ᠠᠶᠠᠭ᠎ᠠ ᠰᠤᠩᠭᠤᠬᠤ᠄ ᠬᠤᠭᠤᠯᠠ ᠴᠠᠢ ᠠᠶᠠᠭᠠᠯᠠᠬᠤ ᠠᠶᠠᠭ᠎ᠠ ᠱᠠᠭᠠᠵᠠᠩ ᠨᠢ ᠡᠷᠭᠡᠪᠡᠰᠢ ᠴᠠᠪᠠᠷ ᠮᠦᠷᠳᠡᠭᠡᠨ | ᠡᠮᠳᠠᠷᠴᠤ ᠬᠤᠯᠳᠤᠷᠴᠤ ᠰᠠᠪᠳᠤᠵᠦ ᠴᠠᠪ ᠭᠠᠷᠤᠭᠰᠠᠨ ᠦᠭᠡᠢ ᠪᠠᠶᠢᠬᠤ ᠭᠡᠷᠡᠭᠳᠡᠢ᠃ ᠤᠬᠢᠶᠠᠵᠦ ᠴᠠᠪᠠᠷᠯᠡᠭᠰᠡᠨ ᠦᠭᠡᠢ᠂ | ᠡᠰᠠᠬᠦᠯ᠎ᠠ ᠡᠮᠳᠡᠷᠡᠭᠡᠢ᠂ ᠴᠠᠪ ᠲᠠᠢ ᠠᠶᠠᠭ᠎ᠠ ᠱᠠᠭᠠᠵᠠᠩ ᠲᠤ ᠬᠤᠭᠤᠯᠠ ᠴᠠᠢ ᠠᠶᠠᠭᠠᠯᠠᠵᠦ ᠦᠭᠭᠦ ᠶᠢ ᠪᠤᠰᠤᠳ ᠢ | ᠬᠦᠨᠳᠦᠳᠬᠡᠬᠦ ᠦᠭᠡᠢ᠂ ᠪᠡᠯᠭᠡ ᠳᠠᠮᠪᠡᠷᠡᠯ ᠦᠭᠡᠢ ᠭᠡᠮᠡᠨ ᠦᠵᠡᠳᠡᠭ᠃ | ᠬᠤᠭᠤᠯᠠ ᠴᠠᠢ ᠠᠶᠠᠭᠠᠯᠠᠬᠤ᠄ ᠭᠡᠨ ᠳᠤ ᠴᠤ ᠪᠤᠯᠤᠭᠰᠠᠨ᠂ ᠴᠠᠢ ᠱᠦᠯᠦ᠂ ᠬᠤᠭᠤᠯᠠ ᠪᠤᠳᠠᠭ᠎ᠠ ᠠᠶᠠᠭᠠᠯᠠᠬᠤ ᠳᠠᠭᠠᠨ | ᠭᠡᠳᠦᠷᠭᠡᠢ ᠳᠦᠭᠦᠷᠳᠡᠯ᠎ᠡ ᠪᠢᠯᠬᠠᠳᠠᠯ᠎ᠠ ᠠᠶᠠᠭᠠᠯᠠᠬᠤ ᠪᠤᠶᠤ ᠳᠤᠮᠳᠠᠭᠤᠷ ᠠᠶᠠᠭᠠᠯᠠᠳᠠᠭ ᠦᠭᠡᠢ᠃ | ᠬᠤᠭᠤᠯᠠ ᠴᠠᠢ ᠨᠠᠮᠠᠬᠦ᠄ ᠠᠬᠠᠮᠠᠳ ᠨᠠᠰᠤᠳᠠᠳ ᠪᠤᠶᠤ ᠭᠡᠶᠢᠴᠢᠨ ᠵᠤᠴᠢᠳ ᠲᠤ ᠬᠤᠭᠤᠯᠠ ᠴᠠᠢ ᠨᠠᠮᠠᠵᠦ ᠳᠠᠬᠢᠨ | ᠠᠶᠠᠭᠠᠯᠠᠬᠤ ᠪᠦᠷᠢ ᠠᠶᠠᠭ᠎ᠠ ᠶᠢ ᠨᠢ ᠳᠤᠰᠤᠨ ᠠᠪᠤᠭᠠᠳ ᠬᠤᠭᠤᠯᠠ ᠴᠠᠢ ᠪᠠᠨ ᠨᠠᠮᠡᠭᠰᠡᠨ ᠤ ᠳᠠᠷᠠᠭ᠎ᠠ ᠳᠠᠬᠢᠨ | ᠭᠠᠷᠳᠠᠭᠤᠯᠵᠦ ᠦᠭᠭᠦᠨ᠎ᠡ᠃ ᠰᠢᠭᠤᠳ ᠭᠠᠷ ᠳᠡᠭᠡᠷ᠎ᠡ ᠨᠢ ᠳᠤᠰᠤᠭᠤᠯᠤᠨ ᠠᠶᠠᠭᠠᠯᠠᠳᠠᠭ ᠦᠭᠡᠢ᠃ | ᠠᠶᠠᠭ᠎ᠠ ᠪᠠᠷᠢᠬᠤ᠂ ᠳᠤᠰᠬᠤ᠂ ᠭᠠᠷᠳᠠᠭᠤᠯᠬᠤ᠄ ᠮᠤᠩᠭᠤᠯᠴᠤᠳ ᠪᠠᠷᠠᠭᠤᠨ ᠭᠠᠷ ᠪᠤᠯ ᠵᠦᠪ ᠭᠠᠷ᠂ ᠵᠠᠬᠦᠨ ᠭᠠᠷ | ᠪᠤᠯ ᠰᠣᠯᠣᠭᠠᠢ ᠭᠠᠷ ᠭᠡᠵᠦ ᠦᠵᠡᠳᠡᠭ᠃ ᠡᠶᠢᠮᠦ ᠠᠴᠠ ᠠᠯᠢᠪᠠ ᠶᠠᠭᠤᠮ᠎ᠠ ᠶᠢ ᠤᠯᠠᠩᠬᠢ ᠳᠠᠭᠠᠨ ᠵᠦᠪ | ᠭᠠᠷ ᠢᠶᠠᠷ ᠢᠶᠠᠨ ᠤᠷᠢᠳᠴᠢᠯᠠᠨ ᠪᠠᠷᠢᠵᠦ ᠳᠤᠰᠳᠠᠭ᠃ ᠬᠤᠭᠤᠯᠠ ᠴᠠᠢ ᠠᠶᠠᠭᠠᠯᠠᠵᠦ ᠪᠤᠰᠤᠳ ᠲᠤ ᠭᠠᠷᠳᠠᠭᠤᠯᠬᠤ | ᠪᠤᠶᠤ ᠪᠤᠰᠤᠳ ᠤᠨ ᠠᠶᠠᠭ᠎ᠠ ᠶᠢ ᠳᠤᠰᠬᠤ ᠳᠠᠭᠠᠨ ᠴᠤ ᠴᠦᠮ ᠪᠠᠷᠠᠭᠤᠨ ᠭᠠᠷ ᠢᠶᠠᠷ ᠢᠶᠠᠨ ᠪᠠᠷᠢᠵᠦ ᠭᠠᠷᠳᠠᠭᠤᠯᠵᠦ᠂ | ᠪᠠᠷᠠᠭᠤᠨ ᠭᠠᠷ ᠢᠶᠠᠷ ᠢᠶᠠᠨ ᠳᠤᠰᠴᠤ ᠠᠪᠳᠠᠭ᠃ ᠵᠠᠬᠦᠨ ᠭᠠᠷ ᠢᠶᠠᠷ ᠢᠶᠠᠨ ᠪᠠᠷᠢᠵᠦ ᠭᠠᠷᠳᠠᠭᠤᠯᠬᠤ ᠪᠤᠶᠤ ᠳᠤᠰᠴᠤ | ᠠᠪᠳᠠᠭ ᠦᠭᠡᠢ᠃ ᠬᠤᠭᠤᠯᠠ ᠴᠠᠢ᠂ ᠪᠤᠳᠠᠭ᠎ᠠ ᠱᠦᠯᠦ ᠠᠶᠠᠭᠠᠯᠠᠬᠤ ᠳᠠᠭᠠᠨ᠂ ᠵᠡᠬᠦᠨ ᠭᠠᠷ ᠲᠠᠭᠠᠨ ᠠᠶᠠᠭ᠎ᠠ ᠪᠠᠨ | ᠪᠠᠷᠢᠵᠦ ᠪᠠᠷᠠᠭᠤᠨ ᠭᠠᠷ ᠢᠶᠠᠷ ᠢᠶᠠᠨ ᠰᠢᠨᠠᠭ᠎ᠠ᠂ ᠳᠠᠪᠤᠷ᠎ᠠ ᠪᠠᠨ ᠪᠠᠷᠢᠨ ᠬᠤᠭᠤᠯᠠ ᠴᠠᠢ ᠪᠠᠨ ᠬᠢᠵᠦ ᠠᠶᠠᠭᠠᠯᠠᠳᠠᠭ᠃ | ᠬᠤᠭᠤᠯᠠ ᠴᠠᠢ᠂ ᠪᠤᠳᠠᠭ᠎ᠠ ᠱᠦᠯᠦ ᠪᠠᠨ ᠬᠢᠵᠦ ᠠᠶᠠᠭᠠᠯᠠᠵᠦ ᠪᠠᠷᠠᠭᠰᠠᠨ ᠤ ᠳᠠᠷᠠᠭ᠎ᠠ᠂ ᠭᠠᠷ ᠢᠶᠠᠨ ᠰᠤᠯᠢᠨ ︵ᠵᠡᠬᠦᠨ | ᠭᠠᠷ ᠲᠠᠬᠢ ᠠᠶᠠᠭ᠎ᠠ ᠪᠠᠨ ᠪᠠᠷᠠᠭᠤᠨ ᠭᠠᠷ ᠲᠠᠭᠠᠨ ᠰᠤᠯᠢᠨ ᠪᠠᠷᠢᠵᠦ︶ ᠠᠶᠠᠭ᠎ᠠ ᠪᠠᠨ ᠦᠭᠳᠡᠭ᠃ | ︽ᠲᠠ ᠠᠶᠠᠭ᠎ᠠ ᠪᠠᠨ ᠳᠠᠨᠳᠠ ᠳᠠᠯᠪᠢᠴᠢᠬ᠎ᠠ᠂ ᠪᠢ ᠴᠠᠢ ᠨᠠᠮᠠᠵᠦ ᠦᠭᠭᠦᠶ᠎ᠡ︾ ᠭᠡᠵᠦ ᠪᠤᠯᠬᠤ ᠦᠭᠡᠢ᠃ ᠠᠶᠠᠭ᠎ᠠ ᠶᠢ | ᠨᠢ ᠳᠤᠰᠤᠨ ᠠᠪᠴᠦ ᠵᠠᠬᠦᠨ ᠭᠠᠷ ᠲᠠᠭᠠᠨ ᠪᠠᠷᠢᠭᠠᠳ ᠴᠠᠢ ᠪᠠᠨ ᠨᠡᠮᠡᠭᠡᠳ᠂ ᠪᠠᠷᠠᠭᠤᠨ ᠭᠠᠷ ᠢᠶᠠᠷ ᠢᠶᠠᠨ ᠰᠤᠯᠢᠨ | ᠪᠠᠷᠢᠵᠦ ᠭᠡᠶᠢᠴᠢᠨ ᠵᠤᠴᠢᠨ ᠳᠤ ᠥᠭᠳᠡᠭ᠃ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |