| ᠡᠷᠳᠡᠨᠢᠠᠠᠭᠤᠯᠠ ᠨᠠᠷᠠᠨ᠎ᠠ ᠡᠷᠳᠡᠨᠢᠬᠦᠦ | ᠳᠡᠭᠷᠢ ᠡᠯᠡᠰᠦᠨ ᠤ ᠳᠤᠷᠭᠠᠨ ᠬᠢᠷ᠎ᠠ ᠳᠠᠭᠠᠵᠦ ᠨᠢᠬᠡ ᠭᠠᠷ ᠳᠡᠮᠡᠭᠡ ᠮᠦᠷ ᠮᠦᠷ ᠢᠶᠠᠨ ᠬᠢᠰᠬᠢᠨ ᠠᠶᠢᠵᠠᠮ ᠲᠠᠢ | ᠠᠭᠠᠵᠢᠭᠤᠬᠠᠨ ᠠᠯᠬᠤᠯᠠᠨ᠎ᠠ᠃ ᠪᠦᠬᠡᠬᠠᠰ ᠬᠠᠶᠠ ᠬᠠᠶᠠ᠄ ︽ᠬᠦᠭ᠂ ᠬᠠᠢ︾ ᠬᠡᠵᠦ ᠴᠢᠮᠡᠭᠡ ᠦᠭᠬᠦᠨ ᠭᠠᠵᠠᠷ ᠤᠨ | ᠴᠢᠯᠦᠬᠡ ᠬᠠᠷᠠᠵᠦ᠂ ᠰᠠᠯᠬᠢᠨ ᠳᠤ ᠴᠤᠬᠢᠭᠳᠠᠨ ᠮᠡᠳᠡᠭᠳᠡᠮ᠎ᠠ ᠦᠬᠡᠢ ᠪᠤᠯᠤᠭᠰᠠᠨ ᠠᠶᠠᠨ ᠤ ᠴᠤᠪᠤᠭ᠎ᠠ ᠶᠢ ᠠᠯᠳᠠᠯ | ᠦᠬᠡᠢ ᠳᠠᠭᠠᠵᠦ ᠶᠠᠪᠤᠨᠠᠮ᠃ ᠦᠩᠭᠡᠷᠡᠭᠰᠡᠨ ᠳᠤ ᠳᠡᠭᠷᠢ ᠡᠯᠡᠰᠦᠨ ᠳᠤ ᠳᠡᠮᠡᠬᠡᠨ ᠵᠢᠩ ᠢ ᠤᠯᠵᠤ ᠬᠠᠷᠠᠪᠠᠯ | ᠬᠠᠴᠢᠷᠬᠠᠬᠤ ᠵᠦᠢᠯ ᠠᠯᠠᠭ᠎ᠠ᠂ ᠬᠡᠪᠡᠴᠤ ᠳᠡᠷᠭᠡ ᠮᠠᠰᠢᠨ ᠤᠯᠠᠳᠠᠵᠦ᠂ ᠳᠡᠮᠡᠭᠡᠳ ᠡᠳ᠋ᠯᠡᠬᠡᠨ ᠠᠴᠠ ᠭᠠᠷᠤᠭᠰᠠᠨ | ᠦᠨᠦᠳᠦᠷ ᠨᠢᠬᠡ ᠴᠦᠷᠬᠡ ᠳᠡᠮᠡᠬᠡᠨ ᠠᠶᠠᠨ ᠢ ᠤᠯᠵᠤ ᠬᠠᠷᠠᠪᠠᠯ᠂ ᠭᠠᠶᠢᠬᠠᠬᠤ ᠪᠠᠶᠠᠷᠯᠠᠬᠤ ᠰᠡᠳᠬᠢᠯ ᠲᠠᠪᠬᠤᠴᠠᠬᠤ ᠨᠢ | ᠶᠠᠷᠢᠶᠠᠨ ᠦᠬᠡᠢ ᠶᠤᠮ᠃ | ᠪᠦᠬᠡᠬᠠᠰ ᠦᠩᠭᠡᠷᠡᠭᠰᠡᠨ ᠤ ᠡᠪᠦᠬᠡᠳ ᠤᠨ ᠢᠶᠠᠨ ᠠᠶᠠᠯᠠᠵᠦ ᠪᠠᠶᠢᠭᠰᠠᠨ ᠵᠠᠮ ᠢᠶᠠᠷ ᠳᠡᠮᠡᠬᠡᠨ ᠠᠶᠠᠨ ᠢᠶᠠᠨ | ᠡᠬᠢᠯᠡᠬᠦᠯᠦᠬᠡᠳ ᠬᠡᠳᠦᠨ ᠵᠢᠯ ᠪᠤᠯᠵᠤ ᠪᠤᠢ᠃ ᠦᠩᠭᠡᠷᠡᠭᠰᠡᠨ ᠳᠤ ᠲᠡᠳᠡᠨ ᠤ ᠲᠡᠬᠡᠳᠦᠭᠦᠯ ᠨᠢ ᠳᠡᠮᠡᠭᠡ ᠬᠦᠳᠦᠯᠦᠨ | ᠳᠠᠪᠤᠰᠤᠨ ᠠᠶᠠᠨ ᠬᠢᠵᠦ ᠪᠠᠶᠢᠭᠰᠠᠨ ᠪᠤᠯ ᠤᠳᠤ ᠳᠡᠷᠡ ᠵᠤᠭᠠᠴᠠᠭᠰᠠᠳ ᠲᠤ ᠲᠡᠮᠡᠭᠡ ᠤᠨᠤᠭᠤᠯᠵᠤ ᠬᠦᠳᠦᠯᠦᠨ | ᠤᠷᠤᠯᠭ᠎ᠠ ᠤᠯᠵᠤ ᠬᠢᠯᠠᠯᠵᠠᠭᠤᠯᠵᠤ ᠪᠠᠶᠢᠳᠠᠭ ᠶᠤᠮ ᠪᠠᠶᠢᠨ᠎ᠠ᠃ ᠳᠡᠷᠡ ᠮᠦᠷᠳᠡᠬᠡᠨ ᠨᠢᠬᠡ ᠭᠠᠷ ᠳᠡᠮᠡᠭᠡ ᠬᠦᠳᠦᠯᠦᠬᠡᠳ | ᠵᠢᠯ ᠳᠡᠭᠡᠨ ᠳᠤᠯᠤᠭ᠎ᠠ ᠨᠠᠢᠮᠠᠨ ᠳᠦᠮᠡᠨ ᠳᠦᠬᠦᠷᠢᠭ ᠤᠨ ᠤᠷᠤᠯᠭ᠎ᠠ ᠤᠯᠳᠠᠭ ᠠᠵᠢ᠃ | ᠪᠦᠭᠡᠬᠠᠰ ᠤᠨ ᠬᠢ ᠠᠯᠠᠱᠠ ᠵᠡᠬᠦᠨ ᠬᠤᠰᠢᠭᠤᠨ ᠤ ᠴᠤᠭᠳᠤᠬᠦ᠋ᠷᠢᠶ᠎ᠠ ᠰᠤᠮᠤᠨ ᠤ ᠵᠠᠭᠳᠤ ᠭᠠᠴᠠᠭᠠᠨ ᠤ ᠭᠡᠬᠦᠣᠳᠣ | ᠨᠠᠭᠤᠷ ᠲᠤ ᠨᠣᠳᠣᠭᠰᠢᠳᠠᠭ᠂ ᠪᠢᠳᠡᠬᠦᠣ ᠡᠯᠡᠰᠣᠨ ᠳᠣᠮᠳᠠ ᠴᠡᠯᠭᠡᠷᠡᠭᠰᠡᠨ ᠦᠵᠡᠮᠵᠢᠳᠦ ᠰᠠᠶᠢᠬᠠᠨ ᠨᠤᠭᠤᠭᠠᠨ ᠪᠦᠷᠢᠳᠣ | ᠪᠠᠶᠢᠭ᠎ᠠ ᠶᠤᠮ᠃ ᠴᠡᠩᠭᠡᠷ ᠨᠠᠭᠤᠷ ᠤᠨ ᠳᠣᠭᠤᠷᠢᠨ ᠳᠤ ᠠᠩᠭᠢᠷ ᠰᠢᠪᠠᠭᠤᠳ ᠤᠨ ᠵᠢᠰᠣᠨ ᠵᠦᠢᠯ ᠤᠨ ᠳᠠᠭᠤ ᠠᠪᠢᠶ᠎ᠠ | ᠬᠦᠭᠯᠡᠷᠡᠨ ᠨᠠᠮ ᠬᠦᠮ ᠡᠨᠡ ᠨᠤᠳᠤᠭ ᠲᠤ ᠠᠮᠢᠵᠢᠷᠠᠯ ᠪᠢᠯᠬᠠᠭᠤᠯᠤᠨ᠎ᠠ᠃ ᠠᠮᠣᠭᠤᠯᠠᠩ ᠳᠠᠪᠠᠳᠠᠢ ᠡᠶᠢᠮᠣ ᠰᠠᠶᠢᠬᠠᠨ | ᠨᠣᠳᠤᠭ ᠲᠤ ᠠᠮᠢᠳᠣᠷᠠᠵᠣ ᠶᠠᠪᠣᠭ᠎ᠠ ᠪᠦᠭᠡᠬᠠᠰ ᠶᠢᠩᠬᠤᠸᠠᠷ ᠤᠨ ᠬᠢᠨ ᠭᠠᠳᠠᠨ᠎ᠠ ᠪᠠᠨ ᠬᠤᠶᠠᠷ ᠮᠣᠩᠭᠤᠯ ᠭᠡᠷ ᠲᠠᠢ᠂ | ᠮᠣᠩᠭᠤᠯ ᠭᠡᠷ ᠤᠨ ᠭᠡᠯᠪᠡᠷᠢ ᠲᠠᠢ ᠭᠡᠷ ᠳᠡᠷᠭᠡ ᠪᠠᠶᠢᠭᠤᠯᠵᠤ ᠳᠠᠯᠪᠢᠭᠰᠠᠨ ᠬᠠᠷᠠᠭᠳᠠᠨ᠎ᠠ᠃ ᠮᠠᠯ ᠤᠨ ᠬᠠᠰᠢᠶ᠎ᠠ | ᠬᠤᠷᠤᠭ᠎ᠠ᠂ ᠶᠠᠭᠤᠮ᠎ᠠ ᠬᠡᠦᠮ᠎ᠡ ᠬᠤᠷᠢᠶᠠᠵᠦ ᠳᠠᠯᠪᠢᠬᠤ ᠬᠡᠷ ᠢᠶᠠᠨ ᠬᠦᠷᠳᠡᠯ᠎ᠠ ᠰᠢᠬᠡᠭ ᠬᠦᠷᠵᠡᠩ ᠢᠶᠠᠷ ᠮᠣᠩᠭᠤᠯ | ᠭᠡᠷ ᠤᠨ ᠭᠡᠯᠪᠡᠷᠢ ᠲᠠᠢ ᠪᠠᠷᠢᠵᠦ ᠭᠠᠷᠭᠠᠵᠡᠢ᠃ ᠭᠠᠳᠠᠨ᠎ᠠ ᠠᠴᠠ ᠳᠤᠳᠤᠨ᠎ᠠ ᠪᠠᠨ ᠬᠦᠷᠳᠡᠯ᠎ᠠ ᠡᠶᠢᠮᠦ ᠰᠠᠶᠢᠬᠠᠨ | ᠮᠣᠩᠭᠤᠯ ᠢᠶᠠᠷ ᠢᠶᠠᠨ ᠭᠤᠶᠣᠭᠰᠠᠨ ᠮᠣᠩᠭᠤᠯ ᠠᠶᠢᠯ ᠬᠤᠪᠤᠷᠬᠠᠨ ᠳᠤᠬᠢᠶᠠᠯᠳᠤᠬᠤ ᠶᠤᠮ᠃ ᠪᠦᠬᠡᠬᠠᠰ ︽ᠳᠡᠭᠷᠢᠯᠢᠭ | ᠰᠤᠶᠤᠯ ᠢᠶᠠᠨ ᠰᠢᠳᠦᠵᠦ ᠳᠡᠮᠡᠭᠡ ᠡᠯᠡᠰᠦ ᠬᠤᠶᠠᠷ ᠢᠶᠠᠨ ᠳᠦᠰᠢᠵᠦ ᠠᠮᠢᠳᠤᠷᠠᠭ᠎ᠠ ᠶᠤᠮ ᠪᠤᠯᠬᠤᠷ ᠳᠡᠬᠡᠵᠦ ᠭᠤᠶᠤᠯᠠᠵᠤ | ᠠᠮᠢᠳᠤᠷᠠᠳᠠᠭ᠃ ᠳᠡᠭᠷᠢ ᠡᠯᠡᠰᠦᠨ ᠳᠤ ᠵᠤᠭᠠᠴᠠᠬᠤ ᠪᠠᠷ ᠢᠷᠡᠭᠰᠡᠨ ᠭᠠᠳᠠᠨ᠎ᠠ ᠶᠢᠨ ᠬᠦᠮᠦᠰ ᠮᠤᠩᠭᠤᠯ ᠠᠶᠢᠯ᠂ | ᠮᠤᠩᠭᠤᠯ ᠰᠤᠶᠤᠯ ᠢ ᠦᠵᠡᠬᠡᠳ ᠰᠤᠨᠢᠷᠬᠠᠵᠦ ᠪᠠᠶᠠᠷᠯᠠᠳᠠᠭ ᠶᠤᠮ ᠰᠢᠤ︾ ᠬᠡᠵᠦ ᠶᠠᠷᠢᠨ᠎ᠠ᠃ | ᠳᠡᠭᠷᠢ ᠡᠯᠡᠰᠦᠨ ᠤ ᠬᠦᠨ ᠳᠤ ᠦᠩᠭᠡᠷᠡᠭᠰᠡᠨ ᠳᠤ ᠬᠦᠮᠦᠨ ᠠᠮᠢᠳᠠᠨ ᠤ ᠪᠠᠷ᠎ᠠ ᠬᠤᠪᠤᠷ᠂ ᠢᠯᠦᠮ ᠵᠢᠯᠦᠮᠬᠡᠨ | ᠨᠤᠳᠤᠭ ᠪᠠᠶᠢᠭᠰᠠᠨ ᠬᠡᠳᠡᠭ᠃ ᠪᠤᠶᠢᠳᠡ ᠪᠦᠭᠯᠡᠬᠦᠦ ᠠᠴᠠ ᠪᠤᠯᠵᠤ ᠡ᠊ᠡᠳᠡᠬᠢ ᠮᠠᠯᠴᠢᠳ ᠤᠨ ᠠᠮᠢᠳᠤᠷᠠᠯ | ᠤᠳᠤ ᠶᠢᠨ ᠬᠢ ᠰᠢᠭ᠋ ᠴᠢᠨᠡᠬᠡᠯᠢᠭ ᠪᠠᠶᠢᠭᠰᠠᠨ ᠦᠬᠡᠢ ᠪᠠᠶᠢᠵᠡᠢ᠃ ᠪᠦᠬᠡᠬᠠᠰ ᠤᠨ ᠬᠢᠨ ᠴᠦ ᠤᠳᠤ ᠶᠢᠨ ᠬᠢ ᠰᠢᠭ᠋ | ᠰᠠᠶᠢᠬᠠᠨ ᠠᠶᠢᠯ ᠪᠤᠯᠤᠭ᠎ᠠ ᠦᠬᠡᠢ ᠪᠠᠶᠢᠪᠠ᠃ ᠳᠡᠷᠡ᠄ ︽1995 ᠣᠨ ᠤ ᠦᠶ᠎ᠡ ᠳᠤ ᠮᠠᠨᠠᠶᠢᠬᠢᠨ ᠭᠡᠵᠣ ᠬᠤᠷᠢᠭᠠᠳ | ᠪᠣᠭ ᠮᠠᠯ ᠲᠠᠢ᠂ ᠨᠢᠭᠡ ᠳᠡᠮᠡᠭᠡ ᠲᠠᠢ᠂ ᠨᠢᠭᠡ ᠯᠠᠭᠤᠰᠠ ᠲᠠᠢ ᠠᠶᠢᠯ ᠪᠠᠶᠢᠭᠰᠠᠨ ᠶᠤᠮ᠃ ᠵᠢᠭᠠᠬᠠᠨ ᠮᠦᠩᠭᠦ | ᠳᠦᠬᠦᠷᠢᠭ ᠣᠯᠣᠨ᠎ᠠ ᠭᠡᠳ ᠰᠢᠷᠠᠯᠵᠢ ᠶᠢᠨ ᠢᠳᠡᠭᠡ ᠳᠡᠬᠦᠨᠡ᠂ ᠠᠶᠢᠯ ᠤᠨ ᠬᠠᠰᠢᠶ᠎ᠠ ᠮᠠᠯᠳᠠᠬᠤ᠂ ᠪᠠᠶᠢᠰᠢᠩ ᠵᠠᠰᠠᠵᠣ | ᠪᠠᠷᠢᠬᠤ ᠵᠡᠷᠭᠡ ᠠᠵᠢᠯ ᠢ ᠬᠢᠳᠡᠭ ᠯᠠ ᠪᠠᠶᠢᠯ᠎ᠠ᠃ ᠳᠡᠷᠡ ᠦᠶ᠎ᠠ ᠳᠤ ᠡᠨᠡ ᠨᠤᠳᠤᠭ ᠲᠤ ᠠᠮᠢᠳᠤᠷᠠᠬᠤ ᠬᠡᠭᠴᠢ ᠠᠮᠠᠷ | ᠦᠬᠡᠢ ᠰᠢᠭ ᠰᠠᠨᠠᠭᠳᠠᠵᠦ ᠪᠠᠶᠢᠭᠰᠠᠨ︾ ᠭᠡᠵᠤ ᠶᠠᠷᠢᠨ᠎ᠠ᠃ | ᠲᠠᠷᠨ ︽ᠰᠠᠭᠤᠭᠰᠠᠨ ᠴᠡᠴᠡᠨ ᠠᠴᠠ ᠶᠠᠪᠣᠭᠰᠠᠨ ᠮᠤᠩᠬᠠᠭ︾ ᠳᠡᠭᠡᠷ᠎ᠠ ᠬᠡᠳᠡᠭ ᠢ ᠰᠠᠨᠠᠵᠦ ᠠᠵᠢᠯ ᠬᠠᠶᠢᠵᠣ | ᠬᠢᠭᠰᠡᠭᠡᠷ ᠪᠠᠶᠢᠵᠣ ᠰᠡᠬᠦᠯᠡᠷ ᠨᠢ ᠬᠠᠴᠢᠨ ᠴᠢᠯᠠᠭᠤ ᠳᠡᠬᠦᠵᠣ ᠬᠤᠳᠠᠯᠳᠣᠬᠤ ᠪᠣᠯᠣᠭᠰᠠᠨ ᠶᠤᠮ᠃ ᠳᠡᠬᠡᠬᠡᠳ | ᠪᠠᠶᠠᠨᠬᠤᠳᠠ ᠳᠤ ᠭᠤᠷᠪᠠ ᠳᠦᠷᠪᠡᠨ ᠵᠢᠯ ᠬᠠᠴᠢᠨ ᠴᠢᠯᠠᠭᠤ ᠬᠤᠳᠠᠯᠳᠤᠬᠤ ᠶᠢᠨ ᠳᠠᠭᠠᠤ ᠳᠤ ᠴᠢᠯᠠᠭᠤ ᠣᠬᠢᠶᠠᠵᠣ | ᠴᠣᠬᠢᠬᠤ ᠠᠵᠢᠯ ᠢ ᠬᠢᠭᠡᠳ ᠨᠡᠯᠢᠶᠡᠳ ᠰᠠᠶᠢᠨ ᠣᠷᠣᠯᠭ᠎ᠠ ᠤᠯᠵᠤ ᠪᠠᠶᠢᠵᠡᠢ᠃ ᠬᠡᠪᠡᠴᠦ ᠴᠢᠯᠠᠭᠤ ᠳᠡᠬᠦᠵᠦ | ᠬᠤᠳᠠᠯᠳᠤᠬᠤ ᠬᠡᠭᠴᠢ ᠦᠷᠬᠦᠯᠵᠢ ᠬᠢᠭᠡᠳ ᠪᠠᠶᠢᠮᠠᠷ ᠠᠵᠢᠯ ᠪᠢᠰᠢ᠂ ᠭᠡᠬᠦᠣᠳᠣ ᠨᠠᠭᠤᠷ ᠨᠢ ᠰᠡᠳᠬᠢᠯ ᠳᠤᠨᠢ | ᠰᠠᠨᠠᠭᠳᠠᠭᠠᠳ ᠡᠷᠢᠭᠳᠡᠬᠡᠳ ᠪᠠᠶᠢᠳᠠᠭ ᠪᠤᠯᠬᠤᠷ ᠬᠠᠷᠢᠶ᠎ᠠ ᠬᠡᠰᠡᠨ ᠬᠦᠰᠡᠯ ᠡᠳᠦᠷ ᠢᠷᠡᠬᠦᠶ᠎ᠠ ᠨᠡᠮᠡᠭᠳᠡᠵᠦ ᠢᠷᠡᠵᠡᠢ᠃ | ︽ᠨᠤᠳᠤᠭ ᠲᠠᠭᠠᠨ ᠬᠠᠷᠢᠭᠠᠳ ᠶᠠᠭᠤ ᠬᠢᠬᠦ ᠪᠢᠯᠡ︖ ᠦᠰᠬᠦ ᠠᠴᠠ ᠰᠤᠷᠤᠭᠰᠠᠨ ᠳᠡᠮᠡᠭᠡ ᠮᠠᠯ ᠢᠶᠠᠨ | ᠬᠠᠷᠢᠭᠤᠯᠵᠤ ᠦᠰᠬᠡᠨ ᠨᠤᠳᠤᠭ ᠤᠰᠤ ᠪᠠᠨ ᠪᠦᠳᠦᠬᠡᠨ ᠪᠠᠶᠢᠭᠤᠯᠤᠶ᠎ᠠ ᠬᠡᠰᠡᠨ ᠠᠮᠠᠷᠬᠠᠨ ᠪᠤᠳᠤᠯ ᠢᠷᠡᠵᠦ ᠪᠠᠶᠢᠭᠰᠠᠨ᠃ | ᠳᠡᠷᠡ ᠦᠶ᠎ᠠ ᠳᠤ ᠳᠡᠭᠷᠢ ᠡᠯᠡᠰᠦᠨ ᠳᠤ ᠵᠤᠭᠠᠴᠠᠯ ᠡᠬᠢᠯᠡᠨ ᠬᠦᠭᠵᠢᠵᠦ ᠵᠤᠭᠠᠴᠠᠯ ᠤᠨ ᠭᠠᠵᠠᠷ ᠪᠠᠶᠢᠭᠤᠯᠤᠭᠳᠠᠨ᠂ | ᠮᠠᠯᠴᠢᠳ ᠵᠤᠭᠠᠴᠠᠯ ᠤᠨ ᠭᠠᠵᠠᠷ ᠳᠡᠮᠡᠭᠡ ᠮᠤᠷᠢ ᠪᠠᠨ ᠠᠪᠠᠴᠢᠵᠦ ᠵᠣᠭᠠᠴᠠᠭᠰᠠᠳ ᠢᠶᠠᠷ ᠤᠨᠤᠭᠤᠯᠤᠨ ᠵᠤᠭᠤᠰ ᠤᠯᠵᠤ | ᠪᠠᠶᠢᠪᠠ᠃ 2015 ᠣᠨ ᠠᠴᠠ ᠡᠬᠢᠯᠡᠵᠣ ᠪᠢ ᠡᠨᠡ ᠠᠵᠢᠯ ᠢ ᠬᠢᠵᠣ ᠡᠬᠢᠯᠡᠭᠰᠡᠨ᠂ ᠳᠡᠷᠡ ᠦᠶ᠎ᠡ ᠳᠤ ᠣᠯᠣᠰ ᠠᠴᠠ | ᠠᠷᠪᠠᠭᠠᠳ ᠳᠦᠮᠡᠨ ᠳᠦᠬᠦᠷᠢᠭ ᠤᠨ ᠵᠢᠭᠡᠯᠡᠯᠭᠡ ᠠᠪᠴᠣ ᠠᠷᠪᠠᠭᠠᠳ ᠳᠡᠮᠡᠭᠡ ᠬᠤᠳᠠᠯᠳᠣᠨ ᠠᠪᠣᠭᠠᠳ ᠠᠯᠠᠱᠠ ᠵᠡᠬᠦᠨ | ᠬᠤᠰᠢᠭᠤᠨ ᠤ ᠪᠠᠶᠠᠨᠬᠤᠳᠠ ᠪᠠᠯᠭᠠᠰᠣᠨ ᠤ ᠬᠦᠨᠬᠤᠳᠳᠤᠭ ᠭᠠᠴᠠᠭᠠᠨ ᠤ ᠣᠯᠠᠭᠠᠨ ᠤ ᠭᠤᠣᠯ ᠳᠤ ᠣᠴᠢᠵᠣ ᠳᠡᠮᠡᠭᠡ | ᠬᠦᠳᠤᠯᠵᠤ ᠦᠵᠠᠵᠠᠢ᠃ ᠠᠩᠬ᠎ᠠ ᠡᠬᠢᠨ ᠳᠡᠭᠡᠨ ᠵᠣᠭᠠᠴᠠᠭᠰᠠᠳ ᠴᠦᠭᠡᠨ᠂ ᠳᠡᠮᠡᠭᠡ ᠬᠦᠳᠦᠯᠣᠨ ᠵᠣᠭᠠᠴᠠᠭᠰᠠᠳ ᠢ | ᠳᠡᠭᠡᠭᠡᠬᠦ ᠦᠢᠯᠡᠴᠢᠯᠡᠭᠡ ᠳᠡᠶᠢᠮᠣ ᠣᠷᠣᠭᠰᠢᠳᠠᠢ ᠪᠢᠰᠢ ᠪᠠᠶᠢᠯ᠎ᠠ᠂ ᠰᠠᠷ᠎ᠠ ᠳᠤ ᠳᠦᠩᠭᠡᠵᠢ ᠵᠠᠭᠤᠬᠠᠨ ᠳᠦᠬᠦᠷᠢᠭ ᠤᠨ | ᠣᠷᠣᠯᠭ᠎ᠠ ᠤᠯᠤᠭᠰᠠᠨ ᠣᠳᠠᠭ᠎ᠠ ᠲᠠᠢ᠃ ᠰᠡᠬᠦᠯᠡᠷ ᠨᠢ ᠡᠯᠡᠰᠣᠨ ᠳᠤ ᠨᠠᠭᠠᠳᠴᠣ ᠵᠣᠭᠠᠴᠠᠬᠤ ᠬᠦᠮᠣᠰ | ᠣᠯᠠᠰᠢᠷᠠᠬᠤ ᠪᠠᠷ ᠰᠠᠷ᠎ᠠ ᠳᠤ ᠳᠦᠷᠪᠡᠨ ᠵᠠᠭᠤᠨ ᠳᠦᠬᠦᠷᠢᠭ ᠠᠴᠠ ᠪᠠᠨ ᠳᠠᠪᠣᠨ ᠮᠢᠩᠭᠠᠨ ᠳᠦᠬᠦᠷᠢᠭ ᠤᠨ ᠣᠷᠣᠯᠭ᠎ᠠ | ᠤᠯᠬᠤ ᠪᠣᠯᠵᠣ᠂ ᠢᠩᠭᠢᠵᠣ ᠯᠠ ᠠᠮᠢᠳᠣᠷᠠᠯ ᠠᠵᠢᠯ ᠮᠢᠨᠢ ᠣᠯᠠᠮ ᠢᠶᠠᠷ ᠦᠭᠡᠳᠡ ᠲᠠᠢ ᠦᠩᠬᠡ ᠲᠠᠢ ᠪᠣᠯᠣᠭᠰᠠᠨ ᠶᠤᠮ | ᠃ ᠳᠡᠮᠡᠭᠡ ᠭᠡᠳᠡᠭ ᠠᠮᠢᠳᠠᠨ ᠬᠦᠭᠡᠷᠦᠬᠦᠢ᠂ ᠳᠡᠮᠡᠭᠡᠨ ᠤ ᠪᠠᠨ ᠠᠴᠢ ᠪᠠᠷ ᠮᠦᠩᠭᠦ ᠳᠦᠬᠦᠷᠢᠭ ᠣᠯᠵᠣ ᠶᠠᠪᠣᠵᠣ ᠪᠠᠶᠢᠨ᠎ᠠ | ᠃ ᠡᠯᠡᠰᠣ ᠮᠠᠩᠬᠠᠨ ᠳᠣᠮᠳᠠ ᠳᠡᠮᠡᠭᠡ ᠲᠠᠢ ᠪᠠᠨ ᠵᠢᠯ ᠳᠣᠷᠰᠢᠳᠠ᠂ ᠰᠠᠷ᠎ᠠ ᠬᠤᠨᠣᠭᠤᠳᠠ ᠪᠠᠷ ᠭᠡᠵᠢᠶ᠎ᠡ ᠬᠠᠮᠢᠭ᠎ᠠ | ᠵᠣᠭᠠᠴᠠᠭᠰᠠᠳ ᠪᠠᠶᠢᠪᠠᠯ ᠬᠠᠮᠢᠭ᠎ᠠ ᠨᠢ ᠬᠦᠷᠴᠣ ᠦᠢᠯᠡᠴᠢᠯᠡᠳᠡᠭ ᠶᠤᠮ ᠡ᠃ ᠪᠢ ᠠᠷᠪᠠᠭᠠᠳ ᠳᠡᠮᠡᠭᠡ ᠲᠠᠢ ᠪᠠᠨ | ᠠᠶᠠᠨ ᠤ ᠵᠣᠭᠠᠴᠠᠭᠰᠠᠳ ᠢ ᠵᠦᠭᠡᠭᠡᠭᠡᠤᠨ ᠵᠢᠷᠭᠤᠭᠠᠨ ᠵᠢᠯ ᠤᠨ ᠨᠢᠭᠤᠷ ᠢ ᠦᠵᠡᠯ᠎ᠡ᠂ ᠵᠢᠯ ᠳᠡᠭᠡᠨ ᠳᠣᠯᠤᠭ᠎ᠠ ᠨᠠᠢᠮᠠᠨ | ᠳᠦᠮᠡᠨ ᠳᠦᠬᠦᠷᠢᠭ ᠤᠨ ᠣᠷᠣᠯᠭ᠎ᠠ ᠣᠯᠳᠠᠭ ᠶᠤᠮ︾ ᠬᠡᠵᠦ ᠨᠣᠳᠤᠭ ᠳᠡᠮᠡᠭᠡ ᠬᠤᠶᠠᠷ ᠤᠨ ᠢᠶᠠᠨ ᠰᠠᠶᠢᠨ ᠰᠠᠶᠢᠬᠠᠨ᠂ | ᠦᠭᠬᠦᠬᠡᠵᠢ ᠪᠤᠶᠠᠨ ᠢ ᠶᠠᠷᠢᠵᠦ ᠰᠠᠭᠤᠨ᠎ᠠ᠃ | ᠡᠯᠡᠰᠣ ᠮᠠᠩᠬᠠᠨ ᠳᠣᠮᠳᠠ ᠳᠡᠮᠡᠭᠡ ᠲᠠᠢ ᠪᠠᠨ ᠦᠢᠯᠡᠴᠢᠯᠡᠭᠡ ᠬᠢᠬᠦ ᠨᠢ ᠰᠢᠨ᠎ᠡ ᠴᠠᠭ ᠦᠶ᠎ᠡ ᠶᠢᠨ ᠮᠠᠯᠴᠢᠨ | ᠬᠦᠮᠣᠨ ᠤ ᠪᠠᠰᠠ ᠨᠢᠭᠡᠨ ᠬᠠᠨᠳᠣᠯᠭ᠎ᠠ ᠪᠣᠯᠵᠡᠢ᠃ ᠦᠨᠡᠭᠡᠷ ︽ᠲᠡᠮᠡᠬᠡᠨ ᠤ ᠪᠠᠨ ᠠᠯᠬᠤᠭᠰᠠᠨ ᠮᠦᠷ ᠠᠴᠠ ᠠᠯᠳᠠ | ᠡᠪᠣᠷᠯᠡᠨᠡ︾ ᠭᠡᠳᠡᠭ ᠡᠶᠢᠮᠣ ᠯᠠ ᠪᠠᠶᠢᠬ᠎ᠠ᠃ ᠪᠦᠬᠡᠬᠠᠰ ᠳᠡᠮᠡᠭᠡ ᠬᠦᠳᠦᠯᠵᠣ ᠣᠷᠣᠯᠭ᠎ᠠ ᠣᠯᠣᠭᠰᠠᠨ ᠤ ᠪᠠᠨ | ᠬᠤᠶᠠᠳᠣᠭᠠᠷ ᠵᠢᠯ ᠠᠴᠠ ᠡᠬᠢᠯᠡᠵᠣ ᠳᠣᠩᠭᠠᠯᠠᠭ ᠨᠠᠭᠤᠷ ᠤᠨ ᠬᠠᠯᠢᠭᠤᠴᠢᠭᠡᠬᠦᠣ ᠶᠢᠨ ᠡᠯᠡᠰᠣᠨ ᠳᠠᠬᠢ | ᠪᠠᠭᠠᠳᠣᠷᠴᠣᠳ ᠤᠨ ᠴᠣᠭᠯᠠᠭᠠᠨ ᠳᠤ ᠵᠣᠷᠢᠭᠤᠯᠣᠭᠰᠠᠨ ᠳᠣᠭᠳᠠᠭᠰᠠᠨ ᠭᠠᠵᠠᠷ ᠲᠤ ᠵᠣᠭᠠᠴᠠᠭᠰᠠᠳ ᠲᠤ ᠳᠡᠮᠡᠭᠡ ᠪᠠᠨ | ᠣᠨᠣᠭᠤᠯᠣᠨ ᠡᠯᠡᠰᠣᠨ ᠳᠤ ᠶᠠᠪᠣᠳᠠᠭ ᠪᠤᠯᠵᠠᠢ᠃ ᠳᠡᠷᠡ ᠵᠢᠯ ᠪᠦᠬᠡᠬᠠᠰ ᠶᠢᠰᠦᠨ ᠳᠦᠮᠡᠨ ᠳᠦᠬᠦᠷᠢᠭ ᠤᠨ ᠣᠷᠣᠯᠭ᠎ᠠ | ᠣᠯᠵᠣ ᠰᠡᠳᠬᠢᠯ ᠬᠠᠩᠬᠤᠯᠣᠭᠤᠨ ᠶᠠᠪᠤᠵᠦ ᠪᠠᠶᠢᠵᠠᠢ᠃ 2017 ᠣᠨ ᠳᠤ ᠳᠡᠷᠡᠪᠡᠷ ᠬᠠᠷᠠᠭᠠᠴᠠᠳᠠᠢ ᠨᠠᠭᠤᠷ ᠲᠤ | ᠬᠦᠷᠴᠣ ᠳᠣᠰᠬᠠᠢ ᠵᠢᠭᠤᠯᠴᠢᠯᠠᠯ ᠤᠨ ᠪᠦᠯᠬᠦᠮ ᠳᠠᠭᠠᠵᠣ ᠳᠡᠨᠳᠡ ᠬᠤᠶᠠᠷ ᠵᠢᠯ ᠵᠠᠪᠳᠣᠭᠤ ᠠᠵᠢᠯᠯᠠᠭᠰᠠᠨ ᠪᠠᠶᠢᠯ᠎ᠠ᠃ | ᠢᠩᠭᠢᠭᠡᠳ ᠨᠢᠳᠣᠨᠣᠨ ᠡᠪᠡᠳᠴᠢᠨ ᠬᠢᠵᠢᠭ ᠢᠶᠠᠷ ᠵᠣᠭᠠᠴᠠᠭᠰᠠᠳ ᠴᠦᠭᠡᠷᠡᠭᠰᠡᠨ ᠪᠠᠶᠢᠳᠠᠯ ᠳᠤ ᠠᠵᠢᠯ ᠨᠢ ᠬᠠᠭᠠᠰ ᠵᠢᠯ | ᠬᠢᠷᠢᠳᠡᠢ ᠵᠣᠭᠰᠣᠩᠭᠤᠶᠢᠷᠠᠵᠣ᠂ ᠨᠢᠳᠣᠨᠣᠨ ᠤ ᠶᠢᠰᠦᠨ ᠰᠠᠷ᠎ᠠ ᠶᠢᠨ ᠬᠤᠷᠢᠳ ᠠᠴᠠ ᠡᠬᠢᠯᠡᠵᠣ ᠨᠣᠳᠤᠭ ᠠᠴᠠ ᠪᠠᠨ | ᠣᠶᠢᠷ᠎ᠠ ᠪᠠᠶᠢᠭ᠎ᠠ ᠵᠢᠭᠤᠯᠴᠢᠯᠠᠯ ᠤᠨ ᠪᠦᠯᠬᠦᠮ ᠢ ᠲᠠᠭᠠᠨ ᠰᠢᠷ᠎ᠠ ᠬᠤᠯᠣᠰᠣᠨ ᠭᠡᠮᠡᠬᠦ ᠭᠠᠵᠠᠷ ᠠᠴᠠ ᠣᠪᠣᠭᠠᠨ ᠤ ᠨᠠᠭᠤᠷ | ᠬᠦᠷᠴᠣ᠂ ᠳᠠᠬᠢᠨ ᠳᠡᠨᠳᠡ ᠠᠴᠠ ᠪᠠᠨ ᠵᠠᠪᠴᠤᠭᠠ ᠶᠢᠨ ᠭᠤᠣᠯ ᠬᠦᠷᠳᠡᠯ᠎ᠡ ᠶᠠᠪᠣᠨ ᠭᠡᠷ ᠠᠴᠠ ᠪᠠᠨ ᠣᠶᠢᠷ᠎ᠠ | ᠠᠵᠢᠯᠯᠠᠬᠤ ᠪᠣᠯᠣᠭᠰᠠᠨ ᠪᠠᠶᠢᠨ᠎ᠠ᠃ ᠵᠣᠭᠠᠴᠠᠭᠰᠠᠳ ᠢ ᠳᠡᠭᠡᠭᠡᠵᠣ ᠶᠠᠪᠣᠨ᠎ᠠ ᠭᠡᠳᠡᠭ ᠪᠠᠰᠠ ᠨᠢᠭᠡ ᠳᠠᠯ᠎ᠠ ᠪᠠᠷ | ᠪᠡᠷᠭᠡᠰᠢᠶᠡᠯ ᠲᠠᠢ ᠠᠵᠢᠯ᠂ ᠳᠡᠮᠡᠭᠡ ᠦᠷᠬᠦᠭᠡᠬᠦ ᠦᠭᠡᠢ ᠪᠠᠷ ᠵᠣᠭᠠᠴᠠᠭᠰᠠᠳ ᠤᠨ ᠠᠮᠣᠷ ᠳᠦᠪᠰᠢᠨ ᠢ ᠪᠠᠳᠣᠯᠠᠨ᠂ | ᠠᠯᠢᠪᠠ ᠡ᠊ᠡᠳᠡᠯ ᠠᠴᠠ ᠬᠢᠴᠢᠶᠡᠵᠣ ᠰᠡᠷᠡᠮᠵᠢᠯᠡᠨ᠂ ᠳᠠᠷᠣᠣ ᠬᠢᠴᠢᠶᠡᠮᠵᠢᠳᠡᠢ ᠪᠠᠷ ᠪᠣᠰᠣᠳ ᠲᠤ ᠬᠠᠨᠳᠣᠨ᠂ ᠠᠵᠢᠯ ᠢᠶᠠᠨ | ᠣᠷᠣᠭᠰᠢᠳᠠᠢ ᠪᠣᠯᠭᠠᠬᠤ ᠨᠢ ᠳᠦᠢᠯ ᠤᠨ ᠴᠢᠬᠤᠯᠠ ᠪᠠᠶᠢᠪᠠ᠃ ᠳᠡᠷᠡ ᠨᠢᠭᠡ ᠣᠳᠠᠭ᠎ᠠ ᠳᠤ ᠠᠷᠪᠠ ᠬᠦᠮᠣᠨ᠂ | ᠭᠤᠴᠢᠨ ᠬᠦᠮᠣᠨ᠂ ᠬᠠᠮᠤᠭ ᠶᠡᠭᠡ ᠳᠡᠭᠡᠨ ᠵᠢᠷᠠᠨ ᠬᠦᠮᠣᠨ ᠢ ᠳᠡᠮᠡᠭᠡ ᠪᠠᠷ ᠢᠶᠠᠨ ᠠᠬᠢᠨ ᠳᠠᠬᠢᠨ ᠵᠦᠭᠡᠭᠡᠳᠡᠭ ᠪᠠᠶᠢᠪᠠ᠃ | ᠳᠡᠮᠡᠭᠡᠳ ᠲᠠᠢ ᠪᠠᠨ ᠠᠯᠬᠤᠭ᠎ᠠ ᠨᠢᠭᠡᠳᠦᠨ ᠡᠯᠡᠰᠣᠨ ᠤ ᠡᠷᠢᠶ᠎ᠡ ᠶᠢ ᠬᠦᠨᠳᠡᠯᠡᠨ ᠳᠣᠭᠤᠯᠵᠣ ᠶᠠᠪᠣᠭ᠎ᠠ ᠪᠦᠬᠡᠬᠠᠰ ᠮᠠᠨᠢ | ᠢᠳᠡᠭᠡᠯ ᠰᠡᠳᠬᠢᠯ ᠢᠶᠠᠷ ᠳᠦᠬᠦᠷᠡᠩ ᠠᠵᠢ᠃ ᠠᠵᠢᠯᠯᠠᠬᠤ ᠭᠠᠵᠠᠷ ᠳᠠᠭᠠᠨ ᠶᠠᠪᠣᠪᠠᠯ ᠳᠡᠮᠡᠭᠡᠨ ᠳᠡᠭᠡᠨ ᠦᠪᠡᠷ ᠤᠨ | ᠬᠢᠭᠰᠡᠨ ᠮᠣᠩᠭᠤᠯ ᠭᠡᠷ ᠤᠨ ᠭᠡᠯᠪᠡᠷᠢ ᠲᠠᠢ ᠪᠠᠭ᠎ᠠ ᠭᠡᠷ ᠳᠡᠷᠭᠡ ᠪᠠᠨ ᠴᠢᠷᠴᠣ᠂ ᠭᠡᠷ ᠳᠡᠷᠭᠡᠨ ᠳᠣᠳᠣᠷ᠎ᠠ ᠪᠠᠨ ᠣᠷᠣ | ᠬᠦᠨᠵᠢᠯᠡ᠂ ᠢᠳᠡᠵᠣ ᠣᠣᠭᠤᠬᠤ ᠠᠴᠠ ᠪᠠᠨ ᠡᠬᠢᠯᠡᠬᠦᠯᠣᠨ ᠠᠮᠢᠳᠣᠷᠠᠯ ᠤᠨ ᠭᠡᠷᠡᠭᠰᠡᠯ ᠢᠶᠠᠨ ᠪᠦᠬᠦᠨ ᠢ ᠠᠪᠴᠣ | ᠶᠠᠪᠣᠳᠠᠭ ᠶᠤᠮ ᠪᠠᠶᠢᠨ᠎ᠠ᠃ ᠡᠬᠦᠪᠡᠷ ᠪᠠᠷᠠᠬᠤ ᠦᠭᠡᠢ ᠳᠡᠮᠡᠭᠡᠨ ᠳᠡᠭᠡᠨ ᠳᠣᠰᠬᠠᠢ ᠡᠮᠡᠭᠡᠯ ᠬᠢᠵᠣ ᠳᠦᠬᠦᠭᠡᠷᠦᠭᠰᠡᠨ ᠨᠢ | ᠶᠡᠭᠡ ᠡᠪᠳᠡᠶᠢᠭᠡᠨ᠂ ᠳᠡᠮᠡᠭᠡᠨ ᠳᠤ ᠶᠠᠪ ᠴᠠᠪ ᠳᠠᠭᠠᠷᠠᠵᠣ᠂ ᠵᠢᠭᠤᠯᠴᠢᠯᠠᠯ ᠤᠨ ᠭᠠᠵᠠᠷ ᠤᠨ ᠡᠮᠡᠭᠡᠯ ᠠᠴᠠ ᠬᠤᠯᠠ | ᠵᠣᠬᠢᠮᠵᠢᠳᠠᠢ ᠪᠠᠶᠢᠪᠠ᠃ ᠳᠡᠬᠦᠨ ᠤ ᠭᠠᠷ ᠣᠷᠠᠨ ᠮᠦᠷᠳᠡᠭᠡᠨ ᠬᠢᠵᠣ ᠣᠷᠣᠯᠳᠣᠬᠤ ᠳᠣᠷ᠎ᠠ ᠲᠠᠢ᠂ ᠣᠯᠠᠨ ᠢ ᠰᠡᠳᠦᠵᠣ | ᠪᠦᠳᠤᠭᠡᠵᠤ᠂ ᠠᠮᠢᠳᠣᠷᠠᠯ ᠢᠶᠠᠨ ᠪᠠᠶᠠᠯᠢᠭᠵᠢᠭᠤᠯᠣᠨ᠂ ᠠᠮᠢᠳᠣᠷᠠᠯ ᠳᠠᠭᠠᠨ ᠬᠠᠶᠢᠷᠠᠳᠠᠢ ᠶᠠᠪᠣᠳᠠᠭ ᠨᠢ ᠢᠯᠡᠷᠭᠡᠢ | ᠬᠠᠷᠠᠭᠳᠠᠨ᠎ᠠ᠃ | ᠭᠡᠬᠦᠣᠳᠣ ᠨᠠᠭᠤᠷ ᠤᠨ ᠨᠣᠭᠤᠭᠠᠨ ᠵᠦᠯᠭᠡ ᠪᠠᠷ ᠦᠭᠡᠷ ᠳᠣᠭᠤᠯ ᠮᠦᠭᠡᠷᠡᠯᠳᠦᠭᠡᠳ ᠨᠤᠭᠤᠰᠦ ᠭᠠᠯᠠᠭᠤ | ᠭᠠᠨᠭ᠍ᠭᠠᠨᠠᠯᠳᠤᠨᠠ᠃ ᠨᠤᠭᠤᠭᠠᠨ ᠪᠦᠷᠢᠳᠦ ᠶᠢᠨ ᠢᠶᠠᠨ ᠠᠮᠢᠨ ᠮᠡᠩᠭᠡ ᠪᠤᠯᠤᠭᠰᠠᠨ ᠡᠨᠡᠬᠦ ᠨᠠᠭᠤᠷ ᠢᠶᠠᠨ ᠬᠠᠮᠠᠭᠠᠯᠠᠬᠤ ᠶᠢᠨ | ᠳᠦᠯᠦᠬᠡ ᠪᠦᠬᠡᠬᠠᠰ ᠴᠦ ᠵᠢᠯ ᠳᠣᠵᠢ ᠳᠠᠭᠠᠨ ᠶᠠᠭᠠᠷᠠᠯᠳᠠᠶᠢᠬᠠᠨ ᠪᠠᠶᠢᠳᠠᠭ ᠠᠵᠢ᠃ ︽ᠡᠯᠡᠰᠣ ᠨᠠᠭᠠᠰᠢ ᠪᠠᠨ 20 | ᠮᠧᠲᠷ ᠳᠠᠷᠣᠵᠣ ᠢᠷᠡᠵᠡᠢ︾ ᠭᠡᠵᠣ ᠪᠦᠬᠡᠬᠠᠰ ᠠᠩᠬ᠎ᠠ ᠢᠷᠡᠵᠣ ᠬᠠᠷᠠᠵᠣ ᠪᠠᠶᠢᠭᠰᠠᠨ ᠡᠯᠡᠰᠣ ᠨᠠᠭᠤᠷ ᠤᠨ | ᠬᠤᠭᠤᠷᠣᠨᠳᠣᠬᠢ ᠵᠠᠢ ᠪᠣᠯᠣᠨ ᠣᠳᠣᠬᠢ ᠵᠠᠢ ᠶᠢ ᠭᠡᠮᠵᠢᠭᠡᠳ ᠳᠠᠯᠪᠢᠭᠰᠠᠨ ᠮᠡᠳᠣ ᠯᠠ ᠶᠠᠷᠢᠨ᠎ᠠ᠃ ᠡᠯᠡᠰᠣᠨ ᠤ | ᠨᠡᠬᠦᠳᠡᠯ ᠨᠢ ᠬᠠᠷᠢᠨ ᠪᠦᠬᠡᠬᠠᠰ ᠤᠨ ᠰᠡᠳᠬᠢᠯ ᠢ ᠣᠶᠠᠵᠣ ᠣᠷᠬᠢᠭᠰᠠᠨ ᠪᠠᠶᠢᠵᠡᠢ᠃ ᠳᠡᠷᠡ ᠮᠠᠨᠢ ᠠᠯᠢ ᠡᠷᠳᠡ | ᠵᠢᠭᠳᠡ ᠶᠢᠨ ᠮᠣᠳᠣ ᠳᠠᠷᠢᠭᠠᠳ 200 ᠭᠠᠷᠦᠢ ᠨᠢ ᠤᠷᠭᠤᠵᠤ ᠠᠮᠵᠢᠯᠳᠠ ᠤᠯᠤᠭᠰᠠᠨ ᠠᠴᠠ ᠨᠠᠭᠠᠰᠢ 2015 | ᠣᠨ ᠳᠤ 3000 ᠰᠠᠭᠤᠷᠢ ᠵᠢᠭᠳᠡ ᠶᠢᠨ ᠮᠣᠳᠣ ᠠᠪᠴᠢᠷᠠᠭᠠᠳ ᠨᠢᠳᠣᠨᠣᠨ ᠪᠣᠯᠬᠤ ᠳᠤ ᠪᠦᠬᠦᠨ ᠢ ᠳᠠᠷᠢᠵᠦ | ᠨᠤᠭᠤᠭᠠᠷᠠᠭᠤᠯᠵᠡᠢ᠃ ᠲᠡᠶᠢᠨᠬᠦ ᠲᠡᠷᠡ᠄ ︽ᠠᠮᠢᠳᠤᠷᠠᠯ ᠰᠠᠶᠢᠵᠢᠷᠠᠬᠤ ᠳᠤᠰᠤᠮ ᠨᠤᠳᠤᠭ ᠤᠰᠤ᠂ ᠬᠡᠷ ᠬᠤᠷᠤᠭ᠎ᠠ ᠪᠠᠨ | ᠪᠦᠷ ᠰᠠᠶᠢᠬᠠᠨ ᠪᠠᠶᠢᠭᠤᠯᠵᠤ᠂ ᠠᠮᠢᠳᠤᠷᠠᠯ ᠤᠨ ᠬᠢᠷᠢ ᠬᠡᠮᠵᠢᠶ᠎ᠠ ᠪᠠᠨ ᠤᠯᠠᠮ ᠳᠡᠭᠡᠭᠰᠢᠯᠡᠬᠦᠯᠦᠶᠠ ᠬᠡᠵᠦ ᠪᠤᠳᠤᠬᠤ ᠶᠤᠮ | ᠃ ᠡᠯᠡᠰᠦᠨ ᠨᠤᠳᠤᠭ ᠮᠢᠨᠢ ᠨᠠᠳᠠᠳᠤ ᠤᠯᠳᠠᠰᠢ ᠦᠬᠡᠢ ᠰᠠᠶᠢᠬᠠᠨ ᠵᠤᠭᠠᠴᠠᠯ ᠤᠨ ᠡᠬᠢ ᠪᠠᠶᠠᠯᠢᠭ ᠢ ᠰᠤᠶᠤᠷᠬᠠᠵᠤ᠂ | ᠮᠠᠯᠵᠢᠬᠤ ᠰᠤᠶᠤᠯ ᠮᠢᠨᠢ ᠠᠮᠢᠳᠤᠷᠠᠯ ᠤᠨ ᠤᠶᠤᠨ ᠬᠦᠨᠡᠰᠦ ᠶᠢ ᠬᠠᠨᠭ᠍ᠭᠠᠵᠤ ᠦᠭᠴᠦ ᠪᠠᠶᠢᠨ᠎ᠠ᠃ ᠪᠢ ᠨᠤᠳᠤᠭ ᠤᠨ | ᠪᠤᠶᠠᠨ᠂ ᠰᠦᠷᠦᠭ ᠤᠨ ᠪᠤᠶᠠᠨ ᠳᠤ ᠵᠢᠷᠭᠠᠯᠳᠠᠢ ᠰᠠᠶᠢᠬᠠᠨ ᠠᠮᠢᠳᠤᠷᠠᠵᠦ ᠪᠠᠶᠢᠨ᠎ᠠ︾ ᠬᠡᠵᠦ ᠰᠡᠳᠬᠢᠯ ᠬᠠᠩᠬᠤᠯᠤᠭᠤᠨ | ᠶᠠᠷᠢᠨ᠎ᠠ᠃ | ᠴᠡᠩᠭᠡᠷ ᠭᠤᠪᠢ ᠶᠢᠨ ᠵᠡᠷᠭᠡᠯᠬᠡᠨ ᠳᠤ ᠨᠢᠬᠡᠨ ᠴᠤᠪᠤᠭ᠎ᠠ ᠳᠡᠮᠡᠬᠡᠳ ᠳᠡᠭᠰᠢ ᠬᠡᠮᠨᠡᠯᠳᠦ ᠬᠦᠳᠡᠯᠬᠡᠬᠡᠨ ᠲᠠᠢ ᠨᠢᠬᠡᠨ | ᠴᠡᠭ ᠪᠤᠯᠵᠤ ᠵᠢᠷᠪᠢᠯᠵᠡᠨ ᠨᠠᠭᠠᠰᠢᠯᠠᠭᠰᠠᠭᠠᠷ᠃ ᠳᠡᠮᠡᠬᠡᠨ ᠳᠡᠭᠡᠷ᠎ᠠ ᠪᠠᠨ ᠵᠤᠯᠪᠤᠭᠠᠳᠠᠶᠢᠬᠠᠨ ᠰᠠᠭᠤᠭᠰᠠᠨ ᠪᠦᠬᠡᠬᠠᠰ | ᠳᠤᠮᠤᠷᠠᠵᠦ ᠵᠢᠵᠢᠭᠷᠡᠨ ᠰᠦᠮᠠᠯᠵᠠᠨᠠ᠃ ᠵᠦᠭ ᠪᠦᠷᠢ ᠶᠢᠨ ᠵᠤᠴᠢᠳ ᠢ ᠠᠷᠤ ᠳᠠᠭᠠᠨ ᠳᠠᠭᠠᠭᠤᠯᠤᠨ ᠬᠦᠳᠦᠯᠵᠦ᠂ | ᠳᠡᠳᠡᠨ ᠢᠶᠠᠷ ᠨᠤᠳᠤᠭ ᠤᠨ ᠰᠠᠶᠢᠬᠠᠨ ᠢᠶᠠᠨ ᠰᠤᠨᠢᠷᠬᠠᠭᠤᠯᠬᠤ ᠭᠡᠭᠴᠢ ᠪᠠᠰᠠ ᠨᠢᠬᠡᠨ ᠵᠢᠷᠭᠠᠯ ᠲᠠᠢ ᠠᠵᠤ ᠪᠠᠶᠢᠭ᠎ᠠ | ᠪᠢᠯᠢᠤ︕ | | | | | | | | | | | | | | | | | | | | | | | | | | | | | | | | | | | | | | | | |