ᠠᠯᠠᠱᠠ ᠵᠡᠭᠦᠨ ᠬᠤᠰᠢᠭᠤᠨ ᠤ ᠪᠠᠶᠠᠨ ᠨᠠᠭᠤᠷ ᠤᠨ ᠭᠠᠵᠠᠷ ᠤᠨ ᠵᠢᠷᠤᠭ ᠤᠨ ᠰᠠᠭᠤᠷᠢ ᠥᠭᠡᠷᠡᠴᠢᠯᠡᠯᠲᠡ ᠶᠢᠨ ᠠᠵᠢᠯ ᠤᠷᠤᠭᠰᠢᠲᠠᠶ ᠳᠠᠭᠤᠰᠪᠠ
ᠨᠡᠶᠢᠲᠡᠯᠡᠭᠰᠡᠨ ᠴᠠᠭ᠄
2021/10/9
    ᠪᠠᠶᠠᠨ ᠨᠠᠭᠤᠷ ᠤᠨ ᠭᠠᠵᠠᠷ ᠤᠨ ᠵᠢᠷᠤᠭ ᠨᠢ ᠠᠯᠠᠱᠠ ᠶᠢᠨ ᠪᠡᠯᠭᠡ ᠲᠡᠮᠳᠡᠭ ᠤᠨ ᠴᠢᠨᠠᠷᠲᠠᠶ ᠪᠠᠷᠢᠯᠭ᠎ᠠ ᠪᠣᠯᠤᠭᠰᠠᠨ ᠤ ᠬᠤᠪᠢ ᠳᠤ᠂ ᠪᠠᠶᠠᠨ ᠨᠠᠭᠤᠷ ᠤᠨ ᠬᠥᠪᠡᠭᠡᠨ ᠳᠤ ᠪᠠᠶᠢᠷᠢᠯᠠᠨ ᠦᠵᠡᠰᠬᠦᠯᠡᠩᠲᠦ ᠰᠠᠶᠢᠬᠠᠨ ᠠᠮᠢ ᠠᠬᠤᠶ ᠶᠢᠨ ᠬᠦᠷᠢᠶᠡᠯᠡᠩ ᠤᠨ ᠨᠠᠭᠤᠷ ᠤᠨ ᠦᠵᠡᠮᠵᠢ ᠲᠠᠢ ᠰᠣᠯᠪᠢᠴᠠᠨ ᠭᠡᠷᠡᠯᠲᠦᠵᠦ ᠪᠠᠶᠢᠳᠠᠭ᠃ ᠲᠣᠰ ᠤᠳᠠᠭᠠᠨ ᠤ ᠥᠭᠡᠷᠡᠴᠢᠯᠡᠯᠲᠡ ᠳᠤ ᠤᠤᠯ ᠤᠨ ᠬᠠᠭᠤᠷᠠᠶ ᠡᠯᠭᠦᠮᠡᠯ ᠪᠣᠷᠵᠢᠨ ᠴᠢᠯᠠᠭᠤᠯᠢᠭ ᠤᠨ ᠬᠠᠪᠲᠠᠰᠤ ᠵᠢᠴᠢ ᠰᠠᠭᠤᠷᠢ ᠎ ᠶᠢᠨ150 ᠺᠦᠸᠠᠲ ᠮᠧᠲᠷ ᠢ ᠨᠤᠷᠠᠭᠠᠭᠰᠠᠨ ᠪᠥᠭᠡᠳ ᠪᠦᠬᠦᠯᠢ ᠴᠣᠭᠴᠠ ᠪᠠᠷ ᠨᠢ ᠪᠣᠷᠵᠢᠨ ᠴᠢᠯᠠᠭᠤᠯᠢᠭ ᠤᠨ ᠶᠡᠨᠳᠡᠷ ᠴᠢᠯᠠᠭᠤ ᠪᠣᠯᠭᠠᠨ ᠰᠣᠯᠢᠵᠠᠶ᠃ ᠥᠭᠡᠷᠡᠴᠢᠯᠡᠭᠰᠡᠨ ᠤ ᠳᠠᠷᠠᠭᠠᠬᠢ ᠰᠠᠭᠤᠷᠢ ᠨᠢ ᠭᠠᠵᠠᠷ ᠤᠨ ᠵᠢᠷᠤᠭ ᠤᠨ ᠭᠤᠤᠯ ᠴᠣᠭᠴᠠ ᠶᠢᠨ ᠥᠩᠭᠡ ᠲᠠᠢ ᠨᠢᠭᠡᠳᠦᠯᠲᠡᠶ᠂ ᠨᠠᠩ ᠬᠡᠭᠡᠨᠴᠢᠷ ᠪᠣᠯᠵᠣ᠂ ᠠᠯᠠᠱᠠ ᠵᠡᠭᠦᠨ ᠬᠤᠰᠢᠭᠤᠨ ᠤ ᠴᠢᠨᠠᠷ ᠰᠠᠶᠢᠲᠠᠶ ᠬᠥᠭᠵᠢᠯᠲᠡ ᠶᠢ ᠪᠥᠬᠦ ᠬᠦᠴᠦᠨ ᠢᠶᠠᠷ ᠢᠶᠠᠨ ᠠᠬᠢᠭᠤᠯᠬᠤ ᠳᠤ ᠪᠠᠲᠤ ᠪᠠᠬᠢ ᠰᠠᠭᠤᠷᠢ ᠶᠢ ᠲᠠᠯᠪᠢᠵᠤ ᠥᠭᠭᠦᠭᠰᠡᠨ ᠪᠠᠶᠢᠨ᠎ᠠ᠃
ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号