ᠪᠠᠶᠠᠨᠬᠤᠲᠠ ᠶᠢᠨ ᠢᠷᠭᠡᠳ ᠡ᠂ ᠭᠤᠯᠢᠷ ᠲᠤᠲᠤᠷᠭ᠎ᠠ ᠶᠡᠬᠡᠪᠡᠷ ᠨᠥᠭᠡᠴᠡᠯᠡᠬᠦ ᠱᠠᠭᠠᠷᠳᠠᠯᠭ᠎ᠠ ᠦᠭᠡᠢ
ᠨᠡᠶᠢᠲᠡᠯᠡᠭᠰᠡᠨ ᠴᠠᠭ᠄
2021/10/21
10 ᠳ᠋ᠤᠭᠠᠷ ᠰᠠᠷ᠎ᠠ ᠶᠢᠨ 20᠎ ᠤ ᠡᠳᠦᠷ ᠠᠴᠠ ᠡᠬᠢᠯᠡᠨ᠂ ᠪᠠᠶᠠᠨᠬᠤᠲᠠ ᠪᠠᠯᠭᠠᠰᠤᠨ ᠤ 1 ᠢᠷᠭᠡᠨ ᠤ ᠪᠥᠭᠡᠮ ᠬᠦᠴᠢᠯ ᠤᠨ ᠰᠢᠨᠵᠢᠯᠡᠭᠡ ᠨᠢ ᠡᠶᠡᠷᠡᠬᠦ ᠪᠦᠷᠢᠳᠬᠡᠭᠳᠡᠭᠰᠡᠨ ᠲᠠᠢ ᠬᠤᠯᠪᠣᠭᠠᠲᠠᠢ ᠪᠠᠷ᠂ ᠮᠠᠰᠢ ᠣᠯᠠᠨ ᠬᠥᠮᠥᠰ ᠭᠤᠯᠢᠷ᠂ ᠲᠤᠲᠤᠷᠭ᠎ᠠ᠂ ᠢᠳᠡᠰᠢᠨ ᠤ ᠲᠣᠰᠣ ᠵᠡᠷᠭᠡ ᠶᠢ ᠶᠡᠬᠡᠪᠡᠷ ᠨᠥᠭᠡᠴᠡᠯᠡᠨ ᠬᠠᠳᠠᠭᠠᠯᠠᠬᠤ ᠦᠵᠡᠭᠳᠡᠯ ᠭᠠᠷᠴᠠᠢ᠃ 10 ᠳ᠋ᠤᠭᠠᠷ  ᠰᠠᠷ᠎ᠠ ᠶᠢᠨ 21᠎ ᠤ ᠡᠳᠦᠷ ᠪᠣᠯᠲᠠᠯ᠎ᠠ᠂ ᠮᠠᠨ ᠤ ᠬᠤᠰᠢᠭᠤᠨ ᠤ ᠭᠤᠯᠢᠷ᠂ ᠲᠤᠲᠤᠷᠭ᠎ᠠ᠂ ᠢᠳᠡᠰᠢᠨ ᠤ ᠳᠤᠰᠤᠨ ᠤ ᠨᠥᠭᠡᠴᠡ ᠬᠠᠩᠭᠠᠯᠲᠠᠲᠠᠢ ᠪᠠᠶᠢᠵᠤ᠂ ᠪᠠᠶᠠᠨᠬᠤᠲᠠ ᠶᠢᠨ ᠨᠥᠭᠡᠴᠡ ᠬᠥᠮᠥᠷᠭᠡ ᠳᠤ 500 ᠲᠣᠨ ᠭᠤᠯᠢᠷ  ᠂ 300 ᠲᠣᠨ ᠲᠤᠲᠤᠷᠭ᠎ᠠ᠂ 220 ᠲᠣᠨ ᠢᠳᠡᠰᠢᠨ ᠲᠣᠰᠣ ᠪᠤᠢ᠃ ᠡᠳᠡᠭᠡᠷ ᠬᠦᠨᠡᠰᠦᠨ ᠤ ᠨᠥᠭᠡᠴᠡ ᠨᠢ ᠪᠠᠶᠠᠨᠬᠤᠲᠠ ᠶᠢᠨ ᠢᠷᠭᠡᠳ ᠤᠨ 14 ᠬᠤᠨᠤᠭ ᠤᠨ ᠬᠡᠷᠡᠭᠯᠡᠭᠡ ᠶᠢ ᠪᠠᠲᠤᠲᠠᠢ ᠬᠠᠩᠭᠠᠵᠤ ᠲᠠᠶᠢᠯᠤᠨ᠎ᠠ᠃ ︽ᠬᠤᠭᠤᠯᠠ ᠬᠦᠨᠡᠰᠦ ᠬᠠᠩᠭᠠᠯᠲᠠᠲᠠᠢ ᠪᠣᠯ ᠰᠠᠨᠠᠭ᠎ᠠ ᠠᠮᠤᠷ︾ ᠭᠡᠳᠡᠭᠴᠢᠯᠡᠨ᠂ ᠭᠤᠯᠢᠷ᠂ ᠲᠤᠲᠤᠷᠭ᠎ᠠ᠂ ᠢᠳᠡᠰᠢᠨ ᠤ ᠳᠤᠰᠤᠨ ᠤ ᠨᠥᠭᠡᠴᠡ ᠬᠠᠩᠭᠠᠯᠲᠠᠲᠠᠢ ᠪᠣᠢ᠃ ᠭᠤᠯᠢᠷ᠂ ᠲᠤᠲᠤᠷᠭ᠎ᠠ᠂ ᠢᠳᠡᠰᠢᠨ ᠲᠣᠰᠤ ᠨᠢ ᠴᠢᠨᠠᠷ ᠢ ᠪᠠᠲᠤᠯᠠᠬᠤ ᠬᠤᠭᠤᠴᠠᠭ᠎ᠠ ᠲᠠᠢ ᠤᠴᠢᠷ ᠠᠴᠠ ᠢᠷᠭᠡᠳ ᠳᠤᠤᠯᠢᠶᠠᠨ ᠱᠤᠤᠭᠢᠶᠠᠨ ᠢᠶᠠᠷ ᠶᠡᠬᠡᠪᠡᠷ ᠬᠤᠳᠠᠯᠳᠤᠨ ᠠᠪᠬᠤ ᠪᠠ ᠨᠥᠭᠡᠴᠡᠯᠡᠨ ᠬᠠᠳᠠᠭᠠᠯᠠᠬᠤ ᠱᠠᠭᠠᠷᠳᠠᠯᠭ᠎ᠠ ᠦᠭᠡᠢ᠃ ᠠᠯᠠᠱᠠ ᠵᠡᠭᠦᠨ ᠬᠤᠰᠢᠭᠤᠨ ᠤ ᠬᠥᠭᠵᠢᠭᠦᠯᠦᠯᠲᠡ ᠥᠭᠡᠷᠡᠴᠢᠯᠡᠯᠲᠡ ᠶᠢᠨ ᠵᠥᠪᠯᠡᠯ ᠠᠴᠠ ᠥᠷᠭᠡᠨ ᠣᠯᠠᠨ ᠠᠷᠠᠳ ᠲᠦᠮᠡᠨ ᠢ ᠠᠮᠢᠳᠤᠷᠠᠯ ᠤᠨ ᠴᠢᠬᠤᠯᠠ ᠬᠡᠷᠡᠭᠴᠡᠭᠡᠨ ᠤ ᠵᠦᠢᠯ ᠢ ᠵᠣᠬᠢᠰᠲᠠᠢ ᠬᠤᠳᠠᠯᠳᠤᠨ ᠠᠪᠴᠤ᠂ ᠠᠶᠤᠵᠤ ᠰᠠᠨᠳᠤᠷᠤᠨ ᠭᠡᠯᠮᠡᠭᠳᠡᠬᠦ ᠦᠭᠡᠢ ᠪᠠᠷ᠂ ︽ᠬᠢᠵᠢᠭ ᠤᠨ ᠬᠠᠯᠳᠠᠪᠤᠷᠢ ᠠᠴᠠ ᠤᠷᠢᠳᠴᠢᠯᠠᠨ ᠰᠡᠷᠭᠡᠶᠢᠯᠡᠬᠦ︾ ᠬᠤᠭᠤᠴᠠᠭᠠᠨ ᠳᠠᠬᠢ ᠠᠵᠢᠯ ᠠᠮᠢᠳᠤᠷᠠᠯ ᠢᠶᠠᠨ ᠵᠣᠬᠢᠰᠲᠠᠢ ᠲᠣᠬᠢᠷᠠᠭᠤᠯᠬᠤ ᠪᠣᠯᠪᠠᠤ ᠭᠡᠮᠡᠨ ᠤᠷᠢᠶᠠᠯᠠᠵᠤ ᠪᠠᠶᠢᠨ᠎ᠠ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号