ᠡᠶᠢᠮᠦ ᠭᠤᠶᠣ ᠴᠠᠢ ᠴᠢᠨᠠᠵᠤ ᠤᠤᠭᠤᠭᠠᠷᠠᠢ
ᠨᠡᠶᠢᠲᠡᠯᠡᠭᠰᠡᠨ ᠴᠠᠭ᠄
2021/10/13
ᠪᠣᠷᠴᠠ ᠲᠠᠢ ᠴᠠᠢ ᠬᠠᠷ᠎ᠠ ᠴᠠᠢ ᠴᠢᠨᠠᠵᠤ ᠳᠠᠷᠠᠭ᠎ᠠ ᠨᠢ ᠰᠦᠯᠡᠭᠡᠳ ᠳᠠᠬᠢᠨ ᠪᠤᠴᠠᠯᠭᠠᠨ᠎ᠠ᠃ ᠢᠩᠭᠢᠭᠡᠳ ᠴᠠᠢ ᠪᠠᠨ ᠥᠭᠡᠷ᠎ᠡ ᠰᠠᠪᠠᠨ ᠳᠤ ᠱᠦᠭᠦᠵᠦ ᠶᠡᠭᠦᠯᠡᠭᠡᠳ ᠲᠣᠭᠤᠭ᠎ᠠ ᠶᠢ ᠰᠠᠶᠢᠲᠤᠷ ᠴᠡᠪᠡᠷᠯᠡᠵᠦ ᠬᠠᠯᠠᠭᠠᠨ᠎ᠠ᠃ ᠰᠢᠷ᠎ᠠ ᠪᠤᠶᠤ ᠴᠠᠭᠠᠨ ᠪᠤᠳᠠᠭ᠎ᠠ ᠶᠢ ᠰᠡᠭᠦᠯ ᠤᠨ ᠥᠭᠡᠬᠦ ᠲᠠᠢ ᠬᠠᠮᠲᠤ ᠲᠣᠭᠤᠭᠠᠨ ᠳᠤ ᠬᠢᠵᠦ ᠬᠠᠭᠤᠷᠠᠭᠠᠳ ᠳᠡᠭᠡᠷ᠎ᠡ ᠠᠴᠠ ᠨᠢ ᠱᠦᠭᠦᠭᠰᠡᠨ ᠴᠠᠢ ᠪᠠᠨ ᠬᠢᠨ᠎ᠡ᠃ ᠡᠭᠦᠨ ᠳᠡᠭᠡᠷ᠎ᠡ ᠪᠠᠨ ᠨᠢᠮᠭᠡᠨ ᠬᠥᠰᠬᠦᠯᠡᠭᠰᠡᠨ ᠰᠡᠭᠦᠯ᠂ ᠭᠤᠳᠣᠭᠤᠷ ᠪᠣᠷᠴᠠ᠂ ᠪᠣᠭ ᠮᠠᠯ ᠤᠨ ᠬᠠᠲᠠᠭᠠᠭᠰᠠᠨ ᠬᠠᠪᠢᠷᠭ᠎ᠠ᠂ ᠡᠰᠡᠪᠡᠯ ᠭᠤᠷᠭᠤᠤᠯᠳᠠᠢ ᠨᠡᠮᠡᠵᠦ ᠬᠤᠵᠢᠷ᠂ ᠳᠠᠪᠤᠰᠤ ᠪᠠᠷ ᠠᠮᠲᠠ ᠲᠣᠬᠢᠷᠠᠭᠤᠯᠤᠨ ᠨᠢᠭᠡ ᠤᠳᠠᠭ᠎ᠠ ᠣᠷᠭᠢᠲᠠᠯ᠎ᠠ ᠪᠣᠴᠠᠯᠭᠠᠨ᠎ᠠ᠃ ᠡᠨᠡ ᠴᠠᠢ ᠶᠢ ᠠᠶᠠᠭᠠᠯᠠᠬᠤ ᠳᠠᠭᠠᠨ ᠪᠤᠳᠠᠭ᠎ᠠ ᠪᠠᠨ ᠱᠦᠭᠦᠵᠦ ᠠᠶᠠᠭᠠᠨ ᠳᠤ ᠬᠢᠭᠡᠳ ᠡᠷᠴᠢᠮ ᠰᠡᠭᠦᠯ᠂ ᠦᠵᠦᠮ ᠬᠠᠪᠢᠷᠭ᠎ᠠ ᠳᠡᠭᠡᠷ᠎ᠡ ᠨᠢ ᠴᠠᠢ ᠳᠦᠭᠦᠷᠭᠡᠭᠡᠳ ᠴᠠᠭᠠᠨ ᠲᠣᠰᠣ ᠨᠡᠮᠡᠨ᠎ᠡ᠃ ᠬᠤᠷᠭᠠᠰᠣ ᠲᠠᠢ ᠴᠠᠢ ᠰᠢᠷᠡᠮᠦᠨ ᠲᠣᠭᠤᠭᠠᠨ ᠳᠤ ᠤᠰᠤ ᠪᠠᠨ ᠪᠤᠴᠠᠯᠭᠠᠵᠤ ᠢᠳᠡᠭᠡ ᠨᠡᠮᠡᠭᠡᠳ ᠪᠤᠴᠠᠯᠭᠠᠵᠤ ᠢᠳᠡᠭᠡᠰᠢᠭᠦᠯᠦᠨ᠎ᠡ᠃ ᠳᠠᠷᠠᠭ᠎ᠠ ᠎ ᠨᠢ ᠰᠦ ᠪᠠᠷ ᠰᠦᠯᠡᠵᠦ ᠪᠠᠭᠤᠯᠲᠠ ︵ᠴᠠᠢ ᠶᠢᠨ ᠬᠤᠵᠢᠷ︶ ᠰᠢᠷ᠎ᠠ ᠲᠣᠰᠣ ᠨᠡᠮᠡᠭᠡᠳ ᠲᠣᠰᠣ ᠪᠠᠨ ᠵᠠᠳᠠᠷᠠᠵᠤ ᠠᠭᠤᠰᠲᠠᠯ᠎ᠠ ᠣᠯᠠᠨ ᠤᠳᠠᠭ᠎ᠠ ᠰᠠᠮᠤᠷᠴᠤ ᠪᠤᠴᠠᠯᠭᠠᠨ᠎ᠠ᠃ ᠴᠠᠢ ᠳᠠᠭᠠᠨ ᠬᠤᠨᠢᠨ ᠤ ᠬᠤᠶᠢᠬᠠᠯᠠᠵᠤ ᠬᠢᠷᠪᠣᠰᠣᠯᠠᠭᠰᠠᠨ ᠭᠤᠳᠣᠩ ᠰᠡᠭᠦᠯ᠂ ᠡᠰᠡᠪᠡᠯ ᠰᠢᠭᠢᠷ᠎ᠡ ᠬᠢᠵᠦ ᠪᠤᠴᠠᠯᠭᠠᠭᠰᠠᠨ ᠴᠠᠢ ᠶᠢ ᠬᠤᠷᠭᠠᠰᠣ ᠲᠠᠢ ᠴᠠᠢ ᠭᠡᠨ᠎ᠡ᠃ ᠴᠥᠴᠥᠬᠡᠢ ᠲᠠᠢ ᠴᠠᠢ ᠭᠤᠷᠪᠠᠨ ᠯᠢᠲᠷ ᠤᠰᠤ᠂ 50 ᠭᠷᠡᠮ ᠴᠠᠢ ᠶᠢᠨ ᠢᠳᠡᠭᠡ᠂ 30 ᠭᠷᠡᠮ ᠠᠶᠢᠷᠠᠭ ᠤᠨ ᠲᠣᠰᠣ᠂ ᠲᠦᠭᠦᠬᠡᠢ ᠰᠦᠨ ᠤ ᠴᠦᠴᠦᠭᠡᠢ᠂ ᠬᠤᠵᠢᠷ ᠲᠤᠰ ᠪᠦᠷᠢ 10 ᠭᠷᠡᠮ ᠢ ᠳᠠᠩᠬᠤ ᠪᠤᠶᠤ ᠲᠣᠭᠤᠭᠠᠨ ᠳᠤ ᠦᠢᠵᠦ ᠬᠢᠭᠡᠳ ᠰᠠᠮᠣᠷᠬᠤ ᠦᠭᠡᠢ ᠎ ᠪᠠᠷ ᠴᠢᠨᠠᠵᠤ ᠪᠣᠴᠠᠯᠭᠠᠭᠰᠠᠨ ᠤ ᠳᠠᠷᠠᠭ᠎ᠠ ᠬᠠᠯᠠᠭᠤᠨ ᠢᠶᠠᠷ ᠠᠶᠠᠭᠠᠯᠠᠨ ᠴᠦᠴᠦᠬᠡᠢ ᠬᠤᠯᠢᠵᠤ ᠤᠤᠭᠤᠨ᠎ᠠ᠃ ᠥᠳᠬᠡᠨ ᠰᠦ ᠲᠠᠢ ᠴᠠᠢ ᠤᠰᠤ᠂ ᠢᠳᠡᠭᠡ ᠶᠢ ᠲᠠᠭᠠᠷᠠᠭᠤᠯᠤᠨ ᠬᠦᠴᠦᠲᠡᠢ ᠭᠠᠯ ᠢᠶᠠᠷ ᠬᠠᠷ᠎ᠠ ᠴᠠᠢ ᠪᠤᠴᠠᠯᠭᠠᠵᠤ ᠰᠢᠭᠠᠷᠤ ᠶᠢ ᠨᠢ ᠱᠦᠭᠦᠭᠡᠳ ᠰᠦ ᠪᠠᠷ ᠥᠳᠬᠡᠨ ᠰᠦᠯᠡᠵᠦ᠂ ᠠᠬᠢᠭᠤᠬᠠᠨ ᠰᠢᠷ᠎ᠠ ᠲᠣᠰᠣ ᠨᠡᠮᠡᠨ ᠣᠯᠠᠨ ᠤᠳᠠᠭ᠎ᠠ ᠰᠠᠮᠤᠷᠴᠤ ᠦᠶ᠎ᠡ ᠦᠶ᠎ᠡ ᠣᠷᠭᠢᠲᠠᠯ᠎ᠠ ᠪᠤᠴᠠᠯᠭᠠᠨ᠎ᠠ᠃ ᠳᠠᠪᠤᠰᠤ᠂ ᠬᠤᠵᠢᠷ ᠢᠶᠠᠷ ᠠᠮᠲᠠ ᠲᠣᠬᠢᠷᠠᠭᠤᠯᠤᠨ᠎ᠠ᠃ ᠴᠠᠭᠠᠨ ᠲᠣᠰᠣ ᠲᠠᠢ ᠴᠠᠢ ᠲᠣᠭᠤᠭᠠᠨ ᠳᠤ ᠤᠰᠤ ᠪᠠᠨ ᠬᠠᠯᠠᠭᠠᠵᠤ ᠳᠡᠭᠡᠷ᠎ᠡ ᠨᠢ ᠰᠠᠶᠢᠲᠤᠷ ᠨᠤᠨᠳᠠᠭᠯᠠᠭᠰᠠᠨ ᠴᠠᠢ ᠶᠢᠨ ᠢᠳᠡᠭᠡ ᠨᠡᠮᠡᠵᠦ ᠢᠳᠡᠭᠡᠰᠢᠲᠡᠯ᠎ᠡ ᠪᠤᠴᠠᠯᠭᠠᠨ᠎ᠠ᠃ ᠳᠠᠷᠠᠭ᠎ᠠ ᠨᠢ ᠴᠠᠢ ᠪᠠᠨ ᠥᠭᠡᠷ᠎ᠡ ᠰᠠᠪᠠᠨ ᠳᠤ ᠱᠦᠭᠦᠵᠦ ᠶᠡᠭᠦᠯᠡᠨ᠎ᠡ᠃ ᠴᠡᠪᠡᠷᠯᠡᠭᠰᠡᠨ ᠲᠣᠭᠤᠭᠠᠨ ᠳᠤ ᠰᠦ ᠪᠠᠨ ᠬᠢᠵᠦ ᠪᠤᠴᠠᠯᠭᠠᠭᠠᠳ ᠳᠡᠭᠡᠷ᠎ᠡ ᠠᠴᠠ ᠨᠢ ᠬᠠᠷ᠎ᠠ ᠴᠠᠢ ᠪᠠᠨ ᠬᠢᠵᠦ ᠳᠠᠬᠢᠨ ᠪᠤᠴᠠᠯᠭᠠᠬᠤ ᠳᠠᠭᠠᠨ ᠳᠠᠪᠤᠰᠤ᠂ ᠠᠶᠢᠷᠠᠭ ᠤᠨ ᠴᠠᠭᠠᠨ ᠲᠣᠰᠣ ᠨᠡᠮᠡᠵᠦ ᠣᠯᠠᠨ ᠳᠠᠬᠢᠨ ᠰᠠᠮᠤᠷᠤᠨ᠎ᠠ᠃ ᠪᠤᠳᠠᠭ᠎ᠠ ᠲᠠᠢ ᠴᠠᠢ ᠴᠡᠪᠡᠷ ᠤᠭᠤᠲᠠᠨ ᠳᠤ ᠪᠤᠶᠤ ᠰᠠᠮᠪᠠᠢ ᠳᠤ ᠪᠣᠭᠤᠵᠤ ᠪᠢᠲᠡᠭᠦᠯᠡᠭᠰᠡᠨ ᠴᠠᠢ ᠶᠢᠨ ᠢᠳᠡᠭᠡ ᠶᠢ ᠰᠢᠷ᠎ᠠ ᠪᠤᠳᠠᠭ᠎ᠠ ᠲᠠᠢ ᠬᠠᠮᠲᠤ ᠤᠰᠤᠨ ᠳᠤ ᠬᠢᠵᠦ ᠪᠤᠴᠠᠯᠭᠠᠨ᠎ᠠ᠃ ᠳᠠᠷᠠᠭ᠎ᠠ ᠨᠢ ᠰᠦ ᠪᠠᠷ ᠰᠦᠯᠡᠵᠦ ᠬᠤᠵᠢᠷ᠂ ᠰᠢᠷ᠎ᠠ ᠲᠣᠰᠣ ᠪᠠᠷ ᠠᠮᠲᠠ ᠲᠣᠬᠢᠷᠠᠭᠤᠯᠤᠨ᠎ᠠ᠃ ᠠᠶᠠᠭᠠᠯᠠᠬᠤ ᠶᠢᠨ ᠡᠮᠦᠨᠡᠬᠡᠨ ᠳᠠᠩᠬᠤ ᠪᠠᠨ ᠰᠡᠭᠰᠦᠷᠴᠦ ᠰᠢᠷ᠎ᠠ ᠪᠤᠳᠠᠭ᠎ᠠ ᠶᠢ ᠴᠠᠢ ᠳᠤ ᠲᠠᠷᠬᠠᠭᠠᠭᠠᠳ ᠠᠶᠠᠭᠠᠯᠠᠨ᠎ᠠ᠃ ᠳᠠᠷᠢᠭᠠᠩᠭ᠎ᠠ ᠨᠤᠲᠤᠭ ᠤᠨ ᠬᠢᠨ ᠴᠠᠢ ᠶᠢᠨ ᠬᠢ ᠪᠠᠨ ᠪᠤᠳᠠᠭ᠎ᠠ ᠶᠢ ᠱᠦᠭᠦᠵᠦ ᠠᠪᠤᠭᠠᠳ ᠪᠤᠷᠴᠠᠭ᠂ ᠨᠤᠨᠳᠠᠭ ᠡᠭᠡᠵᠡᠭᠡᠢ᠂ ᠬᠤᠷᠤᠳ᠂ ᠦᠷᠦᠮ᠎ᠡ ᠲᠠᠢ ᠬᠤᠯᠢᠵᠤ ᠢᠳᠡᠬᠦ ᠳᠤᠷᠠᠲᠠᠢ᠃ ᠴᠠᠲᠠᠨ ᠴᠠᠢ ᠵᠣᠳᠣ ᠮᠣᠳᠣᠨ ᠤ ᠬᠤᠯᠳᠠᠰᠣ ᠶᠢ ᠰᠠᠶᠢᠨ ᠬᠠᠲᠠᠭᠠᠭᠠᠳ ᠨᠠᠷᠢᠨ ᠬᠠᠭᠤᠷᠠᠢ ᠪᠠᠷ ᠦᠷᠦᠵᠦ ᠨᠣᠨᠲᠠᠭᠯᠠᠭᠰᠠᠨ ᠤ ᠳᠠᠷᠠᠭ᠎ᠠ ᠰᠢᠭᠰᠢᠵᠦ ᠤᠰᠤᠨ ᠳᠠᠭᠠᠨ ᠬᠢᠵᠦ ᠰᠠᠮᠣᠷᠳᠠᠭ᠃ ᠴᠠᠢ ᠪᠤᠴᠠᠯᠵᠤ ᠬᠤᠸᠠ ᠶᠠᠭᠠᠨ ᠥᠩᠭᠡ ᠲᠠᠢ ᠪᠣᠯᠣᠭᠰᠠᠨ ᠤ ᠳᠠᠷᠠᠭ᠎ᠠ ᠴᠠ ᠶᠢᠨ ᠰᠦ ᠪᠠᠷ ᠰᠦᠯᠡᠵᠦ ᠰᠠᠮᠣᠷᠣᠭᠠᠳ ᠬᠤᠵᠢᠷ ᠨᠡᠮᠡᠵᠦ ᠦᠷᠭᠦᠯᠵᠢᠯᠡᠭᠦᠯᠦᠨ ᠪᠤᠴᠠᠯᠭᠠᠨ᠎ᠠ᠃ ᠡᠶᠢᠮᠦ ᠴᠠᠢ ᠬᠤᠳᠣᠭᠤᠳᠤᠨ ᠤ ᠦᠢᠯᠡ ᠠᠵᠢᠯᠯᠠᠭᠠᠨ ᠳᠤ ᠰᠠᠶᠢᠨ᠂ ᠴᠢᠰᠤᠨ ᠤ ᠳᠠᠷᠤᠯᠲᠠ ᠶᠢ ᠲᠣᠭᠲᠠᠪᠤᠷᠢᠵᠢᠭᠤᠯᠬᠤ᠂ ᠪᠡᠶ᠎ᠡ ᠶᠢᠨ ᠥᠭᠡᠷᠡᠴᠢᠯᠡᠯᠲᠡ᠂ ᠬᠢᠮᠤᠷᠠᠯ ᠠᠴᠠ ᠰᠡᠷᠭᠡᠶᠢᠯᠡᠬᠦ ᠦᠢᠯᠡᠳᠦᠯ ᠲᠠᠢ᠃ ᠰᠡᠯᠡᠩᠭᠡ ᠶᠢᠨ ᠪᠣᠷᠣ ᠴᠠᠢ ᠰᠢᠷᠡᠮᠦᠨ ᠲᠣᠭᠤᠭᠠᠨ ᠳᠤ ᠰᠢᠷ᠎ᠠ ᠲᠣᠰᠣ᠂ ᠳᠠᠪᠤᠰᠤ᠂ ᠴᠠᠢ ᠶᠢᠨ ᠢᠳᠡᠭᠡ᠂ ᠭᠤᠯᠢᠷ ᠬᠠᠮᠲᠤᠳᠬᠠᠨ ᠬᠢᠵᠦ ᠪᠠᠭ᠎ᠠ ᠵᠡᠷᠭᠡ ᠬᠠᠭᠤᠷᠠᠭᠰᠠᠨ ᠤ ᠳᠠᠷᠠᠭ᠎ᠠ ᠤᠰᠤ ᠨᠡᠮᠡᠵᠦ ᠰᠠᠮᠤᠷᠤᠨ ᠪᠤᠴᠠᠯᠭᠠᠨ᠎ᠠ᠃ ᠬᠤᠨᠢᠨ ᠤ ᠨᠢᠮᠭᠡᠨ ᠬᠢᠷᠣᠭᠰᠠᠨ ᠲᠦᠭᠦᠬᠡᠢ ᠰᠡᠭᠦᠯ ᠠᠴᠠ ᠬᠡᠷᠴᠢᠮ ᠢ ᠠᠶᠠᠭᠠᠨ ᠳᠠᠭᠠᠨ ᠬᠢᠵᠦ ᠳᠡᠭᠡᠷ᠎ᠡ ᠠᠴᠠ ᠨᠢ ᠪᠣᠴᠠᠯᠣᠮᠠᠭᠠᠢ ᠬᠠᠯᠠᠭᠤᠨ ᠴᠠᠢ ᠨᠡᠮᠡᠭᠡᠳ ᠢᠵᠢᠯ ᠬᠡᠮᠵᠢᠶᠡᠨ ᠤ ᠠᠮᠠᠰᠠᠷ ᠲᠠᠢ ᠠᠶᠠᠭ᠎ᠠ ᠪᠠᠷ ᠬᠥᠮᠥᠷᠢᠨ ᠲᠠᠭᠯᠠᠵᠤ 2-3 ᠮᠢᠨᠦ᠋ᠲ ᠣᠷᠴᠢᠮ ᠪᠣᠯᠣᠭᠰᠠᠨ ᠤ ᠳᠠᠷᠠᠭ᠎ᠠ ᠤᠤᠭᠤᠬᠤ ᠳᠤ ᠪᠡᠶ᠎ᠡ ᠶᠢᠨ ᠠᠯᠵᠢᠶᠠᠯ ᠲᠠᠶᠢᠯᠣᠭᠳᠠᠳᠠᠭ᠃ ᠭᠤᠪᠢ ᠶᠢᠨ ᠴᠠᠢ ᠰᠢᠷ᠎ᠠ ᠪᠤᠳᠠᠭ᠎ᠠ ᠶᠢ ᠰᠠᠶᠢᠲᠤᠷ ᠴᠡᠪᠡᠷᠯᠡᠵᠦ ᠳᠡᠪᠳᠦᠭᠡᠭᠰᠡᠨ ᠤ ᠳᠠᠷᠠᠭ᠎ᠠ ᠰᠡᠪᠡᠷᠡᠭᠡᠵᠦ ᠨᠦᠳᠦᠨ᠎ᠡ᠃ ᠡᠭᠦᠨ ᠢ ᠪᠠᠨ ᠬᠠᠯᠠᠭᠠᠭᠰᠠᠨ ᠰᠢᠷ᠎ᠠ ᠲᠣᠰᠣᠨ ᠳᠤ ᠪᠠᠭ᠎ᠠ ᠵᠡᠷᠭᠡ ᠬᠠᠭᠤᠷᠠᠭᠰᠠᠨ ᠤ ᠳᠠᠷᠠᠭ᠎ᠠ ᠱᠦᠭᠦᠭᠰᠡᠨ ᠬᠠᠷ᠎ᠠ ᠴᠠᠢ ᠪᠠᠨ ᠱᠦᠭᠦᠵᠦ ᠬᠢᠭᠡᠳ ᠨᠢᠮᠭᠡᠨ ᠵᠦᠰᠦᠭᠰᠡᠨ ᠮᠢᠬ᠎ᠠ ᠨᠡᠮᠡᠵᠦ ᠪᠣᠯᠲᠠᠯ᠎ᠠ ᠨᠢ ᠪᠤᠴᠠᠯᠭᠠᠨ᠎ᠠ᠃ ᠮᠢᠬ᠎ᠠ᠂ ᠪᠤᠳᠠᠭ᠎ᠠ ᠪᠣᠯᠬᠤ ᠦᠶ᠎ᠡ ᠳᠤ ᠳᠠᠪᠤᠰᠤ᠂ ᠬᠤᠵᠢᠷ ᠢᠶᠠᠷ ᠠᠮᠲᠠ ᠲᠣᠬᠢᠷᠠᠭᠤᠯᠤᠨ ᠰᠦ ᠪᠠᠷ ᠰᠦᠯᠡᠵᠦ ᠣᠷᠭᠢᠲᠠᠯ᠎ᠠ ᠪᠤᠴᠠᠯᠭᠠᠨ᠎ᠠ᠃ ᠴᠠᠢ ᠪᠡᠯᠡᠨ ᠪᠣᠯᠣᠮᠠᠭᠴᠠ ᠰᠢᠷ᠎ᠠ ᠲᠣᠰᠣ ᠨᠡᠮᠡᠵᠦ ᠰᠠᠮᠣᠷᠣᠭᠠᠳ ᠬᠠᠯᠠᠭᠤᠨ ᠢᠶᠠᠷ ᠨᠢ ᠠᠶᠠᠭᠠᠯᠠᠨ᠎ᠠ᠃ ᠭᠤᠪᠢ ᠨᠤᠲᠤᠭ ᠲᠤ ᠵᠠᠭᠰᠠᠭᠠᠯ ᠬᠡᠮᠡᠬᠦ ᠪᠤᠲᠠᠯᠢᠭ ᠤᠷᠭᠤᠮᠠᠯ ᠢ ᠴᠠᠢ ᠳᠤ ᠴᠢᠨᠠᠵᠤ ᠤᠤᠭᠤᠬᠤ ᠠᠴᠠ ᠭᠠᠳᠠᠨ᠎ᠠ ᠴᠣᠯᠢᠬᠡᠷ ᠤᠨ ᠭᠤᠯᠢᠷ ᠢ ᠰᠢᠷ᠎ᠠ ᠲᠣᠰᠣᠨ ᠳᠤ ᠬᠠᠭᠤᠷᠴᠤ ᠳᠡᠭᠡᠷ᠎ᠡ ᠠᠴᠠ ᠨᠢ ᠱᠦᠭᠦᠭᠰᠡᠨ ᠴᠠᠢ ᠪᠠᠨ ᠬᠢᠵᠦ ᠬᠦᠴᠦᠲᠡᠢ ᠭᠠᠯ ᠢᠶᠠᠷ ᠪᠣᠴᠠᠯᠭᠠᠭᠰᠠᠨ ᠤ ᠳᠠᠷᠠᠭ᠎ᠠ ᠰᠦᠯᠡᠵᠦ ᠬᠤᠵᠢᠷ ᠢᠶᠠᠷ ᠠᠮᠲᠠ ᠲᠣᠬᠢᠷᠠᠭᠤᠯᠤᠨ ᠤᠤᠭᠤᠳᠠᠭ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号