ᠰᠤᠷᠬᠤ ᠳᠤ ᠵᠤᠷᠢᠭᠤᠯᠤᠭᠰᠠᠨ ᠬᠤᠷᠢᠨ ᠰᠠᠨᠠᠭᠤᠯᠭ᠎ᠠ
ᠨᠡᠶᠢᠲᠡᠯᠡᠭᠰᠡᠨ ᠴᠠᠭ᠄
2021/10/11
1. ᠭᠠᠭᠴᠠᠭᠠᠷ ᠰᠠᠭᠤᠵᠤ ᠰᠤᠷᠤᠯᠴᠠᠪᠠᠯ ᠬᠠᠮᠤᠭ ᠰᠠᠶᠢᠨ᠃ ᠨᠠᠮ ᠵᠢᠮ ᠤᠷᠴᠢᠨ ᠲᠤᠭᠤᠷᠢᠨ ᠨᠢ ᠰᠤᠷᠤᠯᠴᠠᠯᠭ᠎ᠠ ᠶᠢᠨ ᠦᠷ᠎ᠡ ᠠᠰᠢᠭ ᠢ ᠲᠡᠭᠡᠭᠰᠢᠯᠡᠭᠦᠯᠭᠦ ᠳᠤ ᠲᠤᠰᠠ ᠦᠵᠡᠭᠦᠯᠦᠨ᠎ᠡ᠃ ᠭᠡᠷᠪᠡ ᠠᠩᠭᠢ ᠲᠤᠭᠤᠶᠢᠯᠠᠩ ᠳᠤ ᠬᠠᠮᠳᠤ ᠰᠤᠷᠤᠯᠴᠠᠪᠠᠯ ᠦᠪᠡᠷ ᠤᠨ ᠰᠤᠷᠤᠯᠴᠠᠬᠤ ᠲᠦᠯᠦᠪᠯᠡᠭᠡ ᠪᠠᠨ ᠭᠡᠷᠭᠢᠨ ᠪᠦᠳᠦᠮᠵᠢᠳᠠᠢ ᠲᠤᠭᠢᠷᠠᠭᠤᠯᠬᠤ ᠶᠢ ᠰᠤᠷᠬᠤ ᠭᠡᠷᠡᠭᠳᠡᠢ᠃ 2. ᠲᠤᠭᠳᠠᠭᠰᠠᠨ ᠰᠤᠷᠤᠯᠴᠠᠬᠤ ᠭᠠᠵᠠᠷ ᠲᠠᠢ ᠪᠠᠶᠢᠪᠠᠯ ᠰᠠᠶᠢᠨ᠃ ᠲᠤᠭᠳᠠᠭᠰᠠᠨ ᠭᠠᠵᠠᠷ ᠭᠡᠭᠴᠢ ᠰᠠᠨᠠᠭᠠᠨ ᠳᠤ ᠴᠢᠨᠢ ᠨᠡᠶᠢᠴᠡᠭᠰᠡᠨ ᠲᠠᠭᠠᠳᠠᠢ ᠭᠠᠵᠠᠷ ᠪᠠᠶᠢᠪᠠᠯ ᠲᠠᠭᠠᠷᠠᠨ᠎ᠠ᠃ 3. ᠳᠠᠭᠤ ᠱᠤᠤᠭᠢᠶᠠᠨ ᠲᠠᠢ ᠤᠷᠴᠢᠨ ᠲᠤᠭᠤᠷᠢᠨ ᠳᠤ ᠰᠤᠷᠤᠯᠴᠠᠭᠠᠳ ᠵᠤᠭᠢᠴᠠᠬᠤ ᠦᠭᠡᠢ᠃ ᠬᠠᠵᠠᠭᠤ ᠳᠤ ᠴᠢᠨᠢ ᠭᠦᠮᠦᠰ ᠦᠢᠮᠡᠨ ᠱᠤᠤᠭᠢᠵᠤ ᠪᠠᠶᠢᠪᠠᠯ ᠡᠭᠦᠳᠡ ᠪᠠᠨ ᠬᠠᠭᠠᠴᠢᠬᠠᠭᠠᠳ ᠰᠤᠷᠤᠯᠴᠠᠨ᠎ᠠ᠃ 4. ᠭᠡᠷᠡᠯ ᠭᠡᠭᠡ ᠲᠡᠩᠴᠡᠭᠦᠨ᠂ ᠠᠭᠠᠷ ᠰᠠᠯᠭᠢ ᠨᠡᠪᠳᠡᠷᠡᠭᠰᠡᠨ ᠭᠠᠵᠠᠷ ᠢ ᠰᠤᠩᠭᠤᠨ᠎ᠠ᠃ 5. ᠪᠢᠳᠡᠭᠡᠢ ᠲᠧᠯᠸᠢᠰ ᠰᠤᠨᠢᠷᠬᠠᠵᠤ ᠪᠠᠶᠢᠭ᠎ᠠ ᠪᠤᠶᠤ ᠲᠠᠭᠤᠤ ᠰᠤᠨᠤᠰᠴᠤ ᠪᠠᠶᠢᠭᠠᠳ ᠰᠤᠷᠤᠯᠴᠠᠬᠤ ᠪᠠᠷ ᠤᠷᠤᠯᠳᠤᠭᠠᠳ ᠪᠠᠢ᠃ ᠢᠩᠭᠡᠭᠦ ᠨᠢ ᠠᠩᠬᠠᠷᠤᠯ ᠢᠶᠠᠨ ᠲᠦᠪᠯᠡᠷᠡᠭᠦᠯᠭᠦ ᠳᠤ ᠴᠢᠨᠢ ᠠᠰᠢᠭ ᠦᠭᠡᠢ᠃ 6. ᠪᠢᠳᠡᠭᠡᠢ ᠤᠷᠤ ᠲᠡᠭᠡᠷ᠎ᠡ ᠪᠠᠨ ᠭᠡᠪᠳᠡᠵᠤ ᠪᠠᠶᠢᠭᠠᠳ ᠨᠤᠮ ᠦᠵᠡ᠃ 7. ᠬᠤᠭᠤᠯᠠᠯᠠᠵᠤ ᠪᠠᠶᠢᠭ᠎ᠠ ᠦᠶ᠎ᠡ ᠳᠡᠭᠡᠨ ᠪᠢᠳᠡᠭᠡᠢ ᠰᠤᠷᠤᠯᠴᠠ᠃ 8. ᠰᠤᠷᠤᠯᠴᠠᠬᠤ ᠳᠤ ᠪᠠᠨ ᠰᠢᠷᠡᠭᠡ ᠰᠠᠨᠳᠠᠯᠢ ᠶᠢᠨ ᠢᠶᠠᠨ ᠡᠪ ᠢ ᠨᠢ ᠤᠯᠵᠤ ᠰᠠᠭᠤ᠃ ᠪᠡᠶ᠎ᠡ ᠭᠠᠷ ᠡᠪ ᠦᠭᠡᠶᠢᠷᠡᠨ ᠡᠮᠵᠢᠭ᠍ᠯᠡᠪᠡᠯ ᠰᠤᠷᠤᠯᠴᠠᠬᠤ ᠳᠤ ᠠᠰᠢᠭ ᠦᠭᠡᠢ᠃ 9. ᠨᠤᠮ ᠳᠡᠪᠳᠡᠷ᠂ ᠪᠢᠷ ᠴᠠᠭᠠᠰᠤ᠂ ᠭᠢᠳᠤᠭ᠎ᠠ ᠵᠤᠷᠭᠤᠭᠤᠯ ᠭᠦᠷᠳᠡᠯ᠎ᠡ ᠠᠯᠢᠪᠠ ᠭᠡᠷᠡᠭᠰᠡᠯ ᠢᠶᠠᠨ ᠭᠠᠷ ᠤᠨ ᠠᠶ᠎ᠠ ᠪᠠᠷ ᠠᠪᠴᠤ ᠭᠦᠷᠭᠦᠶᠢᠴᠡ ᠲᠠᠯᠪᠢᠵᠤ ᠪᠤᠯᠬᠤ ᠰᠢᠷᠡᠭᠡ ᠪᠡᠯᠡᠳᠭᠡᠪᠡᠯ ᠰᠠᠶᠢᠨ᠃ 10. ᠲᠤᠯᠢ ᠪᠢᠴᠢᠭ ᠢᠶᠠᠨ ᠬᠠᠵᠠᠭᠤ ᠳᠤ ᠪᠠᠨ ᠲᠠᠯᠪᠢ᠃ ᠮᠠᠳᠠᠭ ᠲᠠᠢ ᠵᠤᠶᠢᠯ ᠪᠠᠶᠢᠪᠠᠯ ᠲᠤᠯᠢ ᠪᠢᠴᠢᠭ ᠨᠤᠳᠠ ᠲᠠᠢ ᠬᠠᠷᠢᠭᠤᠯᠳᠠ ᠦᠭᠭᠦᠨ᠎ᠡ᠃ 11. ᠲᠡᠮᠳᠡᠭᠯᠡᠯ ᠤᠨ ᠲᠡᠪᠳᠡᠷ ᠢᠶᠠᠨ ᠰᠠᠶᠢᠬᠠᠨ ᠬᠠᠳᠠᠭᠠᠯᠠ᠃ ᠭᠡᠷᠡᠭᠯᠡᠭᠦ ᠶᠢᠨ ᠦᠵᠦᠭᠦᠷ ᠭᠡᠷᠢᠶᠡᠨ ᠦᠳᠦ ᠮᠢᠩᠭᠠᠨ ᠯᠠᠩ ᠭᠡᠳᠡᠭ ᠢ ᠪᠤᠤ ᠮᠠᠷᠳᠠ᠃ 12. ᠨᠤᠮ ᠦᠵᠡᠭᠦ ᠳᠤ ᠪᠠᠨ ᠪᠢᠳᠡᠭᠡᠢ ᠭᠡᠳᠦ ᠤᠶᠢᠷ᠎ᠠ ᠠᠴᠠ ᠦᠵᠡ᠃ ᠭᠡᠳᠤᠷᠭᠡᠢ ᠤᠶᠢᠷ᠎ᠠ ᠠᠴᠠ ᠦᠵᠡᠭᠦ ᠨᠢ ᠬᠠᠷᠠᠭ᠎ᠠ ᠎ ᠶᠢ ᠮᠠᠭᠤᠳᠠᠭᠤᠯᠵᠤ᠂ ᠲᠤᠯᠤᠭᠠᠢ ᠶᠢ ᠡᠪᠡᠳᠭᠡᠭᠦ ᠳᠤ ᠭᠦᠷᠦᠨ᠎ᠡ᠃ 13. ᠤᠷᠤᠢ ᠳᠤ ᠪᠠᠨ ᠡᠷᠳᠡᠭᠡᠨ ᠤᠨᠳᠠᠵᠤ᠂ ᠲᠠᠷᠠᠭ᠎ᠠ ᠦᠷᠯᠦᠭᠡ ᠰᠤᠷᠤᠯᠭ᠎ᠠ ᠳᠤ ᠴᠤᠭ ᠰᠦᠯᠳᠡ ᠪᠠᠳᠠᠷᠠᠩᠭᠤᠢ ᠪᠠᠶᠢᠬᠤ ᠎ ᠶᠢ ᠪᠠᠳᠤᠯᠠᠨ᠎ᠠ᠃ 14. ᠰᠡᠳᠤᠪ ᠪᠤᠳᠤᠵᠤ ᠲᠠᠰᠬᠠᠯ ᠭᠢᠭᠦ ᠳᠤ ᠪᠠᠨ ᠬᠠᠮᠤᠭ ᠤᠨ ᠲᠤᠭᠢᠷᠠᠮᠵᠢᠳᠠᠢ᠂ ᠬᠠᠮᠤᠭ ᠤᠨ ᠠᠰᠢᠭ ᠲᠠᠢ ᠴᠠᠭ ᠢ ᠰᠤᠩᠭᠤᠨ᠂ ᠲᠠᠰᠬᠠᠯ ᠭᠢᠭᠦ ᠲᠤᠰᠬᠠᠢ ᠴᠠᠭ ᠪᠤᠯᠭᠠᠨ ᠵᠢᠷᠤᠮᠯᠠᠵᠤ ᠶᠠᠪᠤ᠃ 15. ᠦᠪᠡᠷ ᠤᠨ ᠪᠠᠶᠢᠳᠠᠯ ᠢᠶᠠᠨ ᠦᠨᠳᠦᠰᠦᠯᠡᠵᠤ ᠠᠵᠢᠯᠠᠯᠵᠤ ᠠᠮᠠᠷᠠᠬᠤ ᠴᠠᠭ ᠢᠶᠠᠨ ᠵᠤᠭᠢᠰᠳᠠᠢ ᠲᠤᠭᠢᠷᠠᠭᠤᠯᠵᠤ ᠰᠤᠷ᠃ ᠵᠢᠱᠢᠶᠡᠯᠡᠪᠡᠯ᠄ 1 ᠴᠠᠭ ᠰᠤᠷᠤᠯᠴᠠᠪᠠᠯ 20 ᠮᠢᠨᠦ᠋ᠲ ᠠᠮᠤᠰᠭᠢᠬᠤ ᠮᠡᠳᠤ ᠪᠠᠷ ᠪᠠᠶᠢᠳᠠᠯ ᠢᠶᠠᠨ ᠦᠵᠡᠵᠤ ᠲᠤᠭᠢᠷᠠᠭᠠᠤᠯᠤᠨ᠎ᠠ᠃ 16. ᠨᠢᠭᠡ ᠵᠤᠭᠢᠶᠠᠯ ᠢ ᠤᠩᠰᠢᠬᠤ ᠳᠤ ᠤᠷᠢᠳᠠᠪᠠᠷ ᠨᠢᠭᠡ ᠤᠳᠠᠭ᠎ᠠ ᠭᠦᠶᠦᠯᠭᠡᠨ ᠤᠩᠰᠢᠵᠤ᠂ ᠭᠤᠤᠯᠳᠠᠯᠭ᠎ᠠ ᠶᠢ ᠨᠢ ᠵᠢᠷᠤᠵᠤ ᠲᠡᠮᠳᠡᠭᠯᠡᠪᠡᠯ᠂ ᠠᠭᠤᠯᠭ᠎ᠠ ᠶᠢ ᠨᠢ ᠡᠵᠡᠮᠰᠢᠭᠦ ᠳᠤ ᠲᠤᠰᠠ ᠲᠠᠢ᠃ 17. ᠭᠢᠴᠢᠶᠡᠯ ᠲᠡᠭᠡᠷ᠎ᠡ ᠭᠢᠭᠰᠡᠨ ᠲᠡᠮᠳᠡᠭᠯᠡᠯ ᠢᠶᠠᠨ ᠪᠠᠶᠢᠨ ᠲᠠᠭᠢᠨ ᠲᠠᠪᠳᠠᠨ ᠦᠵᠡᠪᠡᠯ ᠰᠠᠭᠤᠭᠳᠠᠯ ᠨᠡᠩ ᠭᠦᠨ ᠪᠤᠯᠵᠤ᠂ ᠮᠠᠷᠳᠠᠭᠰᠠᠨ ᠢᠶᠠᠨ ᠰᠡᠯᠪᠢᠭᠦ ᠳᠤ ᠲᠤᠰᠠ ᠪᠤᠯᠤᠨ᠎ᠠ᠃ 18. ᠠᠩᠬᠠᠷᠤᠯ ᠢᠶᠠᠨ ᠲᠦᠪᠯᠡᠷᠡᠭᠦᠯᠵᠤ ᠰᠤᠷᠤᠯᠴᠠᠬᠤ ᠭᠡᠷᠡᠭᠳᠡᠢ᠃ 19. ᠦᠯᠦᠰᠭᠦᠯᠡᠩ ᠦᠶ᠎ᠡ ᠳᠤ ᠪᠢᠳᠡᠭᠡᠢ ᠰᠤᠷᠤᠯᠴᠠ᠃ 20. ᠠᠮᠠᠷᠠᠯ ᠦᠭᠡᠢ ᠰᠤᠷᠤᠯᠴᠠᠬᠤ ᠨᠢ ᠵᠤᠭᠢᠰ ᠦᠭᠡᠢ᠃ ᠠᠮᠠᠷᠠᠵᠤ ᠰᠡᠯᠡᠭᠦᠴᠡᠭᠦ ᠶᠢ ᠡᠷᠭᠢᠮᠯᠡᠭᠦ ᠭᠡᠷᠡᠭᠳᠡᠢ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号