ᠠᠯᠠᠱᠠ ᠠᠶᠢᠮᠠᠭ ᠬᠢᠵᠢᠭ ᠤᠨ ᠰᠡᠷᠭᠡᠶᠢᠯᠡᠨ ᠬᠠᠮᠢᠶᠠᠷᠤᠯᠳᠠ ᠶᠢᠨ ᠠᠵᠢᠯ ᠤᠨ ᠬᠠᠮᠤᠬ ᠰᠢᠨ᠎ᠡ ᠪᠠᠶᠢᠳᠠᠯ ᠢ ᠨᠡᠶᠢᠳᠡᠯᠡᠪᠡ
ᠨᠡᠶᠢᠲᠡᠯᠡᠭᠰᠡᠨ ᠴᠠᠭ᠄
2021/10/28
ᠰᠡᠴᠡᠨᠪᠠᠳᠤ ᠰᠢᠤᠢ ᠶᠢᠤ ᠯᠸᠢ 10 ᠰᠠᠷ᠎ᠠ ᠶᠢᠨ 25᠎ ᠤ ᠡᠳᠦᠷ ᠤᠨ ᠦᠳᠡ ᠶᠢᠨ ᠬᠤᠶᠢᠨ᠎ᠠ᠂  ᠠᠯᠠᠱᠠ ᠠᠶᠢᠮᠠᠭ ᠤᠨ ᠰᠢᠨ᠎ᠡ ᠲᠢᠳᠢᠮᠯᠢᠭ ᠠᠭᠤᠰᠬᠢᠨ ᠦᠷᠪᠢᠰᠦᠯ ᠤᠨ ᠬᠢᠵᠢᠭ ᠢ ᠰᠡᠷᠭᠡᠶᠢᠯᠡᠨ ᠡᠵᠡᠮᠳᠡᠬᠦ ᠠᠵᠢᠯ ᠤᠨ ᠲᠠᠪᠤᠳᠤᠭᠠᠷ ᠲᠠᠯᠠᠪᠤᠷ ᠤᠨ ᠰᠤᠨᠢᠨ ᠮᠡᠳᠡᠭᠡ ᠨᠡᠶᠢᠳᠡᠯᠡᠬᠦ ᠬᠤᠷᠠᠯ ᠡᠵᠡᠨ᠎ᠡ ᠬᠤᠰᠢᠭᠤᠨ ᠤ ᠲᠠᠯᠠᠶᠢᠭᠦ᠋ᠪ ᠪᠠᠯᠭᠠᠰᠤᠨ ᠳᠤ ᠬᠤᠷᠠᠯᠳᠤᠵᠤ᠂ ᠪᠦᠬᠦ ᠠᠶᠢᠮᠠᠬ ᠤᠨ ᠨᠢᠭᠡᠨᠳᠡ ᠤᠨᠤᠰᠢᠯᠠᠬᠰᠠᠨ ᠡᠪᠡᠳᠴᠢᠳᠠᠨ ᠤ ᠪᠠᠶᠢᠳᠠᠯ ᠪᠤᠯᠤᠨ ᠡᠵᠡᠨ᠎ᠡ ᠬᠤᠰᠢᠭᠤᠨ ᠤ ᠬᠢᠵᠢᠭ ᠤᠨ ᠰᠡᠷᠭᠡᠶᠢᠯᠡᠨ ᠬᠠᠮᠢᠶᠠᠷᠤᠯᠳᠠ ᠶᠢᠨ ᠠᠵᠢᠯ ᠲᠤᠮᠳᠠᠬᠢ ᠰᠠᠭᠤᠭᠠᠯᠢ ᠬᠤᠷᠢᠶᠠᠯᠠᠯ᠂ ᠵᠠᠮ ᠨᠡᠪᠳᠡᠷᠡᠯᠭᠡ᠂ ᠪᠤᠭᠤᠮᠳᠠ᠂ ᠵᠤᠭᠠᠴᠠᠯ ᠤᠨ ᠤᠷᠤᠨ᠂ ᠰᠤᠶᠤᠯ ᠤᠷᠠᠯᠢᠭ ᠤᠨ ᠲᠠᠯᠠᠪᠤᠷ ᠤᠨ ᠬᠠᠮᠢᠶᠠᠷᠤᠯᠳᠠ ᠶᠢᠨ ᠪᠠᠶᠢᠳᠠᠯ ᠢ ᠨᠡᠶᠢᠳᠡᠯᠡᠪᠡ᠃ 10 ᠰᠠᠷ᠎ᠠ ᠶᠢᠨ 24᠎ ᠤ ᠡᠳᠦᠷ᠂ ᠡᠵᠡᠨ᠎ᠡ ᠬᠤᠰᠢᠭᠤ 6 ᠡᠪᠡᠳᠴᠢᠳᠠᠨ ᠢ ᠰᠢᠨ᠎ᠡ ᠪᠠᠷ ᠤᠨᠤᠰᠢᠯᠠᠬᠰᠠᠨ ᠤ ᠲᠠᠷᠠᠭ᠎ᠠ ᠬᠢᠵᠢᠭ ᠡᠪᠡᠳᠴᠢᠨ ᠤ ᠰᠤᠳᠤᠯᠤᠯ ᠤᠨ ᠪᠠᠶᠢᠴᠠᠭᠠᠯᠳᠠ ᠪᠤᠯᠤᠨ ᠪᠦᠬᠡᠮ ᠬᠦᠴᠢᠯ ᠤᠨ ᠰᠢᠯᠭᠠᠨ ᠪᠠᠶᠢᠴᠠᠭᠠᠯᠳᠠ ᠎ ᠪᠠᠷ  ᠬᠢᠨᠠᠨ ᠬᠠᠷᠭᠤᠭᠤᠯᠵᠤ ᠦᠪᠡᠷᠳᠡᠭᠡᠨ ᠵᠠᠰᠠᠬᠤ ᠤᠷᠤᠨ ᠤ ᠡᠮᠴᠢᠯᠡᠭᠡᠨ ᠤ ᠲᠤᠰᠬᠠᠢ ᠮᠡᠷᠭᠡᠵᠢᠯᠳᠡᠨ ᠤ ᠲᠤᠳᠤᠯᠠᠬᠰᠠᠨ ᠢᠶᠠᠷ ᠡᠵᠡᠨ᠎ᠡ ᠬᠤᠰᠢᠭᠤᠨ ᠳᠤ ᠪᠠᠰᠠ 12 ᠡᠪᠡᠳᠴᠢᠳᠡᠨ ᠢ ᠰᠢᠨ᠎ᠡ ᠪᠠᠷ ᠤᠨᠤᠰᠢᠯᠠᠬᠰᠠᠨ ᠪᠠᠶᠢᠨ᠎ᠠ᠃ ᠤᠳᠤ ᠪᠤᠯᠳᠠᠯ᠎ᠠ ᠠᠯᠠᠱᠠ ᠵᠡᠭᠦᠨ ᠬᠤᠰᠢᠭᠤᠨ ᠳᠤ ᠰᠢᠨ᠎ᠡ ᠲᠢᠳᠢᠮᠯᠢᠭ ᠠᠭᠤᠰᠬᠢᠨ ᠦᠷᠪᠢᠰᠦᠯ ᠢᠶᠠᠷ 1 ᠡᠪᠡᠳᠴᠢᠳᠠᠨ ᠎ ᠢ ᠤᠨᠤᠰᠢᠯᠠᠵᠤ᠂ ᠡᠵᠡᠨ᠎ᠡ ᠬᠤᠰᠢᠭᠤᠨ ᠳᠤ ᠰᠢᠨ᠎ᠡ ᠲᠢᠳᠢᠮᠯᠢᠭ ᠠᠭᠤᠰᠬᠢᠨ ᠦᠷᠪᠢᠰᠦᠯ ᠢᠶᠠᠷ 43 ᠡᠪᠡᠳᠴᠢᠳᠠᠨ  ᠎ ᠢ ᠤᠨᠤᠰᠢᠯᠠᠵᠤ᠂ ᠪᠦᠬᠦ ᠠᠶᠢᠮᠠᠬ ᠲᠤ ᠨᠡᠶᠢᠳᠡ 44 ᠡᠪᠡᠳᠴᠢᠳᠠᠨ ᠢ ᠤᠨᠤᠰᠢᠯᠠᠵᠤ᠂ ᠲᠤᠬᠳᠠᠬᠰᠠᠠ ᠡᠮᠨᠡᠯᠭᠡ ᠶᠢᠨ ᠬᠤᠷᠢᠶᠠᠨ ᠳᠤ ᠲᠤᠰᠠᠭᠠᠷᠯᠠᠨ ᠡᠮᠴᠢᠯᠡᠵᠤ᠂ ᠪᠠᠶ᠎ᠠ ᠶᠢᠨ ᠪᠠᠶᠢᠳᠠᠯ ᠨᠢ ᠲᠤᠬᠳᠠᠭᠤᠨ ᠪᠠᠶᠢᠨ᠎ᠠ᠃   ᠰᠤᠷᠪᠤᠯᠵᠢᠯᠠᠬᠴᠢ ᠰᠤᠨᠢᠨ  ᠮᠡᠳᠡᠭᠡ ᠨᠡᠶᠢᠳᠡᠯᠡᠬᠦ ᠬᠤᠷᠠᠯ ᠠᠴᠠ ᠦᠢᠯᠠᠭᠠᠬᠰᠠᠨ  ᠢᠶᠠᠷ᠂ ᠬᠢᠵᠢᠭ ᠤᠨ ᠰᠡᠷᠭᠡᠶᠢᠯᠡᠨ ᠬᠠᠮᠢᠶᠠᠷᠤᠯᠳᠠ ᠶᠢᠨ ᠠᠵᠢᠯ ᠲᠦᠢᠯ ᠤᠨ ᠬᠦᠨᠳᠦ ᠬᠡᠴᠡᠭᠦᠦ ᠮᠦᠷᠳᠡᠭᠡᠨ ᠪᠤᠳᠤᠯᠢᠶᠠᠨᠳᠠᠢ ᠪᠠᠶᠢᠭ᠎ᠠ ᠪᠠᠶᠢᠳᠠᠯ ᠳᠤ ᠴᠢᠭᠯᠡᠭᠦᠯᠦᠨ ᠡᠵᠡᠨ᠎ᠡ  ᠬᠤᠰᠢᠭᠤ ᠬᠢᠵᠢᠭ ᠤᠨ ᠰᠡᠷᠭᠡᠶᠢᠯᠡᠨ ᠬᠠᠮᠢᠶᠠᠷᠤᠯᠳᠠ ᠪᠠᠨ ᠤᠯᠠᠮ ᠴᠢᠩᠭᠠᠳᠬᠠᠵᠤ᠂ ᠦᠷᠭᠡᠨ ᠤᠯᠠᠨ ᠰᠠᠭᠤᠭᠠᠯᠢ ᠠᠷᠠᠳ ᠤᠨ ᠤᠷᠤᠨ ᠰᠠᠭᠤᠴᠠ᠂ ᠡᠷᠡᠭᠦᠯ ᠮᠡᠨᠳᠦ᠂ ᠤᠨᠤᠰᠢᠯᠠᠬᠰᠠᠨ ᠡᠪᠡᠳᠴᠢᠳᠠᠨ ᠲᠠᠢ ᠦᠢᠷᠠᠳᠤᠬᠰᠠᠨ ᠡᠰᠡᠬᠦ ᠵᠡᠷᠭᠡ ᠪᠠᠶᠢᠳᠠᠯ ᠢ ᠦᠨᠳᠦᠰᠦᠯᠡᠨ ᠰᠠᠭᠤᠭᠠᠯᠢ ᠠᠷᠠᠳ ᠢ ᠦᠨᠳᠦᠷ᠂ ᠲᠤᠮᠳᠠ᠂ ᠲᠤᠤᠷ᠎ᠠ ᠵᠡᠷᠭᠡ ᠭᠤᠷᠪᠠᠨ ᠲᠦᠷᠦᠯ ᠤᠨ ᠠᠶᠤᠯ ᠲᠦᠭᠰᠢᠭᠦᠷᠢ ᠲᠠᠢ ᠬᠦᠮᠦᠨ ᠢᠶᠠᠷ ᠬᠤᠪᠢᠶᠠᠷᠢᠯᠠᠵᠤ᠂ 16 ᠰᠠᠭᠤᠭᠠᠯᠢ ᠬᠤᠷᠢᠶᠠᠯᠠᠯ ᠢ ᠪᠢᠳᠡᠭᠦᠮᠵᠢᠯᠡᠨ ᠬᠠᠮᠢᠶᠠᠷᠬᠤ ᠲᠤᠭᠤᠷᠢᠬ ᠪᠤᠯᠭᠠᠵᠤ᠂ ᠪᠦᠬᠦ ᠲᠠᠯ᠎ᠠ ᠶᠢᠨ ᠪᠢᠳᠡᠭᠦᠮᠵᠢᠯᠡᠯᠳᠡ ᠬᠢᠵᠤ᠂ ᠭᠡᠷ ᠠᠴᠠ ᠭᠠᠷᠭᠠᠬᠤ ᠦᠭᠡᠢ᠂ ᠦᠢᠯᠡᠴᠢᠯᠡᠭᠡ ᠶᠢ ᠡᠭᠦᠳᠡᠨ ᠳᠤ ᠬᠦᠷᠭᠡᠬᠦ ᠬᠠᠮᠢᠶᠠᠷᠤᠯᠳᠠ ᠶᠢ ᠬᠡᠷᠡᠭᠵᠢᠭᠦᠯᠦᠨ᠂ ᠪᠤᠰᠤᠳ ᠰᠠᠭᠤᠭᠠᠯᠢ ᠬᠤᠷᠢᠶᠠᠯᠠᠯ ᠢ ᠬᠠᠮᠢᠶᠠᠷᠤᠯᠳᠠ ᠶᠢᠨ ᠲᠤᠭᠤᠷᠢᠬ ᠢᠶᠠᠷ ᠲᠤᠬᠳᠠᠭᠠᠵᠤ᠂ ᠪᠤᠳᠠᠳᠠᠢ ᠪᠠᠶᠢᠳᠠᠯ ᠳᠤ ᠵᠤᠬᠢᠴᠠᠬᠰᠠᠨ ᠬᠠᠮᠢᠶᠠᠷᠤᠯᠳᠠ ᠶᠢᠨ ᠠᠷᠭ᠎ᠠ ᠠᠪᠴᠤ᠂ ᠪᠦᠬᠡᠮ ᠬᠦᠴᠢᠯ ᠤᠨ ᠰᠢᠯᠭᠠᠨ ᠪᠠᠶᠢᠴᠠᠭᠠᠯᠳᠠ᠂ ᠤᠷᠴᠢᠨ ᠲᠤᠭᠤᠷᠢᠨ ᠤ ᠬᠢᠨᠠᠨ ᠬᠡᠮᠵᠢᠯᠳᠠ᠂ ᠠᠷᠢᠭᠤᠳᠬᠠᠯ ᠵᠡᠷᠭᠡ ᠶᠢ ᠰᠠᠶᠢᠨ ᠬᠢᠵᠤ᠂ ᠬᠠᠮᠢᠶᠠᠷᠤᠯᠳᠠ ᠶᠢᠨ ᠲᠤᠭᠤᠷᠢᠬ ᠲᠤ ᠪᠦᠭᠡᠮ ᠬᠦᠴᠢᠯ ᠤᠨ ᠰᠢᠯᠭᠠᠨ ᠪᠠᠶᠢᠴᠠᠭᠠᠯᠳᠠ ᠶᠢᠨ ᠦᠷ᠎ᠡ ᠳ᠋ᠦᠩ ᠨᠢ ᠠᠷᠭ᠎ᠠ ᠴᠢᠨᠠᠷ ᠢᠯᠡᠷᠡᠭᠰᠡᠨ ᠬᠦᠮᠦᠨ ᠢ ᠲᠠᠷᠤᠢ ᠲᠦᠷᠭᠡᠨ ᠪᠢᠳᠡᠭᠦᠮᠵᠢᠯᠡᠯᠳᠡ ᠶᠢᠨ ᠲᠤᠭᠤᠷᠢᠬ ᠲᠤ ᠰᠢᠯᠵᠢᠭᠦᠯᠦᠨ ᠬᠦᠷᠭᠡᠵᠤ᠂ 10 ᠰᠠᠷ᠎ᠠ ᠶᠢᠨ 25᠎ ᠤ ᠡᠳᠦᠷ ᠤᠨ ᠲᠢᠭ ᠴᠠᠭ ᠠᠴᠠ ᠪᠦᠬᠦ ᠬᠤᠰᠢᠭᠤᠨ ᠤ ᠰᠠᠭᠤᠭᠠᠯᠢ ᠠᠷᠠᠳ ᠪᠤᠯᠤᠨ ᠲᠠᠯᠠᠶᠢᠭᠦ᠋ᠪ ᠪᠠᠯᠭᠠᠰᠤᠨ ᠳᠤ  ᠬᠤᠴᠤᠷᠴᠤ ᠦᠯᠡᠳᠡᠭᠰᠡᠨ ᠵᠤᠭᠠᠴᠠᠬᠰᠠᠳ ᠢ ᠭᠡᠷ ᠠᠴᠠ ᠭᠠᠷᠭᠠᠬᠤ ᠦᠭᠡᠢ ᠲᠦᠷᠦ ᠶᠢᠨ ᠪᠤᠳᠤᠯᠭ᠎ᠠ ᠬᠡᠷᠡᠭᠵᠢᠭᠦᠯᠵᠤ᠂ ᠬᠤᠭᠤᠯᠠ ᠤᠮᠳᠠᠭᠠᠨ᠂ ᠡᠮ ᠲᠠᠩ ᠵᠢᠴᠢ ᠪᠤᠰᠤᠳ ᠲᠦᠷᠦᠯ ᠤᠨ ᠠᠮᠢᠳᠤᠷᠠᠯ ᠤᠨ ᠪᠤᠳᠠᠰ ᠢ ᠤᠷᠤᠯᠠᠨ ᠬᠦᠷᠭᠡᠬᠦ ᠦᠢᠯᠡᠴᠢᠯᠡᠭᠡ ᠬᠠᠩᠭᠠᠵᠤ ᠪᠠᠶᠢᠨ᠎ᠠ᠃ ᠬᠢᠵᠢᠭ ᠤᠨ ᠰᠡᠷᠭᠡᠶᠢᠯᠡᠡ ᠬᠠᠮᠢᠶᠠᠷᠤᠯᠳᠠ ᠶᠢᠨ ᠲᠤᠤᠷᠵᠢᠯ ᠢ ᠬᠤᠰᠢᠭᠤᠨ ᠲᠦᠪ ᠤᠨ ᠡᠯ᠎ᠡ ᠨᠡᠶᠢᠬᠡᠮ ᠲᠤᠭᠤᠷᠢᠬ᠂ ᠵᠠᠭᠡᠯᠢ ᠭᠤᠳᠤᠮᠵᠢ᠂ ᠰᠠᠭᠤᠭᠠᠯᠢ ᠬᠤᠷᠢᠶᠠᠯᠠᠯ᠂ ᠵᠠᠮ ᠱᠤᠭᠤᠮ ᠠᠴᠠ ᠠᠪᠤᠭᠠᠳ ᠡᠯ᠎ᠡ ᠰᠤᠮᠤ ᠪᠠᠯᠭᠠᠰᠤ ᠭᠠᠴᠠᠭ᠎ᠠ ᠲᠤᠰᠬᠤᠨ᠂ ᠠᠵᠤ ᠠᠬᠤᠢᠢᠯᠠᠯ᠂ ᠦᠢᠯᠡᠳᠪᠦᠷᠢ ᠠᠭᠤᠷᠬᠠᠢ᠂ ᠤᠯᠠᠨ ᠨᠡᠶᠢᠳᠡ ᠶᠢᠨ ᠲᠠᠯᠠᠪᠤᠷ  ᠬᠦᠷᠳᠡᠯ᠎ᠠ ᠪᠦᠷᠭᠦᠭᠦᠯᠵᠤ᠂ ᠠᠮᠢᠳᠤᠷᠠᠨ ᠰᠠᠭᠤᠷᠢᠰᠢᠵᠤ ᠪᠠᠶᠢᠭ᠎ᠠ ᠬᠦᠮᠦᠨ ᠠᠮᠠ ᠶᠢᠨ ᠪᠠᠶᠢᠳᠠᠯ ᠢ ᠨᠠᠷᠢᠨ ᠪᠠᠶᠢᠴᠠᠭᠠᠨ ᠲᠠᠩᠰᠠᠯᠠᠵᠤ ᠂ ᠤᠨᠴᠠᠭᠠᠢᠢᠯᠠᠨ ᠲᠦᠷᠢᠶᠡᠰᠦᠨ ᠭᠡᠷ᠂ ᠬᠦᠯᠦᠰᠦᠨ ᠠᠵᠢᠯᠴᠢᠨ ᠤ ᠪᠠᠶᠢᠷᠢ᠂ ᠬᠤᠳᠠ ᠬᠦᠳᠡᠭᠡ ᠶᠢᠨ ᠠᠭᠤᠯᠵᠠᠷ  ᠎ ᠲᠠᠬᠢ ᠤᠷᠤᠨ ᠤ ᠬᠦᠮᠦᠨ ᠠᠮᠠ  ᠲᠦᠪᠯᠡᠷᠡᠭᠰᠡᠨ ᠤᠷᠤᠨ ᠤ ᠪᠠᠶᠢᠴᠠᠭᠠᠯᠳᠠ ᠪᠠᠨ ᠴᠢᠩᠭᠠᠳᠬᠠᠨ᠂ ᠠᠷᠢᠭᠤᠳᠬᠠᠯ᠂ ᠪᠦᠬᠡᠮ ᠬᠦᠴᠢᠯ ᠤᠨ ᠪᠠᠶᠢᠴᠭᠠᠯᠳᠠ ᠵᠡᠷᠭᠡ ᠡᠳᠦᠷ ᠲᠤᠳᠤᠮ ᠤᠨ ᠪᠠᠶᠢᠴᠠᠭᠠᠯᠳᠠ ᠶᠢ ᠰᠠᠶᠢᠨ ᠬᠢᠬᠦ ᠶᠢᠨ ᠬᠠᠮᠳᠤ ᠪᠤᠭᠤᠮᠳᠠ ᠶᠢᠨ ᠤᠷᠤᠨ ᠳᠤ ᠦᠯᠡᠳᠡᠵᠤ ᠬᠤᠴᠤᠷᠤᠬᠰᠠᠨ ᠵᠢᠯᠤᠭᠤᠴᠢ᠂ ᠵᠤᠭᠠᠴᠠᠬᠰᠠᠳ ᠢ ᠲᠦᠪᠯᠡᠷᠡᠭᠦᠯᠦᠨ ᠬᠠᠮᠢᠶᠠᠷᠴᠤ᠂ ᠬᠤᠭᠤᠯᠠ ᠬᠦᠷᠭᠡᠬᠦ ᠦᠢᠯᠡᠴᠢᠯᠡᠭᠡ ᠬᠠᠩᠭᠠᠵᠤ᠂ ᠴᠠᠬᠳᠠᠭᠠᠨ ᠤ ᠲᠠᠯ᠎ᠠ ᠠᠴᠠ ᠵᠠᠬ᠎ᠠ ᠵᠡᠭᠡᠯᠢ ᠪᠠᠷ ᠲᠤᠭᠤᠷᠢᠨ ᠴᠠᠬᠳᠠᠬᠤ ᠡᠭᠦᠷᠭᠡ ᠶᠢ ᠪᠡᠶᠡᠯᠡᠭᠦᠯᠵᠤ ᠪᠠᠶᠢᠨ᠎ᠠ᠃ ᠡᠵᠡᠨ᠎ᠡ ᠬᠤᠰᠢᠭᠤ ᠭᠠᠳᠠᠷ ᠤᠷᠤᠨ ᠤ ᠵᠤᠭᠠᠴᠠᠬᠰᠠᠳ ᠲᠤ ᠦᠢᠯᠡᠴᠢᠯᠡᠬᠦ ᠠᠵᠢᠯ ᠤᠨ ᠲᠤᠰᠬᠠᠢ ᠠᠩᠭᠢ ᠶᠢ ᠪᠠᠶᠢᠭᠤᠯᠵᠤ᠂ ᠵᠤᠭᠠᠴᠠᠬᠰᠠᠳ ᠤᠨ ᠬᠠᠮᠢᠶ᠎ᠠ ᠪᠦᠬᠦᠢ ᠰᠤᠷᠠᠬ ᠵᠠᠩᠬᠢ ᠶᠢ ᠨᠠᠷᠢᠯᠢᠭ ᠲᠠᠩᠰᠠᠯᠠᠨ ᠪᠦᠷᠢᠳᠭᠡᠵᠤ᠂ 10 ᠰᠠᠷ᠎ᠠ ᠶᠢᠨ 25᠎ ᠤ ᠡᠳᠦᠷ ᠤᠨ 15 ᠴᠠᠭ ᠪᠤᠯᠳᠠᠯ᠎ᠠ ᠡᠵᠡᠨ᠎ᠡ ᠬᠤᠰᠢᠭᠤᠨ ᠳᠤ ᠭᠠᠳᠠᠷ ᠤᠷᠤᠨ ᠤ ᠵᠤᠭᠠᠴᠠᠬᠴᠢ 9412 ᠬᠦᠮᠦᠨ ᠪᠠᠶᠢᠵᠤ᠂ ᠰᠧᠴᠤᠸᠠᠨ᠂ ᠠᠨᡁᠦ᠋ᠢ᠂ ᠵᠢᠶᠠᠩᠰᠦ᠂ ᠱᠠᠩᠬᠠᠢ᠂ ᠭᠠᠨᠰᠤ᠂ ᠭᠤᠸᠠᠩᠳᠦ᠋ᠩ ᠵᠡᠷᠭᠡ ᠮᠤᠵᠢ ᠤᠷᠤᠨ ᠤ ᠵᠤᠭᠠᠴᠠᠬᠴᠢ ᠪᠠᠷ ᠭᠤᠤᠯᠳᠠᠵᠤ᠂ 60 ᠨᠠᠰᠤ ᠠᠴᠠ ᠲᠡᠭᠡᠭᠰᠢ 4476 ᠵᠤᠭᠠᠴᠠᠬᠴᠢ ᠪᠠᠭᠳᠠᠵᠤ᠂ ᠵᠠᠰᠠᠬ ᠤᠨ ᠤᠷᠳᠤᠨ ᠠᠴᠠ ᠰᠦᠯᠵᠢᠶᠡᠨ ᠲᠡᠭᠡᠷ᠎ᠡ ᠵᠠᠬᠢᠶᠠᠯᠠᠭ᠎ᠠ ᠬᠢᠬᠦ ᠠᠷᠭ᠎ᠠ ᠠᠪᠴᠤ᠂ ᠲᠤᠰᠬᠠᠢ ᠠᠵᠢᠯᠳᠠᠨ ᠢᠶᠠᠷ ᠡᠭᠦᠳᠡᠨ ᠳᠤᠨᠢ ᠬᠦᠷᠭᠡᠭᠦᠯᠬᠦ ᠦᠢᠯᠡᠴᠢᠯᠡᠭᠡ ᠬᠠᠩᠭᠠᠵᠤ ᠪᠠᠶᠢᠨ᠎ᠠ᠃ ᠰᠤᠨᠢᠨ ᠮᠡᠳᠡᠭᠡ ᠨᠡᠶᠢᠳᠡᠯᠡᠬᠦ ᠬᠤᠷᠠᠯ ᠳᠤ᠂ ᠰᠤᠷᠪᠤᠯᠵᠢᠯᠠᠬᠴᠢ ᠶᠢᠨ ᠠᠰᠠᠭᠤᠬᠰᠠᠨ ᠤᠯᠤᠰ ᠤᠷᠤᠨ ᠠᠴᠠ ᠮᠠᠨ ᠤ ᠠᠶᠢᠮᠠᠭ ᠢ ᠬᠠᠪᠰᠤᠷᠤᠨ ᠲᠤᠰᠠᠯᠠᠬᠤ ᠡᠮᠡᠴᠢᠯᠡᠭᠡᠨ ᠤ ᠠᠩᠬᠢ ᠶᠢᠨ ᠪᠠᠶᠢᠳᠠᠯ᠂ ᠲᠦᠪᠯᠡᠷᠡᠭᠦᠯᠦᠨ ᠲᠤᠰᠠᠭᠠᠷᠯᠠᠵᠤ ᠪᠠᠶᠢᠭ᠎ᠠ ᠬᠦᠮᠦᠰ ᠤᠨ ᠠᠮᠢᠳᠤᠷᠠᠯ ᠤᠨ  ᠪᠠᠳᠤᠯᠠᠭ᠎ᠠ  ᠶᠢ ᠬᠢᠷᠢ ᠵᠡᠷᠭᠡ ᠬᠢᠵᠤ ᠪᠠᠶᠢᠬᠤ᠂ ᠪᠢᠳᠡᠭᠦᠮᠵᠢᠯᠡᠨ ᠬᠠᠮᠢᠶᠠᠷᠤᠯᠳᠠ ᠶᠢᠨ ᠲᠤᠭᠤᠷᠢᠬ ᠲᠤ ᠪᠠᠶᠢᠭ᠎ᠠ ᠰᠠᠭᠤᠭᠠᠯᠢ ᠠᠷᠠᠳ ᠤᠨ ᠡᠪᠡᠳᠴᠢᠨ ᠦᠵᠡᠭᠦᠯᠬᠦ ᠠᠰᠠᠭᠤᠳᠠᠯ ᠢ ᠶᠠᠭᠠᠬᠢᠵᠤ ᠰᠢᠢᠳᠪᠦᠷᠢᠯᠡᠬᠦ ᠵᠡᠷᠭᠡ ᠠᠰᠠᠭᠤᠳᠠᠯ ᠳᠤ ᠠᠶᠢᠮᠠᠬ ᠤᠨ ᠬᠠᠮᠢᠶ᠎ᠠ ᠪᠦᠬᠦᠢ ᠰᠠᠯᠠᠭ᠎ᠠ ᠮᠦᠴᠢᠷ ᠤᠨ ᠬᠠᠷᠢᠭᠤᠴᠠᠯᠭᠠᠳᠠᠨ ᠪᠤᠯᠤᠨ ᠡᠵᠡᠨ᠎ᠡ ᠬᠤᠰᠢᠭᠤᠨ ᠤ ᠵᠠᠰᠠᠭ ᠤᠨ ᠤᠷᠳᠤᠨ ᠤ ᠬᠠᠷᠢᠭᠤᠴᠠᠯᠭᠠᠳᠠᠨ ᠠᠴᠠ ᠬᠠᠷᠢᠭᠤᠯᠳᠠ ᠦᠭᠴᠦ ᠲᠠᠶᠢᠯᠪᠤᠷᠢᠯᠠᠪᠠ᠃ ᠬᠢᠵᠢᠭ ᠤᠨ ᠪᠠᠶᠢᠳᠠᠯ ᠢᠯᠡᠷᠡᠭᠰᠡᠨ ᠤ ᠲᠠᠷᠠᠭ᠎ᠠ ᠤᠯᠤᠰ᠂ ᠦᠪᠡᠷᠳᠡᠭᠡᠨ ᠵᠠᠰᠠᠬᠤ ᠤᠷᠤᠨ  ᠲᠡᠭᠡᠳᠦ ᠬᠡᠮᠵᠢᠶ᠎ᠡ ᠪᠠᠷ ᠴᠢᠬᠤᠯᠠᠴᠢᠯᠠᠨ ᠦᠵᠡᠵᠤ᠂ ᠲᠦᠪ ᠪᠠ ᠦᠪᠡᠷᠳᠡᠭᠡᠨ ᠵᠠᠰᠠᠬᠤ ᠤᠷᠤᠨ ᠤ ᠬᠢᠵᠢᠭ ᠢ ᠰᠡᠷᠭᠡᠶᠢᠯᠡᠨ ᠡᠵᠡᠮᠳᠡᠬᠦ ᠠᠵᠢᠯ ᠤᠨ ᠵᠢᠯᠤᠭᠤᠳᠬᠤ ᠭᠠᠵᠠᠷ ᠠᠴᠠ ᠡᠵᠡᠨ᠎ᠡ ᠬᠤᠰᠢᠭᠤᠨ ᠳᠤ ᠡᠮᠴᠢ ᠠᠵᠢᠯᠳᠠᠨ ᠲᠤᠮᠢᠯᠠᠵᠤ᠂ ᠠᠬᠤᠢ ᠲᠠᠯᠠᠪᠠᠢ ᠶᠢᠨ ᠪᠠᠶᠢᠳᠠᠯ ᠢ ᠰᠢᠢᠳᠪᠦᠷᠢᠯᠡᠬᠦ ᠠᠵᠢᠯᠯᠠᠬᠤ ᠠᠩᠬᠢ ᠶᠢ ᠪᠠᠶᠢᠭᠤᠯᠤᠨ᠂ ᠬᠤᠯᠪᠤᠭᠠᠯᠠᠬᠰᠠᠨ ᠰᠡᠷᠭᠡᠶᠢᠯᠡᠨ ᠬᠠᠮᠢᠶᠠᠷᠤᠯᠳᠠ᠂ ᠪᠦᠬᠦ ᠠᠷᠠᠳ ᠤᠨ ᠪᠦᠬᠡᠮ ᠬᠦᠴᠢᠯ ᠤᠨ ᠰᠢᠯᠭᠠᠨ  ᠪᠠᠶᠢᠴᠠᠭᠠᠯᠳᠠ᠂ ᠬᠢᠵᠢᠭ ᠡᠪᠡᠳᠴᠢᠨ ᠤ ᠰᠤᠳᠤᠯᠤᠯ᠂ ᠰᠡᠷᠭᠡᠶᠢᠯᠡᠨ ᠬᠠᠮᠢᠶᠠᠷᠤᠯᠳᠠ ᠶᠢᠨ ᠡᠳ᠋ ᠪᠤᠳᠠᠰ᠂ ᠬᠦᠴᠦ ᠶᠢ ᠵᠤᠬᠢᠴᠠᠭᠤᠯᠤᠨ ᠲᠤᠬᠢᠷᠠᠭᠤᠯᠬᠤ᠂ ᠡᠪᠡᠳᠴᠢᠳᠠᠨ ᠢ ᠠᠪᠤᠷᠠᠨ ᠡᠮᠴᠢᠯᠡᠬᠦ ᠵᠡᠷᠭᠡ ᠠᠵᠢᠯ ᠢ ᠵᠢᠭᠠᠨ ᠵᠢᠯᠤᠭᠤᠳᠴᠤ᠂ ᠪᠦᠬᠦ ᠠᠶᠢᠮᠠᠬ᠂ ᠡᠯ᠎ᠡ ᠠᠶᠢᠮᠠᠬ ᠬᠤᠳᠠ᠂ ᠬᠤᠰᠢᠭᠤ ᠰᠢᠶᠡᠨ ᠤ ᠬᠢᠨ ᠤᠯᠠᠨ ᠲᠠᠯ᠎ᠠ ᠶᠢᠨ ᠲᠤᠰᠠᠯᠠᠮᠵᠢ ᠦᠵᠡᠭᠦᠯᠵᠤ ᠪᠠᠶᠢᠨ᠎ᠠ᠃ ᠤᠳᠤ ᠪᠤᠯᠳᠠᠯ᠎ᠠ ᠡᠵᠡᠨ᠎ᠡ ᠬᠤᠰᠢᠭᠤᠨ ᠤ ᠬᠢᠵᠢᠭ ᠤᠨ ᠰᠡᠷᠭᠡᠶᠢᠯᠡᠯᠳᠡ ᠳᠤ ᠲᠤᠰᠠᠯᠠᠬᠤ ᠪᠠᠷ ᠢᠷᠡᠭᠰᠡᠨ ᠦᠪᠡᠷᠳᠡᠭᠡᠨ ᠵᠠᠰᠠᠬᠤ ᠤᠷᠤᠨ ᠤ ᠲᠡᠰ ᠤᠨ ᠲᠤᠰᠬᠠᠢ ᠮᠡᠷᠭᠡᠵᠢᠯᠳᠡᠨ᠂ ᠰᠢᠯᠭᠠᠨ ᠪᠠᠶᠢᠴᠠᠭᠠᠬᠴᠢ᠂ ᠡᠮᠴᠢ ᠰᠤᠪᠢᠯᠠᠬᠴᠢ ᠨᠡᠶᠢᠳᠡ 75 ᠬᠦᠮᠦᠨ᠂ ᠦᠬᠠᠢ᠂ ᠪᠠᠶᠠᠨᠨᠠᠭᠤᠷ᠂ ᠪᠤᠭᠤᠳᠤ ᠵᠡᠷᠭᠡ ᠬᠦᠷᠰᠢ ᠵᠡᠷᠭᠡᠯᠡᠳᠡᠭᠡ ᠠᠶᠢᠮᠠᠬ ᠬᠤᠳᠠ ᠶᠢᠨ ᠲᠤᠰᠬᠠᠢ ᠮᠡᠷᠭᠡᠵᠢᠯᠳᠡᠨ᠂ ᠡᠮᠴᠢ ᠰᠤᠪᠢᠯᠠᠬᠴᠢ᠂ ᠰᠢᠯᠭᠠᠨ ᠪᠠᠶᠢᠴᠠᠭᠠᠬᠴᠢ ᠨᠡᠶᠢᠳᠡ 152 ᠬᠦᠮᠦᠨ ᠪᠠᠶᠢᠬᠤ ᠠᠴᠠ ᠭᠠᠳᠠᠨ᠎ᠠ ᠠᠶᠢᠮᠠᠬ᠂ ᠡᠯ᠎ᠡ  ᠬᠤᠰᠢᠭᠤ ᠤᠷᠤᠨ ᠠᠴᠠ 145 ᠬᠦᠮᠦᠨ ᠢᠷᠡᠵᠤ ᠲᠤᠰᠠᠯᠠᠨ  ᠠᠵᠢᠯᠯᠠᠵᠤ ᠪᠠᠶᠢᠨ᠎ᠠ᠃ 10 ᠰᠠᠷ᠎ᠠ ᠶᠢᠨ 24᠎ ᠤ ᠡᠳᠦᠷ ᠪᠤᠯᠳᠠᠯ᠎ᠠ ᠡᠵᠡᠨ᠎ᠡ ᠬᠤᠰᠢᠭᠤᠨ ᠳᠤ 14 ᠲᠤᠰᠠᠭᠠᠷᠯᠠᠬᠤ ᠴᠢᠭ ᠭᠠᠷᠭᠠᠵᠤ᠂ ᠤᠳᠤ ᠪᠤᠯᠳᠠᠯ᠎ᠠ 816 ᠬᠦᠮᠦᠨ ᠲᠤᠰᠠᠭᠠᠷᠯᠠᠵᠤ᠂ ᠬᠢᠵᠢᠭ ᠤᠨ ᠰᠡᠷᠭᠡᠶᠢᠯᠡᠨ ᠬᠠᠮᠢᠶᠠᠷᠤᠯᠳᠠ ᠶᠢᠨ ᠱᠠᠭᠠᠷᠳᠠᠯᠭ᠎ᠠ ᠪᠠᠷ ᠲᠤᠰᠠᠭᠠᠷᠯᠠᠬᠰᠠᠨ ᠬᠦᠮᠦᠰ ᠤᠨ ᠬᠢᠵᠢᠭ  ᠎ ᠤᠨ ᠬᠠᠯᠳᠠᠪᠤᠷᠢᠯᠠᠯᠳᠠ ᠶᠢᠨ ᠠᠷᠢᠭᠤᠳᠬᠠᠯ ᠪᠠ ᠪᠠᠶᠢᠴᠠᠭᠠᠯᠳᠠ ᠶᠢ ᠰᠠᠶᠢᠨ ᠬᠢᠬᠦ  ᠎ ᠶᠢᠨ ᠬᠠᠮᠳᠤ ᠬᠤᠭᠤᠯᠠ ᠪᠤᠳᠠᠭ᠎ᠠ᠂ ᠬᠤᠨᠤᠵᠤ ᠰᠠᠭᠤᠬᠤ᠂ ᠰᠡᠳᠭᠢᠯ ᠰᠠᠨᠠᠭᠠᠨ ᠤ  ᠲᠠᠶᠢᠳᠬᠤᠷᠠᠯ ᠤᠨ ᠠᠵᠢᠯ ᠢ ᠰᠠᠶᠢᠨ ᠬᠢᠵᠤ᠂ ᠲᠡᠳᠡᠨᠡᠷ ᠤᠨ ᠲᠤᠰᠠᠭᠠᠷᠯᠠᠬᠰᠠᠨ ᠬᠤᠭᠤᠴᠠᠭᠠᠨ ᠳᠠᠬᠢ ᠠᠮᠢᠳᠤᠷᠠᠯ ᠢ ᠪᠠᠳᠤᠯᠠᠵᠤ ᠪᠠᠶᠢᠨ᠎ᠠ᠃  ᠪᠢᠳᠡᠬᠦᠮᠵᠢᠯᠡᠭᠰᠡᠨ ᠬᠠᠮᠢᠶᠠᠷᠤᠯᠳᠠ ᠶᠢᠨ ᠲᠤᠭᠤᠷᠢᠬ ᠲᠤ ᠪᠠᠶᠢᠭ᠎ᠠ ᠰᠠᠭᠤᠭᠠᠯᠢ ᠠᠷᠠᠳ ᠤᠨ ᠡᠪᠡᠳᠴᠢᠨ ᠦᠵᠡᠭᠦᠯᠬᠦ ᠠᠰᠠᠭᠤᠳᠠᠯ ᠢ ᠲᠤᠬᠢᠳᠠᠢ ᠰᠠᠶᠢᠨ ᠰᠢᠢᠳᠪᠦᠷᠢᠯᠡᠬᠦ ᠶᠢᠨ ᠲᠦᠯᠦᠭᠡ ᠡᠵᠡᠨ᠎ᠡ ᠬᠤᠰᠢᠭᠤᠨ ᠤ ᠵᠠᠰᠠᠭ ᠤᠨ ᠤᠷᠳᠤᠨ ᠠᠴᠠ ᠮᠤᠩᠭᠤᠯ ᠡᠮᠨᠡᠯᠭᠡ ᠶᠢᠨ ᠬᠤᠷᠢᠶ᠎ᠠ ᠶᠢᠨ ᠶᠡᠷᠦᠩᠬᠡᠶᠢᠯᠡᠭᠰᠡᠨ ᠡᠮᠴᠢᠯᠡᠭᠡ ᠶᠢ ᠨᠡᠭᠡᠭᠡᠯᠳᠡ ᠬᠢᠬᠦ ᠶᠢᠨ ᠬᠠᠮᠳᠤ ᠨᠡᠶᠢᠬᠡᠮ ᠲᠤᠭᠤᠷᠢᠭ ᠤᠨ ᠡᠷᠡᠭᠦᠯ ᠬᠠᠮᠠᠭᠠᠯᠠᠯ ᠤᠨ ᠦᠢᠯᠡᠴᠢᠯᠡᠭᠡᠨ ᠤ ᠲᠦᠪ ᠲᠤ ᠬᠠᠯᠠᠭᠤᠷᠠᠯ ᠤᠨ ᠡᠭᠦᠳᠡᠨ ᠡᠮᠴᠢᠯᠡᠭᠡ ᠭᠠᠷᠭᠠᠵᠤ᠂ ᠰᠠᠭᠤᠭᠠᠯᠢ ᠠᠷᠠᠳ ᠬᠠᠯᠠᠭᠤᠷᠠᠬᠤ ᠪᠠᠶᠢᠳᠠᠯ ᠭᠠᠷᠪᠠᠯ ᠰᠢᠭᠤᠳ ᠤᠴᠢᠵᠤ ᠪᠠᠶᠢᠴᠠᠭᠠᠨ ᠡᠮᠴᠢᠯᠡᠭᠦᠯᠵᠤ ᠪᠤᠯᠤᠨ᠎ᠠ᠃ ᠰᠠᠭᠤᠭᠠᠯᠢ ᠠᠷᠠᠳ ᠬᠡᠷᠪᠡ ᠪᠤᠰᠤᠳ ᠲᠦᠷᠦᠯ ᠤᠨ ᠡᠪᠡᠳᠴᠢᠨ ᠤᠯᠪᠠᠯ ᠨᠡᠶᠢᠬᠡᠮ ᠲᠤᠭᠤᠷᠢᠬ ᠤᠨ ᠠᠵᠢᠯᠳᠡᠠ᠂ ᠵᠢᠵᠢᠭᠦᠷᠯᠡᠨ ᠠᠵᠢᠯᠯᠠᠵᠤ ᠪᠠᠶᠢᠭ᠎ᠠ ᠴᠠᠬᠳᠠᠭ᠎ᠠ ᠳᠤ ᠮᠡᠳᠡᠭᠦᠯᠵᠤ ᠮᠤᠩᠭᠤᠯ ᠡᠮᠨᠡᠯᠭᠡ ᠶᠢᠨ ᠬᠤᠷᠢᠶᠠᠨ ᠳᠤ ᠬᠦᠷᠴᠦ ᠡᠮᠨᠡᠭᠦᠯᠬᠦ ᠪᠤᠶᠤ 120 ᠲᠦᠷᠭᠡᠨ ᠠᠪᠤᠷᠠᠯᠳᠠ ᠶᠢᠨ ᠲᠡᠷᠭᠡ ᠪᠠᠷ ᠠᠪᠤᠷᠠᠯᠳᠠ ᠬᠢᠵᠤ ᠪᠤᠯᠤᠨ᠎ᠠ᠃ ᠤᠳᠤ  ᠪᠤᠯᠳᠠᠯ᠎ᠠ᠂ ᠡᠵᠡᠨ᠎ᠡ ᠬᠤᠰᠢᠭᠤᠨ ᠤ ᠪᠤᠳᠠᠰ ᠤᠨ ᠬᠦᠮᠦᠷᠭᠡᠯᠡᠯ᠂ ᠤᠨᠴᠠᠭᠠᠢᠢᠯᠠᠨ ᠠᠮᠢᠳᠤᠷᠠᠯ ᠤᠨ ᠬᠡᠷᠡᠭᠯᠡᠭᠡᠨ ᠤ ᠪᠤᠳᠠᠰ ᠤᠨ ᠬᠦᠮᠦᠷᠭᠡ ᠭᠦᠢᠴᠡᠳ ᠬᠠᠩᠭᠠᠮᠵᠢᠳᠠᠢ ᠪᠠᠶᠢᠵᠤ᠂ ᠭᠤᠯᠢᠷ᠂ ᠲᠤᠳᠤᠷᠭ᠎ᠠ᠂ ᠮᠢᠬ᠎ᠠ᠂ ᠲᠤᠰᠤᠨ ᠤ ᠬᠦᠮᠦᠷᠭᠡᠯᠡᠯ ᠨᠢ 10 ᠡᠳᠦᠷ ᠤᠨ ᠬᠠᠩᠭᠠᠯᠭ᠎ᠠ ᠶᠢ ᠪᠠᠳᠤᠯᠠᠵᠤ᠂ ᠢᠳᠡᠰᠢᠨ ᠨᠤᠭᠤᠭ᠎ᠠ ᠵᠢᠮᠢᠰ ᠤᠨ ᠬᠦᠮᠦᠷᠭᠡᠯᠡᠯ ᠨᠢ 4᠎ — 5 ᠡᠳᠦᠷ ᠎ ᠤᠨ ᠬᠠᠩᠭᠠᠯᠭ᠎ᠠ ᠶᠢ ᠪᠠᠳᠤᠯᠠᠵᠤ᠂ ᠬᠢᠵᠢᠭ ᠤᠨ ᠰᠡᠷᠭᠡᠶᠢᠯᠡᠯᠳᠡ ᠶᠢᠨ ᠪᠤᠳᠠᠰ ᠨᠢ 10 ᠡᠳᠦᠷ ᠤᠨ ᠬᠠᠩᠭᠠᠯᠭ᠎ᠠ ᠶᠢ ᠪᠠᠳᠤᠯᠠᠵᠤ᠂ ᠠᠷᠢᠭᠤᠳᠬᠠᠯ ᠤᠨ ᠰᠢᠩᠭᠡᠨ ᠤ ᠬᠠᠳᠠᠭᠠᠯᠠᠮᠵᠢ ᠨᠢ 2᠎ — 15 ᠡᠳᠦᠷ ᠤᠨ ᠪᠠᠳᠤᠯᠠᠭ᠎ᠠ ᠶᠢ ᠬᠠᠩᠭᠠᠵᠤ᠂ ᠮᠠᠶᠢᠬᠠᠨ᠂ ᠤᠷᠤ᠂ ᠬᠦᠨᠵᠢᠯᠡᠨ ᠵᠡᠷᠭᠡ ᠪᠠᠴᠢᠮ ᠪᠠᠶᠢᠳᠠᠯ ᠢ ᠠᠷᠭᠠᠴᠠᠭᠠᠬᠤ ᠪᠤᠳᠠᠰ ᠎ ᠢ 22 ᠲᠦᠷᠦᠯ ᠤᠨ 1156 ᠬᠤᠪᠢ ᠬᠦᠮᠦᠷᠭᠡᠯᠡᠵᠤ ᠪᠠᠶᠢᠨ᠎ᠠ᠃ ᠡᠳᠡᠭᠡᠷ ᠨᠢ ᠦᠷᠭᠡᠨ ᠤᠯᠠᠨ ᠰᠠᠭᠤᠭᠠᠯᠢ ᠠᠷᠠᠳ ᠪᠤᠯᠤᠨ ᠵᠤᠭᠠᠴᠠᠬᠰᠠᠳ ᠢ ᠭᠡᠷ ᠠᠴᠠ ᠭᠠᠷᠭᠠᠬᠤ ᠦᠭᠡᠢ ᠬᠠᠮᠢᠶᠠᠷᠤᠯᠳᠠ ᠳᠤ ᠪᠠᠳᠤᠯᠠᠭ᠎ᠠ ᠬᠠᠩᠭᠠᠵᠤ᠂ ᠰᠠᠭᠤᠭᠠᠯᠢ ᠠᠷᠠᠳ ᠪᠤᠯᠤᠨ ᠵᠤᠭᠠᠴᠠᠬᠰᠠᠳ ᠤᠨ ᠬᠡᠷᠡᠭᠴᠡᠭᠡ ᠱᠠᠭᠠᠷᠳᠠᠯᠭ᠎ᠠ ᠪᠠᠷ ᠲᠤᠰᠬᠠᠢ ᠠᠵᠢᠯᠳᠠᠨ ᠠᠴᠠ ᠬᠦᠷᠭᠡᠵᠤ ᠪᠠᠶᠢᠨ᠎ᠠ᠃ ᠡᠵᠡᠨ᠎ᠡ ᠬᠤᠰᠢᠭᠤ 10 ᠰᠠᠷ᠎ᠠ ᠶᠢᠨ 24᠎ ᠤ ᠡᠳᠦᠷ ᠠᠴᠠ ᠪᠦᠬᠦ ᠠᠷᠠᠳ ᠤᠨ ᠲᠦᠷᠪᠡᠳᠦᠭᠡᠷ ᠡᠭᠡᠯᠵᠢ ᠶᠢᠨ ᠪᠦᠬᠡᠮ ᠬᠦᠴᠢᠯ ᠤᠨ ᠰᠢᠯᠭᠠᠨ ᠪᠠᠶᠢᠴᠠᠭᠠᠯᠳᠠ ᠶᠢᠨ ᠠᠵᠢᠯ ᠢᠶᠠᠨ ᠡᠬᠢᠯᠡᠭᠦᠯᠦᠭᠰᠡᠨ ᠪᠤᠯᠪᠠᠴᠤ ᠤᠯᠠᠩᠬᠢ ᠰᠠᠭᠤᠭᠠᠯᠢ ᠠᠷᠠᠳ ᠪᠤᠯᠤᠨ ᠭᠠᠳᠠᠷ ᠤᠷᠤᠨ ᠤ ᠵᠤᠭᠠᠴᠠᠬᠰᠠᠳ ᠤᠨ ᠲᠤᠰᠬᠠᠬᠤ ᠪᠠᠷ ᠲᠦᠷᠦᠭᠦᠴᠢ ᠶᠢᠨ ᠬᠡᠳᠦ ᠤᠳᠠᠭᠠᠨ ᠤ ᠪᠦᠬᠡᠮ ᠬᠦᠴᠢᠯ ᠤᠨ ᠰᠢᠯᠭᠠᠨ ᠪᠠᠶᠢᠴᠠᠭᠠᠯᠳᠠ ᠶᠢᠨ ᠦᠷ᠎ᠡ ᠳ᠋ᠦᠩ ᠢᠶᠠᠨ ᠪᠠᠶᠢᠴᠠᠭᠠᠵᠤ ᠤᠯᠬᠤ ᠦᠭᠡᠢ ᠪᠤᠶᠤ ᠬᠠᠮᠢᠭ᠎ᠠ ᠠᠴᠠ ᠪᠠᠶᠢᠴᠠᠭᠠᠵᠤ ᠦᠵᠡᠬᠦ ᠪᠠᠨ ᠮᠡᠳᠡᠬᠦ  ᠦᠬᠡᠢ ᠵᠡᠷᠭᠡ ᠪᠠᠶᠢᠳᠠᠯ ᠢ ᠲᠤᠰᠬᠠᠬᠰᠠᠨ ᠪᠠᠶᠢᠨ᠎ᠠ᠃ ᠡᠨᠡᠬᠦ ᠪᠠᠶᠢᠳᠠᠯ ᠳᠤ ᠬᠠᠮᠢᠶ᠎ᠠ ᠪᠦᠬᠦᠢ ᠰᠠᠯᠠᠭ᠎ᠠ ᠮᠦᠴᠢᠷ ᠤᠨ ᠬᠠᠷᠢᠭᠤᠴᠠᠯᠭᠠᠳᠠᠨ  ᠎ ᠠᠴᠠ ᠲᠠᠶᠢᠯᠪᠤᠷᠢᠯᠠᠯᠳᠠ ᠦᠭᠬᠦ ᠳᠡᠭᠡᠨ᠂ 10 ᠰᠠᠷ᠎ᠠ ᠶᠢᠨ 24᠎ ᠤ ᠡᠳᠦᠷ ᠤᠨ ᠦᠷᠯᠦᠭᠡ ᠶᠢᠨ 7 ᠴᠠᠭ ᠠᠴᠠ ᠪᠦᠬᠦ ᠬᠤᠰᠢᠭᠤᠨ ᠤ ᠲᠦᠷᠪᠡᠳᠦᠭᠡᠷ ᠡᠭᠡᠯᠵᠢ ᠶᠢᠨ ᠪᠦᠬᠦ ᠠᠷᠠᠳ ᠤᠨ ᠪᠦᠭᠡᠮ ᠬᠦᠴᠢᠯ ᠤᠨ ᠰᠢᠯᠭᠠᠨ ᠪᠠᠶᠢᠴᠠᠭᠠᠯᠳᠠ ᠪᠠᠨ ᠡᠬᠢᠯᠡᠭᠦᠯᠵᠤ᠂ 10 ᠰᠠᠷ᠎ᠠ ᠶᠢᠨ 25᠎ ᠎ ᠤ ᠡᠳᠦᠷ ᠤᠨ ᠦᠷᠯᠦᠭᠡ ᠶᠢᠨ 8 ᠴᠠᠭ ᠪᠤᠯᠳᠠᠯ᠎ᠠ ᠨᠡᠶᠢᠳᠡ 33713 ᠬᠦᠮᠦᠨ ᠠᠴᠠ ᠦᠯᠢᠭᠡᠷ ᠠᠪᠴᠤ᠂ 25535 ᠬᠦᠮᠦᠨ ᠤ ᠦᠯᠢᠭᠡᠷ ᠢ ᠰᠢᠯᠭᠠᠨ ᠪᠠᠶᠢᠴᠠᠭᠠᠵᠤ᠂ ᠦᠷ᠎ᠡ ᠳ᠋ᠦᠩ ᠢ ᠲᠠᠷᠤᠢ ᠲᠦᠷᠭᠡᠨ ᠨᠡᠶᠢᠳᠡᠯᠡᠵᠤ ᠪᠠᠶᠢᠨ᠎ᠠ᠃ ᠦᠷᠭᠡᠨ ᠤᠯᠠᠨ ᠰᠠᠭᠤᠭᠠᠯᠢ ᠠᠷᠠᠳ ᠪᠤᠯᠤᠨ ᠭᠠᠳᠠᠷ ᠤᠷᠤᠨ ᠤ ᠵᠤᠭᠠᠴᠠᠬᠰᠠᠳ ︽ᠡᠷᠡᠭᠦᠯ ᠮᠡᠨᠳᠦ ᠶᠢᠨ ᠠᠯᠠᠱᠠ︾᠎  ᠸᠢᠴᠠᠲ ᠲᠠᠪᠴᠠᠩ ᠠᠴᠠ ᠪᠦᠬᠡᠮ ᠬᠦᠴᠢᠯ ᠤᠨ ᠰᠢᠯᠭᠠᠨ ᠪᠠᠶᠢᠴᠠᠭᠠᠯᠳᠠ ᠶᠢᠨ ᠦᠷ᠎ᠡ ᠳ᠋ᠦᠩ ᠢᠶᠠᠨ ᠪᠠᠶᠢᠴᠠᠭᠠᠨ ᠦᠵᠡᠵᠤ ᠪᠤᠯᠤᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号