ᠴᠠᠢ ᠢᠳᠡᠭᠡᠨ ᠤ ᠶᠣᠰᠣ ᠤᠯᠠᠮᠵᠢᠯᠠᠯ
ᠨᠡᠶᠢᠲᠡᠯᠡᠭᠰᠡᠨ ᠴᠠᠭ᠄
2021/10/13
ᠲᠣᠭᠤᠭ᠎ᠠ ᠶᠢ ᠭᠠᠯ ᠳᠡᠭᠡᠷ᠎ᠡ ᠲᠠᠯᠪᠢᠬᠤ ᠳᠤ ᠪᠠᠨ ᠡᠭᠦᠳᠡ ᠤᠷᠤᠭᠤ ᠪᠤᠶᠤ ᠤᠷᠢᠳᠤ ᠵᠦᠭ ᠤᠷᠤᠭᠤ ᠬᠠᠵᠠᠭᠠᠢ ᠲᠠᠯᠪᠢᠬᠤ ᠶᠢ ᠴᠡᠭᠡᠷᠯᠡᠳᠡᠭ ᠃ ᠲᠣᠭᠤᠭ᠎ᠠ ᠶᠢ ᠬᠤᠶᠢᠲᠤ ᠵᠦᠭ ᠤᠷᠤᠭᠤ ᠦᠯᠦ ᠶᠠᠯᠢᠭ ᠬᠡᠯᠲᠡᠭᠡᠢ ᠲᠠᠯᠪᠢᠨ᠎ᠠ ᠃ ᠤᠰᠤ ᠪᠤᠴᠠᠯᠤᠭᠰᠠᠨ ᠤ ᠳᠠᠷᠠᠭ᠎ᠠ ᠢᠳᠡᠭᠡ ᠂ ᠰᠦ ᠬᠢᠬᠦ ᠪᠥᠭᠡᠳ ᠲᠦᠷᠦᠭᠦᠯᠡᠵᠦ ᠳᠠᠪᠤᠰᠤ ᠬᠢᠵᠦ ᠪᠣᠯᠬᠤ ᠦᠭᠡᠢ ᠃ ᠤᠴᠢᠷ ᠨᠢ ᠦᠭᠡᠶᠢᠷᠡᠵᠦ ᠬᠤᠭᠤᠰᠤᠷᠠᠨ᠎ᠠ ᠭᠡᠵᠦ ᠴᠡᠭᠡᠷᠯᠡᠳᠡᠭ᠃ ᠴᠠᠢ ᠠᠶᠠᠭᠠᠯᠠᠬᠤ ᠳᠤ ᠪᠠᠨ ᠳᠠᠩᠬᠤ ᠶᠢᠨ ᠴᠣᠷᠭᠤ ᠪᠣᠯᠣᠨ ᠬᠠᠯᠠᠭᠤᠨ ᠰᠠᠪᠠᠨ ᠤ ᠠᠮᠠ ᠶᠢ ᠡᠭᠦᠳᠡ ᠤᠷᠤᠭᠤ ᠬᠠᠷᠠᠭᠤᠯᠬᠤ ᠦᠭᠡᠢ ᠂ ᠨᠠᠷᠠ ᠵᠥᠪ ᠡᠷᠭᠢᠭᠦᠯᠭᠡ ᠲᠠᠢ ᠠᠶᠠᠭᠠᠯᠠᠳᠠᠭ ᠃ ᠥᠷᠯᠥᠭᠡ ᠴᠢᠨᠠᠭᠰᠠᠨ ᠡᠬᠢᠨ ᠤ ᠴᠠᠢ ᠶᠢᠨ ᠳᠡᠭᠡᠵᠢ ᠡᠷᠭᠦᠬᠦ ᠳᠤ ᠪᠠᠨ ᠲᠣᠯᠣᠭᠠᠢ ᠨᠢᠴᠦᠭᠦᠨ ᠪᠠᠶᠢᠬᠤ ᠶᠢ ᠴᠡᠭᠡᠷᠯᠡᠨ᠎ᠡ ᠃ ᠴᠠᠢ ᠪᠠᠷ ᠳᠠᠶᠢᠯᠠᠬᠤ ᠳᠤ ᠪᠠᠨ ᠪᠠᠷᠠᠭᠤᠨ ᠭᠠᠷ ᠢᠶᠠᠷ ᠠᠶᠠᠭ᠎ᠠ ᠲᠠᠢ ᠴᠠᠢ ᠪᠠᠨ ᠪᠠᠷᠢᠵᠤ ᠵᠡᠭᠦᠨ ᠭᠠᠷ ᠢᠶᠠᠷ ᠪᠠᠷᠠᠭᠤᠨ ᠭᠠᠷ ᠤᠨ ᠲᠣᠬᠤᠢ ᠶᠢ ᠳᠡᠮᠵᠢᠨ ᠬᠦᠨᠳᠦᠳᠬᠡᠯ ᠲᠠᠢ ᠪᠠᠷᠢᠬᠤ ᠡᠰᠡᠪᠡᠯ ᠬᠤᠶᠠᠷ ᠭᠠᠷ ᠢᠶᠠᠷ ᠠᠶᠠᠭ᠎ᠠ ᠲᠠᠢ ᠴᠠᠢ ᠶᠢ ᠪᠠᠷᠢᠨ᠎ᠠ ᠃ ᠴᠠᠢ ᠬᠤᠭᠤᠯᠠ ᠠᠶᠠᠭᠠᠯᠠᠬᠤ᠂ ᠲᠠᠪᠠᠭᠯᠠᠬᠤ ᠳᠠᠭᠠᠨ ᠬᠠᠨᠴᠤᠢ ᠰᠢᠮᠠᠯᠠᠬᠤ᠂ ᠬᠤᠷᠮᠣᠢ ᠰᠢᠭᠤᠬᠤ ᠶᠢ ᠴᠡᠭᠡᠷᠯᠡᠳᠡᠭ ᠃ ᠬᠠᠨᠴᠤᠢ ᠪᠠᠨ ᠨᠤᠭᠤᠯᠤᠭᠰᠠᠨ ᠪᠣᠯ ᠪᠠᠭᠤᠯᠭᠠᠬᠤ ᠂ ᠠᠶᠠᠭᠠᠨ ᠤ ᠠᠮᠠᠰᠠᠷ ᠳᠡᠭᠡᠷ᠎ᠡ ᠬᠤᠷᠤᠭᠤ ᠪᠠᠨ ᠳᠠᠪᠠᠭᠤᠯᠬᠤ ᠦᠭᠡᠢ ᠪᠠᠷᠢᠬᠤ ᠂ ᠦᠰᠦ ᠭᠡᠵᠢᠭᠡ ᠪᠠᠨ ᠵᠠᠳᠠᠭᠠᠶᠢᠯᠠᠵᠤ ᠴᠠᠶᠢᠨ ᠳᠡᠭᠡᠭᠦᠷ ᠰᠡᠪᠢᠬᠦ ᠶᠢ ᠴᠡᠭᠡᠷᠯᠡᠳᠡᠭ ᠃ ᠰᠦ ᠪᠠᠷ ᠰᠦᠯᠡᠬᠦ ᠶᠢᠨ ᠡᠮᠦᠨ᠎ᠡ ᠵᠠᠪᠠᠯ ᠳᠤᠬᠤᠨ ᠳᠤ ᠪᠠᠨ ᠬᠦᠷᠭᠡᠬᠦ ᠤᠴᠢᠷᠲᠠᠢ ᠃ ᠢᠩᠭᠢᠭᠰᠡᠨ ᠢᠶᠠᠷ ᠡᠯᠳᠡᠪ ᠬᠡᠯᠡ ᠠᠮᠠ ᠂ ᠬᠠᠷᠢᠶᠠᠯ ᠢ ᠠᠷᠢᠭᠤᠰᠬᠠᠳᠠᠭ ᠬᠡᠮᠡᠨ ᠦᠵᠡᠳᠡᠭ ᠪᠠᠶᠢᠨ᠎ᠠ ᠃ ᠴᠠᠢ ᠶᠢᠨ ᠢᠳᠡᠭᠡ ᠶᠢ ᠳᠡᠭᠡᠭᠰᠢ ᠵᠠᠯᠠᠬᠤ ᠬᠡᠷᠡᠭᠲᠡᠢ ᠪᠥᠭᠡᠳ ᠴᠢᠨᠠᠭᠰᠠᠨ ᠳᠠᠩᠬᠤ ᠲᠠᠢ ᠴᠠᠢ ᠶᠢ ᠵᠤᠤᠬᠠᠨ ᠤ ᠪᠠᠨ ᠬᠤᠶᠢᠨ᠎ᠠ ᠲᠠᠯᠪᠢᠬᠤ ᠬᠡᠷᠡᠭᠲᠡᠢ ᠃ ᠠᠶᠢᠯ ᠳᠤ ᠣᠷᠣᠭᠠᠳ ᠡᠵᠡᠳ ᠠᠴᠠ ᠡᠷᠭᠦᠨ ᠪᠠᠷᠢᠭᠰᠠᠨ ᠢᠳᠡᠭᠡ᠂ ᠴᠠᠢ ᠠᠴᠠ ︵ᠪᠡᠯᠡᠳᠬᠡᠭᠰᠡᠨ︶ ᠠᠮᠰᠠᠬᠤ ᠦᠭᠡᠢ ᠭᠠᠷᠬᠤ ᠶᠢ ᠴᠡᠭᠡᠷᠯᠡᠳᠡᠭ ᠃ ᠮᠥᠨ ᠬᠥᠮᠦᠨ ᠴᠠᠢ ᠬᠢᠵᠦ ᠥᠭᠬᠦ ᠳᠤ ᠠᠮᠰᠠᠬᠤ ᠦᠭᠡᠢ ᠪᠠᠷ ᠰᠢᠷᠡᠭᠡᠨ ᠳᠤ ᠲᠠᠯᠪᠢᠵᠤ ᠪᠣᠯᠳᠠᠭ ᠦᠭᠡᠢ᠃ ᠠᠮᠠᠰᠠᠷ ᠨᠢ ᠡᠮᠲᠡᠷᠬᠡᠢ ᠠᠶᠠᠭᠠᠨ ᠳᠤ ᠴᠠᠢ ᠤᠮᠳᠠ ᠬᠢᠵᠦ ᠠᠯᠢᠪᠠ ᠬᠥᠮᠥᠨ ᠳᠤ ᠪᠠᠷᠢᠬᠤ ᠶᠢ ᠴᠡᠭᠡᠷᠯᠡᠳᠡᠭ ᠃ ᠠᠶᠠᠭ᠎ᠠ ᠱᠠᠭᠠᠵᠠᠩ ᠢᠶᠠᠨ ᠬᠥᠮᠥᠷᠢᠵᠦ ᠲᠠᠯᠪᠢᠬᠤ ᠶᠢ ᠴᠡᠭᠡᠷᠯᠡᠳᠡᠭ ᠃ ᠠᠶᠠᠭ᠎ᠠ ᠱᠠᠭᠠᠵᠠᠩ ᠴᠠᠢ ᠤᠮᠳᠠ ᠠᠶᠠᠭᠠᠯᠠᠨ ᠬᠥᠮᠥᠨ ᠳᠤ ᠪᠠᠷᠢᠬᠤ ᠳᠠᠭᠠᠨ ᠠᠮᠠᠰᠠᠷ ᠢ ᠨᠢ ᠬᠤᠷᠤᠭᠤ ᠪᠠᠷ ᠢᠶᠠᠨ ᠳᠠᠷᠤᠬᠤ ᠶᠢ ᠴᠡᠭᠡᠷᠯᠡᠳᠡᠭ ᠃ ᠠᠶᠠᠭ᠎ᠠ ᠱᠠᠭᠠᠵᠠᠩ ᠢ ᠠᠮᠠᠰᠠᠷ ᠠᠴᠠ ᠨᠢ ᠴᠢᠮᠬᠢᠵᠦ ᠪᠠᠷᠢᠬᠤ ᠶᠢ ᠴᠡᠭᠡᠷᠯᠡᠳᠡᠭ ᠃ ᠠᠶᠠᠭ᠎ᠠ ᠱᠠᠭᠠᠵᠠᠩ ᠬᠠᠷᠰᠢᠭᠤᠯᠤᠨ ᠳᠤᠤᠭᠠᠷᠭᠠᠬᠤ ᠶᠢ ᠴᠡᠭᠡᠷᠯᠡᠳᠡᠭ ᠃ ᠠᠶᠠᠭ᠎ᠠ ᠱᠠᠭᠠᠵᠠᠩ ᠲᠠᠢ ᠴᠠᠢ ᠶᠢ ᠭᠡᠷ ᠳᠣᠲᠣᠷ᠎ᠠ ᠠᠴᠠ ᠡᠭᠦᠳᠡ ᠪᠠᠷ ᠭᠠᠳᠠᠭᠰᠢ ᠴᠠᠴᠤᠬᠤ ᠶᠢ ᠴᠡᠭᠡᠷᠯᠡᠳᠡᠭ ᠃ ᠠᠶᠠᠭ᠎ᠠ ᠱᠠᠭᠠᠵᠠᠩ ᠤᠨ ᠢᠷᠤᠭᠠᠷ ᠲᠤ ᠦᠯᠡᠳᠡᠭᠰᠡᠨ ᠢᠳᠡᠬᠦ᠂ ᠤᠤᠭᠤᠬᠤ ᠶᠠᠭᠤᠮ᠎ᠠ ᠶᠢ ᠠᠶᠠᠭᠠᠨ ᠠᠴᠠ ᠨᠢ ᠰᠢᠭᠤᠳ ᠠᠰᠬᠠᠬᠤ ᠶᠢ ᠴᠡᠭᠡᠷᠯᠡᠳᠡᠭ ᠃ ᠠᠶᠠᠭᠠᠨ ᠳᠠᠭᠠᠨ ᠰᠢᠪᠬᠠᠷᠤᠤ ᠦᠯᠡᠳᠡᠭᠡᠬᠦ ᠶᠢ ᠴᠡᠭᠡᠷᠯᠡᠳᠡᠭ ᠃ ᠠᠶᠠᠭᠠᠨ ᠳᠤ ᠴᠠᠢ ᠬᠢᠬᠦ ᠳᠡᠭᠡᠨ ᠪᠢᠯᠬᠠᠭᠠᠬᠤ ᠶᠢ ᠴᠡᠭᠡᠷᠯᠡᠳᠡᠭ ᠃ ᠴᠠᠢ ᠶᠢ ᠠᠶᠠᠭᠠᠨ ᠳᠤ ᠬᠡᠲᠦ ᠳᠦᠭᠦᠷᠭᠡᠵᠦ ᠬᠢᠪᠡᠯ ᠪᠤᠶᠠᠨ ᠬᠡᠰᠢᠭ ᠠᠰᠬᠠᠷᠠᠨ᠎ᠠ ᠭᠡᠳᠡᠭ ᠃ ᠵᠣᠴᠢᠨ ᠳᠤ ᠬᠤᠭᠤᠯᠠ ᠴᠠᠢ ᠠᠶᠠᠭᠠᠯᠠᠬᠤ ᠳᠠᠭᠠᠨ ᠠᠰᠬᠠᠵᠤ ᠴᠢᠳᠬᠤᠬᠤ ᠶᠢ ᠴᠡᠭᠡᠷᠯᠡᠳᠡᠭ ᠃ ᠵᠣᠴᠢᠨ ᠳᠤ ᠠᠷᠤ ᠲᠠᠯ᠎ᠠ ᠠᠴᠠ ᠨᠢ ᠲᠠᠪᠠᠭ ᠤᠨ ᠢᠳᠡᠭᠡ᠂ ᠴᠠᠢ᠂ ᠵᠣᠭᠤᠭ ᠪᠠᠷᠢᠬᠤ ᠶᠢ ᠴᠡᠭᠡᠷᠯᠡᠳᠡᠭ ᠃ ᠰᠦ ᠲᠠᠢ ᠴᠠᠢ ᠳᠤ ᠮᠢᠬ᠎ᠠ ᠬᠥᠰᠬᠦᠯᠡᠵᠦ ᠢᠳᠡᠬᠦ ᠶᠢ ᠴᠡᠭᠡᠷᠯᠡᠳᠡᠭ ᠃ ᠬᠤᠰᠤᠮ ᠳᠡᠭᠡᠷ᠎ᠡ ᠴᠠᠢ ᠬᠢᠵᠦ ᠤᠤᠭᠤᠬᠤ ᠶᠢ ᠴᠡᠭᠡᠷᠯᠡᠳᠡᠭ ᠃ ᠬᠢᠷᠠᠮ᠎ᠠ ᠬᠢᠬᠦ ᠳᠡᠭᠡᠨ ᠰᠦᠨ ᠳᠡᠭᠡᠷ᠎ᠡ ᠤᠰᠤ ᠡᠬᠢᠯᠡᠨ ᠬᠢᠬᠦ ᠶᠢ ᠴᠡᠭᠡᠷᠯᠡᠳᠡᠭ ᠃ ᠴᠠᠢ ᠨᠦᠳᠦᠬᠦ ᠳᠡᠭᠡᠨ ᠲᠣᠭᠠᠯᠠᠬᠤ ᠶᠢ ᠴᠡᠭᠡᠷᠯᠡᠳᠡᠭ ᠃ ᠴᠠᠢ ᠬᠤᠭᠤᠯᠠ ᠠᠶᠠᠭᠠᠯᠠᠬᠤ᠂ ᠪᠠᠷᠢᠬᠤ ᠳᠠᠭᠠᠨ ᠭᠠᠭᠴᠠ ᠭᠠᠷ ᠢᠶᠠᠷ ᠥᠭᠬᠦ᠂ ᠠᠪᠬᠤ ᠶᠢ ᠴᠡᠭᠡᠷᠯᠡᠳᠡᠭ ᠃ ᠴᠠᠢ ᠬᠤᠭᠤᠯᠠ ᠠᠶᠠᠭᠠᠯᠠᠬᠤ ᠳᠠᠭᠠᠨ ᠬᠠᠯᠪᠠᠭ᠎ᠠ᠂ ᠰᠢᠨᠠᠭᠠᠨ ᠤ ᠠᠮᠠᠰᠠᠷ ᠢ ᠪᠤᠷᠤᠭᠤ ᠲᠡᠰᠢ ᠭᠠᠳᠠᠭᠰᠢ ᠬᠠᠨᠳᠤᠭᠤᠯᠬᠤ ᠎ ᠶᠢ ᠴᠡᠭᠡᠷᠯᠡᠳᠡᠭ ᠃ ᠴᠠᠢ ᠶᠢ ᠤᠤᠭᠤᠬᠤ ᠪᠣᠯᠣᠨ ᠬᠥᠮᠥᠨ ᠠᠴᠠ ᠠᠪᠬᠤ ᠂ ᠬᠥᠮᠥᠨ ᠳᠤ ᠥᠭᠬᠦ ᠳᠤ ᠪᠠᠨ ᠠᠶᠠᠭᠠᠨ ᠤ ᠠᠮᠠᠰᠠᠷ ᠢ ᠬᠤᠷᠤᠭᠤᠨ ᠤ ᠥᠨᠳᠡᠭᠡ ᠪᠠᠨ ᠳᠠᠪᠠᠭᠤᠯᠤᠨ ᠪᠠᠷᠢᠬᠤ ᠶᠢ ᠴᠡᠭᠡᠷᠯᠡᠳᠡᠭ᠃ ᠭᠡᠷ ᠤᠨ ᠡᠵᠡᠨ ᠳᠤ ᠴᠠᠢ ᠶᠢᠨ ᠳᠡᠭᠡᠵᠢ ᠪᠠᠨ ᠥᠭᠭᠦᠯ ᠦᠭᠡᠢ ᠪᠠᠷ ᠵᠣᠴᠢᠨ ᠪᠣᠯᠣᠨ ᠪᠤᠰᠤᠳ ᠬᠥᠮᠥᠨ ᠳᠤ ᠥᠭᠪᠡᠯ ᠭᠡᠷ ᠤᠨ ᠡᠵᠡᠨ ᠤ ᠬᠡᠰᠢᠭ ᠢ ᠲᠠᠷᠬᠠᠭᠠᠭᠰᠠᠨ ᠬᠡᠷᠡᠭ ᠂ ᠬᠡᠶᠢᠮᠣᠷᠢ ᠣᠯᠵᠠ ᠨᠢ ᠳᠣᠷᠣᠶᠢᠲᠠᠨ᠎ᠠ ᠭᠡᠵᠦ ᠦᠵᠡᠳᠡᠭ ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号