᠠᠩᠭᠢᠯᠠᠭ᠎ᠠ ᠪᠣᠯᠣᠨ᠎ᠠ᠃ | 27. ᠭᠤᠷᠪᠠᠨ ᠡᠷᠬᠡ ᠶᠢ ᠲᠤᠰᠠᠭᠠᠷᠯᠠᠬᠤ᠄ ᠨᠤᠲᠤᠭ ᠪᠡᠯᠴᠢᠭᠡᠷ ᠤᠨ ᠥᠮᠴᠢ ᠶᠢᠨ ᠡᠷᠬᠡ᠂ ᠳᠠᠭᠠᠭᠠᠴᠢᠯᠠᠯᠲᠠ ᠶᠢᠨ | ᠡᠷᠬᠡ᠂ ᠡᠵᠡᠩᠨᠡᠯᠲᠡ ᠶᠢᠨ ᠡᠷᠬᠡ ᠶᠢ ᠲᠤᠰᠠᠭᠠᠷᠯᠠᠨ ᠰᠠᠯᠭᠠᠬᠤ᠃ | 28. ᠲᠠᠷᠢᠶᠠᠨ ᠭᠠᠵᠠᠷ ᠤᠨ ᠶᠡᠷᠦᠩᠬᠡᠢ ᠴᠣᠭᠴᠠ᠄ ᠠᠵᠤ ᠦᠢᠯᠡᠰ ᠢ ᠶᠡᠷᠦᠩᠬᠡᠶᠢᠯᠡᠨ ᠬᠥᠭᠵᠢᠭᠦᠯᠬᠦ ᠪᠣᠯᠣᠨ ᠬᠥᠳᠡᠭᠡ | ᠲᠤᠰᠬᠤᠨ ᠤ ᠬᠥᠷᠥᠩᠭᠡ ᠶᠢ ᠠᠰᠢᠭᠯᠠᠵᠤ᠂ ᠤᠳᠤᠬᠤᠢ ᠬᠥᠳᠡᠭᠡ ᠲᠤᠰᠬᠤᠨ ᠤ ᠬᠥᠭᠵᠢᠯᠲᠡ ᠶᠢᠨ ᠲᠥᠯᠥᠭᠡᠯᠡᠬᠦ | ᠰᠢᠪᠲᠤᠯᠤᠯᠲᠠ ᠶᠢᠨ ᠤᠬᠠᠮᠰᠠᠷ ᠤᠨ ᠬᠡᠯᠪᠡᠷᠢ᠃ | 29. ᠲᠠᠷᠢᠶᠠᠯᠠᠩ ᠤᠨ ᠦᠢᠯᠡᠰ ᠤᠨ ᠤᠰᠤᠨ ᠤ ᠦᠨ᠎ᠡ ᠶᠢᠨ ᠶᠡᠷᠦᠩᠬᠡᠶᠢᠯᠡᠭᠰᠡᠨ ᠥᠭᠡᠷᠡᠴᠢᠯᠡᠯᠲᠡ ᠄ ᠤᠯᠤᠰ ᠤᠨ | ᠤᠰᠣᠨ ᠤ ᠶᠠᠪᠤᠳᠠᠯ ᠤᠨ ᠶᠠᠮᠤᠨ᠂ ᠥᠭᠡᠷᠡᠴᠢᠯᠡᠯᠲᠡ ᠨᠡᠭᠡᠭᠡᠯᠲᠡ ᠶᠢᠨ ᠵᠥᠪᠯᠡᠯ᠂ ᠡᠳ᠋ ᠤᠨ ᠵᠠᠰᠠᠭ ᠤᠨ ᠶᠠᠮᠤᠨ ᠠᠴᠠ | ᠨᠢᠬᠡᠳᠦᠯᠳᠡᠢ ᠳᠤᠷᠠᠳᠴᠤ᠂ ᠤᠰᠤ ᠠᠷᠪᠢᠯᠠᠬᠤ ᠶᠢ ᠳᠤᠪᠤᠶᠢᠯᠠᠭᠠᠨ᠂ ᠭᠤᠷᠪᠠᠨ ᠲᠠᠯ᠎ᠠ ᠶᠢᠨ ᠡᠭᠦᠷᠭᠡ ᠶᠢ | ᠭᠦᠢᠴᠡᠳᠬᠡᠨ᠎ᠡ᠃ ᠨᠢᠭᠡ ᠳᠤ᠂ ᠲᠠᠷᠢᠶᠠᠴᠢᠨ ᠤ ᠤᠰᠤ ᠬᠡᠷᠡᠭᠯᠡᠬᠦ ᠶᠢᠨ ᠥᠪᠡᠷᠲᠡᠭᠡᠨ ᠬᠠᠮᠢᠶᠠᠷᠴᠤ᠂ ᠲᠠᠷᠢᠶᠠᠯᠠᠩ ᠤᠨ | ᠬᠡᠷᠡᠭᠯᠡᠭᠡᠨ ᠤ ᠤᠰᠤᠨ ᠤ ᠬᠠᠮᠢᠶᠠᠷᠤᠯᠲᠠ ᠶᠢᠨ ᠪᠦᠲᠦᠴᠠ ᠶᠢ ᠰᠢᠨᠡᠴᠢᠯᠡᠨ᠎ᠡ᠃ ᠬᠤᠶᠠᠷ ᠲᠤ ᠢᠨᠵᠧᠨᠧᠷᠢᠩ ᠤᠨ | ᠲᠥᠬᠦᠭᠡᠷᠦᠮᠵᠢ ᠶᠢᠨ ᠥᠭᠡᠷᠡᠴᠢᠯᠡᠯᠲᠡ ᠶᠢ ᠴᠢᠩᠭᠠᠳᠬᠠᠵᠤ᠂ ᠲᠠᠷᠢᠶᠠᠯᠠᠩ ᠤᠨ ᠤᠰᠤᠨ ᠤ ᠢᠨᠵᠧᠨᠧᠷᠢᠩ ᠢ | ᠲᠡᠭᠦᠯᠳᠡᠷᠵᠢᠭᠦᠯᠦᠨ᠎ᠡ᠃ ᠭᠤᠷᠪᠠ ᠳᠤ᠂ ᠲᠠᠷᠢᠶᠠᠯᠠᠩ ᠤᠨ ᠦᠢᠯᠡᠰ ᠤᠨ ᠤᠰᠤᠨ ᠤ ᠦᠨ᠎ᠡ ᠶᠢᠨ ᠥᠭᠡᠷᠡᠴᠢᠯᠡᠯᠲᠡ ᠶᠢ | ᠬᠦᠨᠵᠡᠬᠡᠶᠢᠷᠡᠬᠦᠯᠵᠤ᠂ ᠰᠢᠨᠵᠢᠯᠡᠬᠦ ᠤᠬᠠᠭᠠᠨᠴᠢ ᠵᠣᠬᠢᠰᠲᠠᠢ ᠤᠰᠤᠨ ᠤ ᠦᠨ᠎ᠡ ᠶᠢᠨ ᠳᠦᠷᠢᠮ ᠢ ᠪᠠᠶᠢᠭᠤᠯᠤᠨ᠎ᠠ᠃ | 30.ᠲᠡᠳᠬᠦᠨ ᠪᠠᠲᠤᠯᠠᠬᠤ ᠵᠢᠭᠡᠯᠡᠯᠭᠡ᠄ ᠤᠷᠤᠨ ᠨᠤᠲᠤᠭ ᠤᠨ ᠵᠠᠰᠠᠭ ᠤᠨ ᠣᠷᠳᠤᠨ ᠪᠣᠯᠣᠨ ᠪᠠᠩᠬᠢ ᠶᠢᠨ | ᠬᠠᠮᠳᠤᠷᠠᠨ ᠰᠢᠯᠢᠨ ᠲᠣᠭᠲᠠᠭᠠᠭᠰᠠᠨ ᠳᠤᠮᠳᠠ ᠪᠠᠭ᠎ᠠ ᠠᠵᠤ ᠠᠬᠤᠶᠢᠯᠠᠯ ᠢᠶᠠᠷ ᠪᠦᠷᠢᠯᠳᠦᠭᠰᠡᠨ ᠴᠣᠭᠴᠠ᠂ | ᠵᠠᠰᠠᠭ ᠤᠨ ᠲᠦᠭᠰᠢᠭᠦᠷᠢ ᠶᠢᠨ ᠨᠥᠬᠦᠪᠦᠷᠢ ᠬᠥᠷᠥᠩᠭᠡ ᠪᠣᠯᠣᠨ ᠠᠵᠤ ᠠᠬᠤᠶᠢᠯᠠᠯ ᠤᠨ ᠲᠤᠰᠢᠶᠠᠭᠰᠠᠨ ᠲᠡᠳᠬᠦᠨ | ᠪᠠᠲᠤᠯᠠᠬᠤ ᠪᠡᠯᠡ ᠮᠥᠩᠭᠦ ᠪᠠᠷ ᠲᠦᠭᠰᠢᠭᠦᠷᠢ ᠶᠢ ᠬᠥᠩᠭᠡᠷᠡᠭᠦᠯᠬᠦ ᠰᠠᠭᠤᠷᠢ ᠮᠦᠩᠬᠦ ᠶᠢ ᠪᠠᠶᠢᠭᠤᠯᠵᠤ᠂ ᠳᠦᠭᠰᠢᠬᠦᠷᠢ ᠶᠢ | ᠠᠷᠭᠠᠴᠠᠭᠠᠬᠤ ᠬᠡᠯᠪᠡᠷᠢ ᠶᠢᠨ ᠢᠲᠡᠭᠡᠮᠵᠢ ᠶᠢᠨ ᠵᠢᠭᠡᠯᠡᠯᠭᠡ᠃ | 31. ᠬᠥᠪᠰᠥᠭᠡᠷ ᠬᠤᠲᠠ ᠄ ᠪᠠᠷᠢᠯᠭ᠎ᠠ ᠶᠢᠨ ᠪᠦᠳᠦᠭᠡᠠ ᠪᠠᠶᠢᠭᠤᠯᠤᠯᠲᠠ ᠶᠢᠨ ᠠᠷᠭ᠎ᠠ ᠪᠠᠷ ᠳᠠᠮᠵᠢᠨ᠂ ᠪᠣᠷᠣᠭᠠᠨ | ᠣᠷᠣᠬᠤ ᠳᠤ ᠤᠰᠤ ᠰᠢᠩᠭᠡᠭᠡᠵᠦ᠂ ᠤᠰᠤ ᠬᠠᠳᠠᠭᠠᠯᠠᠵᠤ᠂ ᠤᠰᠤ ᠨᠡᠪᠴᠢᠭᠦᠯᠵᠦ᠂ ᠤᠰᠤ ᠴᠡᠪᠡᠷᠰᠢᠭᠦᠯᠵᠦ᠂ | ᠴᠢᠬᠤᠯᠠᠲᠠᠶ ᠦᠶᠡᠰ ᠲᠤ ᠬᠠᠳᠠᠭᠠᠯᠠᠭᠰᠠᠨ ᠤᠰᠤ ᠪᠠᠨ ᠭᠠᠷᠭᠠᠨ ᠠᠰᠢᠭᠯᠠᠬᠤ᠂ ᠬᠤᠳᠠ ᠪᠠᠯᠭᠠᠰᠤ ᠨᠢ ᠣᠷᠴᠢᠨ | ᠲᠣᠭᠤᠷᠢᠨ ᠤ ᠬᠤᠪᠢᠷᠠᠯᠲᠠ ᠳᠤ ᠵᠣᠬᠢᠴᠠᠬᠤ ᠪᠠ ᠪᠣᠷᠤᠭᠠᠨ ᠠᠴᠠ ᠪᠣᠯᠣᠭᠰᠠᠨ ᠪᠠᠶᠢᠭᠠᠯᠢ ᠶᠢᠨ ᠭᠠᠮᠰᠢᠭ ᠵᠡᠷᠭᠡ | ᠲᠠᠯ᠎ᠠ ᠶᠢ ᠠᠷᠭᠠᠴᠠᠬᠤ ᠳᠤ ᠨᠡᠩ ᠰᠠᠶᠢᠨ ︽ᠬᠥᠪᠰᠥᠭᠡᠷ ᠴᠢᠨᠠᠷ︾ ᠲᠠᠢ ᠪᠠᠶᠢᠳᠠᠭ᠃ | 32. ︽ᠵᠣᠷᠯᠣᠩ ᠤᠨ ᠰᠢᠨᠡᠴᠢᠯᠡᠯᠲᠡ︾᠄ ᠤᠯᠤᠰ ᠤᠨ ᠵᠢᠭᠤᠯᠴᠢᠯᠠᠯ ᠤᠨ ᠲᠣᠪᠴᠢᠶ᠎ᠠ 2015 ᠣᠨ ᠠᠴᠠ | ᠡᠬᠢᠯᠡᠵᠦ ᠪᠦᠬᠦ ᠤᠯᠤᠰ ᠤᠨ ᠬᠡᠪᠴᠢᠶᠡᠨ ᠳᠤ ᠵᠢᠭᠤᠯᠴᠢᠯᠠᠯ ᠤᠨ ᠵᠣᠷᠯᠣᠩ ᠤᠨ ᠪᠦᠲᠦᠭᠡᠨ ᠪᠠᠶᠢᠭᠤᠯᠤᠯᠲᠠ ᠪᠣᠯᠣᠨ | ᠬᠠᠮᠢᠶᠠᠷᠤᠯᠲᠠ ᠶᠢ ᠶᠠᠪᠤᠭᠤᠯᠵᠤ᠂3 ᠵᠢᠯ ᠤᠨ ᠳᠣᠲᠣᠷ᠎ᠠ ᠵᠢᠭᠤᠯᠴᠢᠯᠠᠯ ᠤᠨ ᠵᠣᠷᠯᠣᠩ ᠤᠨ ᠴᠥᠭᠡᠨ᠂ ᠠᠷᠢᠭᠤᠨ | ᠴᠡᠪᠡᠷ ᠤᠨ ᠴᠢᠨᠰᠠᠭ᠎ᠠ ᠮᠠᠭᠤ ᠪᠣᠯᠣᠨ ᠬᠠᠮᠢᠶᠠᠷᠤᠯᠲᠠ ᠬᠦᠷᠦᠯᠴᠡᠬᠦ ᠦᠭᠡᠢ ᠠᠰᠠᠭᠤᠳᠠᠯ ᠢ ᠰᠢᠢᠳᠪᠦᠷᠢᠯᠡᠨ᠎ᠡ᠃ | 33. ᠣᠶᠤᠨᠲᠦ ᠬᠤᠳᠠ᠄ ᠡᠯ᠎ᠡ ᠰᠢᠰᠲ᠋ᠧᠮ᠂ ᠡᠯ᠎ᠡ ᠠᠵᠢᠯ ᠲᠥᠷᠥᠯ᠂ ᠡᠯ᠎ᠡ ᠰᠠᠯᠠᠭ᠎ᠠ ᠮᠥᠴᠢᠷ ᠤᠨ ᠰᠠᠭᠤᠷᠢ ᠲᠤᠭ᠎ᠠ | ᠪᠠᠷᠢᠮᠲᠠ ᠶᠢ ᠰᠤᠷᠠᠭ ᠵᠠᠩᠭᠢ ᠪᠠ ᠮᠡᠳᠡᠭᠡ ᠬᠤᠯᠪᠣᠭᠠᠨ ᠤ ᠮᠡᠷᠭᠡᠵᠢᠯ ᠢᠶᠠᠷ ᠳᠠᠮᠵᠢᠨ᠂ ᠬᠤᠳᠠ ᠶᠢᠨ ᠬᠠᠮᠢᠶᠠᠷᠤᠯᠲᠠ᠂ | ᠠᠷᠠᠳ ᠤᠨ ᠠᠮᠢᠳᠤᠷᠠᠯ ᠤᠨ ᠦᠢᠯᠡᠴᠢᠯᠡᠭᠡ᠂ ᠣᠷᠴᠢᠨ ᠲᠣᠭᠤᠷᠢᠨ ᠢ ᠬᠠᠮᠠᠭᠠᠯᠠᠬᠤ᠂ ᠤᠯᠠᠨ ᠨᠡᠶᠢᠲᠡ ᠶᠢᠨ ᠠᠮᠤᠷ | ᠲᠦᠪᠰᠢᠨ᠂ ᠦᠢᠯᠡᠳᠪᠦᠷᠢ ᠬᠤᠳᠠᠯᠳᠤᠭᠠᠨ ᠤ ᠠᠵᠢᠯᠯᠠᠭ᠎ᠠ ᠵᠡᠷᠭᠡ ᠡᠯ᠎ᠡ ᠬᠦᠷᠢᠶᠡᠨ ᠳᠤ ᠬᠡᠷᠡᠭᠯᠡᠵᠦ᠂ ᠥᠨᠳᠥᠷ | ᠪᠦᠲᠦᠮᠵᠢᠲᠡᠶ᠂ ᠠᠷᠠᠳ ᠲᠤ ᠳᠥᠭᠦᠮ ᠦᠵᠡᠭᠦᠯᠬᠦ ᠣᠶᠣᠨᠴᠢ ᠦᠢᠯᠡᠴᠢᠯᠡᠭᠡ ᠬᠠᠩᠭᠠᠬᠤ᠃ | 34. ︽ᠤᠶᠤᠨᠳᠤ ᠨᠡᠶᠢᠭᠡᠮ ᠲᠣᠭᠤᠷᠢᠭ︾᠄ ᠪᠤᠳᠠᠰ ᠤᠨ ᠬᠤᠯᠪᠤᠭᠠᠨ ᠤ ᠰᠦᠯᠵᠢᠶ᠎ᠡ᠂ ᠡᠬᠦᠯᠡᠨ ᠪᠤᠳᠤᠯᠳᠠ᠂ | ᠨᠡᠬᠦᠳᠡᠯ ᠬᠤᠯᠪᠤᠭ᠎ᠠ ᠵᠡᠷᠬᠡ ᠰᠢᠨ᠎ᠡ ᠴᠢᠮᠡᠭᠡ ᠲᠧᠭᠨᠢᠭ ᠢ ᠬᠦᠢᠴᠡᠳ ᠳᠦᠪᠯᠡᠷᠡᠬᠦᠯᠦᠨ ᠬᠡᠷᠡᠭᠯᠡᠵᠤ᠂ ᠴᠢᠮᠡᠭᠡ | ᠵᠠᠩᠬᠢᠵᠢᠭᠰᠡᠨ᠂ ᠤᠶᠤᠨᠵᠢᠭᠰᠠᠨ ᠨᠡᠶᠢᠬᠡᠮ ᠤᠨ ᠬᠠᠮᠢᠶᠠᠷᠤᠯᠳᠠ ᠪᠠ ᠦᠢᠯᠡᠴᠢᠯᠡᠬᠡᠨ ᠤ ᠨᠢᠬᠡ ᠵᠦᠢᠯ ᠤᠨ ᠰᠢᠨ᠎ᠡ | ᠬᠠᠮᠢᠶᠠᠷᠤᠯᠳᠠ ᠶᠢᠨ ᠬᠡᠯᠪᠡᠷᠢ ᠲᠠᠢ ᠨᠡᠶᠢᠬᠡᠮ ᠳᠤᠭᠤᠷᠢᠭ ᠢ ᠵᠢᠭᠠᠨ᠎ᠠ᠃ | 35. ᠨᠡᠬᠦᠷᠡᠰᠦᠳᠦ᠋ᠷᠦᠭᠴᠢᠳᠤ ᠰᠤᠯᠢᠯᠴᠠᠭ᠎ᠠ᠄ ᠬᠦᠭᠵᠢᠭᠰᠡᠨ ᠤᠯᠤᠰ ᠠᠴᠠ ᠬᠦᠭᠵᠢᠵᠤ ᠪᠠᠶᠢᠭ᠎ᠠ ᠤᠯᠤᠰ ᠠᠴᠠ | ᠨᠡᠬᠦᠷᠡᠰᠦᠳᠦ᠋ᠷᠦᠭᠴᠢ ᠭᠠᠳᠠᠭᠰᠢᠯᠠᠭᠤᠯᠬᠤ ᠵᠢᠭᠠᠯᠳᠠ ᠳᠤᠭ᠎ᠠ ᠶᠢ ᠬᠤᠳᠠᠯᠳᠤᠨ ᠠᠪᠬᠤ ᠶᠢ ᠵᠢᠭᠠᠨ᠎ᠠ᠃ ᠳᠠᠷᠤᠢ ᠵᠠᠬ᠎ᠠ | ᠳᠡᠯᠬᠡᠬᠦᠷ ᠤᠨ ᠳᠤᠭᠳᠠᠯᠴᠠᠭ᠎ᠠ ᠪᠠᠷ ᠳᠠᠮᠵᠢᠨ ᠤᠢ ᠰᠢᠭᠤᠢ ᠶᠢᠨ ᠠᠮᠢ ᠠᠬᠤᠢ ᠶᠢᠨ ᠦᠷᠳᠡᠭ ᠤᠨ ᠨᠦᠬᠦᠪᠦᠷᠢ ᠶᠢ | ᠪᠡᠶᠡᠯᠡᠬᠦᠯᠬᠦ ᠨᠢᠬᠡᠨ ᠪᠦᠳᠦᠮᠵᠢᠳᠡᠢ ᠠᠷᠭ᠎ᠠ ᠶᠢ ᠵᠢᠭᠠᠨ᠎ᠠ᠃ | 36. ᠬᠥᠬᠡᠬᠤᠲᠠ᠂ ᠪᠤᠭᠤᠲᠤ᠂ ᠢᠷᠭᠠᠢ᠂ ᠢᠤᠢ ᠯᠢᠨ ᠤ ᠠᠵᠤ ᠠᠬᠤᠢ ᠶᠢᠨ ᠪᠦᠰᠡ᠄ ᠥᠪᠥᠷ ᠮᠣᠩᠭᠤᠯ ᠤᠨ | ᠥᠪᠡᠷᠲᠡᠭᠡᠨ ᠵᠠᠰᠠᠬᠤ ᠣᠷᠣᠨ ᠤ ᠬᠥᠬᠡᠬᠤᠲᠠ᠂ ᠪᠤᠭᠤᠲᠤ᠂ ᠣᠷᠳᠣᠰ᠂ ᠪᠠᠶᠠᠨᠨᠠᠭᠤᠷ᠂ ᠦᠬᠠᠢ᠂ ᠡᠷᠢᠶᠡᠨ ᠬᠤᠳᠠ᠂ | ᠤᠯᠠᠭᠠᠨᠴᠠᠪ ᠤᠨ ᠵᠢᠨᠢᠩ᠂ ᠵᠦᠸᠧᠽᠢ ᠰᠢᠶᠠᠨ᠂ ᠯᠢᠶᠠᠩᠴᠧᠩ ᠰᠢᠶᠠᠨ᠂ ᠹᠧᠩᠵᠧᠨ ᠰᠢᠶᠠᠨ᠂ ᠴᠠᠬᠠᠷ ᠪᠠᠷᠠᠭᠤᠨ | ᠭᠠᠷᠤᠨ ᠡᠮᠦᠨᠡᠲᠦ ᠬᠤᠰᠢᠭᠤ᠂ ᠠᠯᠠᠱᠠ ᠠᠶᠢᠮᠠᠭ ᠤᠨ ᠠᠯᠱᠠ ᠵᠡᠭᠦᠨ ᠬᠤᠰᠢᠭᠤ᠂ ᠨᠢᠩᠰᠢᠶᠠ ᠶᠢᠨ ᠬᠤᠲᠣᠩ | ᠦᠨᠳᠦᠰᠦᠲᠡᠨ ᠤ ᠥᠪᠡᠷᠲᠡᠭᠡᠨ ᠵᠠᠰᠠᠬᠤ ᠣᠷᠣᠨ ᠤ ᠢᠷᠭᠠᠢ᠂ ᠱᠢ ᠽᠦᠢ ᠱᠠᠨ᠂ ᠡᠤ ᠵᠥᠩ᠂ ᠳᠡᠷᠡᠰᠦᠨ ᠤ ᠱᠠ | ᠫᠥᠸ᠋ ᠲᠸᠦ ᠪᠣᠯᠣᠨ ᠵᠦᠩ ᠨᠢᠩ ᠰᠢᠶᠠᠨ᠂ ᠱᠠᠨᠰᠢ ᠮᠤᠵᠢ ᠶᠢᠨ ᠢᠤᠢ ᠯᠢᠨ ᠵᠡᠷᠭᠡ ᠬᠤᠲᠠ ᠪᠠᠷ ᠪᠦᠷᠢᠯᠳᠦᠭᠰᠡᠨ | ᠠᠵᠤ ᠠᠬᠤᠢ ᠶᠢᠨ ᠪᠦᠰᠡ᠃ | 37. ᠭᠠᠨᠰᠤ᠂ ᠯᠢᠶᠠᠨ ᠶᠦᠨ ᠭᠠᠩ᠂ ᠯᠠᠨᠵᠧᠦ᠂ ᠰᠢᠨᠵᠢᠶᠠᠩ ᠤᠨ ᠠᠵᠤ ᠠᠬᠤᠢ ᠶᠢᠨ ᠪᠦᠰᠡ᠄ ᠭᠠᠨᠰᠤ᠂ ᠯᠢᠶᠠᠨ | ᠶᠦᠨ ᠭᠠᠩ᠂ ᠯᠠᠨᠵᠧᠦ᠂ ᠰᠢᠨᠵᠢᠶᠠᠩ ᠤᠨ ᠲᠡᠮᠦᠷ ᠵᠠᠮ ᠢᠶᠠᠷ ᠬᠤᠯᠪᠣᠭᠠᠰᠤ ᠪᠣᠯᠭᠠᠵᠤ᠂ ᠱᠤᠭᠤᠮ ᠤᠨ ᠳᠠᠭᠠᠤ ᠭᠤᠣᠯ | ᠬᠤᠲᠠ ᠪᠠᠷ ᠲᠦᠰᠢᠭ ᠪᠣᠯᠭᠠᠵᠤ᠂ ᠵᠡᠭᠦᠨ ᠪᠠᠷᠠᠭᠤᠨ ᠳᠠᠯᠠᠢ ᠬᠠᠭᠤᠷᠠᠢ ᠶᠢᠨ ᠪᠣᠭᠤᠮᠲᠠ ᠶᠢ ᠭᠠᠳᠠᠭᠠᠳᠤ ᠲᠠᠢ | ᠴᠢᠯᠦᠭᠡᠲᠡᠢ ᠶᠠᠪᠤᠯᠴᠠᠬᠤ ︽ᠴᠣᠩᠬᠤᠪᠴᠢ ︾ ᠪᠣᠯᠭᠠᠨ᠂ ᠰᠢᠨ᠎ᠡ ᠠᠽᠢᠶ᠎ᠠ ᠡᠸᠦ᠋ᠷᠦᠫᠡ ᠶᠢᠨ ᠡᠬᠡ ᠬᠠᠭᠤᠷᠠᠢ ᠶᠢ | ᠬᠤᠯᠪᠣᠬᠤ ᠬᠥᠭᠦᠷᠭᠡ ᠳᠤ ᠲᠦᠰᠢᠭᠯᠡᠨ᠂ ᠭᠠᠨᠰᠤ᠂ ᠯᠢᠶᠠᠨ ᠶᠦᠨ ᠭᠠᠩ᠂ ᠯᠠᠨᠵᠧᠦ᠂ ᠰᠢᠨᠵᠢᠶᠠᠩ ᠤᠨ ᠡᠯ᠎ᠡ ᠬᠤᠲᠠ | ᠭᠠᠵᠠᠷ ᠣᠷᠣᠨ ᠢᠶᠠᠷ ᠪᠦᠷᠢᠯᠳᠦᠭᠰᠡᠨ ᠠᠵᠤ ᠠᠬᠤᠢ ᠶᠢᠨ ᠪᠦᠰᠡ ᠶᠢ ᠵᠢᠭᠠᠨ᠎ᠠ᠃ | 38. ︽ᠬᠤᠶᠠᠷ ᠲᠤ ᠵᠤᠪᠠᠭ᠋ᠤ ᠦᠬᠡᠢ᠂ ᠭᠤᠷᠪᠠᠨ ᠪᠠᠳᠤᠯᠠᠭ᠎ᠠ︾ ᠬᠡᠳᠡᠭ ᠨᠢ ᠂ 2020 ᠤᠨ ᠪᠤᠯᠬᠤ ᠳᠤ | ᠬᠦᠳᠡᠭᠡ ᠳᠤᠰᠬᠤᠨ ᠤ ᠶᠠᠳᠠᠭᠤ ᠬᠦᠴᠢᠷᠳᠡᠯᠳᠡᠢ ᠬᠦᠮᠦᠨ ᠠᠮᠠ ᠶᠢᠨ ᠢᠳᠡᠬᠦ ᠪᠠ ᠡᠮᠦᠰᠬᠦ ᠳᠤ ᠵᠤᠪᠠᠭ᠋ᠤ ᠦᠬᠡᠢ | ᠪᠠᠶᠢᠬᠤ ᠪᠠ᠂ ᠠᠯᠪᠠᠨ ᠵᠢᠷᠤᠮ ᠤᠨ ᠰᠤᠷᠭᠠᠨ ᠬᠦᠮᠦᠵᠢᠯ᠂ ᠦᠨᠳᠦᠰᠦᠨ ᠡᠮ ᠡᠮᠨᠡᠯᠬᠡ᠂ ᠰᠠᠭᠤᠬᠤ ᠬᠡᠷ ᠤᠨ ᠠᠮᠤᠷ | ᠳᠦᠪᠰᠢᠨ ᠤ ᠪᠠᠳᠤᠯᠠᠭ᠎ᠠ ᠶᠢ ᠳᠤᠭᠳᠠᠭᠤᠨ ᠢᠶᠠᠷ ᠪᠡᠶᠡᠯᠡᠬᠦᠯᠬᠦ ᠶᠢ ᠵᠢᠭᠠᠨ᠎ᠠ᠃ | 39. ᠡᠮᠨᠡᠯᠬᠡ ᠶᠢᠨ ᠬᠤᠯᠪᠤᠭᠠᠯᠠᠯ ᠬᠡᠳᠡᠭ ᠨᠢ᠂ ᠪᠦᠰᠡ ᠨᠤᠳᠤᠭ ᠤᠨ ᠡᠮᠨᠡᠯᠬᠡ ᠶᠢᠨ ᠬᠤᠯᠪᠤᠭᠠᠯᠠᠯ ᠢ ᠵᠢᠭᠠᠨ᠎ᠠ᠃ | ᠳᠠᠷᠤᠢ ᠠᠳᠠᠯᠢ ᠨᠢᠬᠡᠨ ᠪᠦᠰᠡ ᠨᠤᠳᠤᠭ ᠲᠠᠬᠢ ᠡᠮ ᠡᠮᠨᠡᠯᠬᠡ ᠶᠢᠨ ᠡᠬᠢ ᠪᠠᠶᠠᠯᠢᠭ ᠢ ᠨᠢᠬᠡᠳᠬᠡᠨ᠂ ᠭᠤᠷᠪᠠᠳᠤᠭᠠᠷ | ᠳᠡᠰ ᠤᠨ ᠡᠮᠨᠡᠯᠬᠡ ᠶᠢᠨ ᠬᠤᠷᠢᠶ᠎ᠠ᠂ ᠬᠤᠶᠠᠳᠤᠭᠠᠷ ᠳᠡᠰ ᠤᠨ ᠡᠮᠨᠡᠯᠬᠡ ᠶᠢᠨ ᠬᠤᠷᠢᠶ᠎ᠠ᠂ ᠨᠡᠶᠢᠬᠡᠮ ᠳᠤᠭᠤᠷᠢᠭ ᠤᠨ ᠪᠠ | ᠬᠦᠳᠡᠭᠡ ᠳᠤᠰᠬᠤᠨ ᠤ ᠡᠮᠨᠡᠯᠬᠡ ᠶᠢᠨ ᠬᠤᠷᠢᠶ᠎ᠠ ᠪᠠᠷ ᠪᠦᠷᠢᠯᠳᠦᠭᠰᠡᠨ ᠡᠮ ᠡᠮᠨᠡᠯᠬᠡ ᠶᠢᠨ ᠬᠤᠯᠪᠤᠭᠠᠯᠠᠯ ᠢ ᠵᠢᠭᠠᠨ᠎ᠠ᠃ | 40. ᠡᠮᠨᠡᠯᠬᠡ ᠶᠢᠨ ᠬᠠᠮᠳᠤᠷᠠᠯ ᠬᠡᠳᠡᠭ ᠨᠢ ᠡᠮ ᠡᠮᠨᠡᠯᠬᠡ ᠶᠢᠨ ᠦᠢᠯᠡᠴᠢᠯᠡᠬᠡᠨ ᠤ ᠬᠠᠮᠳᠤᠷᠠᠯ ᠤᠨ ᠳᠦᠬᠦᠮ | ᠨᠡᠷᠡᠶᠢᠳᠦᠯ ᠪᠤᠯᠤᠨ᠎ᠠ᠃ ᠪᠦᠰᠡ ᠨᠤᠳᠤᠭ ᠤᠨ ᠡᠮ ᠡᠮᠨᠡᠯᠬᠡ ᠶᠢᠨ ᠡᠬᠢ ᠪᠠᠶᠠᠯᠢᠭ ᠢ ᠤᠯᠠᠮ ᠨᠢᠬᠡ ᠠᠯᠬᠤᠮ ᠨᠢᠬᠡᠳᠬᠡᠨ | ᠬᠠᠮᠳᠤᠪᠠᠷ ᠡᠳ᠋ᠯᠡᠬᠦ ᠶᠢ ᠵᠢᠭᠠᠵᠤ ᠪᠤᠢ᠃ ᠦᠨᠳᠦᠰᠦᠨ ᠡᠮ ᠮᠡᠨᠡᠯᠬᠡ ᠶᠢᠨ ᠦᠢᠯᠡᠴᠢᠯᠡᠬᠡᠨ ᠤ ᠴᠢᠳᠠᠪᠬᠢ ᠶᠢ | ᠪᠦᠳᠦᠮᠵᠢᠳᠡᠢ ᠳᠡᠬᠡᠭᠰᠢᠯᠡᠬᠦᠯᠵᠤ᠂ ᠠᠳᠠᠯᠢ ᠪᠤᠰᠤ ᠳᠡᠰ᠂ ᠠᠳᠠᠯᠢ ᠪᠤᠰᠤ ᠳᠦᠷᠦᠯ ᠤᠨ ᠡᠮ ᠡᠮᠨᠡᠯᠬᠡ ᠶᠢᠨ | ᠪᠠᠶᠢᠭᠤᠯᠤᠮᠵᠢ ᠬᠤᠭᠤᠷᠤᠨᠳᠤ ᠬᠠᠷᠠᠯᠳᠠ ᠪᠠ ᠡᠷᠬᠡ ᠡᠬᠦᠷᠬᠡ ᠪᠠᠨ ᠳᠤᠳᠤᠷᠬᠠᠶᠢᠯᠠᠵᠤ᠂ ᠠᠰᠢᠭ ᠳᠤᠰᠠ ᠪᠠ | ᠬᠠᠷᠢᠭᠤᠴᠠᠯᠭ᠎ᠠ ᠪᠠᠨ ᠬᠠᠮᠳᠤᠳᠬᠠᠨ᠂ ᠡᠪᠡᠳᠴᠢᠳᠡᠨ ᠳᠤ ᠦᠷᠬᠦᠯᠵᠢᠯᠡᠭᠰᠡᠨ ᠦᠢᠯᠡᠴᠢᠯᠡᠭᠡ ᠬᠠᠩᠭᠠᠵᠤ᠂ ᠦᠨᠳᠦᠰᠦᠨ | ᠱᠠᠳᠤᠨ ᠤ ᠠᠩᠬ᠎ᠠ ᠡᠮᠴᠢᠯᠡᠭᠡ᠂ ᠬᠤᠶᠠᠷ ᠳᠡᠰᠢ ᠰᠤᠯᠢᠵᠤ ᠡᠮᠴᠢᠯᠡᠬᠦ᠂ ᠪᠠᠴᠢᠮ ᠪᠠ ᠤᠳᠠᠭᠠᠨ ᠡᠪᠡᠳᠴᠢᠨ ᠢ ᠢᠯᠭᠠᠨ | ᠡᠮᠴᠢᠯᠡᠬᠦ᠂ ᠳᠡᠬᠡᠷ᠎ᠡ ᠳᠤᠤᠷ᠎ᠠ ᠬᠦᠳᠡᠯᠦᠩᠬᠦᠢ ᠡᠮᠴᠢᠯᠡᠬᠡᠨ ᠤ ᠬᠡᠯᠪᠡᠷᠢ ᠶᠢ ᠵᠢᠭᠠᠵᠤ ᠪᠠᠶᠢᠨ᠎ᠠ᠃ | 41. ︽ᠡᠮᠨᠡᠯᠬᠡ ᠨᠠᠰᠤᠵᠢᠯ ᠢ ᠤᠶᠠᠯᠳᠤᠭᠤᠯᠤᠭᠰᠠᠨ︾ ᠨᠠᠰᠤᠵᠢᠯ ᠤᠨ ᠦᠢᠯᠡᠴᠢᠯᠡᠭᠡ᠄ ᠡᠮ ᠡᠮᠨᠡᠯᠬᠡ ᠶᠢᠨ ᠡᠬᠢ | ᠪᠠᠶᠠᠯᠢᠭ ᠪᠠ ᠨᠠᠰᠤᠵᠢᠯ ᠤᠨ ᠡᠬᠢ ᠪᠠᠶᠠᠯᠢᠭ ᠢ ᠬᠠᠷᠢᠯᠴᠠᠨ ᠤᠶᠠᠯᠳᠤᠭᠤᠯᠵᠤ᠂ ᠡᠮ ᠡᠮᠨᠡᠯᠬᠡ᠂ ᠡᠷᠡᠬᠦᠯᠵᠢᠯ᠂ | ᠰᠤᠪᠢᠯᠠᠯᠳᠠ᠂ ᠨᠠᠰᠤᠵᠢᠯ ᠪᠠᠷ ᠨᠢᠬᠡ ᠴᠤᠭᠴᠠ ᠪᠤᠯᠭᠠᠨ᠂ ᠨᠡᠶᠢᠬᠡᠮ ᠤᠨ ᠡᠬᠢ ᠪᠠᠶᠠᠯᠢᠭ ᠢ ᠬᠠᠮᠤᠭ ᠶᠡᠭᠡ ᠬᠡᠮᠵᠢᠶᠡᠨ | ᠳᠤ ᠠᠰᠢᠭᠯᠠᠵᠤ᠂ ᠨᠠᠰᠤᠳᠠᠶᠢᠴᠤᠳ ᠤᠨ ᠡᠮ ᠡᠮᠨᠡᠯᠬᠡ ᠶᠢᠨ ᠪᠠᠳᠤᠯᠠᠭ᠎ᠠ ᠶᠢ ᠰᠠᠶᠢᠨ ᠬᠠᠩᠭᠠᠬᠤ ᠶᠢᠨ ᠳᠤᠰᠠᠳᠠ ᠡᠮ | ᠡᠮᠨᠡᠯᠬᠡ ᠶᠢᠨ ᠪᠠᠳᠤᠯᠠᠭ᠎ᠠ ᠲᠠᠢ ᠪᠠᠶᠢᠯᠭᠠᠨ᠎ᠠ᠃ | 42. ︽8+1︾ ᠨᠡᠶᠢᠬᠡᠮ ᠤᠨ ᠠᠪᠤᠷᠠᠨ ᠳᠤᠰᠠᠯᠠᠬᠤ ᠳᠤᠭᠳᠠᠯᠴᠠᠭ᠎ᠠ᠄ 8 ᠬᠡᠳᠡᠭ ᠨᠢ ᠬᠠᠮᠤᠭ ᠳᠤᠤᠷ᠎ᠠ | ᠪᠠᠳᠤᠯᠠᠭ᠎ᠠ᠂ ᠤᠨᠴᠠ ᠬᠦᠴᠢᠷᠳᠡᠯᠳᠡᠢ ᠬᠦᠮᠦᠰ᠂ ᠭᠠᠮᠰᠢᠭᠳᠠᠭᠰᠠᠨ ᠬᠦᠮᠦᠰ᠂ ᠡᠮ ᠡᠮᠨᠡᠯᠬᠡ᠂ ᠰᠤᠷᠭᠠᠨ ᠬᠦᠮᠦᠵᠢᠯ᠂ | ᠰᠠᠭᠤᠬᠤ ᠬᠡᠷ᠂ ᠠᠵᠢᠯ ᠤᠯᠭᠤᠯᠳᠠ᠂ ᠳᠦᠷ ᠴᠠᠭ ᠤᠨ ᠠᠪᠤᠷᠠᠨ ᠳᠤᠰᠠᠯᠠᠯᠳᠠ ᠶᠢ ᠵᠢᠭᠠᠨ᠎ᠠ᠃ 1 ᠬᠡᠳᠡᠭ ᠨᠢ | ᠨᠡᠶᠢᠬᠡᠮ ᠤᠨ ᠬᠦᠴᠦᠨ ᠤᠷᠤᠯᠴᠠᠭ᠎ᠠ ᠶᠢ ᠵᠢᠭᠠᠵᠤ ᠪᠤᠢ᠃ 8 ᠨᠢ ᠵᠠᠰᠠᠭ ᠤᠨ ᠤᠷᠳᠤᠨ ᠤ ᠠᠵᠢᠯᠯᠠᠭ᠎ᠠ᠂ 1 ᠨᠢ | ᠨᠡᠶᠢᠬᠡᠮ ᠤᠨ ᠠᠵᠢᠯᠯᠠᠭ᠎ᠠ᠂ ᠨᠡᠶᠢᠯᠡᠬᠡᠳ ᠮᠠᠨ ᠤ ᠤᠯᠤᠰ ᠤᠨ ᠨᠡᠶᠢᠬᠡᠮ ᠤᠨ ᠠᠪᠤᠷᠠᠨ ᠳᠤᠰᠠᠯᠠᠬᠤ ᠪᠦᠷᠢᠨ | ᠳᠤᠭᠳᠠᠯᠴᠠᠭ᠎ᠠ ᠶᠢ ᠪᠦᠷᠢᠯᠳᠦᠬᠦᠯᠦᠨ᠎ᠡ᠃. | 43. ᠨᠠᠢᠮᠠᠨ ᠴᠢᠳᠠᠪᠤᠷᠢ᠄ ᠪᠦᠬᠦ ᠲᠠᠯ᠎ᠠ ᠪᠠᠷ ᠲᠥᠷᠥ ᠪᠠᠷᠢᠬᠤ ᠴᠢᠳᠠᠪᠤᠷᠢ᠂ ᠤᠯᠤᠰ ᠲᠥᠷᠥ ᠪᠠᠷ ᠤᠳᠤᠷᠢᠳᠬᠤ | ᠴᠢᠳᠠᠪᠤᠷᠢ᠂ ᠥᠭᠡᠷᠡᠴᠢᠯᠡᠯᠲᠡ ᠬᠢᠵᠦ ᠰᠢᠨᠡᠴᠢᠯᠡᠬᠦ ᠴᠢᠳᠠᠪᠤᠷᠢ᠂ ᠰᠢᠨᠵᠢᠯᠡᠬᠦ ᠤᠬᠠᠭᠠᠨᠴᠢ ᠪᠠᠷ ᠬᠥᠭᠵᠢᠬᠦ ᠴᠢᠳᠠᠪᠤᠷᠢ᠂ | ᠬᠠᠤᠯᠢ ᠶᠢ ᠬᠡᠷᠡᠭᠵᠢᠭᠦᠯᠵᠦ ᠵᠠᠰᠠᠭ ᠪᠠᠷᠢᠬᠤ ᠴᠢᠳᠠᠪᠤᠷᠢ᠂ ᠣᠯᠠᠨ ᠲᠦᠮᠡᠨ ᠤ ᠠᠵᠢᠯ ᠤᠨ ᠴᠢᠳᠠᠪᠤᠷᠢ᠂ ᠴᠢᠩᠭ᠎ᠠ | ᠠᠳᠬᠤᠵᠤ ᠬᠡᠷᠡᠭᠵᠢᠭᠦᠯᠬᠦ ᠴᠢᠳᠠᠪᠤᠷᠢ ᠪᠣᠯᠣᠨ ᠠᠶᠤᠯ ᠲᠦᠭᠰᠢᠭᠦᠷᠢ ᠶᠢ ᠡᠵᠡᠮᠳᠡᠬᠦ ᠴᠢᠳᠠᠪᠤᠷᠢ᠃ | | | | |