ᠠᠯᠠᠱᠠ ᠨᠤᠲᠤᠭ ᠤᠨ ᠪᠦᠭᠡ ᠶᠢᠨ ᠪᠠᠭ᠋ᠠᠳᠠᠳ ᠡᠵᠡᠨ᠎ᠡ ᠬᠤᠰᠢᠭᠤᠨ ᠳᠤ ᠬᠠᠨᠳᠢᠪ ᠡᠷᠬᠦᠯ᠎ᠡ
ᠨᠡᠶᠢᠲᠡᠯᠡᠭᠰᠡᠨ ᠴᠠᠭ᠄
2021/10/30
ᠪᠤᠯᠤᠷᠰᠤᠪᠤᠳ                ᠡᠵᠡᠨ᠎ᠡ ᠬᠤᠰᠢᠭᠤᠨ ᠳᠤ ᠰᠢᠨ᠎ᠡ ᠲᠢᠲᠢᠮᠯᠢᠭ ᠠᠭᠤᠰᠬᠢᠨ ᠦᠷᠪᠢᠰᠦᠯ  ᠎ ᠤᠨ ᠬᠢᠵᠢᠭ ᠢᠯᠡᠷᠡᠭᠰᠡᠨ ᠠᠴᠠ ᠨᠠᠭᠠᠰᠢ᠂ ᠪᠠᠴᠢᠮ ᠬᠡᠷᠡᠭᠯᠡᠬᠦ ᠡᠳ᠋ ᠪᠤᠳᠠᠰ ᠶᠡᠬᠡᠪᠡᠷ ᠲᠤᠳᠠᠭᠳᠠᠵᠦ᠂ ᠮᠦᠨᠴᠦ ᠬᠠᠮᠢᠶ᠎ᠠ ᠪᠦᠬᠦᠢ ᠪᠠᠶᠢᠭᠤᠯᠭ᠎ᠠ  ᠨᠢᠬᠡᠴᠢ ᠠᠴᠠ ᠨᠡᠶᠢᠭᠡᠮ ᠤᠨ ᠬᠠᠯᠠᠭᠤᠨ ᠰᠡᠳᠬᠢᠯᠲᠤ ᠤᠯᠠᠨ ᠲᠦᠮᠡᠨ ᠢ ᠬᠠᠶᠢᠷ᠎ᠠ ᠶᠢᠨ ᠬᠠᠯᠠᠭᠤᠨ ᠭᠠᠷ ᠢᠶᠠᠨ ᠰᠤᠩᠭᠠᠬᠤ ᠶᠢ ᠬᠦᠰᠡᠨ ᠤᠷᠢᠶᠠᠯᠠᠭᠰᠠᠨ ᠪᠠᠶᠢᠯ᠎ᠠ᠃    ︽ᠲᠡᠮ ᠲᠡᠮ ᠳᠡᠭᠡᠨ᠂ ᠲᠡᠭᠡᠰᠤ ᠡᠷᠴᠢᠮ ᠳᠡᠭᠡᠨ︾ ᠭᠡᠳᠡᠭᠴᠢᠯᠡᠨ ᠲᠤᠯᠵᠦ ᠢᠷᠡᠭᠰᠡᠨ ᠲᠦᠭᠰᠢᠬᠦᠷᠢᠲᠤ ᠦᠶ᠎ᠡ ᠎ ᠶᠢ ᠰᠡᠳᠬᠢᠯ ᠨᠢᠭᠡᠳᠤᠨ ᠬᠠᠮᠳᠤᠪᠡᠷ ᠲᠤᠭᠤᠯᠬᠤ ᠶᠤᠰᠤᠲᠠᠢ ᠭᠡᠵᠦ ᠰᠠᠨᠠᠭᠰᠠᠨ ᠠᠯᠠᠱᠠ ᠱᠠᠯᠪᠤᠷ ᠪᠦᠭᠡ ᠶᠢᠨ ᠨᠡᠶᠢᠭᠡᠮᠯᠢᠭ ᠤᠨ ᠨᠠᠷᠢᠨ ᠪᠢᠴᠢᠭ ᠤᠨ ᠲᠠᠷᠤᠭ᠎ᠠ ᠲᠦᠮᠡᠨᠨᠠᠰᠤᠨ ᠠᠯᠠᠱᠠ ᠨᠤᠲᠤᠭ ᠤᠨ ᠪᠦᠭᠡ ᠶᠢᠨ ᠪᠠᠭ᠋ᠠᠲᠠᠳ ᠢᠶᠠᠨ ᠤᠷᠢᠶᠠᠯᠠᠵᠦ᠂ ᠪᠠᠴᠢᠮ ᠲᠤᠯᠭᠠᠮ᠎ᠠ ᠴᠠᠭ ᠦᠶ᠎ᠡ ᠳᠤ  ᠪᠠᠭ᠎ᠠ ᠴᠤ ᠭᠡᠰᠡᠨ ᠲᠤᠰᠠ ᠪᠤᠯᠤᠭ ᠭᠡᠮᠡᠨ ᠬᠠᠨᠳᠢᠪ ᠡᠷᠬᠦᠬᠦ ᠶᠢ ᠰᠠᠨᠠᠭᠠᠴᠢᠯᠠᠭᠰᠠᠨ ᠪᠠᠶᠢᠯ᠎ᠠ᠃ ᠲᠡᠷᠡᠪᠡᠷ ᠠᠯᠠᠱᠠ ᠨᠤᠲᠤᠭ ᠤᠨ ᠪᠦᠬᠡᠴᠦᠳ ᠵᠢᠴᠢ ᠪᠦᠬᠡ ᠤᠨ ᠪᠠᠭ᠋ᠠᠳᠠᠳ  ᠲᠦᠮᠡᠨᠨᠠᠰᠤᠨ ᠤ ᠰᠠᠨᠠᠭᠠᠴᠢᠯᠠᠭ᠎ᠠ ᠶᠢ ᠬᠦᠷᠢᠶᠡᠯᠡᠵᠦ᠂ ᠬᠤᠶᠠᠷᠬᠠᠨ ᠡᠳᠤᠷ ᠤᠨ ᠲᠤᠳᠤᠷ᠎ᠠ ᠲᠦᠴᠢᠭᠡᠳ ᠬᠦᠮᠦᠨ 11020 ᠲᠦᠭᠦᠷᠢᠭ ᠬᠠᠨᠳᠢᠪᠯᠠᠭᠰᠠᠨ ᠪᠠᠶᠢᠨ᠎ᠠ᠃    10 ᠰᠠᠷ᠎ᠠ ᠶᠢᠨ 27᠎ ᠤ ᠡᠳᠤᠷ ᠲᠦᠮᠡᠨᠨᠠᠰᠤᠨ ᠠᠩᠬᠠᠳᠤᠭᠠᠷ ᠤᠳᠠᠭᠠᠨ ᠤ ᠬᠠᠨᠳᠢᠪ ᠢᠶᠠᠨ ᠡᠵᠡᠨ᠎ᠡ ᠵᠦᠭ ᠬᠦᠷᠭᠡᠵᠦ ᠦᠭᠬᠦᠨ᠎ᠡ ᠭᠡᠮᠡᠨ 16000 ᠬᠤᠪᠢ ᠡᠮᠴᠢᠯᠡᠭᠡᠨ ᠤ ᠠᠮᠠᠪᠴᠢ᠂ 150 ᠯᠤᠩᠬᠤ ᠡᠮᠴᠢᠯᠡᠭᠡᠨ ᠳᠤ ᠬᠡᠷᠡᠭᠯᠡᠬᠦ ᠰᠫᠢᠷᠲ᠂ 1200 ᠠᠶᠠᠭ᠎ᠠ ᠲᠦᠭᠦᠮ ᠭᠤᠯᠢᠷ᠂ 40 ᠬᠠᠶᠢᠷᠴᠠᠭ ᠬᠢᠮ᠎ᠠ ᠵᠡᠷᠭᠡ ᠪᠠᠴᠢᠮ ᠬᠡᠷᠡᠭᠯᠡᠬᠦ ᠡᠮᠴᠢᠯᠡᠭᠡᠨ ᠤ ᠡᠳ᠋ ᠪᠤᠳᠠᠰ ᠵᠢᠴᠢ ᠢᠳᠡᠭᠡᠨ ᠤ ᠵᠤᠶᠢᠯ ᠢ ᠬᠠᠨᠳᠢᠪᠯᠠᠭᠰᠠᠨ ᠮᠦᠩᠭᠦ  ᠎ ᠪᠠᠨ ᠠᠪᠴᠦ᠂  ᠠᠯᠠᠱᠠ ᠶᠢᠨ ᠲᠡᠭᠡᠲᠤ  ᠰᠢᠨ᠎ᠠ ᠮᠡᠷᠭᠡᠵᠢᠯ ᠤᠨ  ᠨᠡᠭᠡᠭᠡᠯᠳᠠ ᠶᠢᠨ ᠤᠷᠤᠨ ᠤ ᠬᠠᠨᠳᠢᠪ ᠤᠨ ᠡᠳ᠋ ᠪᠤᠳᠠᠰ ᠢᠯᠡᠭᠡᠨ ᠲᠠᠮᠵᠢᠭᠤᠯᠬᠤ ᠲᠤᠭᠳᠠᠭᠰᠠᠨ ᠴᠢᠭ ᠲᠤ ᠠᠪᠠᠴᠢᠨ᠂ ᠡᠵᠡᠨ᠎ᠡ ᠬᠤᠰᠢᠭᠤᠨ ᠤ ᠬᠢᠵᠢᠭ ᠢ ᠰᠡᠷᠭᠡᠶᠢᠯᠡᠨ ᠡᠵᠡᠮᠳᠡᠵᠦ ᠪᠠᠶᠢᠭ᠎ᠠ ᠨᠢᠭᠡᠳᠦᠭᠡᠷ ᠹᠷᠤᠨᠲ ᠲᠤ ᠭᠦᠷᠭᠡᠵᠦ ᠦᠭᠬᠦ ᠶᠢ ᠨᠠᠶᠢᠳᠠᠭᠰᠠᠨ ᠪᠠᠶᠢᠨ᠎ᠠ᠃     ︽ᠡᠨᠡᠬᠦ ᠪᠠᠴᠢᠮ ᠲᠤᠯᠭᠠᠮ᠎ᠠ ᠴᠠᠭ ᠦᠶ᠎ᠡ ᠶᠢ ᠬᠠᠮᠳᠤᠪᠡᠷ ᠰᠡᠳᠬᠢᠯ ᠨᠢᠭᠡᠳᠤᠨ ᠲᠤᠭᠤᠯᠬᠤ ᠴᠢᠬᠤᠯᠠᠲᠠᠢ᠃ ᠬᠢᠵᠢᠭ ᠢ ᠰᠡᠷᠭᠡᠶᠢᠯᠡᠨ ᠡᠵᠡᠮᠳᠡᠬᠦ ᠨᠢᠭᠡᠳᠦᠭᠡᠷ ᠹᠷᠤᠨᠲ ᠲᠤ ᠠᠵᠢᠯᠯᠠᠵᠦ ᠲᠡᠶᠢᠯᠬᠦ ᠦᠭᠡᠢ ᠴᠤ ᠪᠢᠳᠠᠨ ᠤ ᠰᠡᠳᠬᠢᠯ ᠢᠮᠠᠭᠲᠠ ᠡᠵᠡᠨ᠎ᠡ ᠬᠤᠰᠢᠭᠤᠨ ᠤ ᠠᠷᠠᠳ ᠲᠦᠮᠡᠨ ᠲᠠᠢ ᠴᠤᠭ ᠪᠠᠶᠢᠨ᠎ᠠ᠃ ᠢᠩᠬᠢᠭᠡᠳ ᠠᠩᠬᠠᠳᠤᠭᠠᠷ ᠤᠳᠠᠭᠠᠨ ᠤ ᠬᠠᠨᠳᠢᠪ ᠢᠶᠠᠨ ᠲᠦᠷ ᠵᠠᠪᠰᠡᠷᠯᠠᠭᠤᠯᠵᠦ ᠪᠠᠶᠢᠨ᠎ᠠ᠂ ᠰᠡᠬᠦᠯᠡᠷ ᠰᠠᠶᠢᠬᠠᠨ ᠰᠡᠳᠬᠢᠯᠲᠤ ᠪᠦᠭᠡ ᠶᠢᠨ ᠪᠠᠭ᠋ᠠᠳᠠᠳ ᠮᠠᠨᠢ ᠲᠠᠬᠢᠨ ᠬᠠᠨᠳᠢᠪ ᠢᠷᠡᠬᠦᠯᠪᠡᠯ ᠦᠷᠬᠦᠯᠵᠢᠯᠡᠨ ᠪᠠᠴᠢᠮ ᠬᠡᠷᠡᠭᠴᠡᠭᠡ ᠪᠦᠬᠦᠢ ᠡᠳ᠋ ᠪᠤᠳᠠᠰ ᠢ ᠠᠪᠴᠦ ᠡᠵᠡᠨ᠎ᠡ ᠵᠦᠭ ᠢᠯᠡᠭᠡᠨ᠎ᠡ︾ ᠭᠡᠵᠦ ᠲᠦᠮᠡᠨᠨᠠᠰᠤᠨ ᠶᠠᠷᠢᠵᠦ ᠪᠠᠶᠢᠯ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号