ᠬᠠᠶᠢᠷ᠎ᠠ ᠬᠠᠨᠳᠢᠪ ᠦᠷᠭᠦᠯᠵᠢᠯᠡᠭᠰᠡᠭᠡᠷ
ᠨᠡᠶᠢᠲᠡᠯᠡᠭᠰᠡᠨ ᠴᠠᠭ᠄
2021/10/30
ᠬᠤᠶᠢᠳ ᠰᠡᠴᠡᠨ                        ᠣᠶᠢᠷ᠎ᠠ ᠶᠢᠨ ᠡᠳᠤᠷ᠂ ᠡᠵᠡᠨ᠎ᠡ ᠬᠤᠰᠢᠭᠤᠨ ᠤ ᠬᠢᠵᠢᠭ ᠢ ᠰᠡᠷᠭᠡᠶᠢᠯᠡᠨ ᠡᠵᠡᠮᠳᠡᠬᠦ ᠠᠵᠢᠯ ᠢ ᠲᠡᠮᠵᠢᠬᠦ ᠪᠠᠷ ᠪᠦᠬᠦ ᠤᠯᠤᠰ ᠤᠨ ᠲᠥᠷᠪᠡᠨ ᠵᠦᠭ ᠨᠠᠢᠮᠠᠨ ᠵᠣᠪᠬᠢᠰ ᠠᠴᠠ ᠤᠯᠤᠰ ᠤᠨ ᠡᠮᠴᠢᠯᠡᠭᠡᠨ ᠤ ᠪᠠᠴᠢᠮ ᠠᠪᠤᠷᠠᠯᠲᠠ ᠶᠢᠨ ᠠᠩᠭᠢ᠂ ᠰᠠᠶᠢᠨ ᠲᠤᠷᠠᠴᠣᠳ ᠤᠨ ᠡᠩᠨᠡᠭᠡ  ᠭᠦᠷᠦᠯᠴᠠᠠ ᠢᠷᠡᠬᠦ ᠶᠢᠨ ᠬᠠᠮᠲᠤ ᠵᠣᠭᠤᠰ ᠮᠥᠩᠬᠦ᠂ ᠡᠮᠴᠢᠯᠡᠭᠡᠨ ᠤ ᠡᠳ᠋ ᠪᠣᠳᠠᠰ᠂ ᠠᠮᠢᠳᠤᠷᠠᠯ ᠤᠨ ᠬᠡᠷᠡᠭᠰᠡᠯ ᠵᠡᠷᠭᠡ ᠬᠠᠶᠢᠷ᠎ᠠ ᠬᠠᠨᠳᠢᠪ ᠤᠨ ᠠᠵᠢᠯᠯᠠᠭ᠎ᠠ  ᠴᠦ ᠦᠷᠭᠦᠯᠵᠢᠯᠡᠭᠰᠡᠭᠡᠷ ᠪᠢᠯᠡ᠃ ᠡᠨᠠ ᠬᠤᠶᠠᠷ ᠡᠳᠤᠷ᠂ ︽ᠲᠣᠭᠤᠶᠢᠳᠠᠯ᠎ᠠ︾ ᠬᠤᠯᠪᠤᠭ᠎ᠠ᠂ ᠠᠯᠠᠱᠠ ᠠᠶᠢᠮᠠᠭ ᠤᠨ ᠠᠷᠠᠳ ᠤᠨ ᠲᠠᠭᠤᠴᠢᠳ ᠤᠨ ᠨᠡᠶᠢᠬᠡᠮᠯᠢᠭ᠂ ᠠᠯᠠᠱᠠ ᠠᠶᠢᠮᠠᠭ ᠪᠠ ᠠᠯᠠᠱᠠ ᠵᠡᠬᠦᠨ ᠬᠤᠰᠢᠭᠤᠨ ᠤ ᠤᠯᠠᠮᠵᠢᠯᠠᠯᠲᠤ ᠨᠤᠮᠤ ᠰᠤᠮᠤ ᠶᠢᠨ ᠨᠡᠶᠢᠬᠡᠮᠯᠢᠭ  ᠵᠡᠷᠭᠡ ᠨᠡᠶᠢᠬᠡᠮ ᠤᠨ ᠪᠦᠯᠬᠦᠮ ᠤᠨ ᠬᠢᠨ ᠳᠠᠷᠤᠢ ᠳᠦᠷᠭᠡᠠ ᠬᠦᠳᠠᠯᠤᠯᠴᠠᠵᠤ᠂ ᠵᠤᠭᠤᠰ ᠮᠦᠩᠬᠦ᠂ ᠡᠳ᠋ ᠪᠤᠳᠠᠰ ᠴᠤᠭᠯᠠᠭᠤᠯᠵᠤ᠂ ᠡᠵᠠᠨ᠎ᠠ ᠶᠢᠨ ᠬᠢᠵᠢᠭ ᠢ ᠡᠰᠡᠷᠭᠦᠴᠠᠬᠦ ᠳᠠᠶᠢᠠ ᠳᠤ ᠪᠠᠭ᠎ᠠ ᠴᠤ ᠭᠡᠰᠡᠠ ᠬᠦᠴᠦ ᠪᠠᠨ ᠡᠷᠬᠦᠬᠦ ᠪᠠᠷ ᠴᠢᠷᠮᠠᠶᠢᠵᠠᠭᠠᠵᠤ ᠪᠠᠶᠢᠯ᠎ᠠ᠃  ᠰᠤᠷᠪᠤᠯᠵᠢᠯᠠᠭᠴᠢ ᠶᠢᠨ ᠣᠶᠢᠯᠠᠭᠠᠭᠰᠠᠨ ᠢᠶᠠᠷ᠂ ︽ᠲᠣᠭᠤᠶᠢᠳᠠᠯ᠎ᠠ︾ ᠬᠤᠯᠪᠤᠭ᠎ᠠ ᠨᠢ 2016 ᠣᠨ ᠳᠤ ᠨᠠᠷᠠᠰᠤ ᠶᠢᠨ ᠤᠷᠢᠶᠠᠯᠠᠭ᠎ᠠ ᠲᠣᠣᠷ᠎ᠠ ᠪᠠᠶᠢᠭᠤᠯᠤᠭᠳᠠᠵᠤ᠂ ᠣᠳᠣ 300 ᠭᠠᠷᠤᠢ ᠭᠡᠰᠢᠬᠦᠨ ᠲᠠᠢ᠃ ᠲᠡᠳᠡ ᠶᠠᠳᠠᠷᠠᠵᠤ ᠵᠦᠳᠡᠷᠡᠭᠰᠡᠨ ᠨᠢᠭᠡᠨ ᠳᠡᠭᠡᠨ ᠨᠢᠩᠵᠢᠨ ᠰᠡᠳᠬᠢᠯ ᠢᠶᠠᠨ ᠶᠡᠭᠦᠯᠡᠵᠦ ᠬᠠᠶᠢᠷ᠎ᠠ ᠬᠠᠨᠳᠢᠪ ᠡᠷᠭᠦᠵᠦ᠂ ᠪᠠᠭ᠎ᠠ ᠴᠦ ᠭᠡᠰᠡᠨ ᠳᠡᠮ ᠲᠤᠰᠠ ᠪᠣᠯᠬᠤ ᠶᠢ ᠵᠣᠷᠢᠳᠠᠭ᠃ ᠡᠨᠡ ᠤᠳᠠᠭ᠎ᠠ ᠡᠵᠡᠨ᠎ᠡ ᠨᠤᠳᠤᠭ ᠲᠤ ᠬᠢᠵᠢᠭ ᠤᠨ ᠭᠠᠮᠰᠢᠭ ᠪᠣᠯᠣᠭᠰᠠᠨ ᠢ ᠮᠡᠳᠡᠮᠡᠭᠴᠡ ᠬᠤᠯᠪᠤᠭᠠᠨ ᠤ ᠠᠬᠠᠯᠠᠭᠴᠢ ᠨᠠᠷᠠᠰᠤ ᠬᠤᠯᠪᠣᠭᠠᠨ ᠤ ᠣᠯᠠᠨ ᠢᠶᠠᠨ ᠤᠷᠢᠶᠠᠯᠠᠨ ᠬᠢᠵᠢᠭ ᠢ ᠰᠡᠷᠭᠡᠶᠢᠯᠡᠨ ᠡᠵᠡᠮᠳᠡᠬᠦ ᠠᠵᠢᠯ ᠳᠤ ᠳᠡᠮ ᠲᠤᠰᠠ ᠦᠵᠡᠭᠦᠯᠬᠦ ᠪᠠᠷ ᠴᠢᠷᠮᠠᠶᠢᠨ᠂ ᠬᠤᠯᠪᠤᠭᠠᠨ ᠤ 93 ᠭᠡᠰᠢᠬᠦᠨ6566.66 ᠲᠥᠬᠦᠷᠢᠭ ᠬᠠᠨᠳᠢᠪᠯᠠᠵᠠᠢ᠃
ᠠᠯᠠᠱᠠ ᠠᠶᠢᠮᠠᠭ ᠤᠨ ᠠᠷᠠᠳ ᠤᠨ ᠲᠠᠭᠤᠴᠢᠳ ᠤᠨ ᠨᠡᠶᠢᠬᠡᠮᠯᠢᠭ  ᠎ ᠤᠨ ᠨᠡᠶᠢᠲᠡ ᠣᠯᠠᠨ  ᠎ ᠢᠶᠠᠷ ᠢᠶᠠᠨ ᠬᠥᠳᠡᠯᠦᠯᠴᠡᠵᠦ ᠡᠨᠡᠬᠦ ᠤᠳᠤᠭ᠎ᠠ ᠦᠬᠡᠢ ᠲᠠᠶᠢᠨ ᠤ ᠢᠯᠡᠯᠲᠡ ᠶᠢ ᠣᠯᠣᠨ᠎ᠠ ᠭᠡᠳᠡᠭ ᠲᠤ ᠪᠠᠲᠦ ᠢᠲᠡᠭᠡᠯ ᠲᠠᠢ ᠪᠠᠶᠢᠵᠤ᠂ 83 ᠭᠡᠰᠢᠬᠦᠨ  ᠎ ᠠᠴᠠ 7730 ᠲᠥᠬᠦᠷᠢᠭ ᠢ ᠡᠵᠡᠨ᠎ᠡ ᠬᠤᠰᠢᠭᠤᠨ ᠤ ᠤᠯᠠᠭᠠᠨ ᠵᠠᠭᠠᠯᠮᠠᠶᠢᠳᠠᠠ ᠤ ᠨᠡᠶᠢᠬᠡᠮᠯᠢᠭ ᠲᠤ  ᠬᠠᠨᠳᠢᠪᠯᠠᠵᠤ᠂ ᠡᠵᠡᠨ᠎ᠡ ᠬᠤᠰᠢᠭᠤᠨ ᠤ ᠬᠢᠵᠢᠭ ᠢ ᠰᠡᠷᠭᠡᠶᠢᠯᠡᠨ ᠡᠵᠡᠮᠳᠡᠬᠦ ᠠᠵᠢᠯ ᠳᠤ ᠥᠴᠥᠬᠡᠨ ᠬᠤᠪᠢ ᠨᠡᠮᠡᠷᠢ ᠪᠠᠨ ᠡᠷᠭᠦᠵᠦ᠂ ᠡᠷᠲᠡ ᠨᠢᠭᠡᠨ ᠡᠳᠤᠷ  ᠢᠯᠡᠯᠲᠡ ᠣᠯᠬᠤ ᠶᠢ ᠬᠦᠰᠡᠵᠦ ᠪᠠᠶᠢᠯ᠎ᠠ᠃
10 ᠰᠠᠷ᠎ᠠ 27᠎ ᠎ ᠤ ᠡᠳᠤᠷ ᠠᠴᠠ 10 ᠰᠠᠷ᠎ᠠ ᠶᠢᠨ 28᠎ ᠤ ᠡᠳᠤᠷ ᠬᠦᠷᠳᠡᠯ᠎ᠡ᠂ ᠠᠯᠠᠱᠠ ᠠᠶᠢᠮᠠᠭ ᠤᠨ ᠤᠯᠠᠮᠵᠢᠯᠠᠯᠲᠤ ᠨᠤᠮᠤ ᠰᠤᠮᠤ ᠶᠢᠨ ᠨᠡᠶᠢᠭᠡᠮᠯᠢᠭ᠂ ᠠᠯᠠᠱᠠ ᠵᠡᠬᠦᠨ ᠬᠤᠰᠢᠭᠤᠨ ᠤ ᠤᠯᠠᠮᠵᠢᠯᠠᠯᠲᠤ ᠨᠤᠮᠤ ᠰᠤᠮᠤ ᠶᠢᠨ ᠨᠡᠶᠢᠬᠡᠮᠯᠢᠭ   ᠎ ᠤᠨ 40 ᠭᠡᠰᠢᠬᠦᠨ 6700 ᠲᠥᠭᠦᠷᠢᠭ ᠬᠠᠨᠳᠢᠪᠯᠠᠨ ᠡᠮᠴᠢᠯᠡᠭᠡᠨ ᠳᠤ ᠬᠡᠷᠡᠭᠯᠡᠬᠦ ᠭᠠᠳᠠᠷ ᠰᠠᠯᠠᠭᠠᠨ ᠤ ᠠᠮᠠᠪᠴᠢ 200᠂ N 95 ᠠᠮᠠᠪᠴᠢ 1000᠂ 84 ᠠᠷᠢᠭᠤᠳᠬᠠᠬᠤ ᠰᠢᠩᠭᠡᠨ 150 ᠯᠣᠩᠬᠤ᠂ ᠠᠷᠢᠭᠤᠳᠬᠠᠬᠤ ᠰᠫᠢᠷᠲ 150 ᠯᠣᠩᠬᠤ᠂ ᠪᠡᠭᠡᠯᠡᠶ 100 ᠬᠤᠤᠰ᠂ ᠨᠢᠭᠡ ᠯᠡ ᠤᠳᠠᠭ᠎ᠠ ᠶᠢᠨ ᠴᠢᠨᠠᠷᠲᠠᠶ ᠬᠠᠮᠠᠭᠠᠯᠠᠯᠲᠠ ᠶᠢᠨ ᠬᠤᠪᠴᠠᠰᠤ 20 ᠢᠵᠢ ᠶᠢ ᠬᠤᠳᠠᠯᠳᠤᠨ ᠠᠪᠴᠤ  ᠂ ᠬᠢᠵᠢᠭ ᠢ ᠰᠡᠷᠭᠡᠶᠢᠯᠡᠨ ᠡᠵᠡᠮᠳᠡᠬᠦ ᠠᠵᠢᠯ ᠳᠤ ᠭᠠᠪᠰᠢᠭᠠᠶᠢᠯᠠᠨ ᠠᠵᠢᠯᠯᠠᠵᠤ ᠪᠠᠶᠢᠭ᠎ᠠ ᠡᠮᠴᠢ ᠰᠤᠪᠢᠯᠠᠭᠴᠢ᠂ ᠺᠠᠳ᠋ᠷ ᠠᠵᠢᠯᠲᠠᠨ᠂ ᠰᠠᠶᠢᠨ ᠳᠤᠷᠠᠴᠤᠳ ᠤᠨ ᠠᠵᠢᠯ ᠳᠤ ᠥᠴᠥᠬᠡᠨ ᠴᠤ ᠭᠡᠰᠡᠨ  ᠳᠤᠰᠠ ᠪᠤᠯᠬᠤ ᠪᠤᠯᠪᠠᠤ ᠭᠡᠰᠡᠠ ᠰᠠᠨᠠᠭ᠎ᠠ ᠪᠠᠨ ᠢᠯᠡᠳᠭᠡᠭᠰᠡᠠ ᠪᠠᠶᠢᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号