ᠲᠡᠦᠬᠡᠨ ᠠᠴᠠ ᠪᠠᠨ ᠠᠪᠤᠭᠠᠳ ᠬᠥᠯ ᠢᠶᠠᠨ ᠤᠬᠢᠶᠠᠬᠤ ᠨᠢ ᠬᠥᠮᠥᠨ ᠤ ᠪᠡᠶ᠎ᠡ ᠶᠢᠨ ᠡᠷᠡᠭᠦᠯ ᠮᠡᠨᠳᠦ ᠳᠤ ᠮᠠᠰᠢ ᠲᠤᠰᠠᠲᠠᠢ | ᠭᠡᠵᠦ ᠣᠯᠠᠨ ᠳᠤ ᠮᠡᠳᠡᠷᠡᠭᠳᠡᠭᠰᠡᠭᠡᠷ ᠢᠷᠠᠵᠠᠢ᠂ ᠬᠦᠯ ᠢᠶᠠᠨ ᠤᠬᠢᠶᠠᠬᠤ ᠨᠢ ᠬᠥᠮᠥᠨ ᠤ ᠪᠡᠶ᠎ᠡ ᠶᠢᠨ ᠴᠢᠰᠤᠨ ᠤ ᠡᠷᠭᠢᠯᠲᠡ ᠶᠢ | ᠠᠬᠢᠭᠤᠯᠬᠤ ᠶᠢᠨ ᠬᠠᠮᠲᠤ ᠬᠥᠮᠥᠰ ᠤᠨ ᠳᠣᠲᠣᠭᠠᠳᠤ ᠰᠢᠭᠦᠷᠡᠯ ᠤᠨ ᠰᠢᠰᠲ᠋ᠧᠮ ᠢ ᠵᠣᠬᠢᠴᠠᠭᠤᠯᠵᠤ ᠴᠢᠳᠠᠳᠠᠭ᠃ ᠬᠥᠯ ᠢᠶᠠᠨ | ᠦᠷᠭᠦᠯᠵᠢ ᠤᠬᠢᠶᠠᠬᠤ ᠨᠢ ᠪᠡᠶ᠎ᠡ ᠶᠢ ᠰᠤᠪᠢᠯᠠᠬᠤ ᠠᠴᠠ ᠭᠠᠳᠠᠨ᠎ᠠ ᠪᠠᠰᠠ ᠮᠠᠰᠢ ᠣᠯᠠᠨ ᠵᠦᠢᠯ ᠤᠨ ᠡᠪᠡᠳᠴᠢᠨ ᠢ ᠵᠠᠰᠠᠵᠤ | ᠳᠡᠶᠢᠯᠳᠡᠭ᠂ ᠡᠭᠦᠨ ᠤ ᠲᠤᠬᠠᠢ ᠲᠠ ᠨᠠᠷ ᠬᠢᠷᠢ ᠵᠡᠷᠭᠡ ᠣᠶᠢᠯᠠᠭᠠᠬᠤ ᠦᠦ︖ | 40 ᠭᠷᠡᠳᠦ᠋ᠰ ᠤᠨ ᠬᠠᠯᠠᠭᠤᠨ ᠤᠰᠤ ᠪᠠᠷ 10 ᠠᠴᠠ 15 ᠮᠢᠨᠦ᠋ᠲ ᠬᠥᠯ ᠢᠶᠠᠨ ᠤᠬᠢᠶᠠᠪᠠᠯ ᠲᠣᠯᠣᠭᠠᠢ ᠡᠪᠡᠳᠬᠦ ᠶᠢ | ᠵᠣᠭᠰᠣᠭᠠᠳᠠᠭ | ᠡᠮᠲᠦ ᠤᠬᠢᠶᠠᠯ ᠤᠨ ᠠᠷᠭ᠎ᠠ ᠪᠠᠷ ᠬᠥᠯ ᠢᠶᠠᠨ ᠤᠬᠢᠶᠠᠪᠠᠯ ᠲᠠᠭᠰᠢᠭᠤᠷ ᠢ ᠰᠡᠷᠭᠡᠶᠢᠯᠡᠳᠡᠭ᠂ ᠬᠠᠮᠤᠭ ᠤᠨ ᠰᠠᠶᠢᠨ ᠨᠢ | ᠬᠥᠯ ᠢᠶᠠᠨ ᠮᠣᠳᠣᠨ ᠭᠠᠳᠤᠷ᠎ᠠ ᠳᠤ ᠬᠢᠵᠦ ᠤᠬᠢᠶᠠ︕ | ᠬᠠᠯᠠᠭᠤᠨ ᠤᠰᠤᠨ ᠳᠤ ᠳᠠᠪᠤᠰᠤ ᠨᠡᠮᠡᠵᠦ ᠬᠥᠯ ᠢᠶᠠᠨ ᠤᠬᠢᠶᠠᠪᠠᠯ ᠬᠤᠷᠭᠤᠰᠤᠯᠠᠬᠤ ᠶᠢ ᠵᠠᠰᠠᠳᠠᠭ | ᠬᠠᠯᠠᠭᠤᠨ ᠤᠰᠤᠨ ᠳᠤ ᠲᠦᠭᠦᠬᠡᠢ ᠭᠠ ᠬᠢᠵᠦ ᠬᠥᠯ ᠢᠶᠠᠨ ᠤᠬᠢᠶᠠᠪᠠᠯ ᠪᠡᠶ᠎ᠡ ᠶᠢ ᠳᠤᠯᠠᠭᠠᠯᠠᠵᠤ ᠴᠢᠬᠢᠭ ᠢ ᠲᠠᠲᠠᠳᠠᠭ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |