ᠤᠯᠠᠷᠢᠯ ᠤᠨ ᠬᠠᠷᠰᠢᠯ ᠤᠨ ᠡᠪᠡᠳᠴᠢᠨ
ᠨᠡᠶᠢᠲᠡᠯᠡᠭᠰᠡᠨ ᠴᠠᠭ᠄
2021/10/13
ᠬᠠᠷᠰᠢᠯ ᠤᠨ ᠦᠶ᠎ᠡ ᠳᠤ ᠬᠠᠮᠠᠷ ᠪᠢᠲᠡᠭᠦᠷᠡᠬᠦ ᠂ ᠤᠰᠤᠷᠬᠠᠭ ᠨᠢᠰᠤ ᠭᠤᠭᠤᠵᠢᠬᠤ ᠂ ᠬᠠᠮᠠᠷ ᠂ ᠲᠠᠩᠨᠠᠢ ᠂ ᠴᠢᠬᠢᠨ ᠳᠣᠲᠣᠷ᠎ᠠ ᠵᠠᠭᠠᠲᠤᠨᠠᠬᠤ ᠂ ᠨᠠᠶᠢᠲᠠᠭᠠᠯᠭᠠᠬᠤ ᠵᠡᠷᠭᠡ ᠬᠠᠮᠠᠷ ᠤᠨ ᠰᠢᠨᠵᠢ ᠨᠦᠭᠦᠳ ᠢᠯᠡᠷᠡᠳᠡᠭ ᠃ ᠨᠢᠳᠦᠨ ᠤ ᠵᠣᠪᠬᠢ ᠶᠢᠨ ᠬᠠᠷᠰᠢᠯ ᠲᠠᠢ ᠬᠠᠮᠲᠤ ᠢᠯᠡᠷᠡᠬᠦ ᠨᠢ ᠡᠯᠪᠡᠭ ᠪᠠᠶᠢᠳᠠᠭ ᠃ ᠡᠨᠡ ᠦᠶ᠎ᠡ ᠳᠤ ᠳᠡᠭᠡᠷᠡᠬᠢ ᠰᠢᠨᠵᠢ ᠲᠡᠮᠳᠡᠭ ᠤᠳ ᠳᠡᠭᠡᠷ᠎ᠡ ᠨᠡᠮᠡᠭᠳᠡᠨ ᠨᠢᠳᠦ ᠵᠠᠭᠠᠲᠤᠨᠠᠬᠤ ᠂ ᠤᠯᠠᠶᠢᠬᠤ ᠂ ᠨᠢᠯᠪᠤᠰᠤ ᠭᠤᠭᠤᠵᠢᠬᠤ ᠂ ᠵᠣᠪᠬᠢ ᠬᠠᠪᠤᠳᠬᠤ ᠵᠡᠷᠭᠡ ᠰᠢᠨᠵᠢ ᠨᠦᠭᠦᠳ ᠭᠠᠷᠳᠠᠭ ᠃ ᠤᠯᠠᠷᠢᠯ ᠤᠨ ᠬᠠᠷᠰᠢᠯ ᠨᠢ ᠤᠷᠭᠤᠮᠠᠯ ᠤᠨ ᠲᠣᠭᠤᠰᠣᠨ ᠤ ᠬᠠᠷᠰᠢᠯ ᠤᠨ ᠬᠡᠯᠪᠡᠷᠢ ᠪᠠᠷ ᠲᠣᠬᠢᠶᠠᠯᠳᠤᠨ᠎ᠠ ᠃ ᠶᠠᠮᠠᠷ ᠤᠷᠭᠤᠮᠠᠯ ᠤᠨ ᠲᠣᠭᠤᠰᠣᠨ ᠳᠤ ᠬᠠᠷᠰᠢᠯ ᠲᠠᠢ ᠪᠣᠯᠣᠭᠰᠠᠨ ᠠᠴᠠ ᠬᠠᠮᠢᠶᠠᠷᠴᠤ ᠵᠠᠷᠢᠮ ᠬᠥᠮᠦᠨ ᠵᠥᠪᠬᠡᠨ ᠬᠠᠪᠤᠷ ᠂ ᠵᠠᠷᠢᠮ ᠨᠢ ᠵᠥᠪᠬᠡᠨ ᠵᠤᠨ ᠂ ᠵᠠᠷᠢᠮ ᠨᠢ ᠬᠠᠪᠤᠷ ᠂ ᠵᠤᠨ ᠂ ᠨᠠᠮᠤᠷ ᠤᠨ ᠲᠤᠷᠰᠢ ᠡᠪᠡᠳᠴᠢᠯᠡᠵᠦ ᠪᠣᠯᠣᠨ᠎ᠠ ᠃ ᠬᠤᠰᠤ ᠂ ᠤᠯᠢᠶᠠᠰᠤ ᠂ ᠪᠤᠷᠭᠠᠰᠤ ᠂ ᠨᠠᠷᠠᠰᠤ ᠂ ᠨᠦᠷᠭᠢᠰᠦ ᠵᠡᠷᠭᠡ ᠮᠣᠳᠣᠨ ᠤ ᠲᠣᠭᠤᠰᠣ ᠨᠢ 4 ᠰᠠᠷ᠎ᠠ ᠶᠢᠨ ᠰᠡᠭᠦᠯᠴᠢ ᠪᠠᠷ ᠡᠬᠢᠯᠡᠵᠦ 6 ᠰᠠᠷ᠎ᠠ ᠶᠢᠨ ᠡᠬᠢᠨ ᠬᠦᠷᠲᠡᠯ᠎ᠡ ᠦᠷᠭᠦᠯᠵᠢᠯᠡᠳᠡᠭ ᠃ ᠬᠠᠷᠢᠨ ᠰᠣᠭᠤᠪᠤᠷ ᠂ ᠶᠥᠷᠬᠦᠭ ᠂ ᠦᠨᠡᠭᠡᠨ ᠰᠡᠭᠦᠯ ᠂ ᠨᠤᠭᠤ ᠶᠢᠨ ᠪᠡᠶᠡᠯᠢᠭ ᠂ ᠠᠩᠬᠢᠯᠭ᠎ᠠ ᠵᠡᠷᠭᠡ ᠦᠶᠡᠲᠦ ᠤᠷᠭᠤᠮᠠᠯ ᠤᠨ ᠲᠣᠭᠤᠰᠣ ᠶᠡᠬᠡᠪᠴᠢᠯᠡᠨ 6 ᠰᠠᠷ᠎ᠠ ᠶᠢᠨ ᠡᠬᠢᠨ ᠠᠴᠠ 7 ᠰᠠᠷ᠎ᠠ ᠶᠢᠨ ᠳᠤᠮᠳᠠ ᠬᠦᠷᠲᠡᠯ᠎ᠡ ᠦᠷᠭᠦᠯᠵᠢᠯᠡᠵᠦ ᠬᠠᠷᠰᠢᠯ ᠡᠭᠦᠰᠬᠡᠳᠡᠭ ᠃ ᠮᠥᠨ ᠰᠢᠷᠠᠯᠵᠢ ᠂ ᠯᠤᠤᠯᠢ ᠂ ᠲᠠᠪᠤᠨ ᠰᠠᠯᠠᠭ᠎ᠠ ᠂ ᠪᠤᠳᠤᠷᠭᠠᠨ᠎ᠠ ᠂ ᠬᠤᠷᠠᠭᠠᠨ ᠴᠢᠬᠢ ᠵᠡᠷᠭᠡ ᠤᠷᠭᠤᠮᠠᠯ ᠤᠳ ᠤᠨ ᠲᠣᠭᠤᠰᠤᠵᠢᠯᠲᠠ ᠶᠢᠨ ᠦᠶ᠎ᠡ ᠨᠢ 7 ᠰᠠᠷ᠎ᠠ ᠶᠢᠨ ᠳᠤᠮᠳᠠ ᠠᠴᠠ 9 ᠰᠠᠷ᠎ᠠ ᠶᠢᠨ ᠳᠤᠮᠳᠠ ᠦᠶ᠎ᠡ ᠬᠦᠷᠲᠡᠯ᠎ᠡ ᠦᠷᠭᠦᠯᠵᠢᠯᠡᠵᠦ ᠬᠠᠷᠰᠢᠯ ᠲᠥᠷᠥᠭᠦᠯᠳᠡᠭ ᠃ ᠵᠠᠷᠢᠮ ᠨᠢᠭᠡ ᠬᠥᠮᠦᠰ ᠮᠣᠳᠣ ᠂ ᠦᠶᠡᠲᠦ ᠤᠷᠭᠤᠮᠠᠯ ᠵᠡᠷᠭᠡ ᠳᠤ ᠠᠯᠢ ᠠᠯᠢᠨ ᠳᠤ ᠨᠢ ᠮᠡᠳᠡᠷᠡᠭᠰᠢᠯ ᠡᠭᠦᠰᠴᠦ ᠬᠠᠷᠰᠢᠯ ᠲᠠᠢ ᠪᠣᠯᠣᠭᠰᠠᠨ ᠪᠠᠶᠢᠳᠠᠭ ᠃ ᠡᠶᠢᠮᠦ ᠬᠥᠮᠦᠰ ᠬᠠᠪᠤᠷ ᠂ ᠵᠤᠨ ᠂ ᠨᠠᠮᠤᠷ ᠤᠨ ᠲᠤᠷᠰᠢ ᠬᠠᠷᠰᠢᠯ ᠢᠶᠠᠷ ᠡᠪᠡᠳᠴᠢᠯᠡᠳᠡᠭ ᠃ ᠮᠠᠨ ᠤ ᠣᠷᠣᠨ ᠳᠠᠯᠠᠢ ᠶᠢᠨ ᠲᠦᠪᠰᠢᠨ ᠠᠴᠠ ᠬᠠᠷᠢᠴᠠᠩᠭᠤᠢ ᠥᠨᠳᠥᠷ ᠲᠤ ᠣᠷᠣᠰᠢᠳᠠᠭ ᠪᠥᠭᠡᠳ ᠬᠠᠤᠷᠠᠢ ᠠᠭᠤᠷ ᠠᠮᠢᠰᠬᠤᠯ ᠲᠠᠢ ᠪᠠᠶᠢᠳᠠᠭ ᠨᠢ ᠤᠷᠭᠤᠮᠠᠯ ᠤᠨ ᠲᠣᠭᠤᠰᠣ ᠲᠠᠷᠬᠠᠵᠤ ᠬᠠᠷᠰᠢᠯ ᠡᠭᠦᠰᠬᠡᠬᠦ ᠨᠥᠬᠦᠴᠡᠯ ᠢᠯᠡᠭᠦᠦ ᠪᠦᠷᠢᠳᠳᠡᠭ ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号