1᠂ ᠦᠰᠦ ᠭᠡᠵᠢᠭᠡ ᠪᠠᠨ ᠤᠬᠢᠶᠠᠬᠤ ᠦᠶ᠎ᠠ ᠳᠤ ᠪᠠᠭ᠎ᠠ ᠰᠢᠭ᠋ ᠲᠠᠪᠤᠰᠤ ᠬᠢᠪᠡᠯ ᠦᠰᠦ ᠭᠡᠵᠢᠭᠡ ᠤᠨᠠᠬᠤ ᠶᠢ ᠰᠡᠷᠭᠡᠶᠢᠯᠡᠵᠦ | ᠴᠢᠳᠠᠨ᠎ᠠ᠃ | 2᠂ ᠭᠡᠵᠢᠭᠡ ᠤᠬᠢᠶᠠᠬᠤ ᠤᠰᠤᠨ ᠳᠠᠭᠠᠨ ᠵᠢᠭᠠᠬᠠᠠ ᠼᠤᠤ ᠲᠤᠰᠤᠭᠠᠪᠠᠯ ᠦᠰᠦ ᠭᠡᠵᠢᠭᠡ ᠴᠢᠨᠢ ᠨᠡᠩ ᠬᠦᠯᠢᠭᠡᠷ ᠰᠠᠶᠢᠬᠠᠠ | ᠪᠤᠯᠵᠦ᠂ ᠰᠠᠮᠨᠠᠵᠦ ᠠᠷᠢᠯᠭᠠᠬᠤ ᠳᠤ ᠠᠮᠠᠷ ᠮᠦᠷᠳᠡᠭᠡᠡ ᠬᠠᠭ ᠠᠷᠢᠯᠭᠠᠬᠤ ᠦᠢᠯᠡᠳᠦᠯ ᠲᠠᠢ᠃ ᠡᠨᠡ ᠠᠷᠭ᠎ᠠ ᠲᠠᠩᠨᠠᠭᠰᠠᠠ | ᠭᠡᠵᠢᠭᠡ ᠳᠤ ᠤᠨᠴᠠ ᠲᠤᠬᠢᠷᠳᠠᠭ᠃ | 3᠂ ᠰᠢᠳᠦ ᠪᠠᠨ ᠤᠬᠢᠶᠠᠬᠤ ᠳᠠᠭᠠᠨ ᠶᠠᠭᠤᠤ ᠶᠢᠨ ᠢᠶᠠᠨ ᠲᠡᠭᠡᠷ᠎ᠠ ᠪᠠᠭ᠎ᠠ ᠰᠦᠳᠠ ᠬᠢᠵᠦ ᠱᠤᠸᠠᠵᠠᠳᠠᠪᠠᠯ ᠰᠢᠳᠦ ᠴᠢᠨᠢ ᠴᠠᠪ | ᠴᠠᠭᠠᠠ ᠪᠤᠯᠬᠤ ᠪᠦᠭᠡᠳ ᠰᠢᠳᠦ ᠤᠨᠠᠬᠤ ᠶᠢ ᠰᠡᠷᠭᠡᠶᠢᠯᠡᠨ᠎ᠠ᠃ | 4᠂ ᠤᠷᠤᠢ ᠪᠤᠯᠭᠠᠠ ᠨᠢᠭᠤᠷ ᠤᠬᠢᠶᠠᠬᠤ ᠦᠶ᠎ᠠ ᠳᠤ ᠦᠨᠳᠡᠭᠡᠡ ᠴᠠᠭᠠᠠ ᠢᠶᠠᠷ ᠨᠢᠭᠤᠷ ᠢᠶᠠᠨ ᠵᠦᠯᠬᠦᠵᠦ᠂ ᠨᠢᠭᠡ ᠴᠠᠭ ᠤᠨ | ᠲᠠᠷᠠᠭ᠎ᠠ ᠤᠬᠢᠶᠠᠵᠦ ᠠᠷᠢᠯᠭᠠᠪᠠᠯ᠂ ᠨᠢᠭᠤᠷ ᠴᠢᠷᠠᠢ ᠴᠢᠨᠢ ᠵᠦᠭᠡᠯᠡᠡ ᠪᠤᠯᠤᠨ᠎ᠠ᠃ | 5᠂ ᠬᠤᠭᠤᠯᠠᠠ ᠤ ᠲᠠᠷᠠᠭ᠎ᠠ 45 ᠮᠢᠨᠦ᠋ᠲ ᠤᠨ ᠬᠤᠶᠢᠨ᠎ᠠ᠂ ᠴᠠᠭ ᠪᠦᠷᠢ 4.8 ᠺᠢᠯᠤᠮᠧᠲᠷ ᠤᠨ ᠬᠤᠷᠳᠤᠴᠠ ᠪᠠᠷ 20 | ᠮᠢᠨᠦ᠋ᠲ ᠠᠯᠬᠤᠪᠠᠯ ᠬᠠᠯᠠᠭᠤᠨ ᠢ ᠶᠡᠬᠡᠪᠡᠷ ᠬᠤᠷᠤᠭᠳᠠᠭᠤᠯᠵᠦ᠂ ᠮᠠᠷᠢᠶ᠎ᠠ ᠰᠢᠭᠤᠷᠠᠠᠭᠤᠯᠬᠤ ᠳᠤ ᠠᠰᠢᠭᠳᠠᠢ ᠪᠠᠶᠢᠳᠠᠭ᠃ ᠬᠡᠷᠪᠡ | ᠬᠤᠭᠤᠯᠠᠠ ᠤ ᠲᠠᠷᠠᠭ᠎ᠠ ᠬᠤᠶᠠᠷ ᠴᠠᠭ ᠤᠨ ᠬᠤᠶᠢᠨ᠎ᠠ ᠠᠯᠬᠤᠪᠠᠯ ᠦᠢᠯᠡᠳᠦᠯ ᠨᠢ ᠨᠡᠩ ᠰᠠᠶᠢᠨ ᠪᠠᠶᠢᠳᠠᠭ᠃ | 6᠂ ᠭᠠᠷ ᠤᠨ ᠠᠯᠠᠭ᠎ᠠ ᠬᠠᠭᠤᠷᠠᠶᠢᠳᠠᠵᠦ ᠬᠠᠭᠠᠷᠠᠬᠤ ᠲᠤᠷᠠᠳᠠᠢ ᠬᠦᠮᠦᠰ ᠭᠠᠷ ᠢᠶᠠᠨ ᠼᠤᠤ ᠲᠤᠳᠤᠷ᠎ᠠ 10 ᠮᠢᠨᠦ᠋ᠲ | ᠲᠡᠪᠳᠦᠭᠡᠪᠡᠯ ᠭᠠᠷ ᠤᠨ ᠠᠯᠠᠭ᠎ᠠ ᠴᠢᠨᠢ ᠵᠦᠭᠡᠯᠡᠷᠡᠳᠡᠭ᠃ | 7᠂ ᠦᠷᠯᠦᠭᠡ ᠪᠦᠷᠢ ᠳ᠋ᠸᠦᠹᠦ᠋ ᠪᠠᠷ ᠬᠡᠳᠦᠨ ᠮᠢᠨᠦ᠋ᠲ ᠨᠢᠭᠤᠷ ᠢᠶᠠᠨ ᠵᠦᠯᠭᠦᠵᠦ᠂ ᠡᠨᠡ ᠮᠡᠳᠦ ᠪᠠᠷ ᠰᠠᠷ᠎ᠠ ᠵᠦᠯᠭᠦᠪᠡᠯ᠂ | ᠨᠢᠭᠤᠷ ᠴᠢᠷᠠᠢ ᠴᠢᠨᠢ ᠤᠯᠠᠮ ᠪᠤᠯᠪᠠᠷᠠᠢ ᠵᠦᠭᠡᠯᠡᠡ ᠪᠤᠯᠤᠨ᠎ᠠ᠃ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |