ᠭᠡᠷ ᠤᠨ ᠡᠳ᠋ᠯᠡᠯ ᠤᠨ ᠵᠦᠢᠯ — ᠰᠠᠪᠬ᠎ᠠ ᠲᠠ᠊
ᠨᠡᠶᠢᠲᠡᠯᠡᠭᠰᠡᠨ ᠴᠠᠭ᠄
2021/1/22
ᠭᠡᠷ ᠤᠨ ᠡᠳ᠋ᠯᠡᠯ ᠤᠨ ᠵᠦᠢᠯ — ᠰᠠᠪᠬ᠎ᠠ ᠲᠠᠯᠪᠤᠷ᠄ ᠰᠠᠪᠬ᠎ᠠ ᠭᠡᠳᠡᠭ ᠨᠢ ᠠᠶᠠᠭ᠎ᠠ ᠰᠠᠪᠠ ᠲᠤᠲᠤᠷ᠎ᠠ ᠠᠴᠠ ᠶᠠᠭᠤᠮ᠎ᠠ ᠴᠢᠮᠬᠢᠵᠦ ᠠᠪᠬᠤ ᠳᠤ ᠬᠡᠷᠡᠭᠯᠡᠬᠦ ᠡᠳ᠋ᠯᠡᠮᠤᠰᠢ ᠪᠣᠯᠬᠤ ᠶᠤᠮ᠃ ᠡᠨᠡ ᠬᠦ ᠡᠳ᠋ᠯᠡᠮᠤᠰᠢ ᠶᠢ ᠳᠤᠷ᠎ᠠ ᠶᠢᠨ ᠨᠢᠭᠡ ᠨᠠᠷᠢᠨ ᠮᠣᠳᠤ ᠪᠠᠷ ᠲᠦᠭᠡ ᠬᠢᠷᠢ ᠲᠠᠢ ᠤᠷᠲᠤ ᠪᠠᠷ ᠬᠤᠶᠠᠷ ᠠᠩᠭᠢᠯᠠᠵᠤ ᠬᠢᠵᠦ ᠣᠷᠬᠢᠳᠠᠭ ᠪᠠ ᠨᠤᠭᠤᠭ᠎ᠠ ᠴᠠᠭ᠎ᠠ᠂ ᠱᠦᠯᠦ ᠲᠠᠢ ᠪᠤᠳᠠᠭ᠎ᠠ ᠢᠳᠡᠬᠦ ᠳᠤ ᠣᠯᠠᠨ ᠬᠡᠷᠡᠭᠯᠡᠳᠡᠭ᠃ ᠦᠩᠭᠡᠷᠡᠭᠰᠡᠨ ᠳᠤ ᠭᠠᠷ ᠲᠤ ᠬᠠᠷᠭᠤᠯᠳᠤᠭᠰᠠᠨ ᠮᠣᠳᠤ ᠪᠠᠷ ᠬᠢᠵᠦ ᠣᠷᠬᠢᠳᠠᠭ ᠪᠠᠶᠢᠭᠰᠠᠨ ᠪᠣᠯᠪᠠᠯ ᠣᠳᠤ ᠬᠠᠷᠢᠨ ᠪᠠᠽᠠᠷ ᠰᠠᠪᠬ᠎ᠠ ᠭᠠᠷᠴᠤ᠂ ᠲᠡᠮᠦᠷ᠂ ᠬᠤᠯᠤᠰᠤ᠂ ᠬᠤᠪᠠ᠂ ᠮᠣᠳᠤ ᠮᠡᠲᠦ ᠣᠯᠠᠨ ᠵᠦᠢᠯ ᠢᠶᠠᠷ ᠬᠢᠭᠰᠡᠨ ᠡᠯᠳᠡᠪ ᠶᠠᠩᠵᠦ ᠶᠢᠨ ᠰᠠᠪᠬ᠎ᠠ ᠣᠯᠠᠨ ᠪᠣᠯᠤᠭᠰᠠᠨ ᠪᠠᠶᠢᠳᠠᠭ᠃ ᠡᠨᠡ ᠡᠳ᠋ᠯᠡᠯ ᠢ ᠵᠠᠷᠢᠮ ᠭᠠᠵᠠᠷ ᠤᠨ ᠬᠦᠮᠦᠰ ︽ᠰᠠᠪᠬᠠᠳ︾ ᠭᠡᠵᠦ ᠨᠡᠷᠡᠯᠡᠳᠡᠭ᠃ ᠮᠠᠯᠴᠢᠨ ᠭᠠᠵᠠᠷ ᠤᠨ ᠤᠯᠤᠰ ᠪᠠᠲᠤ ᠪᠠᠬᠢ ᠶᠢ ᠨᠢ ᠪᠣᠳᠤᠯᠬᠢᠯᠠᠵᠤ ᠲᠠᠪᠢᠯᠬᠠᠢ ᠮᠣᠳᠤ ᠪᠠᠷ ᠰᠠᠪᠬ᠎ᠠ ᠬᠢᠵᠤ ᠵᠠᠷᠤᠬᠤ  ᠨᠢ ᠣᠯᠠᠨ ᠪᠠᠶᠢᠳᠠᠭ᠃ ᠲᠠᠪᠢᠯᠬᠠᠢ ᠮᠣᠳᠤᠨ ᠨᠢ ᠬᠠᠲᠠᠭᠤ ᠪᠣᠯᠳᠠᠭ ᠲᠤᠯᠠ ᠮᠢᠯᠠᠭ᠎ᠠ ᠶᠢᠨ ᠡᠰᠢ ᠴᠤ ᠬᠢᠳᠡᠭ ᠪᠠᠶᠢᠯ᠎ᠠ᠃ ᠲᠡᠪᠢᠯᠬᠠᠢ ᠪᠠᠷ ᠰᠠᠪᠬ᠎ᠠ ᠬᠢᠬᠦ ᠳᠡᠭᠡᠨ ᠤᠷᠢᠳ ᠢᠶᠠᠷ ᠨᠢᠭᠡ ᠲᠦᠭᠡ ᠬᠢᠷᠢᠲᠡᠢ ᠨᠠᠷᠢᠨ ᠲᠠᠪᠢᠯᠬᠠᠢ ᠬᠡᠷᠴᠢᠵᠦ ᠠᠪᠤᠭᠠᠳ ᠲᠡᠭᠦᠨ ᠤ ᠪᠠᠨ ᠭᠤᠷᠪᠠᠨ ᠤ ᠨᠢᠭᠡ ᠬᠡᠰᠡᠭ ᠤᠨ ᠲᠣᠷᠣᠰᠦ ᠶᠢ ᠬᠤᠰᠤᠵᠤ ᠬᠠᠶᠠᠳᠠᠭ ᠪᠠ ᠪᠠᠭ᠎ᠠ ᠰᠠᠭ᠎ᠠ ᠨᠠᠷᠢᠯᠠᠵᠤ ᠵᠣᠷᠤᠳᠠᠭ᠃ ᠲᠡᠭᠡᠭᠡᠳ ᠲᠡᠷᠡ ᠬᠦ ᠵᠣᠷᠤᠵᠤ ᠵᠠᠰᠠᠭᠰᠠᠨ ᠨᠠᠷᠢᠨ ᠲᠠᠯ᠎ᠠ ᠶᠢ ᠨᠢ ᠦᠵᠦᠭᠦᠷ ᠬᠢᠵᠤ᠂ ᠲᠤᠷᠤᠰᠤᠲᠠᠢ ᠲᠠᠯ᠎ᠠ ᠪᠠᠷ ᠨᠢ ᠪᠠᠷᠢᠭᠤᠯ ᠬᠢᠳᠡᠭ᠃ ᠦᠩᠭᠡᠷᠡᠭᠰᠡᠨ ᠳᠤ ᠪᠠᠶᠠᠨ ᠴᠢᠨᠡᠭᠡᠯᠢᠭ ᠤᠯᠤᠰ ︵ᠬᠦᠮᠦᠰ︶ ᠵᠠᠭᠠᠨ ᠤ ᠶᠠᠰᠤᠨ ᠰᠠᠪᠬ᠎ᠠ ᠪᠤᠶᠤ ᠮᠦᠩᠭᠦ ᠪᠠᠷ ᠴᠢᠮᠡᠭᠰᠡᠨ ᠲᠡᠮᠡᠭᠡᠨ ᠤ ᠶᠠᠰᠤᠨ ᠰᠠᠪᠬ᠎ᠠ ᠬᠡᠷᠡᠭᠯᠡᠳᠡᠭ ᠪᠠᠶᠢᠵᠡᠢ᠃ ᠵᠠᠭᠠᠨ ᠤ ᠶᠠᠰᠤᠨ ᠰᠠᠪᠬ᠎ᠠ ᠬᠡᠷᠡᠭᠯᠡᠬᠦ ᠶᠢᠨ ᠤᠴᠢᠷ ᠪᠣᠯᠪᠠᠯ ᠡᠶᠢᠮᠦ ᠰᠠᠪᠬ᠎ᠠ ᠶᠢ ᠬᠤᠣᠷ᠎ᠠ ᠲᠠᠢ ᠢᠳᠡᠭᠡᠨ ᠳᠤ ᠲᠦᠷᠦᠪᠡᠯ ᠬᠦᠬᠡᠷᠡᠵᠦ ᠮᠡᠳᠡᠭᠳᠡᠳᠡᠭ ᠶᠤᠮ ᠭᠡᠳᠡᠭ᠃ ᠡᠶᠢᠮᠦ ᠠᠴᠠ ᠬᠢᠲᠤᠭ᠎ᠠ ᠶᠢᠨ ᠭᠡᠷ ︵ᠬᠤᠢ︶ ᠲᠤ ᠵᠠᠭᠠᠨ ᠤ ᠰᠠᠪᠬ᠎ᠠ ᠵᠡᠭᠦᠵᠤ ᠶᠠᠪᠤᠳᠠᠭ ᠪᠠᠶᠢᠭᠰᠠᠨ ᠪᠠᠶᠢᠨ᠎ᠠ᠃ ᠶᠡᠷᠦ ᠶᠢᠨ ᠦᠶ᠎ᠡ ᠳᠤ ᠰᠠᠪᠬ᠎ᠠ ᠪᠠᠷ ᠬᠦᠮᠦᠨ ᠵᠢᠭᠠᠬᠤ᠂ ᠠᠮᠠᠨ ᠳᠠᠭᠠᠨ ᠰᠠᠪᠬ᠎ᠠ ᠵᠠᠭᠤᠵᠤ ᠰᠠᠭᠤᠬᠤ᠂ ᠰᠠᠪᠬ᠎ᠠ ᠪᠠᠷ ᠠᠶᠠᠭ᠎ᠠ ᠰᠠᠪᠠ ᠴᠣᠬᠢᠬᠤ᠂ ᠰᠠᠪᠬ᠎ᠠ ᠶᠢ ᠬᠤᠲᠤ ᠪᠤᠳᠠᠭᠠᠨ ᠲᠤᠲᠤᠷ᠎ᠠ ᠭᠤᠵᠤᠶᠢᠯᠭᠠᠵᠤ ᠲᠠᠯᠪᠢᠬᠤ᠂ ᠠᠳᠡ ᠲᠡᠨᠳᠡ ᠴᠦᠬᠡᠯᠳᠡᠬᠦ ︵ᠰᠢᠳᠡᠬᠦ︶ ᠮᠡᠲᠦ ᠦᠢᠯᠡ ᠶᠢ ᠴᠡᠭᠡᠷᠯᠡᠳᠡᠭ᠃ ᠲᠠᠯᠪᠤᠷ ︵ᠬᠠᠯᠪᠠᠭ᠎ᠠ︶ ᠨᠢ ᠬᠡᠯᠪᠡᠷᠢ ᠪᠠᠶᠢᠳᠠᠯ ᠤᠨ ᠲᠠᠯ᠎ᠠ ᠪᠠᠷ ᠮᠠᠯ ᠤᠨ ᠲᠠᠯᠤ ᠲᠠᠢ ᠠᠳᠠᠯᠢ ᠳᠠᠯᠪᠠᠭᠠᠷ ᠪᠠᠶᠢᠳᠠᠭ  ᠲᠤᠨᠢ ᠲᠡᠶᠢᠭᠡᠵᠦ ᠨᠡᠷᠡᠯᠡᠭᠰᠡᠨ ᠰᠢᠭ ᠪᠣᠳᠤᠭᠳᠠᠳᠠᠭ᠃ ᠡᠭᠦᠨ ᠢ ︽ᠬᠠᠯᠪᠠᠭ᠎ᠠ︾᠂ ︽ᠤᠬᠤᠭᠤᠷ︾᠂ ︽ᠬᠠᠰᠢᠭ︾ ᠂ ︽ᠬᠠᠯᠪᠠᠭᠤᠷ︾ ᠭᠡᠬᠦ ᠮᠡᠲᠦ ᠪᠠᠷ ᠨᠤᠲᠤᠭ ᠨᠤᠲᠤᠭ ᠲᠤ ᠠᠳᠠᠯᠢ ᠦᠭᠡᠢ ᠨᠡᠷᠡᠯᠡᠳᠡᠭ᠃ ᠡᠨᠡ ᠨᠢ ᠬᠤᠲᠤ ᠬᠤᠭᠤᠯᠠ ᠢᠳᠡᠬᠦ ᠳᠤ ᠪᠠ ᠡᠮ ᠲᠠᠩ᠂ ᠲᠠᠯᠬ᠎ᠠ ᠰᠦᠭ ︵ᠠᠮᠤ︶ ᠮᠡᠲᠦ ᠶᠠᠮᠠᠷ ᠨᠢᠭᠡᠨ ᠵᠦᠢᠯ ᠢ ᠬᠤᠳᠬᠤᠵᠤ ᠠᠪᠬᠤ ᠳᠤ ᠬᠡᠷᠡᠭᠯᠡᠳᠡᠭ ᠵᠦᠢᠯ ᠪᠣᠯᠬᠤ ᠶᠤᠮ᠃ ᠬᠢᠯᠭᠡᠭᠰᠡᠨ ᠮᠠᠲ᠋ᠧᠷᠢᠶᠠᠯ ᠳᠤᠨᠢ ᠦᠨᠳᠦᠰᠦᠯᠡᠵᠦ ︽ᠮᠣᠳᠤᠨ ᠲᠠᠯᠪᠤᠷ ︾᠂ ︽ᠲᠡᠮᠦᠷ ᠲᠠᠯᠪᠤᠷ︾᠂ ︽ᠵᠡᠰ ᠲᠠᠯᠪᠤᠷ︾᠂ ︽ᠮᠦᠩᠭᠦᠨ ᠲᠠᠯᠪᠤᠷ︾᠂ ︽ᠬᠤᠪᠠ ᠲᠠᠯᠪᠤᠷ︾ ᠭᠡᠬᠦ ᠮᠡᠲᠦ ᠪᠠᠷ ᠣᠯᠠᠨ ᠵᠦᠢᠯ ᠳᠤ ᠬᠤᠪᠢᠶᠠᠳᠠᠭ ᠪᠦᠭᠡᠳ ᠶᠡᠭᠡ ᠪᠠᠭ᠎ᠠ ᠶᠢᠨ ᠬᠤᠪᠢ ᠳᠤ ᠬᠠᠷᠢᠴᠠᠩᠭᠤᠢ ᠪᠠᠷ ︽ᠪᠦᠳᠦᠭᠦᠨ ᠲᠠᠯᠪᠤᠷ︾᠂ ︽ᠪᠢᠴᠢᠬᠠᠨ ᠲᠠᠯᠪᠤᠷ︾ ᠭᠡᠵᠦ ᠬᠤᠪᠢᠶᠠᠳᠠᠭ᠃ ᠡᠶᠢᠮᠦ ᠡᠳ᠋ᠯᠡᠮᠤᠰᠢ ᠶᠢ ᠠᠶᠠᠭ᠎ᠠ ᠲᠠᠪᠠᠭ ᠳᠣᠲᠤᠷ᠎ᠠ ᠠᠴᠠ ᠰᠢᠩᠭᠡᠨ ᠪᠡᠶᠡᠲᠦ ᠶᠠᠭᠤᠮ᠎ᠠ ᠶᠢ ᠠᠪᠴᠦ ᠢᠳᠡᠵᠦ᠂ ᠴᠠᠢ ᠳᠤ ᠲᠣᠰᠤ ᠲᠠᠯᠪᠢᠬᠤ᠂ ᠡᠮ ᠲᠠᠩ ᠤᠤᠭᠤᠬᠤ ᠳᠤ ᠪᠠ ᠰᠢᠨ᠎ᠡ ᠠᠴᠠ ᠬᠤᠲᠤ ᠬᠤᠭᠤᠯᠠ ᠪᠠᠨ ᠪᠠᠷᠢᠵᠤ ᠢᠳᠡᠵᠦ ᠪᠠᠶᠢᠬᠤ ᠪᠠᠭ᠎ᠠ ᠬᠦᠪᠡᠭᠦᠳ ᠬᠡᠷᠡᠭᠯᠡᠳᠡᠭ ᠶᠤᠮ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ︽ᠣᠶᠢᠷᠠᠳ ᠮᠣᠩᠭᠤᠯ ᠤᠨ ᠵᠠᠩ ᠦᠢᠯᠡ ᠶᠢᠨ ᠰᠤᠶᠤᠯ︾
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号