ᠤᠯᠠᠷᠢᠯ ᠤᠨ ᠪᠤᠰᠤ ᠬᠠᠷᠰᠢᠯ ᠤᠨ ᠡᠪᠡᠳᠴᠢᠨ
ᠨᠡᠶᠢᠲᠡᠯᠡᠭᠰᠡᠨ ᠴᠠᠭ᠄
2021/10/13
ᠬᠠᠷᠰᠢᠯ ᠤᠨ ᠦᠶ᠎ᠡ ᠳᠤ ᠬᠠᠮᠠᠷ ᠪᠢᠲᠡᠭᠦᠷᠡᠬᠦ ᠂ ᠤᠰᠤᠷᠬᠠᠭ ᠨᠢᠰᠤ ᠭᠤᠭᠤᠵᠢᠬᠤ ᠂ ᠬᠠᠮᠠᠷ ᠂ ᠲᠠᠩᠨᠠᠢ ᠂ ᠴᠢᠬᠢᠨ ᠳᠣᠲᠣᠷ᠎ᠠ ᠵᠠᠭᠠᠲᠤᠨᠠᠬᠤ ᠂ ᠨᠠᠶᠢᠲᠠᠭᠠᠯᠭᠠᠬᠤ ᠵᠡᠷᠭᠡ ᠬᠠᠮᠠᠷ ᠤᠨ ᠰᠢᠨᠵᠢ ᠨᠦᠭᠦᠳ ᠢᠯᠡᠷᠡᠳᠡᠭ ᠃ ᠨᠢᠳᠦᠨ ᠤ ᠵᠣᠪᠬᠢ ᠶᠢᠨ ᠬᠠᠷᠰᠢᠯ ᠲᠠᠢ ᠬᠠᠮᠲᠤ ᠢᠯᠡᠷᠡᠬᠦ ᠨᠢ ᠡᠯᠪᠡᠭ ᠪᠠᠶᠢᠳᠠᠭ ᠃ ᠡᠨᠡ ᠦᠶ᠎ᠡ ᠳᠤ ᠳᠡᠭᠡᠷᠡᠬᠢ ᠰᠢᠨᠵᠢ ᠲᠡᠮᠳᠡᠭ ᠤᠳ ᠳᠡᠭᠡᠷ᠎ᠡ ᠨᠡᠮᠡᠭᠳᠡᠨ ᠨᠢᠳᠦ ᠵᠠᠭᠠᠲᠤᠨᠠᠬᠤ ᠂ ᠤᠯᠠᠶᠢᠬᠤ ᠂ ᠨᠢᠯᠪᠤᠰᠤ ᠭᠤᠭᠤᠵᠢᠬᠤ ᠂ ᠵᠣᠪᠬᠢ ᠬᠠᠪᠤᠳᠬᠤ ᠵᠡᠷᠭᠡ ᠰᠢᠨᠵᠢ ᠨᠦᠭᠦᠳ ᠭᠠᠷᠳᠠᠭ ᠃ ᠤᠯᠠᠷᠢᠯ ᠤᠨ ᠪᠤᠰᠤ ᠬᠠᠷᠰᠢᠯ ᠨᠢ ᠭᠡᠷ ᠠᠬᠤᠢ ᠶᠢᠨ ᠲᠣᠭᠤᠰᠣᠨ ᠤ ᠪᠦᠷᠢᠯᠳᠦᠬᠦᠨ ᠬᠡᠰᠡᠭ ᠤᠳ ᠂ ᠰᠢᠪᠠᠵᠢ ᠂ ᠠᠮᠢᠲᠠᠨ ᠤ ᠬᠤᠴᠢᠭᠤᠷ ᠡᠳ᠋ ᠂ ᠮᠥᠭᠦᠨᠴᠢᠷ ᠵᠡᠷᠭᠡ ᠠᠭᠠᠷ ᠲᠤ ᠲᠠᠷᠬᠠᠭᠰᠠᠨ ᠢᠶᠠᠷ ᠬᠠᠮᠠᠷ ᠪᠣᠯᠣᠨ ᠨᠢᠳᠦᠨ ᠳᠤ ᠳᠡᠭᠡᠷ᠎ᠡ ᠪᠠᠭᠤᠵᠤ ᠬᠠᠷᠰᠢᠯ ᠡᠭᠦᠰᠬᠡᠳᠡᠭ ᠃ ᠡᠨᠡ ᠬᠦ ᠬᠠᠮᠠᠷ — ᠵᠣᠪᠬᠢ ᠶᠢᠨ ᠬᠠᠷᠰᠢᠯ ᠨᠢ ᠶᠠᠮᠠᠷ ᠨᠢᠭᠡᠨ ᠤᠯᠠᠷᠢᠯ ᠲᠠᠢ ᠬᠤᠯᠪᠣᠭ᠎ᠠ ᠦᠭᠡᠢ ᠪᠥᠭᠡᠳ ᠪᠦᠲᠦᠨ ᠵᠢᠯ ᠲᠣᠭᠤᠷᠢᠨ ᠦᠷᠭᠦᠯᠵᠢᠯᠡᠵᠦ ᠪᠣᠯᠳᠠᠭ ᠃ ᠤᠯᠠᠷᠢᠯ ᠤᠨ ᠪᠤᠰᠤ ᠬᠠᠷᠰᠢᠯ ᠡᠭᠦᠰᠬᠡᠳᠡᠭ ᠦᠨᠳᠦᠰᠦᠨ ᠰᠢᠯᠲᠠᠭᠠᠨ ᠨᠤᠭᠤᠳ ᠄  ᠭᠡᠷ ᠤᠨ ᠲᠣᠭᠤᠰᠣᠨ ᠤ ᠬᠠᠴᠢᠭ — ᠡᠩ ᠤᠨ ᠨᠢᠳᠦᠨ ᠳᠤ ᠦᠵᠡᠭᠳᠡᠬᠦ ᠪᠠᠷ ᠦᠭᠡᠢ ︵ᠲᠣᠮᠣ ᠨᠢ 0.3 ᠮᠢᠯᠢᠮᠧᠲᠷ ︶ ᠵᠢᠵᠢᠭ ᠬᠠᠴᠢᠭ ᠤᠳ ᠲᠠᠰᠤᠯᠭᠠᠨ ᠳᠤ ᠠᠮᠢᠳᠤᠷᠠᠵᠤ ᠪᠠᠶᠢᠳᠠᠭ ᠪᠥᠭᠡᠳ ᠲᠡᠭᠦᠨ ᠤ ᠪᠡᠶ᠎ᠡ ᠶᠢᠨ ᠬᠡᠰᠡᠭ ᠤᠳ ᠂ ᠢᠯᠭᠠᠳᠠᠰᠤ ᠨᠢ ᠠᠮᠢᠰᠬᠤᠯ ᠤᠨ ᠵᠠᠮ ᠢᠶᠠᠷ ᠨᠡᠪᠲᠡᠷᠡᠵᠦ ᠬᠠᠷᠰᠢᠯ ᠡᠭᠦᠰᠬᠡᠳᠡᠭ ᠃ ᠡᠳᠡᠭᠡᠷ ᠵᠢᠵᠢᠭ ᠬᠠᠴᠢᠭ ᠤᠳ ᠨᠢ ᠬᠥᠮᠥᠨ ᠤ ᠠᠷᠠᠰᠤ ᠠᠴᠠ ᠭᠤᠤᠵᠢᠵᠤ ᠤᠨᠠᠬᠤ ᠬᠤᠭᠵᠢᠷᠠᠤ ᠦᠰᠦᠨ ᠤ ᠬᠠᠭ ᠵᠡᠷᠭᠡ ᠪᠠᠷ ᠬᠤᠭᠤᠯᠠᠯᠠᠳᠠᠭ ᠤᠴᠢᠷ ᠠᠴᠠ ᠣᠷᠣᠨ ᠤ ᠬᠡᠷᠡᠭᠰᠡᠯ ᠂ ᠳᠡᠷ᠎ᠡ ᠶᠢᠨ ᠤᠭᠤᠲᠠ ᠂ ᠭᠤᠳᠣᠰ ᠂ ᠬᠡᠪᠢᠰ ᠂ ᠬᠡᠪᠢᠰᠡᠨᠴᠢᠷ ᠂ ᠵᠥᠭᠡᠯᠡᠨ ᠲᠠᠪᠢᠯᠭ᠎ᠠ ᠳᠡᠭᠡᠷ᠎ᠡ ᠲᠠᠷᠬᠠᠵᠤ ᠠᠮᠢᠳᠤᠷᠠᠳᠠᠭ ᠃ ᠠᠭᠤᠯᠬᠤ ᠶᠢᠨ ᠬᠠᠴᠢᠭ — ᠬᠡᠳᠦ ᠬᠡᠳᠦᠨ ᠲᠥᠷᠥᠯ ᠤᠨ ᠵᠢᠵᠢᠭᠬᠡᠨ ᠵᠢᠵᠢᠭ ᠬᠠᠴᠢᠭ ᠤᠳ ᠪᠠᠶᠢᠳᠠᠭ ᠃ ᠶᠡᠬᠡᠪᠴᠢᠯᠡᠨ ᠠᠭᠤᠯᠬᠤ ᠂ ᠵᠣᠭᠤᠷᠢ ᠂ ᠨᠣᠮ ᠤᠨ ᠰᠠᠩ ᠂ ᠵᠡᠷᠭᠡ ᠶᠠᠭᠤᠮ᠎ᠠ ᠬᠠᠳᠠᠭᠠᠯᠠᠵᠤ ᠠᠭᠤᠯᠳᠠᠭ ᠭᠠᠵᠠᠷ ᠤᠨ ᠲᠣᠭᠤᠰᠣᠨ ᠳᠤ ᠠᠮᠢᠳᠤᠷᠠᠳᠠᠭ ᠃ ᠠᠭᠤᠯᠬᠤ ᠂ ᠵᠣᠭᠤᠷᠢ ᠪᠣᠯᠣᠨ ᠨᠣᠮ ᠤᠨ ᠰᠠᠩ ᠤᠨ ᠠᠵᠢᠯᠴᠢᠳ ᠢᠯᠡᠭᠦᠦ ᠲᠠᠢ ᠡᠪᠡᠳᠴᠢᠯᠡᠳᠡᠭ ᠃ ᠮᠥᠨ ᠡᠨᠡ ᠲᠥᠷᠥᠯ ᠤᠨ ᠵᠢᠵᠢᠭ ᠬᠠᠴᠢᠭ ᠤᠳ ᠮᠡᠳᠡᠷᠡᠭᠰᠢᠭᠰᠡᠨ ᠬᠥᠮᠦᠰ ᠬᠠᠭᠤᠴᠢᠷᠠᠭᠰᠠᠨ ᠨᠣᠮ ᠂ ᠰᠣᠨᠢᠨ ᠤᠩᠰᠢᠬᠤ ᠵᠡᠷᠭᠡ ᠳᠤ ᠬᠠᠷᠰᠢᠯ ᠨᠢ ᠬᠥᠳᠡᠯᠳᠡᠭ ᠃ ᠠᠮᠢᠲᠠᠨ ᠤ ᠬᠤᠴᠢᠭᠤᠷ ᠡᠳ᠋ — ᠭᠡᠷ ᠤᠨ ᠲᠡᠵᠢᠭᠡᠪᠦᠷᠢ ᠠᠮᠢᠲᠠᠳ ᠢᠯᠠᠩᠭᠤᠶ᠎ᠠ ᠨᠣᠬᠠᠢ ᠂ ᠮᠤᠤᠷ ᠤᠨ ᠦᠰᠦ ᠂ ᠬᠠᠭ ᠂ ᠬᠤᠭᠵᠢᠷᠠᠤ ᠂ ᠰᠢᠯᠦᠰᠦ ᠂ ᠰᠢᠭᠡᠰᠦᠨ ᠤ ᠤᠷᠭ᠎ᠠ ᠨᠤᠭᠤᠳ ᠬᠠᠷᠰᠢᠯ ᠲᠥᠷᠥᠭᠦᠯᠳᠡᠭ ᠃ ᠮᠥᠨ ᠲᠤᠷᠰᠢᠯᠲᠠ ᠶᠢᠨ ᠲᠠᠰᠤᠭ ᠤᠨ ᠴᠠᠭᠠᠨ ᠬᠤᠯᠤᠭᠠᠨ᠎ᠠ ᠂ ᠬᠠᠷᠬ᠎ᠠ ᠂ ᠲᠠᠤᠯᠠᠢ ᠵᠡᠷᠭᠡ ᠠᠮᠢᠲᠠᠨ ᠤ ᠬᠠᠭ ᠂ ᠬᠤᠭᠵᠢᠷᠠᠤ ᠂ ᠰᠢᠭᠡᠰᠦ ᠨᠢ ᠬᠠᠷᠰᠢᠯ ᠲᠥᠷᠥᠭᠦᠯᠳᠡᠭ ᠪᠥᠭᠡᠳ ᠶᠡᠬᠡᠪᠴᠢᠯᠡᠨ ᠲᠤᠷᠰᠢᠯᠲᠠ ᠶᠢᠨ ᠲᠠᠰᠤᠭ ᠤᠨ ᠠᠵᠢᠯᠴᠢᠳ ᠬᠠᠷᠰᠢᠯ ᠲᠠᠢ ᠪᠣᠯᠳᠠᠭ ᠃ ᠦᠶ᠎ᠡ ᠬᠥᠯᠲᠡᠨ — ᠪᠢᠳᠠᠨ ᠤ ᠠᠮᠢᠳᠤᠷᠠᠯ ᠤᠨ ᠣᠷᠴᠢᠨ ᠳᠤ ᠥᠷᠭᠡᠨ ᠲᠠᠷᠬᠠᠭᠰᠠᠨ ᠦᠶ᠎ᠡ ᠬᠥᠯᠲᠡᠨ ᠪᠣᠯ ᠵᠣᠣᠮ᠎ᠠ ᠪᠠᠶᠢᠳᠠᠭ ᠃ ᠵᠣᠣᠮ᠎ᠠ ᠶᠢᠨ ᠢᠯᠭᠠᠳᠠᠰᠤ ᠂ ᠪᠡᠶ᠎ᠡ ᠶᠢᠨ ᠬᠡᠰᠡᠭ ᠤᠳ ᠨᠢ ᠭᠡᠷ ᠠᠬᠤᠢ ᠶᠢᠨ ᠲᠣᠭᠤᠰᠣᠨ ᠤ ᠬᠠᠮᠲᠤ ᠠᠮᠢᠰᠬᠤᠯ ᠤᠨ ᠵᠠᠮ ᠢᠶᠠᠷ ᠨᠡᠪᠲᠡᠷᠡᠵᠦ ᠬᠠᠷᠰᠢᠯ ᠲᠥᠷᠥᠭᠦᠯᠳᠡᠭ ᠃ ᠮᠥᠭᠦᠨᠴᠢᠷ — ᠲᠠᠰᠤᠯᠭᠠᠨ ᠤ ᠪᠣᠯᠣᠨ ᠭᠠᠳᠠᠭ᠎ᠠ ᠣᠷᠴᠢᠨ ᠳᠤ ᠤᠷᠭᠤᠳᠠᠭ ᠮᠥᠭᠦ ᠬᠠᠷᠰᠢᠯ ᠲᠥᠷᠥᠭᠦᠯᠳᠡᠭ ᠃ ᠴᠢᠭᠢᠭᠯᠢᠭ ᠂ ᠬᠠᠷᠠᠩᠭᠤᠢ ᠂ ᠠᠭᠠᠷᠵᠢᠯᠲᠠ ᠮᠠᠭᠤᠲᠠᠢ ᠭᠠᠵᠠᠷ ᠲᠤ ᠮᠥᠭᠦᠨᠴᠢᠷ ᠤᠷᠭᠤᠳᠠᠭ ᠃ ᠡᠶᠢᠮᠦ ᠠᠴᠠ ᠨᠣᠷᠣᠭᠰᠠᠨ ᠬᠠᠨ᠎ᠠ ᠶᠢᠨ ᠴᠠᠭᠠᠰᠤ ᠂ ᠤᠬᠢᠶᠠᠯᠭ᠎ᠠ᠂ ᠵᠣᠷᠯᠣᠩ ᠂ ᠭᠠᠯ ᠲᠣᠭᠤᠭᠠᠨ ᠤ ᠥᠷᠥᠭᠡᠨ ᠳᠤ ᠶᠡᠬᠡᠪᠴᠢᠯᠡᠨ ᠤᠷᠭᠤᠵᠤ ᠲᠠᠰᠤᠯᠭᠠᠨ ᠤ ᠠᠭᠠᠷ ᠲᠤ ᠲᠠᠷᠬᠠᠨ ᠬᠠᠷᠰᠢᠯ ᠲᠥᠷᠥᠭᠦᠯᠳᠡᠭ ᠃ ᠮᠥᠭᠦᠨᠴᠢᠷ ᠨᠢ ᠬᠡᠮᠵᠢᠶ᠎ᠡ ᠪᠠᠷ ᠮᠠᠰᠢ ᠵᠢᠵᠢᠭ ᠪᠠᠶᠢᠳᠠᠭ ᠤᠴᠢᠷ ᠠᠴᠠ ᠠᠭᠠᠷ ᠲᠤ ᠲᠠᠷᠬᠠᠬᠤ ᠴᠢᠳᠠᠪᠤᠷᠢ ᠬᠠᠷᠢᠴᠠᠩᠭᠤᠢ ᠥᠨᠳᠥᠷ ᠪᠣᠯᠬᠤ ᠶᠢ ᠠᠩᠬᠠᠷᠬᠤ ᠬᠡᠷᠡᠭᠲᠡᠢ ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号