ᠴᠠᠭᠠᠨ ᠢᠳᠡᠭᠡᠨ ᠲᠠᠢ ᠬᠤᠯᠪᠤᠭᠳᠠᠬᠤ ᠴᠡᠭᠡᠷ ᠶᠣᠰᠣ
ᠨᠡᠶᠢᠲᠡᠯᠡᠭᠰᠡᠨ ᠴᠠᠭ᠄
2021/10/18
1. ᠠᠶᠢᠯ ᠳᠤ ᠭᠦᠷᠭᠦ ᠳᠤ ᠠᠶᠢᠯ ᠤᠨ ᠭᠦᠮᠦᠨ ᠬᠠᠰᠢᠶ᠎ᠡ ᠬᠤᠳᠠ ᠳᠤᠳᠤᠷ᠎ᠠ ᠪᠠᠨ ᠰᠦ ᠰᠠᠭᠠᠵᠦ ᠪᠠᠶᠢᠭᠠᠳ ᠰᠠᠭᠤᠯᠠᠭ᠎ᠠ ᠲᠠᠢ ᠰᠦ ᠪᠠᠨ ᠪᠠᠷᠢᠨ ᠤᠭᠳᠤᠵᠤ ᠢᠷᠡᠭᠦ ᠳᠠᠭᠠᠷᠠᠯᠳᠤᠪᠠᠯ ᠡᠷᠭᠡᠪᠰᠢ ᠰᠦ ᠲᠠᠢ ᠰᠠᠪᠠ ᠶᠢ ᠨᠢ ᠬᠠᠮᠵᠢᠵᠤ ᠠᠪᠴᠤ ᠪᠠᠷᠢᠭᠠᠳ ᠭᠡᠷ ᠲᠤ ᠨᠢ ᠤᠷᠤᠬᠤ ᠶᠤᠰᠤᠳᠠᠢ᠃ ᠡᠨᠡ ᠨᠢ ᠴᠠᠭᠠᠨ ᠢᠳᠡᠭᠡ ᠶᠢ ᠳᠡᠷᠢᠭᠦᠨ ᠵᠡᠷᠭᠡ ᠶᠢᠨ ᠢᠳᠡᠭᠡᠨ ᠭᠡᠵᠤ ᠭᠦᠨᠳᠦᠳᠭᠡᠵᠦ ᠪᠠᠶᠢᠭ᠎ᠠ ᠶᠠᠪᠤᠳᠠᠯ ᠪᠤᠯᠤᠨ᠎ᠠ᠃ 2. ᠬᠤᠷᠤᠳ ᠢ ᠭᠠᠯ ᠳᠤ ᠰᠢᠷᠠᠵᠤ ᠢᠳᠡᠭᠦ ᠶᠢ ᠴᠡᠭᠡᠷᠯᠡᠨ᠎ᠡ᠃ ᠦᠨᠢᠶ᠎ᠡ ᠨᠢ ᠳᠤᠭᠤᠯᠯᠠᠪᠡᠯ ᠳᠤᠭᠤᠯ ᠨᠢ ᠬᠤᠵᠢᠭᠢᠷ ᠪᠤᠯᠤᠨ᠎ᠠ ᠭᠡᠳᠡᠭ᠃ 3. ᠰᠠᠭᠠᠭᠰᠠᠨ ᠰᠦ ᠶᠢᠨ ᠳᠡᠭᠡᠵᠢ ᠶᠢ ᠤᠷᠢᠳ ᠢᠶᠠᠷ ᠬᠤᠷᠢᠶ᠎ᠠ ᠤᠷᠤᠭᠤ ︵ᠡᠰᠡᠭᠦᠯ᠎ᠡ ᠵᠡᠯ᠎ᠡ ᠤᠷᠤᠭᠤ︶᠎ ᠪᠠᠨ ᠰᠠᠴᠤᠭᠠᠳ ᠭᠡᠷ ᠲᠤ ᠪᠠᠨ ᠤᠷᠤᠨ᠎ᠠ᠃ ᠡᠰᠡᠪᠡᠯ ᠮᠠᠯ ᠤᠨ ᠰᠢᠮ᠎ᠡ ᠪᠠᠭᠤᠷᠠᠨ᠎ᠠ ᠭᠡᠵᠤ ᠴᠡᠭᠡᠷᠯᠡᠳᠡᠭ᠃ 4. ᠰᠢᠷ᠎ᠠ ᠳᠤᠰᠤ ᠪᠠᠷ ᠴᠠᠭᠠᠨ ᠢᠳᠡᠭᠡ ᠠᠮᠰᠠᠭᠤᠯᠬᠤ ᠶᠢ ᠴᠡᠭᠡᠷᠯᠡᠨ᠎ᠡ᠃ ᠴᠡᠬᠡᠷ ᠭᠤᠮᠤᠳᠠᠯ ᠤᠨ ᠦᠶ᠎ᠡ ᠳᠤ ᠰᠠᠶ᠋ᠢ ᠢᠩᠬᠢᠳᠡᠭ᠃ 5. ᠰᠦ ᠠᠰᠬᠠᠬᠤ ᠶᠢ ᠴᠡᠭᠡᠷᠯᠡᠨ᠎ᠡ᠃ ᠠᠮᠠᠨ ᠤ ᠭᠡᠰᠢᠭ ᠲᠤ ᠮᠠᠭᠤ ᠭᠡᠨ᠎ᠡ᠃ ᠰᠠᠨᠠᠭᠠᠨ ᠳᠤ ᠦᠭᠡᠢ ᠭᠠᠵᠠᠷ ᠲᠤ ᠠᠰᠬᠠᠵᠤ ᠳᠤᠰᠤᠭᠠᠭᠰᠠᠨ ᠪᠤᠯ ᠳᠤᠮᠳᠠ ᠬᠤᠷᠤᠭᠤ ᠪᠠᠷ ᠢᠶᠠᠨ ᠳᠤᠬᠤᠨ ᠳᠠᠭᠠᠨ ᠳᠦᠷᠭᠢᠵᠦ ᠴᠡᠭᠡᠷ ᠢ ᠲᠠᠶᠢᠯᠦᠨ᠎ᠠ᠃ 6. ᠰᠦ ᠰᠠᠭᠠᠬᠤ ᠪᠤᠶᠤ ᠠᠯᠢᠪᠠ ᠰᠦ ᠴᠠᠭᠠᠨ ᠢᠳᠡᠭᠡ ᠶᠢ ᠤᠷᠤᠯᠳᠤᠬᠤ ᠳᠤ ᠭᠠᠷ ᠢᠶᠠᠨ ᠤᠭᠢᠶᠠᠬᠤ ᠦᠭᠡᠢ ᠪᠠᠶᠢᠬᠤ ᠶᠢ ᠴᠡᠭᠡᠷᠯᠡᠳᠡᠭ᠃ ᠤᠴᠢᠷ ᠨᠢ ᠰᠦ ᠴᠠᠭ᠎ᠠ ᠪᠤᠯ ᠠᠷᠢᠭᠤᠨ ᠴᠢᠨᠠᠷᠳᠤ ᠢᠳᠡᠭᠡᠨ ᠤᠮᠳᠠᠭᠠᠨ ᠪᠤᠯᠬᠤᠷ ᠰᠦ ᠴᠠᠭ᠎ᠠ ᠳᠤ ᠬᠦᠷᠬᠦ ᠠᠯᠢᠪᠠ ᠳᠤᠭᠢᠶᠠᠯᠳᠤᠯ ᠳᠤ ᠭᠠᠷ ᠬᠤᠷᠤᠭᠤ ᠵᠠᠪᠠᠯ ᠠᠷᠢᠭᠤᠨ ᠴᠡᠪᠡᠷ ᠪᠠᠶᠢᠬᠤ ᠶᠢ ᠭᠢᠴᠢᠶᠡᠳᠡᠭ᠃ 7. ᠰᠦ ᠰᠠᠭᠠᠯᠢ ᠪᠠ ᠴᠠᠭᠠᠨ ᠢᠳᠡᠬᠡᠨ ᠤ ᠲᠡᠭᠡᠭᠦᠷ ᠠᠯᠬᠤᠬᠤ ᠬᠢᠰᠬᠢᠬᠦ᠂ ᠬᠤᠷᠮᠤᠢ ᠪᠠᠨ ᠡᠷᠬᠢᠯᠳᠦᠬᠦᠯᠬᠦ᠂ ᠭᠤᠳᠤᠯ ᠦᠢᠮᠦᠰᠦ᠂ ᠦᠮᠦᠳᠦ ᠮᠡᠳᠦ ᠶᠢᠨ ︽ᠪᠤᠵᠠᠷ︾ ᠵᠤᠶᠢᠯ ᠢ ᠰᠦ ᠰᠠᠭᠠᠯᠢ ᠲᠠᠢ ᠦᠢᠷᠠᠳᠤᠭᠤᠯᠬᠤ ᠠᠴᠠ ᠴᠡᠭᠡᠷᠯᠡᠳᠡᠭ᠃ ᠰᠦ ᠰᠠᠭᠠᠯᠢ ᠪᠤᠵᠠᠷᠳᠤᠪᠠᠯ ᠦᠨᠢᠶ᠎ᠡ ᠬᠡᠬᠦᠦ ᠶᠢᠨ ᠲᠡᠯᠡᠩ ᠬᠠᠪᠤᠳᠬᠤ ᠪᠤᠶᠤ ᠰᠦ ᠡᠪᠳᠡᠷᠡᠵᠤ᠂ ᠴᠡᠭᠡ ᠠᠶᠢᠷᠠᠭ ᠤᠨ ᠬᠦᠷᠦᠩᠬᠡ ᠬᠦᠴᠦ ᠰᠤᠯᠠᠷᠠᠵᠤ᠂ ᠬᠦᠮᠦᠨ ᠤ ᠬᠡᠶᠢᠮᠤᠷᠢ ᠬᠡᠪᠳᠡᠵᠤ᠂ ᠬᠢᠵᠢᠭ ᠡᠪᠡᠳᠴᠢᠨ ᠢᠷᠡᠨ᠎ᠡ ᠭᠡᠳᠡᠭ᠃ 8. ᠰᠦ ᠰᠠᠭᠠᠯᠢ ᠶᠢᠨ ᠰᠠᠭᠤᠯᠠᠭᠠᠨ ᠳᠤ ᠱᠦᠯᠦ ᠴᠠᠢ ᠰᠠᠪᠠᠯᠠᠬᠤ ᠦᠬᠡᠢ ᠮᠦᠷᠳᠡᠭᠡᠨ ᠬᠤᠤᠳᠤᠭ ᠪᠤᠶᠤ ᠭᠤᠤᠯ ᠎ ᠠᠴᠠ ᠰᠠᠭᠠᠯᠢ ᠶᠢᠨ ᠰᠠᠭᠤᠯᠠᠭ᠎ᠠ ᠪᠠᠷ ᠤᠰᠤ ᠠᠪᠬᠤ ᠶᠢ ᠴᠡᠭᠡᠷᠯᠡᠳᠡᠭ᠃ 9. ᠰᠦ ᠰᠠᠭᠠᠯᠢ ᠪᠠ ᠢᠳᠡᠬᠡᠨ ᠤᠮᠳᠠᠭᠠᠨ ᠤ ᠰᠠᠪᠠᠨ ᠳᠤ ᠨᠤᠬᠠᠢ ᠮᠤᠤᠷ᠂ ᠰᠢᠪᠠᠭᠤ ᠱᠠᠭᠠᠵᠠᠭᠠᠢ ᠶᠢᠨ ᠠᠮᠠ ᠬᠤᠩᠰᠢᠶᠠᠷ ᠦᠢᠷᠠᠳᠬᠤ ᠶᠢ ᠴᠡᠭᠡᠷᠯᠡᠳᠡᠭ᠃ ᠠᠷᠢᠶᠠᠳᠠᠨ ᠠᠮᠢᠳᠠᠨ ᠤ ᠬᠡᠯᠡ᠂ ᠭᠦᠯ᠂ ᠰᠡᠬᠦᠳᠡᠷ ᠲᠤᠰᠬᠤ ᠶᠢ ᠴᠦ ᠴᠡᠭᠡᠷᠯᠡᠳᠡᠭ᠃ ᠤᠴᠢᠷ ᠨᠢ ᠡᠳᠡᠭᠡᠷ ᠠᠮᠢᠳᠠᠳ ᠤᠨ ᠠᠮᠠ ᠬᠤᠰᠢᠶᠠᠷ ᠪᠠ ᠪᠤᠰᠤᠳ ᠡᠷᠬᠡᠳᠡᠨ ᠢ ︽ᠪᠤᠵᠠᠷ︾ ᠬᠡᠵᠤ ᠦᠵᠡᠳᠡᠭ ᠠᠴᠠ ᠪᠤᠯᠤᠭᠰᠠᠨ ᠪᠠᠶᠢᠨ᠎ᠠ᠃ 10. ᠰᠦ ᠲᠠᠢ ᠢᠳᠡᠭᠡᠨ ᠳᠤ ᠲᠠᠪᠤᠰᠤᠯᠢᠭ ᠵᠤᠶᠢᠯ ᠢ ᠬᠤᠯᠢᠵᠤ ᠢᠳᠡᠬᠦ ᠶᠢ ᠴᠡᠭᠡᠷᠯᠡᠨ᠎ᠡ᠃ ᠵᠦᠷᠢᠴᠠᠪᠠᠯ ᠦᠨᠢᠶᠡᠨ ᠎ ᠤ ᠲᠡᠯᠡᠩ ᠬᠠᠪᠤᠳᠴᠦ ᠮᠠᠯ ᠤᠨ ᠭᠠᠷᠤᠵᠠ ᠪᠤᠯᠤᠨ᠎ᠠ ᠬᠡᠳᠡᠭ᠃ 11. ᠰᠦ ᠲᠠᠢ ᠴᠠᠢ ᠳᠤ ᠮᠢᠬ᠎ᠠ ᠬᠦᠰᠬᠦᠯᠡᠵᠤ ᠢᠳᠡᠬᠦ ᠶᠢ ᠴᠡᠭᠡᠷᠯᠡᠳᠡᠭ᠃ ᠡᠨᠡ ᠨᠢ ᠰᠦ ᠴᠢᠰᠦ ᠬᠤᠶᠠᠷ ᠲᠠᠢ ᠨᠢᠬᠡᠨ ᠠᠳᠠᠯᠢ ᠨᠢᠬᠦᠯ ᠭᠡᠳᠡᠭ᠃ 12. ᠰᠦ ᠳᠤ ᠴᠢᠰᠦ ᠲᠤᠰᠤᠭᠠᠬᠤ ᠪᠤᠶᠤ ᠬᠤᠯᠢᠬᠤ ᠶᠢ ᠴᠡᠭᠡᠷᠯᠡᠳᠡᠭ᠃ ᠴᠠᠭᠠᠨ ᠰᠦ ᠤᠯᠠᠭᠠᠨ ᠴᠢᠰᠦ ᠬᠤᠯᠢᠯᠳᠤᠬᠤ ᠨᠢ ᠮᠠᠭᠤ ᠢᠷᠸ᠎ᠠ᠂ ᠶᠡᠭᠡ ᠨᠢᠬᠦᠯ ᠬᠡᠳᠡᠭ᠃ 13. ᠰᠦ ᠶᠢ ᠬᠠᠷᠠᠩᠭᠤᠢ ᠰᠦᠨᠢ ᠭᠠᠳᠠᠭᠰᠢ ᠭᠠᠷᠭᠠᠬᠤ᠂ ᠠᠶᠢᠯ ᠳᠤ ᠦᠭᠭᠦ ᠶᠢ ᠴᠡᠭᠡᠷᠯᠡᠳᠡᠭ᠃ ᠰᠦ ᠪᠤᠯ ᠠᠷᠢᠭᠤᠨ ᠴᠠᠭᠠᠨ ᠪᠤᠯᠬᠤᠷ ᠬᠠᠷ᠎ᠠ ᠬᠠᠷᠠᠩᠭᠤᠢ ᠲᠠᠢ ᠨᠡᠶᠢᠯᠳᠡᠭ ᠦᠬᠡᠢ ᠬᠡᠵᠤ ᠮᠤᠩᠭᠤᠯᠴᠤᠳ ᠦᠵᠡᠳᠡᠭ᠃ 14. ᠰᠦ ᠶᠢ ᠬᠤᠰᠢᠭ᠎ᠠ ᠲᠠᠢ ᠢᠳᠡᠬᠦ ᠶᠢ ᠴᠡᠭᠡᠷᠯᠡᠨ᠎ᠡ᠃ ᠢᠳᠡᠬᠡᠨ ᠤ ᠬᠠᠷᠰᠢᠯ ᠡᠬᠦᠰᠬᠦ ᠠᠴᠠ ᠪᠤᠯᠭᠤᠮᠵᠢᠯᠠᠵᠠᠢ᠃ 15. ᠰᠦ ᠶᠢ ᠬᠦᠢᠯᠡᠰᠦ ᠲᠠᠢ ᠢᠳᠡᠬᠦ ᠶᠢ ᠴᠡᠭᠡᠷᠯᠡᠨ᠎ᠡ᠃ ᠢᠳᠡᠬᠡᠨ ᠤ ᠬᠠᠷᠰᠢᠯ ᠡᠬᠦᠰᠬᠦ ᠠᠴᠠ ᠪᠤᠯᠭᠤᠮᠵᠢᠯᠠᠵᠠᠢ᠃ 16. ᠲᠠᠷᠠᠭ ᠢ ᠪᠤᠷᠴᠠᠭ ᠤᠨ ᠵᠠᠭᠤᠰᠢ ᠲᠠᠢ ᠢᠳᠡᠬᠦ ᠶᠢ ᠴᠡᠭᠡᠷᠯᠡᠨ᠎ᠡ᠃ ᠢᠳᠡᠬᠡᠨ ᠤ ᠬᠠᠷᠰᠢᠯ ᠡᠬᠦᠰᠬᠦ ᠠᠴᠠ ᠪᠤᠯᠭᠤᠮᠵᠢᠯᠠᠵᠠᠢ᠃ 17. ᠲᠠᠷᠠᠭ ᠢ ᠲᠠᠬᠢᠶᠠᠨ ᠮᠢᠬ᠎ᠠ ᠲᠠᠢ ᠢᠳᠡᠬᠦ ᠶᠢ ᠴᠡᠭᠡᠷᠯᠡᠨ᠎ᠡ᠃ ᠢᠳᠡᠬᠡᠨ ᠤ ᠬᠠᠷᠰᠢᠯ ᠡᠬᠦᠰᠬᠦ ᠠᠴᠠ ᠪᠤᠯᠭᠤᠮᠵᠢᠯᠠᠵᠠᠢ᠃ 18. ᠴᠠᠭᠠᠨ ᠢᠳᠡᠬᠡᠨ ᠠᠪᠴᠦ ᠶᠠᠪᠤᠵᠤ ᠪᠠᠶᠢᠭ᠎ᠠ ᠬᠦᠮᠦᠨ ᠲᠠᠢ ᠲᠠᠭᠠᠷᠠᠯᠳᠤᠪᠠᠯ ᠠᠮᠰᠠᠬᠤ ᠦᠬᠡᠢ ᠪᠠᠷ ᠵᠦᠬᠡᠷ ᠦᠩᠬᠡᠷᠡᠬᠦ ᠶᠢ ᠴᠡᠭᠡᠷᠯᠡᠳᠡᠭ᠃ 19 . ᠴᠠᠭᠠᠨ ᠢᠳᠡᠬᠡᠨ ᠢ ᠢᠳᠡᠮ ᠬᠤᠷᠤᠭᠠᠨ ᠠᠴᠠ ᠪᠤᠰᠤᠳ ᠬᠤᠷᠤᠭᠤ ᠪᠠᠷ ᠠᠮᠰᠠᠬᠤ ᠪᠤᠶᠤ ᠰᠡᠷᠵᠢᠮ ᠡᠷᠬᠦᠬᠦ ᠎ ᠶᠢ ᠴᠡᠭᠡᠷᠯᠡᠳᠡᠭ᠃ 20. ᠮᠤᠩᠭᠤᠯᠴᠤᠳ ᠴᠠᠭᠠᠨ ᠢᠳᠡᠬᠡᠨ ᠢ ᠬᠤᠳᠠᠯᠳᠤᠵᠤ ᠠᠷᠠᠯᠵᠢᠬᠤ ᠶᠢ ᠴᠡᠭᠡᠷᠯᠡᠳᠡᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号