ᠬᠠᠰᠢᠷ ᠳᠡᠮᠡᠬᠡᠴᠢᠨ ᠮᠦᠩᠭᠡᠪᠠᠭᠠᠳᠤᠷ
ᠨᠡᠶᠢᠲᠡᠯᠡᠭᠰᠡᠨ ᠴᠠᠭ᠄
2021/10/15
ᠡᠷᠳᠡᠨᠢᠠᠠᠭᠤᠯᠠ ᠨᠠᠷᠠᠨ᠎ᠠ ᠡᠷᠳᠡᠨᠢᠬᠦᠦ     ᠬᠠᠰᠢᠷ ᠳᠡᠮᠡᠬᠡᠴᠢᠨ ᠮᠦᠩᠭᠡᠪᠠᠭᠠᠳᠤᠷ᠄    ᠵᠤᠭᠳᠤᠷ ᠤᠨ ᠵᠦᠬᠡᠯᠡᠨ ᠨᠠᠮᠢᠷᠠᠭᠠᠨ ᠳᠤ ᠵᠤᠯᠪᠤᠭᠠᠳᠤ ᠠᠮᠢᠳᠤᠷᠠᠯ ᠦᠨᠳᠡᠶᠢᠨ᠎ᠠ ᠠᠯᠠᠱᠠ ᠵᠡᠬᠦᠨ ᠬᠤᠰᠢᠭᠤᠨ ᠤ ᠴᠤᠭᠳᠤᠬᠦ᠋ᠷᠢᠶ᠎ᠠ ᠰᠤᠮᠤᠨ ᠤ ᠡᠮᠦᠨᠠᠭᠤᠤᠯ ᠭᠠᠴᠠᠭᠠᠨ ᠤ ᠮᠦᠩᠭᠡᠪᠠᠭᠠᠳᠤᠷ ᠤᠨ ᠬᠢ ᠢᠩᠭᠡ ᠭᠤᠤᠯᠳᠠᠭᠰᠠᠨ 150 ᠤᠷᠴᠢᠮ ᠤᠨ ᠳᠡᠮᠡᠭᠡ ᠬᠠᠷᠢᠭᠤᠯᠵᠤ᠂ ᠵᠢᠯ ᠳᠡᠭᠡᠨ 30 — 40 ᠲᠤᠷᠤᠮ ᠬᠤᠳᠠᠯᠳᠤᠵᠤ᠂ ᠬᠤᠷᠢᠭᠠᠳ ᠳᠦᠮᠡᠨ ᠳᠦᠬᠦᠷᠢᠭ ᠤᠨ ᠤᠷᠤᠯᠭ᠎ᠠ ᠭᠠᠨᠵᠤᠭᠠᠯᠠᠨ᠂ ᠢᠩᠭᠡᠨ ᠵᠤᠭᠳᠤᠷ ᠤᠨ ᠵᠦᠬᠡᠯᠡᠨ ᠨᠠᠮᠢᠷᠠᠭᠠᠨ ᠲᠠᠢ᠂ ᠪᠤᠳᠤᠭᠤ ᠳᠤᠷᠤᠮ ᠤᠨ ᠬᠦᠩᠬᠡᠨ ᠪᠤᠶᠢᠯᠠᠭᠠᠨ ᠲᠠᠢ ᠬᠦᠳᠡᠭᠡ ᠶᠢᠨ ᠰᠠᠶᠢᠬᠠᠨ ᠵᠤᠯᠪᠤᠭ᠎ᠠ ᠲᠠᠢ ᠠᠮᠢᠳᠤᠷᠠᠯ ᠳᠤ ᠰᠡᠳᠬᠢᠯ ᠬᠠᠩᠬᠤᠯᠤᠭᠤᠨ ᠠᠮᠢᠳᠤᠷᠠᠭᠰᠠᠨ ᠮᠠᠯᠴᠢᠨ ᠠᠶᠢᠯ ᠪᠠᠶᠢᠭ᠎ᠠ ᠶᠤᠮ᠃ ᠮᠦᠩᠭᠡᠪᠠᠭᠠᠳᠤᠷ ᠰᠡᠴᠡᠨ ᠤ ᠰᠠᠭᠤᠵᠤ ᠪᠠᠶᠢᠭ᠎ᠠ ᠨᠤᠳᠤᠭ ᠢ ᠶᠦᠡᠭ ᠱᠸᠡᠭ ᠬᠤᠤ ᠬᠡᠳᠡᠭ᠃ ᠦᠩᠭᠡᠷᠡᠭᠰᠡᠨ ᠳᠤ ᠮᠤᠩᠭᠤᠯ ᠨᠡᠷ᠎ᠡ ᠲᠠᠢ ᠪᠠᠶᠢᠭᠰᠠᠨ ᠪᠠᠶᠢᠯᠬᠦᠢ᠂ ᠴᠢᠯᠦᠬᠡᠯᠡᠭᠳᠡᠬᠦ ᠠᠴᠠ ᠡᠮᠦᠨ᠎ᠠ ᠶᠦᠡᠭ ᠱᠸᠡᠭ ᠬᠤᠤ ᠬᠡᠳᠡᠭ ᠬᠤᠳᠠᠯᠳᠤᠭᠠᠨ ᠤ ᠫᠦᠰᠡ ᠠᠳᠡ ᠰᠠᠭᠤᠷᠢᠰᠢᠵᠦ᠂ ᠠᠷᠠᠰᠦ ᠨᠤᠤᠰᠦ ᠬᠤᠷᠢᠶᠠᠵᠦ᠂ ᠠᠷᠠᠯᠵᠢᠶ᠎ᠠ ᠮᠠᠶᠢᠮᠠᠢ ᠬᠢᠵᠦ ᠪᠠᠶᠢᠭᠰᠠᠨ ᠢᠶᠠᠷ ᠡᠶᠢᠮᠦ ᠨᠢᠬᠡᠨ ᠨᠡᠷ᠎ᠠ ᠲᠠᠢ ᠪᠤᠯᠵᠤ ᠤᠳᠤ ᠪᠤᠯᠳᠠᠯ᠎ᠠ ᠢᠩᠭᠢᠵᠦ ᠨᠡᠷᠡᠶᠢᠳᠦᠭᠳᠡᠭᠰᠡᠭᠡᠷ ᠢᠷᠡᠵᠡᠢ᠃ ᠡᠳᠡᠨ  ᠤ ᠳᠡᠮᠡᠬᠡᠨ ᠬᠠᠰᠢᠶ᠎ᠠ ᠨᠢ ᠶᠠᠭ ᠡᠨᠡᠬᠦ ᠫᠦᠰᠡ ᠶᠢᠨ ᠤᠷᠤ ᠲᠡᠬᠡᠷ᠎ᠠ ᠪᠠᠷᠢᠭᠰᠠᠨ ᠪᠠᠶᠢᠪᠠ᠃ ᠪᠠᠶᠠᠨ ᠫᠦᠰᠠ ᠶᠢᠨ ᠪᠠᠭᠤᠷᠢ ᠳᠡᠬᠡᠷ᠎ᠠ ᠨᠤᠳᠤᠭᠰᠢᠭᠰᠠᠨ ᠠᠴᠠ ᠶᠤᠮ ᠤᠤ︖ ᠬᠡᠳᠦᠨ ᠦᠶ᠎ᠠ ᠪᠠᠷ ᠳᠡᠮᠡᠭᠡ ᠬᠠᠷᠢᠭᠤᠯᠵᠤ ᠪᠠᠶᠢᠭᠰᠠᠨ ᠳᠡᠮᠡᠬᠡᠴᠢᠨ ᠤᠳᠤᠮ ᠲᠠᠢ ᠠᠶᠢᠯ ᠪᠠᠶᠢᠭᠰᠠᠨ ᠤ ᠬᠢ ᠴᠦ ᠶᠤᠮ ᠤᠤ︖ ᠮᠦᠩᠭᠡᠪᠡᠭᠠᠳᠤᠷ ᠤᠨ ᠳᠡᠮᠡᠭᠡ ᠰᠠᠶᠢᠬᠠᠨ ᠦᠰᠴᠦ᠂ ᠬᠠᠮᠤᠭ ᠠᠷᠪᠢᠨ ᠳᠠᠭᠠᠨ 200 ᠭᠠᠷᠤᠢ ᠳᠡᠮᠡᠭᠡ ᠲᠠᠢ ᠪᠤᠯᠵᠤ ᠬᠤᠯᠠ ᠤᠶᠢᠷ᠎ᠠ ᠳᠠᠭᠠᠨ ᠨᠡᠷᠡᠳᠡᠢ ᠪᠠᠶᠠᠨ ᠲᠡᠮᠡᠬᠡᠴᠢᠨ ᠠᠶᠢᠯ ᠪᠤᠯᠤᠭᠰᠠᠨ ᠪᠠᠶᠢᠨ᠎ᠠ᠃ — ᠦᠩᠭᠡᠷᠡᠭᠰᠡᠨ ᠳᠤ ᠮᠠᠨᠠᠶᠢᠬᠢᠨ ᠪᠤᠭ ᠮᠠᠯ ᠬᠠᠷᠢᠭᠤᠯᠵᠤ ᠪᠠᠶᠢᠭᠰᠠᠨ᠂ ᠦᠰᠦᠬᠡᠳ ᠪᠠᠰᠠ ᠬᠡᠳᠦᠨ ᠵᠠᠭᠤᠨ ᠳᠤᠯᠤᠭᠠᠢ ᠳᠤ ᠬᠦᠷᠴᠦ ᠪᠠᠶᠢᠭᠰᠠᠨ ᠶᠤᠮ᠃ 2016 ᠤᠨ ᠠᠴᠠ ᠡᠬᠢᠯᠡᠨ ᠪᠤᠭ ᠮᠠᠯ ᠢᠶᠠᠨ ᠴᠦᠬᠡᠴᠢᠯᠡᠵᠦ᠂ ᠴᠦᠬᠡᠬᠡᠨ ᠬᠡᠳᠦᠨ ᠠᠮᠳᠠᠨ ᠤ ᠮᠠᠯ ᠦᠯᠡᠳᠡᠬᠡᠬᠡᠳ ᠭᠤᠤᠯᠳᠠᠯᠭ᠎ᠠ ᠲᠠᠢ ᠪᠠᠷ ᠳᠡᠮᠡᠭᠡ ᠬᠠᠷᠢᠭᠤᠯᠵᠤ ᠡᠬᠢᠯᠡᠭᠰᠡᠨ᠃ ᠮᠠᠨᠠᠶᠢᠬᠢᠨ 6000 ᠭᠠᠷᠤᠢ ᠮᠤ᠋ ᠪᠡᠯᠴᠢᠬᠡᠷ ᠲᠠᠢ᠂ ᠳᠡᠮᠡᠭᠡ ᠮᠠᠯᠯᠠᠬᠤ ᠳᠤ ᠠᠳᠠᠭ ᠲᠠᠭᠠᠨ ᠳᠦᠷᠪᠡ ᠳᠠᠪᠤᠨ ᠲᠦᠮᠠᠨ ᠮᠤ᠋ ᠪᠡᠯᠴᠢᠬᠡᠷ ᠪᠠᠶᠢᠬᠤ ᠦᠬᠡᠢ ᠪᠤᠯ ᠬᠦᠴᠦ ᠳᠠᠷᠭᠤ ᠠᠪᠬᠤ ᠦᠬᠡᠢ᠃ ᠳᠡᠮᠡᠭᠡ ᠬᠡᠳᠡᠭ ᠠᠮᠢᠳᠠᠨ ᠬᠡᠰᠦᠵᠦ ᠶᠠᠪᠤᠵᠤ ᠢᠳᠡᠳᠡᠭ ᠳᠤᠯᠠ ᠪᠠᠭ᠎ᠠ ᠰᠠᠭ᠎ᠠ ᠪᠡᠯᠴᠢᠬᠡᠷ ᠲᠤ ᠬᠡᠳᠦᠢ ᠰᠠᠶᠢᠨ ᠡᠪᠡᠰᠦ ᠤᠷᠭᠤᠮᠠᠯ ᠲᠠᠢ ᠪᠠᠶᠢᠭᠰᠠᠨ ᠴᠦ ᠳᠡᠩᠭᠡᠳᠡᠭ ᠦᠬᠡᠢ᠃ ᠳᠡᠶᠢᠮᠦ ᠪᠤᠯᠬᠤᠷ ᠠᠶᠢᠯ ᠠᠶᠢᠮᠠᠭ ᠤᠨ ᠬᠢᠨ ᠲᠠᠢ ᠪᠠᠨ ᠰᠠᠶᠢᠬᠠᠨ ᠶᠠᠪᠤᠯᠴᠠᠵᠤ᠂ ᠪᠠᠰᠠ ᠭᠤᠷᠪᠠᠨ ᠠᠶᠢᠯ  ᠤᠨ ᠪᠡᠯᠴᠢᠬᠡᠷ ᠢ ᠳᠦᠷᠢᠶᠡᠰᠦᠯᠡᠵᠦ ᠪᠠᠶᠢᠳᠠᠭ᠃ ᠳᠡᠮᠡᠭᠡ ᠮᠠᠯᠯᠠᠬᠤ ᠨᠢ ᠪᠤᠭ ᠮᠠᠯ ᠬᠠᠷᠢᠭᠤᠯᠬᠤ ᠲᠠᠢ ᠠᠳᠠᠯᠢᠳᠬᠠᠪᠠᠯ ᠠᠵᠢᠯ ᠠᠬᠤᠢ ᠪᠠᠭ᠎ᠠ᠂ ᠤᠷᠤᠯᠭ᠎ᠠ ᠰᠠᠶᠢᠳᠠᠢ᠂ ᠪᠡᠯᠴᠢᠭᠡᠷ ᠲᠤ ᠬᠠᠯᠠ ᠦᠬᠡᠢ ᠪᠠᠶᠢᠳᠠᠭ᠃ ᠤᠳᠤᠬᠠᠨ ᠤ ᠦᠨ᠎ᠠ ᠪᠠᠷ ᠨᠢᠬᠡ ᠰᠠᠶᠢᠨ ᠠᠳᠠ 1.3 ᠳᠦᠮᠡᠨ ᠳᠦᠬᠦᠷᠢᠭ ᠲᠤ ᠬᠦᠷᠴᠦ᠂ ᠨᠢᠬᠡ ᠬᠤᠨᠢ ᠶᠢ ᠮᠢᠩᠭ᠎ᠠ ᠭᠠᠷᠤᠢ ᠳᠦᠬᠦᠷᠢᠭ ᠢᠶᠠᠷ ᠬᠤᠳᠠᠯᠳᠤᠵᠤ ᠪᠠᠶᠢᠨ᠎ᠠ᠃ ᠳᠡᠮᠡᠭᠡ ᠪᠠ ᠬᠤᠨᠢᠨ ᠤ ᠬᠤᠳᠠᠯᠳᠤᠬᠤ ᠦᠨ᠎ᠠ ᠶᠢ ᠠᠳᠠᠯᠢᠳᠬᠠᠪᠠᠯ ᠨᠢᠬᠡ ᠳᠡᠮᠡᠭᠡ ᠨᠢ 6 — 10 ᠬᠤᠨᠢ ᠲᠠᠢ ᠳᠠᠩᠴᠠᠵᠦ ᠪᠠᠶᠢᠨ᠎ᠠ᠃ ᠡᠬᠦᠨ ᠠᠴᠠ ᠦᠵᠡᠬᠦ ᠳᠤ 150 ᠳᠡᠮᠡᠭᠡ ᠬᠠᠷᠢᠭᠤᠯᠬᠤ ᠨᠢ 900 — 1500 ᠬᠤᠨᠢ ᠬᠠᠷᠢᠭᠤᠯᠬᠤ ᠶᠢᠨ ᠠᠰᠢᠭ ᠢ ᠤᠯᠵᠤ ᠪᠠᠶᠢᠨ᠎ᠠ ᠬᠡᠰᠡᠨ ᠦᠬᠡ᠃ ᠬᠡᠷᠪᠡ ᠳᠡᠶᠢᠮᠦ ᠤᠯᠠᠨ ᠳᠤᠭᠠᠨ ᠤ ᠬᠤᠨᠢ ᠬᠠᠷᠢᠭᠤᠯᠪᠠᠯ ᠪᠠᠶᠢᠷᠢ ᠪᠡᠯᠴᠢᠬᠡᠷ ᠤᠨ ᠳᠡᠩᠴᠡᠬᠦᠷᠢ ᠠᠯᠳᠠᠭᠳᠠᠵᠦ ᠪᠠᠰᠠ ᠳᠠᠬᠢᠨ ᠭᠤᠷᠪᠠᠨ ᠠᠶᠢᠯ  ᠤᠨ ᠪᠡᠯᠴᠢᠬᠡᠷ ᠳᠦᠷᠢᠶᠡᠰᠦᠯᠡᠭᠰᠡᠨ ᠴᠦ ᠬᠦᠢᠴᠡᠯᠳᠦᠬᠦ ᠦᠬᠡᠢ ᠶᠤᠮ᠃ — ᠤᠳᠤ ᠮᠠᠨ ᠤ ᠳᠡᠮᠡᠬᠡᠨ ᠰᠦᠷᠦᠭ ᠲᠤ ᠭᠤᠷᠪᠠᠨ ᠪᠤᠤᠷ᠎ᠠ᠂ ᠵᠠᠭᠤ ᠳᠠᠪᠢ ᠬᠦᠷᠬᠦ ᠢᠩᠭᠡ᠂ ᠬᠤᠶᠠᠷᠬᠠᠨ ᠠᠳᠠ ᠲᠠᠢ᠃ ᠨᠢᠬᠡ ᠠᠳᠠ ᠶᠢ ᠪᠠᠨ ᠰᠤᠮᠤᠨ ᠤ ᠨᠠᠭᠠᠳᠤᠮ ᠤᠨ ᠬᠤᠷᠠᠯ ᠬᠢᠬᠦ ᠳᠤ ᠬᠠᠨᠳᠢᠪ ᠬᠦᠷᠬᠡᠵᠦ ᠪᠡᠯᠡᠭᠯᠡᠵᠦ ᠦᠭᠭᠦᠭᠰᠡᠨ ᠶᠤᠮ᠃ ᠢᠩᠭᠡ ᠭᠤᠤᠯ ᠲᠠᠢ ᠰᠦᠷᠦᠭ ᠬᠠᠷᠢᠭᠤᠯᠵᠤ ᠪᠠᠶᠢᠬᠤ ᠨᠢ ᠭᠤᠤᠯᠳᠠᠭᠤ ᠠᠵᠤ ᠠᠬᠤᠢ ᠶᠢᠨ ᠡᠷᠬᠢᠯᠳᠡ ᠪᠠᠨ ᠳᠦᠷᠬᠡᠳᠭᠡᠬᠦ ᠶᠢᠨ ᠳᠦᠯᠦᠬᠡ ᠶᠤᠮ᠃ ᠢᠩᠭᠡ ᠶᠢᠨ ᠰᠠᠭᠤᠷᠢ ᠳᠤᠭ᠎ᠠ ᠠᠷᠪᠢᠨ ᠪᠤᠯᠬᠤᠷ ᠳᠡᠮᠡᠭᠡ ᠦᠰᠬᠦ ᠬᠤᠷᠳᠤᠨ᠃ ᠬᠤᠶᠠᠷ ᠭᠤᠷᠪᠠᠨ ᠵᠢᠯ ᠳᠤ ᠵᠠᠭᠤᠨ ᠳᠤᠯᠤᠭᠠᠢ ᠳᠡᠮᠡᠭᠡ ᠶᠢ ᠦᠰᠬᠡᠵᠦ ᠳᠡᠶᠢᠯᠦᠨ᠎ᠠ᠃ ᠬᠡᠪᠡᠴᠦ ᠮᠠᠯᠯᠠᠬᠤ ᠭᠠᠵᠠᠷ ᠦᠬᠡᠢ ᠠᠴᠠ ᠪᠢᠳᠠ ᠵᠢᠯ ᠪᠦᠷᠢ ᠭᠤᠴᠢ ᠳᠦᠴᠢᠨ ᠲᠤᠷᠤᠮ ᠬᠤᠳᠠᠯᠳᠤᠵᠤ ᠪᠤᠢ᠃ ᠳᠡᠮᠡᠭᠡ ᠶᠢ ᠳᠤᠷᠤᠮ ᠳᠤ ᠨᠢ ᠬᠤᠳᠠᠯᠳᠤᠪᠠᠯ ᠪᠠᠶᠢᠷᠢ ᠪᠡᠯᠴᠢᠬᠡᠷ ᠤᠨ ᠳᠠᠷᠤᠭᠠᠰᠦ ᠪᠠᠭ᠎ᠠ᠂ ᠵᠢᠯ ᠪᠦᠷᠢ ᠤᠷᠤᠯᠭ᠎ᠠ ᠲᠠᠢ᠃ ᠡᠨᠡ ᠵᠢᠯ ᠳᠡᠭᠰᠢᠳᠭᠡᠭᠡᠳ 6150 ᠳᠦᠬᠦᠷᠢᠭ ᠤᠨ ᠦᠨ᠎ᠠ ᠪᠠᠷ 40 ᠳᠤᠷᠤᠮ ᠬᠤᠳᠠᠯᠳᠤᠵᠤ ᠨᠡᠶᠢᠳᠡ ᠬᠤᠷᠢᠭᠠᠳ ᠲᠦᠮᠡᠨ ᠳᠦᠬᠦᠷᠢᠭ ᠤᠯᠤᠭᠰᠠᠨ ᠶᠤᠮ᠃ ᠬᠡᠷᠪᠡ ᠠᠳᠠ ᠪᠤᠯᠭᠠᠵᠤ ᠬᠤᠳᠠᠯᠳᠤᠪᠠᠯ ᠠᠳᠠᠭ ᠪᠠᠭ᠎ᠠ ᠳᠠᠭᠠᠨ ᠳᠠᠪᠤ ᠵᠢᠷᠭᠤᠭᠠᠨ ᠵᠢᠯ ᠪᠤᠯᠤᠭᠠᠳ ᠰᠠᠶ᠋ᠢ ᠨᠢᠬᠡ ᠳᠡᠮᠡᠭᠡ ᠶᠢ ᠲᠦᠮᠡ ᠭᠠᠷᠤᠢ ᠳᠦᠬᠦᠷᠢᠭ ᠢᠶᠠᠷ ᠬᠤᠳᠠᠯᠳᠤᠵᠤ ᠳᠡᠶᠢᠯᠦᠨ᠎ᠠ᠃ ᠡᠨᠡ ᠳᠤᠮᠳᠠ ᠨᠢ ᠪᠠᠶᠢᠷᠢ ᠪᠡᠯᠴᠢᠬᠡᠷ᠂ ᠡᠪᠡᠰᠦ ᠪᠤᠷᠳᠤᠭ᠎ᠠ᠂ ᠬᠦᠮᠦᠨ ᠤ ᠬᠦᠴᠦ ᠵᠡᠷᠬᠡ ᠤᠯᠠᠨ ᠶᠠᠭᠤᠮ᠎ᠠ ᠵᠠᠷᠤᠴᠠᠭᠤᠯᠤᠭᠳᠠᠵᠦ ᠪᠠᠶᠢᠳᠠᠭ ᠠᠴᠠ ᠡᠶᠢᠮᠦᠷᠬᠦ ᠰᠦᠢᠳᠬᠡᠯ ᠪᠠ ᠬᠦᠴᠦ ᠬᠦᠳᠡᠯᠮᠦᠷᠢ ᠶᠢ ᠬᠠᠰᠤᠵᠤ ᠬᠠᠶᠠᠪᠠᠯ ᠦᠨ᠎ᠠ ᠬᠠᠩᠰᠢ ᠨᠢ ᠳᠤᠷᠤᠮ ᠢᠶᠠᠷ ᠨᠢ ᠬᠤᠳᠠᠯᠳᠤᠬᠤ ᠶᠢ ᠴᠦ ᠬᠦᠷᠬᠦ ᠦᠬᠡᠢ ᠪᠤᠯᠤᠨ᠎ᠠ᠃ ᠢᠩᠭᠡᠨ ᠳᠡᠮᠡᠭᠡ ᠬᠦᠭᠰᠢᠷᠡᠪᠡᠯ ᠪᠠᠰᠠ ᠳᠤᠷᠤᠮ ᠢᠶᠠᠨ ᠦᠯᠡᠳᠡᠬᠡᠵᠦ ᠢᠩᠭᠡ ᠪᠠᠨ ᠤᠷᠤᠨ ᠳᠤ ᠨᠢ ᠬᠤᠳᠠᠯᠳᠤᠵᠤ ᠶᠠᠪᠤᠭᠤᠯᠳᠠᠭ᠃ ᠢᠩᠬᠢᠬᠡᠳ ᠰᠦᠷᠦᠭ ᠤᠨ ᠪᠦᠳᠦᠴᠠ ᠪᠠᠨ ᠬᠡᠵᠢᠶᠡᠳᠡ ᠰᠢᠯᠢᠳᠡᠭ ᠰᠠᠶᠢᠨ ᠦᠰᠪᠦᠷᠢ ᠶᠢᠨ ᠳᠡᠮᠡᠭᠡᠳ ᠲᠠᠢ ᠪᠠᠶᠢᠯᠭᠠᠳᠠᠭ ᠬᠡᠵᠦ ᠮᠦᠩᠭᠡᠪᠡᠭᠠᠳᠤᠷ ᠭᠤᠸᠠᠢ ᠨᠠᠷᠢᠯᠢᠭ ᠳᠠᠩᠰᠠ ᠪᠤᠳᠤᠵᠤ ᠳᠠᠶᠢᠯᠪᠤᠷᠢᠯᠠᠵᠦ ᠶᠠᠷᠢᠯ᠎ᠠ᠃ — ᠳᠡᠮᠡᠭᠡ ᠭᠡᠭᠴᠢ ᠦᠭᠦᠬᠡᠵᠢ ᠶᠡᠬᠡᠳᠡᠢ ᠪᠤᠶᠠᠨᠳᠤ ᠠᠮᠢᠳᠠᠨ᠃ ᠦᠩᠭᠡᠷᠡᠭᠰᠡᠨ ᠳᠤ ᠠᠯᠠᠱᠠ ᠮᠤᠩᠭᠤᠯᠴᠤᠳ ᠳᠡᠮᠡᠭᠡ ᠪᠠᠨ ᠳᠦᠰᠢᠵᠦ ᠠᠮᠢᠳᠤᠷᠠᠵᠦ᠂ ᠳᠡᠮᠡᠭᠡ ᠪᠠᠨ ᠬᠠᠮᠠᠭᠠᠯᠡᠵᠦ ᠦᠰᠬᠡᠭᠰᠡᠭᠡᠷ ᠢᠷᠡᠭᠰᠡᠨ᠃ ᠠᠶᠠᠨ ᠵᠢᠩ ᠬᠢᠵᠦ ᠤᠷᠤᠯᠭ᠎ᠠ ᠤᠯᠵᠤ ᠬᠦᠨᠡᠰᠦ ᠪᠤᠳᠠᠭ᠎ᠠ ᠪᠠᠨ ᠤᠯᠤᠨ᠎ᠠ᠃ ᠰᠦ ᠰᠠᠭᠠᠯᠢ ᠶᠢ ᠨᠢ ᠡᠳ᠋ᠯᠡᠵᠦ᠂ ᠡᠪᠦᠳᠦᠭ ᠵᠤᠭᠳᠤᠷ᠂ ᠨᠤᠤᠰᠦ ᠦᠰᠦ ᠶᠢ ᠬᠤᠳᠠᠯᠳᠤᠨ ᠡᠳ᠋ ᠮᠦᠩᠬᠦ ᠰᠤᠯᠢᠨ᠎ᠠ᠃ ︽ᠳᠡᠮᠡᠭᠡ ᠵᠤᠭᠳᠤᠷ ᠢᠶᠠᠨ ᠳᠡᠪᠢᠰᠴᠦ᠂ ᠡᠯᠵᠢᠬᠡ ᠳᠤᠭᠤᠷᠠᠢ ᠪᠠᠨ ᠳᠠᠪᠢᠰᠳᠡᠭ︾ ᠬᠡᠳᠡᠭ ᠢᠶᠠᠷ ᠳᠡᠮᠡᠬᠡᠨ ᠠᠴᠠ ᠤᠶᠢᠴᠢᠭᠰᠡᠨ ᠬᠦᠮᠦᠨ ᠪᠡᠷᠭᠡᠳᠡᠵᠦ ᠰᠢᠷᠬᠠᠳᠤᠳᠠᠭ ᠦᠬᠡᠢ᠃ ᠬᠡᠬᠡᠷ᠎ᠠ ᠳᠡᠮᠡᠭᠡ ᠪᠠᠨ ᠳᠦᠰᠢᠨ ᠬᠤᠨᠤᠬᠤ ᠳᠤ ᠪᠡᠶ᠎ᠠ ᠨᠢ ᠨᠦᠮᠦᠷᠢ ᠪᠤᠯᠵᠤ ᠵᠤᠭᠳᠤᠷ ᠨᠢ ᠳᠤᠯᠠᠭᠠᠨ ᠬᠤᠴᠢᠯᠭ᠎ᠠ ᠪᠤᠯᠳᠠᠭ᠃ ᠳᠡᠮᠡᠬᠡᠨ ᠤ ᠠᠰᠢᠭ ᠰᠢᠮ᠎ᠠ᠂ ᠤᠨᠤᠯᠭ᠎ᠠ ᠡᠳ᠋ᠯᠡᠭᠡ ᠶᠢᠨ ᠠᠴᠢ ᠳᠤᠰᠠ ᠶᠢ ᠳᠤᠭᠠᠴᠠᠭᠠᠳ ᠪᠠᠷᠠᠰᠢ ᠦᠬᠡᠢ᠃ ᠬᠡᠪᠡᠴᠦ ᠤᠳᠤᠬᠠᠨ ᠳᠤ ᠳᠡᠮᠡᠬᠡᠨ ᠤ ᠡᠳ᠋ᠯᠡᠭᠡ ᠠᠴᠢᠯᠭ᠎ᠠ ᠪᠠᠭᠠᠰᠴᠦ᠂ ᠠᠰᠢᠭ ᠰᠢᠮ᠎ᠠ ᠶᠢ ᠨᠢ ᠬᠦᠢᠴᠡᠳ ᠰᠠᠶᠢᠬᠠᠨ ᠠᠪᠴᠦ ᠬᠡᠷᠡᠭᠯᠡᠵᠦ ᠴᠢᠳᠠᠬᠤ ᠦᠬᠡᠢ ᠪᠠᠶᠢᠨ᠎ᠠ᠃ ᠬᠡᠦᠬᠡᠳ ᠬᠤᠳᠠ ᠳᠤ ᠠᠵᠢᠯᠯᠠᠵᠦ ᠪᠠᠶᠢᠬᠤ ᠳᠤᠯᠠ ᠬᠦᠭᠰᠢᠨ ᠲᠠᠢ ᠪᠠᠨ ᠬᠤᠶᠠᠭᠤᠯᠠ ᠠᠮᠵᠢᠯᠳᠤᠬᠤ ᠦᠬᠡᠢ ᠪᠤᠯᠵᠤ ᠢᠩᠭᠡᠨ ᠰᠠᠭᠠᠯᠢ ᠬᠢᠵᠦ ᠴᠢᠳᠠᠬᠤ ᠦᠬᠡᠢ ᠪᠠᠶᠢᠨ᠎ᠠ᠃ ᠦᠩᠭᠡᠷᠡᠭᠰᠡᠨ ᠳᠤ ᠬᠠᠮᠳᠤᠷᠠᠯ ᠤᠨ ᠦᠶ᠎ᠠ ᠳᠤ ᠮᠠᠨᠠᠶᠢᠬᠢᠨ ᠳᠡᠮᠡᠭᠡ ᠬᠠᠷᠢᠭᠤᠯᠵᠤ ᠢᠩᠭᠡᠨ ᠰᠠᠭᠠᠯᠢ ᠬᠢᠳᠡᠭ ᠪᠠᠶᠢᠭᠰᠠᠨ᠃ ᠡᠳᠦᠷ ᠲᠤ ᠨᠢᠬᠡ ᠳᠡᠮᠡᠬᠡᠨ ᠠᠴᠠ ᠭᠤᠷᠪᠠᠨ ᠵᠢᠩ ᠰᠦ ᠰᠠᠭᠠᠬᠤ ᠡᠬᠦᠷᠬᠡ ᠲᠠᠢ ᠪᠠᠶᠢᠭᠰᠠᠨ᠃ ᠢᠯᠡᠬᠦᠦ ᠰᠠᠭᠠᠪᠠᠯ ᠦᠯᠡᠳᠡᠪᠦᠷᠢ ᠶᠢ ᠨᠢ ᠦᠪᠡᠷ ᠲᠡᠭᠡᠨ ᠡᠳ᠋ᠯᠡᠵᠦ ᠪᠤᠯᠳᠠᠭ᠃ ᠤᠳᠠᠭᠠᠨ ᠵᠢᠯ ᠰᠠᠭᠠᠭᠰᠠᠨ ᠢᠩᠭᠡ ᠨᠤᠮᠤᠬᠠᠷᠠᠵᠦ ᠂ ᠰᠠᠭᠠᠬᠤ ᠳᠤᠰᠤᠮ ᠢᠪᠢᠯᠬᠡ ᠰᠠᠶᠢᠳᠠᠢ ᠪᠤᠯᠵᠤ᠂ ᠰᠦ ᠰᠠᠶᠢᠨ ᠭᠠᠷᠳᠠᠭ᠃ ᠤᠳᠤ ᠢᠩᠭᠡᠨ ᠰᠦ ᠰᠠᠭᠠᠯᠢ ᠶᠢᠨ ᠵᠠᠬ᠎ᠠ ᠳᠡᠯᠬᠡᠬᠦᠷ ᠤᠨ ᠦᠨ᠎ᠠ ᠰᠠᠶᠢᠵᠢᠷᠡᠵᠦ ᠪᠠᠶᠢᠨ᠎ᠠ᠃ ᠬᠡᠪᠡᠴᠦ ᠪᠢᠳᠠ ᠢᠩᠭᠡᠨ ᠰᠠᠭᠠᠯᠢ ᠰᠦ ᠬᠢᠵᠦ ᠠᠮᠵᠢᠯᠳᠤᠬᠤ ᠦᠬᠡᠢ ᠦᠩᠭᠡᠷᠡᠬᠦᠯᠵᠦ ᠪᠠᠶᠢᠨ᠎ᠠ᠃ ᠮᠠᠨᠠᠶᠢᠬᠢᠨ ᠤ ᠳᠡᠮᠡᠬᠡᠨ ᠰᠦᠷᠦᠭ ᠲᠤ ᠴᠠᠭᠠᠨ ᠳᠡᠮᠡᠭᠡ ᠤᠯᠠᠩᠬᠢ ᠳᠤᠭ᠎ᠠ ᠶᠢ ᠨᠢ ᠡᠵᠡᠯᠡᠵᠦ ᠪᠠᠶᠢᠳᠠᠭ ᠠᠵᠢ᠃ ᠴᠠᠭᠠᠨ ᠳᠡᠮᠡᠬᠡᠨ ᠤ ᠨᠤᠤᠰᠦ ᠨᠢ ᠵᠦᠬᠡᠯᠡᠨ᠂ ᠬᠠᠷ᠎ᠠ᠂ ᠬᠦᠷᠡᠩ ᠦᠩᠭᠡ ᠶᠢᠨ ᠳᠡᠮᠡᠭᠡ  ᠶᠢ ᠪᠤᠳᠤᠪᠠᠯ ᠨᠤᠤᠰᠦ ᠢᠯᠭᠠᠵᠦ ᠰᠠᠯᠭᠠᠬᠤ ᠠᠵᠢᠯ ᠪᠠᠭ᠎ᠠ᠃ ᠰᠢᠯᠢ ᠬᠦᠳᠡᠭᠡ ᠶᠢᠨ ᠪᠤᠳᠤᠷᠭᠠᠨ᠎ᠠ ᠲᠠᠢ ᠭᠠᠵᠠᠷ ᠤᠨ ᠳᠡᠮᠡᠬᠡᠨ ᠨᠤᠤᠰᠦ ᠰᠢᠷᠦᠬᠦᠨ᠂ ᠮᠠᠨ ᠤ ᠭᠤᠤᠯ ᠭᠠᠵᠠᠷ ᠤᠨ ᠳᠡᠮᠡᠬᠡᠨ ᠨᠤᠤᠰᠦ ᠨᠢ ᠬᠠᠷᠢᠴᠠᠩᠭᠤᠢ ᠵᠦᠬᠡᠯᠡᠨ ᠰᠢᠭ ᠪᠠᠶᠢᠳᠠᠭ᠃ ᠳᠡᠷᠡ ᠮᠦᠷᠳᠡᠬᠡᠨ ᠢᠩᠭᠡᠨ ᠳᠡᠮᠡᠬᠡᠨ ᠤ ᠨᠤᠤᠰᠦ ᠨᠡᠩ ᠴᠦ ᠨᠠᠷᠢᠨ ᠮᠦᠷᠳᠡᠬᠡᠨ ᠵᠦᠬᠡᠯᠡᠨ ᠪᠠᠶᠢᠳᠠᠭ ᠳᠤᠯᠠ ᠬᠤᠳᠠᠯᠳᠤᠭᠠᠴᠢᠨ ᠠᠪᠬᠤ ᠳᠤᠷᠠᠳᠠᠢ᠃ ᠡᠨᠡ ᠵᠢᠯ ᠤᠨ ᠲᠡᠮᠡᠬᠡᠨ ᠨᠤᠤᠰᠤ ᠶᠢᠨ ᠦᠨ᠎ᠠ ᠨᠢ ᠺᠢᠯᠦᠭᠷᠡᠮ ᠪᠦᠷᠢ  ᠳᠡᠭᠡᠨ 65 ᠳᠦᠬᠦᠷᠢᠭ ᠬᠦᠷᠦᠭᠰᠡᠨ᠃ ᠮᠠᠨ ᠤ ᠳᠡᠮᠡᠬᠡᠳ ᠢᠩᠭᠡ ᠭᠤᠤᠯᠳᠠᠵᠦ ᠪᠠᠶᠢᠳᠠᠭ ᠢᠶᠠᠷ ᠨᠢᠬᠡ ᠳᠡᠮᠡᠬᠡᠨ ᠠᠴᠠ ᠳᠡᠭᠰᠢᠳᠬᠡᠭᠡᠳ 6 ᠵᠢᠩ ᠨᠤᠤᠰᠦ ᠬᠤᠷᠢᠶᠠᠳᠠᠭ᠃ ᠬᠡᠪᠡᠴᠦ ᠪᠠᠰᠠ ᠯᠠ ᠠᠵᠢᠯ ᠠᠮᠵᠢᠯᠳᠤᠬᠤ ᠦᠬᠡᠢ ᠶᠠᠭᠠᠷᠠᠭᠰᠠᠭᠠᠷ ᠪᠠᠶᠢᠵᠦ ᠡᠪᠦᠳᠦᠭ ᠵᠤᠭᠳᠤᠷ ᠢ ᠨᠢ ᠰᠠᠶᠢᠨ ᠬᠤᠷᠢᠶᠠᠵᠦ ᠴᠢᠳᠠᠭᠰᠠᠨ ᠦᠬᠡᠢ ᠭᠡᠭᠡᠭᠳᠡᠭᠦᠯᠦᠭᠰᠡᠨ ᠠᠴᠠ ᠡᠨᠡ ᠵᠢᠯ ᠤᠨ ᠨᠤᠤᠰᠤᠨ ᠤ ᠤᠷᠤᠯᠭ᠎ᠠ ᠳᠦᠩᠭᠡᠵᠢ ᠳᠦᠮᠡ ᠳᠠᠪᠤ ᠵᠢᠷᠭᠤᠭᠠᠨ ᠮᠢᠩᠭᠠᠨ ᠲᠦᠬᠦᠷᠢᠭ ᠪᠤᠯᠤᠭᠰᠠᠨ ᠬᠡᠵᠦ ᠰᠠᠨᠠᠭ᠎ᠠ ᠪᠤᠯᠵᠤ ᠪᠠᠶᠢᠯ᠎ᠠ᠃ ᠮᠠᠯ ᠰᠦᠷᠦᠭ ᠢᠶᠠᠨ ᠦᠰᠬᠡᠨ ᠦᠷᠡᠵᠢᠬᠦᠯᠵᠦ ᠳᠡᠬᠦᠨ ᠠᠴᠠ ᠪᠠᠨ ᠦᠷ᠎ᠠ ᠠᠰᠢᠭ ᠤᠯᠵᠤ ᠰᠠᠶᠢᠬᠠᠨ ᠠᠮᠢᠳᠤᠷᠠᠯ  ᠢᠶᠠᠨ ᠴᠤᠭᠴᠠᠯᠠᠬᠤ ᠭᠡᠭᠴᠢ ᠮᠠᠯᠴᠢᠨ ᠬᠦᠮᠦᠨ ᠤ ᠬᠦᠰᠡᠯ ᠵᠢᠷᠭᠠᠯ ᠪᠠᠶᠢᠭ᠎ᠠ ᠪᠢᠯᠡ᠃ ᠵᠢᠷᠠᠨ ᠨᠠᠰᠤᠨ ᠤ ᠪᠠᠷ᠎ᠠ ᠬᠠᠷᠠᠵᠦ ᠶᠠᠪᠤᠭ᠎ᠠ ᠮᠦᠩᠭᠡᠪᠠᠭᠠᠳᠤᠷ ᠭᠤᠸᠠᠢ ᠨᠠᠰᠤᠳᠠᠨ ᠲᠠᠢ ᠪᠠᠨ ᠬᠤᠶᠠᠭᠤᠯᠠ ᠵᠠᠭᠤ ᠭᠠᠷᠤᠢ ᠳᠡᠮᠡᠭᠡ᠂ ᠠᠷᠪᠠᠭᠠᠳ ᠦᠬᠡᠷ᠂ ᠭᠤᠴᠢᠭᠠᠳ ᠠᠮᠳᠠᠨ ᠤ ᠬᠤᠨᠢ ᠢᠮᠠᠭ᠎ᠠ ᠬᠠᠷᠢᠭᠤᠯᠵᠤ ᠬᠦᠳᠡᠯᠮᠦᠷᠢ ᠤᠬᠠᠭᠠᠨ ᠢᠶᠠᠨ ᠳᠦᠰᠢᠭᠯᠡᠨ ᠳᠡᠬᠦᠨ  ᠢᠶᠠᠨ ᠦᠰᠬᠡᠨ ᠠᠷᠠᠴᠢᠯᠠᠵᠦ ᠶᠠᠪᠤᠨᠠᠮ᠃ ᠡᠨᠡ ᠵᠢᠯ ᠬᠤᠶᠠᠷ ᠨᠠᠰᠤᠳᠠᠨ ᠬᠦᠴᠦ ᠬᠦᠳᠡᠯᠮᠦᠷᠢ ᠬᠦᠷᠦᠯᠴᠡᠬᠦ ᠦᠬᠡᠢ ᠪᠠᠶᠢᠨ᠎ᠠ ᠬᠡᠵᠦ ᠪᠠᠶᠢᠪᠠᠴᠦ ᠤᠯᠠᠭᠠᠨ ᠭᠤᠶᠤᠤ ᠮᠠᠯᠳᠠᠭᠰᠠᠨ ᠤᠷᠤᠯᠭ᠎ᠠ ᠪᠠᠨ ᠪᠠᠭᠳᠠᠭᠠᠭᠠᠳ 30 ᠳᠦᠮᠡᠨ ᠲᠦᠬᠦᠷᠢᠭ  ᠤᠨ ᠤᠷᠤᠯᠭ᠎ᠠ ᠲᠠᠢ ᠰᠡᠳᠬᠢᠯ ᠬᠠᠩᠬᠤᠯᠤᠭᠤᠨ ᠠᠮᠢᠳᠤᠷᠠᠵᠦ ᠪᠠᠶᠢᠨ᠎ᠠ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号