ᠭᠡᠳᠡᠰᠦ ᠪᠠᠶᠢᠩᠭᠤ ᠳᠦᠭᠦᠷᠬᠦ ᠨᠢ ᠶᠠᠭᠤ ᠲᠠᠢ ᠬᠤᠯᠪᠣᠭᠠᠲᠠᠢ ᠪᠤᠢ ︖
ᠨᠡᠶᠢᠲᠡᠯᠡᠭᠰᠡᠨ ᠴᠠᠭ᠄
2021/10/13
 ᠭᠡᠳᠡᠰᠦ ᠪᠤᠶᠤ ᠨᠠᠷᠢᠨ ᠭᠡᠳᠡᠰᠦᠨ ᠤ ᠬᠡᠰᠡᠭ ᠲᠤ ᠪᠣᠯᠪᠠᠰᠤᠷᠠᠵᠤ ᠵᠠᠳᠠᠷᠠᠭᠰᠠᠨ ᠬᠤᠭᠤᠯᠠ ᠲᠡᠵᠢᠭᠡᠯ ᠤᠨ ᠪᠣᠳᠠᠰ ᠤᠨ ᠰᠢᠮ᠎ᠡ ᠰᠢᠭᠦᠰᠦ ᠰᠢᠮᠡᠭᠳᠡᠨ ᠴᠢᠰᠤᠨ ᠳᠤ ᠣᠷᠣᠬᠤ ᠪᠥᠭᠡᠳ ᠡᠨᠡ ᠨᠢ ᠲᠠᠰᠤᠷᠠᠯᠲᠠ ᠦᠭᠡᠢ ᠦᠷᠭᠦᠯᠵᠢᠯᠡᠨ᠎ᠡ ᠃ ᠡᠨᠡ ᠬᠡᠰᠡᠭ ᠲᠤ ᠳᠡᠭᠡᠷ᠎ᠡ ᠠᠴᠠ ᠪᠦᠷᠢᠨ ᠪᠣᠯᠪᠠᠰᠤᠷᠠᠭ᠎ᠠ ᠦᠭᠡᠢ ᠣᠷᠣᠵᠤ ᠢᠷᠡᠭᠰᠡᠨ ᠬᠤᠭᠤᠯᠠ ᠲᠡᠵᠢᠭᠡᠯ ᠤᠨ ᠦᠯᠡᠳᠡᠭᠳᠡᠯ ᠨᠢ ᠴᠣᠴᠢᠷᠤᠭᠠᠬᠤ ᠨᠥᠯᠥᠭᠡ ᠦᠵᠡᠭᠦᠯᠬᠦ ᠳᠤ ᠭᠡᠳᠡᠰᠦ ᠬᠦᠴᠦᠲᠡᠢ ᠮᠤᠰᠬᠢᠷᠠᠵᠤ ᠪᠠᠵᠠᠯᠠᠵᠤ ᠡᠪᠡᠳᠬᠦ ᠪᠤᠶᠤ ᠰᠢᠩᠭᠡᠨ ᠢᠶᠠᠷ ᠭᠦᠶᠦᠯᠭᠡᠳᠡᠭ ᠃ ᠡᠨᠡ ᠪᠠᠶᠢᠳᠠᠯ ᠪᠠᠶᠢᠩᠭᠤ ᠳᠠᠪᠲᠠᠭᠳᠠᠭᠠᠳ ᠪᠠᠶᠢᠪᠠᠯ ᠭᠡᠳᠡᠰᠦᠨ ᠤ ᠥᠩᠭᠦᠷ ᠲᠣᠭᠲᠠᠬᠤ ᠪᠠᠨ ᠪᠣᠯᠢᠵᠤ ᠂ ᠠᠷᠬᠠᠭ ᠴᠢᠨᠠᠷᠲᠠᠢ ᠭᠡᠳᠡᠰᠦ ᠭᠦᠶᠦᠯᠭᠡᠬᠦ ᠡᠪᠡᠳᠴᠢᠨ ᠪᠣᠯᠵᠤ ᠂ ᠲᠤᠷᠠᠵᠤ ᠡᠴᠡᠨ ᠂ ᠶᠠᠳᠠᠷᠠᠵᠤ ᠰᠤᠯᠢᠳᠠᠬᠤ ᠰᠢᠯᠲᠠᠭᠠᠨ ᠪᠣᠯᠣᠨ᠎ᠠ — ᠬᠤᠭᠤᠯᠠ ᠤᠮᠳᠠ ᠲᠣᠬᠢᠷᠠᠬᠤ ᠪᠠᠨ ᠪᠣᠯᠢᠬᠤ ᠨᠢ ᠶᠠᠭᠤ ᠲᠠᠢ ᠬᠤᠯᠪᠣᠭᠠᠲᠠᠢ ᠪᠤᠢ ︖ — ᠪᠡᠶ᠎ᠡ ᠶᠢᠨ ᠡᠪᠡᠳᠴᠢᠨ ᠡᠰᠡᠷᠭᠦᠴᠡᠬᠦ ᠴᠢᠳᠠᠪᠤᠷᠢ ᠰᠤᠯᠠᠷᠠᠵᠤ ᠂ ᠬᠤᠳᠣᠭᠤᠳᠣ ᠭᠡᠳᠡᠰᠦᠨ ᠤ ᠵᠠᠮ ᠤᠨ ᠬᠡᠪ ᠤᠨ ᠦᠢᠯᠡ ᠠᠵᠢᠯᠯᠠᠭ᠎ᠠ ᠠᠯᠳᠠᠭᠳᠠᠭᠰᠠᠨ ᠠᠴᠠ ᠬᠤᠭᠤᠯᠠ ᠤᠮᠳᠠ ᠲᠣᠬᠢᠷᠠᠬᠤ ᠪᠠᠨ ᠪᠣᠯᠢᠳᠠᠭ ᠃ ᠡᠨᠡ ᠦᠶ᠎ᠡ ᠳᠤ ᠭᠡᠳᠡᠰᠦ ᠪᠠᠶᠢᠩᠭᠤ ᠬᠤᠷᠵᠢᠭᠢᠨᠠᠨ ᠳᠤᠤᠭᠠᠷᠴᠤ ᠂ ᠳᠦᠭᠦᠷᠴᠦ ᠂ ᠳᠣᠭᠤᠭᠰᠢ ᠪᠠᠨ ᠦᠮᠡᠬᠡᠢ ᠤᠩᠭᠠᠰᠤ ᠭᠠᠷᠤᠨ᠎ᠠ — ᠭᠡᠳᠡᠰᠦ ᠳᠣᠲᠣᠷ᠎ᠠ ᠬᠢᠮᠤᠷᠠᠬᠤ ᠥᠭᠡᠷ᠎ᠡ ᠶᠠᠮᠠᠷ ᠰᠢᠯᠲᠠᠭᠠᠨ ᠪᠠᠶᠢᠳᠠᠭ ᠪᠤᠢ ︖ — ᠭᠡᠳᠡᠰᠦ ᠶᠢ ᠬᠢᠮᠤᠷᠠᠭᠠᠬᠤ ᠪᠠᠰᠠ ᠨᠢᠭᠡ ᠰᠢᠯᠲᠠᠭᠠᠨ ᠪᠣᠯ ᠰᠢᠮᠡᠭᠴᠢ ᠬᠤᠷᠣᠬᠠᠢ ᠶᠢᠨ ᠬᠠᠯᠳᠠᠪᠤᠷᠢ ᠶᠤᠮ ᠃ ᠰᠢᠮᠡᠭᠴᠢ ᠬᠤᠷᠣᠬᠠᠢ ᠨᠢ ᠶᠡᠬᠡᠪᠴᠢᠯᠡᠨ ᠡᠨᠡ ᠬᠡᠰᠡᠭ ᠲᠤ ᠳᠡᠭᠡᠭᠡ ᠪᠠᠨ ᠰᠢᠭᠢᠳᠬᠡᠨ ᠰᠣᠷᠣᠭᠤᠯ ᠢᠶᠠᠷ ᠬᠠᠮᠤᠭ ᠰᠢᠮ᠎ᠡ ᠲᠡᠵᠢᠭᠡᠯᠲᠦ ᠪᠣᠳᠠᠰ ᠢ ᠨᠢ ᠰᠣᠷᠣᠵᠤ ᠪᠠᠶᠢᠳᠠᠭ ᠤᠴᠢᠷ ᠭᠡᠳᠡᠰᠦ ᠰᠢᠷᠬᠠᠯᠠᠬᠤ ᠂ ᠴᠢᠰᠤ ᠠᠯᠳᠠᠬᠤ ᠂ ᠴᠢᠰᠤ ᠪᠠᠭᠠᠳᠠᠬᠤ ᠂ ᠲᠦᠭᠵᠢᠷᠡᠯ ᠡᠭᠦᠰᠬᠦ ᠂ ᠲᠤᠷᠠᠵᠤ ᠡᠴᠡᠬᠦ ᠂ ᠭᠡᠳᠡᠰᠦ ᠡᠪᠡᠳᠬᠦ ᠬᠠᠷᠰᠢᠯ ᠤᠨ ᠰᠢᠨᠵᠢ ᠬᠠᠪᠰᠤᠷᠤᠨ ᠭᠠᠷᠴᠤ ᠪᠣᠯᠬᠤ ᠲᠠᠯ᠎ᠠ ᠲᠠᠢ ᠃ — ᠬᠤᠭᠤᠯᠠᠨ ᠤ ᠬᠤᠣᠷᠳᠠᠯᠭ᠎ᠠ ᠲᠤᠰᠬᠤ ᠨᠢ ᠭᠡᠳᠡᠰᠦ ᠳᠣᠲᠣᠷ᠎ᠠ ᠪᠠᠶᠢᠩᠭᠤ ᠬᠢᠮᠤᠷᠠᠬᠤ ᠰᠢᠯᠲᠠᠭᠠᠨ ᠪᠣᠯᠬᠤ ᠤᠤ ︖ — ᠬᠤᠭᠤᠯᠠᠨ ᠤ ᠬᠤᠷᠴᠠ ᠬᠤᠣᠷᠳᠠᠯᠭ᠎ᠠ ᠨᠢ ᠭᠡᠳᠡᠰᠦ ᠬᠤᠳᠣᠭᠤᠳᠤᠨ ᠤ ᠳᠣᠲᠣᠭᠠᠳᠤ ᠣᠷᠴᠢᠨ ᠢ ᠡᠷᠡᠰ ᠥᠭᠡᠷᠡᠴᠢᠯᠡᠳᠡᠭ ᠃ ᠡᠨᠡ ᠦᠶ᠎ᠡ ᠳᠤ ᠢᠯᠭᠠᠷᠠᠭᠰᠠᠨ ᠬᠤᠣᠷ ᠤᠨ ᠨᠥᠯᠥᠭᠡ ᠪᠠᠷ ᠭᠡᠳᠡᠰᠦ ᠬᠦᠴᠦᠲᠡᠢ ᠠᠭᠰᠢᠬᠤ ᠂ ᠡᠪᠡᠳᠬᠦ ᠡᠰᠡᠪᠡᠯ ᠰᠠᠵᠢᠵᠤ ᠮᠡᠳᠡᠭᠡ ᠠᠯᠳᠠᠨ ᠰᠤᠯᠠ ᠤᠰᠤ ᠪᠠᠷ ᠭᠦᠶᠦᠯᠭᠡᠬᠦ ᠬᠦᠷᠲᠡᠯ᠎ᠡ ᠬᠦᠨᠳᠦᠷᠡᠵᠦ ᠂ ᠪᠡᠶ᠎ᠡ ᠮᠠᠬᠠᠪᠤᠳ ᠤᠰᠤ ᠦᠭᠡᠶᠢᠵᠢᠨ ᠬᠤᠣᠷᠳᠠᠯᠭ᠎ᠠ ᠤᠯᠠᠮ ᠭᠦᠨᠵᠡᠭᠡᠶᠢᠷᠡᠬᠦ ᠰᠢᠯᠲᠠᠭᠠᠨ ᠪᠣᠯᠳᠠᠭ ᠃ — ᠳᠡᠭᠡᠷᠡᠬᠢ ᠡᠪᠡᠳᠴᠢᠨ ᠨᠦᠭᠦᠳ ᠭᠡᠳᠡᠰᠦᠨ ᠤ ᠠᠷᠬᠠᠭ ᠰᠢᠨᠵᠢ ᠲᠠᠢ ᠡᠪᠡᠳᠴᠢᠨ ᠤ ᠰᠠᠭᠤᠷᠢ ᠪᠣᠯᠬᠤ ᠮᠠᠭᠠᠳᠯᠠᠯ ᠲᠠᠢ ᠦᠦ ︖ — ᠳᠡᠭᠡᠷ᠎ᠡ ᠳᠤᠷᠠᠳᠤᠭᠰᠠᠨ ᠰᠢᠯᠲᠠᠭᠠᠨ ᠨᠤᠭᠤᠳ ᠨᠢ ᠶᠠᠪᠤᠭᠠᠨ ᠳᠤ ᠪᠠᠨ ᠭᠡᠳᠡᠰᠦ ᠪᠠᠶᠢᠩᠭᠤ ᠳᠦᠭᠦᠷᠬᠦ ᠂ ᠭᠦᠶᠦᠯᠭᠡᠬᠦ ᠂ ᠪᠠᠶᠢᠨ ᠪᠠᠶᠢᠨ ᠲᠦᠭᠵᠢᠷᠡᠬᠦ ᠵᠡᠷᠭᠡ ᠠᠷᠬᠠᠭ ᠰᠢᠨᠵᠢ ᠲᠠᠢ ᠡᠪᠡᠳᠴᠢᠨ ᠤ ᠰᠠᠭᠤᠷᠢ ᠰᠢᠯᠲᠠᠭᠠᠨ ᠪᠣᠯᠣᠨ᠎ᠠ ᠃ ᠡᠶᠢᠮᠦ ᠠᠴᠠ ᠬᠤᠪᠢ ᠶᠢᠨ ᠠᠷᠢᠭᠤᠨ ᠴᠡᠪᠡᠷ ᠤᠨ ᠳᠢᠭᠯᠢᠮ ᠂ ᠬᠤᠭᠤᠯᠠᠨ ᠤ ᠵᠥᠪ ᠳᠢᠭᠯᠢᠮ ᠨᠢ ᠠᠵᠢᠯ ᠠᠮᠢᠳᠤᠷᠠᠯ ᠤᠨ ᠬᠡᠪ ᠮᠠᠶ᠋ᠢᠭ ᠠᠴᠠ ᠬᠠᠮᠢᠶᠠᠷᠴᠤ ᠤᠶᠠᠯᠳᠤᠭ᠎ᠠ ᠲᠠᠢ ᠪᠠᠶᠢᠬᠤ ᠨᠢ ᠴᠢᠬᠤᠯᠠ ᠪᠣᠯᠬᠤ ᠶᠢ ᠣᠶᠢᠯᠠᠭᠠᠵᠤ ᠪᠠᠶᠢᠭ᠎ᠠ ᠪᠠᠶᠢᠬ᠎ᠠ ᠭᠡᠵᠦ ᠨᠠᠶᠢᠳᠠᠵᠤ ᠪᠠᠶᠢᠨ᠎ᠠ ᠃ — ᠭᠡᠳᠡᠰᠦ ᠪᠠᠶᠢᠩᠭᠤ ᠳᠦᠭᠦᠷᠳᠡᠭ ᠪᠣᠯᠴᠢᠬᠠᠪᠠᠯ ᠶᠠᠭᠠᠬᠢᠬᠤ ᠪᠤᠢ ︖ — ᠨᠢᠭᠡᠨᠲᠡ ᠭᠡᠳᠡᠰᠦ ᠪᠠᠶᠢᠩᠭᠤ ᠳᠦᠭᠦᠷᠳᠡᠭ ᠪᠣᠯᠣᠭᠰᠠᠨ ᠪᠣᠯ ᠡᠮᠴᠢ ᠶᠢᠨ ᠬᠢᠨᠠᠯᠲᠠ ᠳᠤ ᠲᠤᠭᠤᠰᠢᠲᠠᠢ ᠡᠮᠴᠢᠯᠡᠭᠦᠯᠬᠦ ᠠᠴᠠ ᠭᠠᠳᠠᠨ᠎ᠠ ᠬᠠᠯᠠᠭᠤᠨ ᠪᠦᠯᠢᠶᠡᠨ ᠬᠤᠭᠤᠯᠠ ᠴᠠᠢ ᠪᠠᠨ ᠴᠠᠭ ᠤᠨ ᠬᠤᠪᠢᠶᠠᠷᠢ ᠶᠢᠨ ᠳᠠᠭᠠᠤ ᠢᠳᠡᠵᠦ ᠤᠤᠭᠤᠵᠤ ᠬᠡᠪᠰᠢᠬᠦ ᠬᠡᠷᠡᠭᠲᠡᠢ ᠃ — ᠬᠤᠭᠤᠯᠠᠨ ᠤ ᠳᠢᠭᠯᠢᠮ ᠤᠨ ᠬᠤᠪᠢ ᠳᠤ ᠁ — ᠬᠤᠭᠤᠯᠠᠨ ᠤ ᠳᠢᠭᠯᠢᠮ ᠤᠨ ᠬᠤᠪᠢ ᠳᠤ ᠭᠡᠪᠡᠯ ᠬᠡᠲᠦ ᠶᠡᠭᠡ ᠢᠳᠡᠬᠦ ᠂ ᠢᠯᠠᠩᠭᠤᠶ᠎ᠠ ᠬᠡᠲᠦ ᠶᠡᠭᠡ ᠥᠯᠥᠰᠴᠦ ᠪᠠᠶᠢᠭ᠎ᠠ ᠳᠤ ᠭᠡᠨᠡᠳᠲᠡ ᠶᠡᠭᠡ ᠢᠳᠡᠬᠦ ᠠᠴᠠ ᠲᠠᠲᠠᠭᠠᠯᠵᠠᠬᠤ ᠬᠡᠷᠡᠭᠲᠡᠢ ᠃ — ᠡᠶᠢᠮᠦ ᠦᠶ᠎ᠡ ᠳᠤ ᠶᠠᠮᠠᠷ ᠶᠠᠮᠠᠷ ᠬᠦᠨᠡᠰᠦᠨ ᠤ ᠵᠦᠢᠯ ᠠᠴᠠ ᠵᠠᠶᠢᠯᠠᠰᠬᠢᠬᠦ ᠬᠡᠷᠡᠭᠲᠡᠢ ᠪᠤᠢ ︖ — ᠬᠡᠲᠦ ᠬᠦᠢᠲᠡᠨ ᠂ ᠤᠳᠠᠭᠠᠨ ᠬᠠᠳᠠᠭᠠᠯᠠᠵᠤ ᠴᠢᠨᠠᠷ ᠢᠶᠠᠨ ᠠᠯᠳᠠᠭᠰᠠᠨ ᠬᠤᠭᠤᠯᠠ ᠬᠦᠨᠡᠰᠦ ᠂ ᠢᠰᠯᠡᠭ ᠶᠡᠬᠡᠲᠡᠢ ᠮᠠᠨᠵᠢᠨ ᠂ ᠬᠦᠷᠡᠩ ᠮᠠᠨᠵᠢᠨ ᠂ ᠯᠤᠤᠪᠠᠩ ᠂ ᠬᠤᠯᠤᠤ ᠂ ᠠᠯᠢᠮ᠎ᠠ ᠭᠡᠬᠦ ᠮᠡᠲᠦ ᠶᠢᠨ ᠨᠣᠭᠤᠭ᠎ᠠ ᠵᠢᠮᠢᠰ ᠢ ᠲᠦᠭᠦᠬᠡᠢ ᠪᠠᠷ ᠢᠳᠡᠬᠦ ᠂ ᠬᠦᠢᠲᠡᠨ ᠰᠦ ᠂ ᠬᠡᠶᠢᠵᠢᠭᠦᠯᠦᠭᠰᠡᠨ ᠤᠰᠤ ᠤᠮᠳᠠᠭ᠎ᠠ ᠤᠤᠭᠤᠬᠤ ᠂ ᠭᠡᠳᠡᠰᠦ ᠬᠤᠳᠣᠭᠤᠳᠤ ᠪᠠᠨ ᠳᠠᠭᠠᠷᠠᠭᠤᠯᠬᠤ ᠵᠡᠷᠭᠡ ᠠᠴᠠ ᠪᠠᠶᠢᠩᠭᠤ ᠵᠠᠶᠢᠯᠠᠰᠬᠢᠵᠦ ᠪᠠᠶᠢᠪᠠᠯ ᠡᠳᠡᠭᠡᠷᠡᠬᠦ ᠳᠤ ᠬᠢᠯᠪᠠᠷ ᠪᠣᠯᠣᠨ᠎ᠠ ᠃ — ᠭᠡᠳᠡᠰᠦ ᠪᠠᠶᠢᠩᠭᠤ ᠳᠦᠭᠦᠷᠳᠡᠭ ᠪᠣᠯᠣᠭᠰᠠᠨ ᠦᠶ᠎ᠡ ᠳᠤ ᠶᠠᠮᠠᠷ ᠬᠤᠭᠤᠯᠠ ᠬᠦᠨᠡᠰᠦᠨ ᠠᠴᠠ ᠪᠣᠯᠭᠤᠮᠵᠢᠯᠠᠬᠤ ᠶᠣᠰᠣᠲᠠᠢ ᠪᠤᠢ ︖ — ᠬᠠᠪᠤᠷ ᠡᠷᠲᠡ ᠬᠤᠨᠢᠨ ᠤ ᠰᠦ ᠲᠠᠷᠠᠭ ᠤᠤᠭᠤᠬᠤ ᠂ ᠭᠡᠳᠡᠰᠦᠨ ᠤ ᠰᠢᠨ᠎ᠡ ᠱᠥᠯᠥ ᠤᠤᠭᠤᠬᠤ ᠂ ᠮᠥᠨ ᠤᠮᠳᠠᠨ ᠤ ᠤᠰᠤ ᠰᠣᠯᠢᠭᠳᠠᠬᠤ ᠳᠤ ᠬᠦᠷᠲᠡᠯ᠎ᠡ ᠬᠡᠶᠢᠷᠬᠡᠵᠦ ᠬᠢᠮᠤᠷᠠᠳᠠᠭ ᠲᠤᠯᠠ ᠪᠣᠯᠭᠤᠮᠵᠢ ᠲᠠᠢ ᠪᠠᠶᠢᠬᠤ ᠳᠤ ᠢᠯᠡᠭᠦᠳᠡᠬᠦ ᠦᠭᠡᠢ ᠃ — ᠭᠡᠷ ᠤᠨ ᠨᠥᠬᠦᠴᠡᠯ ᠳᠤ ᠶᠠᠮᠠᠷ ᠡᠮᠴᠢᠯᠡᠭᠡ ᠂ ᠭᠠᠮ ᠬᠢᠪᠡᠯ ᠵᠣᠬᠢᠯᠲᠠᠢ ᠪᠤᠢ ︖ — ᠭᠡᠷ ᠤᠨ ᠨᠥᠬᠦᠴᠡᠯ ᠳᠤ ᠭᠡᠳᠡᠰᠦ ᠂ ᠬᠡᠪᠡᠯᠢ ᠂ ᠤᠭᠤᠴᠠ ᠨᠢᠷᠤᠭᠤ ᠪᠠᠨ ᠬᠤᠨᠢᠨ ᠤ ᠰᠡᠭᠦᠯ ᠤᠨ ᠲᠣᠰᠣ ᠪᠠᠷ ᠲᠣᠰᠣᠯᠠᠵᠤ ᠂ ᠪᠦᠯᠢᠶᠡᠨ ᠵᠢᠩ ᠲᠠᠯᠪᠢᠬᠤ ᠂ ᠪᠦᠯᠢᠶᠡᠨ ᠲᠣᠰᠣᠯᠢᠭ ᠨᠦᠮᠵᠦᠭ ᠲᠠᠢ ᠬᠤᠭᠤᠯᠠ ᠤᠮᠳᠠ ᠬᠡᠷᠡᠭᠯᠡᠵᠦ ᠂ ᠳᠢᠭᠯᠢᠮ ᠰᠠᠶᠢᠨ ᠰᠠᠬᠢᠬᠤ ᠨᠢ ᠲᠤᠰᠠᠲᠠᠢ ᠃ ᠭᠡᠳᠡᠰᠦ ᠬᠤᠳᠣᠭᠤᠳᠤᠨ ᠤ ᠡᠮᠭᠡᠭ ᠥᠭᠡᠷᠡᠴᠢᠯᠡᠯᠲᠡ ᠶᠢ ᠮᠣᠩᠭᠤᠯ ᠡᠮ ᠲᠠᠩ ᠂ ᠤᠯᠠᠮᠵᠢᠯᠠᠯᠲᠤ ᠲᠥᠭᠡᠨᠡ ᠵᠠᠰᠠᠯ ᠂ ᠪᠠᠷᠢᠶ᠎ᠠ ᠵᠠᠰᠠᠯ ᠂ ᠵᠢᠩ ᠪᠢᠩᠨᠡᠭᠦᠷ ᠂ ᠷᠠᠰᠢᠶᠠᠨ ᠰᠢᠪᠠᠷ ᠡᠮᠴᠢᠯᠡᠭᠡ ᠂ ᠰᠢᠷᠭᠢᠭᠡᠭᠰᠡᠨ ᠤᠰᠤ ᠪᠠᠷ ᠡᠮᠴᠢᠯᠡᠵᠦ ᠪᠣᠯᠣᠨ᠎ᠠ ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号