ᠬᠤᠪᠴᠠᠰᠤᠨ ᠳᠠᠬᠢ ᠰᠢᠷ ᠪᠤᠳᠤᠭ ᠢ ᠠᠷᠢᠯᠭᠠᠬᠤ
ᠨᠡᠶᠢᠲᠡᠯᠡᠭᠰᠡᠨ ᠴᠠᠭ᠄
2021/10/11
1. ᠬᠤᠪᠴᠠᠰᠤᠨ ᠳᠤ ᠨᠠᠭᠠᠯᠳᠤᠭᠰᠠᠨ ᠰᠢᠷ ᠢ ᠠᠷᠢᠯᠭᠠᠬᠤ ᠳᠤ ᠴᠢᠶ᠋ᠢᠤ ᠪᠠᠷ ᠵᠦᠯᠭᠦᠬᠦ ᠪᠤᠶᠤ ᠰᠡᠷᠢᠭᠦᠨ ᠲᠣᠰᠣᠨ ᠡᠮ ︵清凉油) ᠲᠦᠷᠬᠢᠵᠦ᠂ ᠬᠡᠳᠦᠨ ᠮᠢᠨᠦ᠋ᠲ ᠪᠣᠯᠣᠭᠰᠠᠨ ᠤ ᠲᠠᠷᠠᠭ᠎ᠠ ᠬᠥᠪᠥᠩ ᠪᠥᠮᠭᠡᠯᠢᠭ ᠢᠶᠠᠷ ᠬᠤᠪᠴᠠᠰᠤᠨ ᠤ ᠰᠢᠷᠬᠡᠭ ᠳᠠᠭᠠᠤ ᠵᠦᠯᠭᠦᠨ᠎ᠡ᠃ 2. ᠰᠦ᠂ ᠴᠢᠰᠤᠨ ᠤ ᠣᠷᠣ ᠶᠢ ᠠᠷᠢᠯᠭᠠᠬᠤ ᠳᠤ ᠯᠤᠤᠪᠠᠩ ᠢ ᠬᠡᠮᠬᠡᠯᠵᠦ ᠳᠠᠪᠤᠰᠤ ᠲᠠᠢ ᠬᠤᠯᠢᠵᠤ ᠲᠦᠷᠬᠢᠭᠡᠳ ᠲᠠᠬᠢᠨ ᠴᠡᠪᠡᠷ ᠤᠰᠤ ᠪᠠᠷ ᠤᠬᠢᠶᠠᠨ᠎ᠠ᠃ ᠭᠠ ᠪᠠᠷ ᠵᠦᠯᠭᠦᠵᠦ ᠬᠦᠢᠲᠡᠨ ᠤᠰᠤ ᠪᠠᠷ ᠤᠬᠢᠶᠠᠨ᠎ᠠ᠃ 3. ᠨᠢᠭᠡᠨᠲᠡ ᠬᠠᠲᠠᠴᠢᠬᠠᠭᠰᠠᠨ ᠪᠣᠯ 500g ᠤᠰᠤᠨ ᠳᠤ 100g ᠳᠠᠪᠤᠰᠤ ᠪᠤᠶᠤ ᠪᠠᠭ᠎ᠠ ᠴᠣᠬᠤᠢ ᠬᠢᠵᠦ᠂ ᠬᠤᠪᠴᠠᠰᠤ ᠎ ᠪᠠᠨ 20 ᠮᠢᠨᠦ᠋ᠲ ᠴᠢᠨᠠᠵᠤ ᠰᠠᠪᠤᠩ ᠢᠶᠠᠷ ᠤᠬᠢᠶᠠᠨ᠎ᠠ᠃ 4. ᠬᠤᠪᠴᠠᠰᠤᠨ ᠳᠤ ᠨᠠᠭᠠᠯᠳᠤᠭᠰᠠᠨ ᠪᠣᠬᠢ ᠰᠢᠬᠢᠷ ᠢ ᠠᠷᠢᠯᠭᠠᠬᠤ ᠳᠤ ᠴᠢᠶᠤᠤ ᠪᠤᠶᠤ ᠰᠫᠢᠷᠲ ᠪᠠᠷ ᠵᠦᠯᠭᠦᠨ᠎ᠡ᠃ ᠡᠰᠡᠬᠦᠯ᠎ᠡ ᠬᠥᠷᠥᠭᠡᠭᠦ ᠲᠤ ᠬᠡᠰᠡᠭ ᠬᠤᠭᠤᠴᠠᠭ᠎ᠠ ᠬᠢᠵᠦ ᠲᠠᠬᠢᠨ ᠬᠢᠲᠤᠭ᠎ᠠ ᠪᠠᠷ ᠬᠤᠰᠤᠵᠤ ᠠᠷᠢᠯᠭᠠᠨ᠎ᠠ᠃ 5. ᠦᠵᠦᠮ ᠤᠨ ᠰᠢᠬᠢᠷ ᠰᠢᠭᠦᠰᠦ ᠬᠦᠷᠦᠭᠰᠡᠨ ᠪᠣᠯ ᠶᠠᠭᠠᠬᠢᠭᠰᠠᠨ ᠴᠦ ᠰᠠᠪᠤᠩ ᠢᠶᠠᠷ ᠤᠬᠢᠶᠠᠵᠤ ᠪᠣᠯᠬᠤ ᠦᠭᠡᠢ ᠬᠠᠷᠢᠨ ᠪᠠᠭ᠎ᠠ ᠬᠡᠮᠵᠢᠶᠡᠨ ᠤ ᠼᠤᠤ ᠳᠤ ᠬᠡᠳᠦᠨ ᠮᠢᠨᠦ᠋ᠲ ᠳᠡᠪᠲᠦᠭᠡᠭᠰᠡᠨ ᠤ ᠲᠠᠷᠠᠭ᠎ᠠ ᠴᠡᠪᠡᠷ ᠤᠰᠤ ᠪᠠᠷ ᠤᠬᠢᠶᠠᠨ᠎ᠠ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号