ᠴᠣᠭᠳᠣᠬᠦ᠋ᠷᠢᠶ᠎ᠡ ᠰᠣᠮᠣᠨ ᠳᠤ 700 ᠭᠠᠷᠦᠢ ᠶᠠᠰᠢᠯ ᠤᠨ ᠮᠣᠳᠣ ᠣᠷᠭᠤᠵᠣ ᠪᠠᠶᠢᠨ᠎ᠠ
ᠨᠡᠶᠢᠲᠡᠯᠡᠭᠰᠡᠨ ᠴᠠᠭ᠄
2021/12/15
  ᠡᠷᠳᠡᠨᠢᠠᠠᠭᠤᠯᠠ  ᠨᠠᠷᠠᠨ᠎ᠠ  ᠡᠷᠳᠡᠨᠢᠬᠦᠦ    5 ᠰᠠᠷ᠎ᠠ ᠶᠢᠨ ᠰᠡᠬᠦᠯᠴᠢ ᠪᠠᠷ᠂ ᠮᠠᠨ ᠤ ᠠᠯᠠᠱᠠ ᠶᠢᠨ ᠡᠮᠣᠨ᠎ᠡ ᠪᠡᠶ᠎ᠡ ᠪᠠᠷ ᠰᠣᠷᠪᠣᠯᠵᠢᠯᠠᠨ ᠮᠡᠳᠡᠭᠡᠯᠡᠬᠦ ᠳᠣᠭᠤᠶᠢᠯᠠᠩ ᠤᠨ ᠬᠢᠨ ᠠᠯᠠᠱᠠ ᠵᠡᠬᠦᠨ ᠬᠤᠰᠢᠭᠤᠨ ᠤ ᠴᠣᠭᠳᠣᠬᠦ᠋ᠷᠢᠶ᠎ᠡ ᠰᠣᠮᠣᠨ ᠤ ᠣᠯᠠᠭᠠᠨᠴᠣᠨᠵᠢ ᠭᠠᠴᠠᠭᠠᠨ ᠳᠤ ᠬᠦᠷᠬᠦ ᠳᠤ ᠠᠯᠠᠱᠠ ᠳᠤ ᠬᠤᠪᠣᠷᠬᠠᠨ ᠬᠠᠷᠠᠭᠳᠠᠬᠤ ᠪᠣᠯᠣᠭᠰᠠᠨ ᠶᠠᠰᠢᠯ ᠮᠣᠳᠣ ᠠᠳᠡ ᠬᠠᠷᠢᠨ ᠨᠣᠭᠤᠭᠠᠷᠠᠵᠣ ᠮᠠᠰᠢ ᠰᠠᠶᠢᠨ ᠣᠷᠭᠤᠵᠣ ᠪᠠᠶᠢᠨ᠎ᠠ᠃ ᠴᠣᠭᠳᠣᠬᠦ᠋ᠷᠢᠶ᠎ᠡ ᠰᠣᠮᠣᠨ ᠤ ᠶᠡᠷᠦᠩᠭᠡᠢ ᠪᠠᠳᠣᠯᠠᠭ᠎ᠠ ᠪᠠ ᠮᠡᠷᠭᠡᠵᠢᠯ ᠳᠡᠯᠭᠡᠷᠡᠬᠦᠯᠬᠦ ᠳᠦᠪ ᠤᠨ ᠠᠵᠢᠯᠳᠠᠨ ᠯᠢ ᠰᠢᠤᠸᠠᠢ ᠵᠢᠶᠦ᠋ᠨ ᠤ ᠳᠠᠨᠢᠯᠴᠠᠭᠤᠯᠬᠤ ᠪᠠᠷ᠂ ᠣᠣᠯ ᠳᠠᠭᠠᠨ ᠶᠠᠰᠢᠯ ᠮᠣᠳᠣ ᠠᠳᠡ ᠡᠯᠪᠡᠭ ᠣᠷᠭᠤᠳᠠᠭ ᠪᠠᠶᠢᠭᠰᠠᠨ᠃ ᠳᠡᠭᠡᠷ᠎ᠠ ᠵᠠᠭᠤᠨ ᠤ ᠳᠣᠮᠳᠠᠴᠢ ᠠᠴᠠ ᠪᠠᠶᠢᠭᠠᠯᠢ ᠣᠷᠴᠢᠨ ᠤ ᠮᠠᠭᠤᠳᠠᠯ ᠪᠠ ᠬᠦᠮᠣᠨ ᠤ ᠠᠵᠢᠯᠯᠠᠭᠠᠨ ᠠᠴᠠ ᠪᠣᠯᠵᠣ ᠡᠨᠡᠬᠦ ᠳᠦᠷᠦᠯ ᠤᠨ ᠮᠣᠳᠣ ᠶᠡᠭᠡᠪᠡᠷ ᠡᠪᠳᠡᠭᠳᠡᠨ ᠴᠦᠭᠡᠷᠡᠵᠣ᠂ ᠣᠳᠣ ᠪᠣᠯᠬᠤ ᠳᠤ ᠳᠦᠩᠭᠡᠵᠢ 700 ᠭᠠᠷᠦᠢ ᠯᠠ ᠦᠯᠡᠳᠡᠭᠰᠡᠨ ᠪᠠᠶᠢᠨ᠎ᠠ᠃  2012 ᠣᠨ ᠠᠴᠠ ᠰᠣᠮᠣᠨ ᠠᠴᠠ ᠶᠠᠰᠢᠯ ᠮᠣᠳᠣ ᠶᠢ ᠬᠠᠮᠠᠭᠠᠯᠠᠵᠣ ᠡᠬᠢᠯᠡᠨ᠂ ᠳᠣᠣᠷ ᠳᠠᠳᠠᠬᠤ᠂ ᠣᠢ ᠰᠢᠭᠤᠢ ᠶᠢᠨ ᠬᠠᠮᠠᠭᠠᠯᠠᠬᠤ ᠠᠵᠢᠯᠳᠠᠨ ᠠᠴᠠ ᠨᠢᠭᠡ ᠭᠠᠷᠠᠭ ᠲᠤ ᠬᠤᠶᠠᠷ ᠣᠳᠠᠭ᠎ᠠ ᠳᠣᠰᠬᠠᠢ ᠣᠴᠢᠵᠣ ᠦᠵᠡᠬᠦ᠂ ᠣᠭᠳᠣᠯᠬᠤ᠂ ᠳᠦᠯᠡᠬᠦ᠂ ᠵᠦᠭᠡᠭᠡᠬᠦ ᠮᠡᠳᠣ ᠶᠢᠨ ᠠᠵᠢᠯᠯᠠᠭ᠎ᠠ ᠶᠢ ᠬᠢᠵᠣ ᠪᠣᠯᠬᠤ ᠦᠭᠡᠢ ᠭᠡᠮᠡᠨ ᠬᠦᠮᠣᠰ ᠲᠤ ᠣᠬᠠᠭᠤᠯᠭ᠎ᠠ ᠬᠢᠬᠦ ᠵᠡᠷᠭᠡ ᠠᠷᠭ᠎ᠠ ᠪᠠᠷᠢᠯ ᠢᠶᠠᠷ ᠬᠠᠮᠠᠭᠠᠯᠠᠭᠰᠠᠨ ᠠᠴᠠ ᠦᠯᠡᠳᠡᠭᠰᠡᠨ ᠡᠳᠡᠭᠡᠷ ᠮᠣᠳᠣᠳ ᠨᠢ ᠢᠳᠡᠷᠬᠦᠨ ᠰᠠᠶᠢᠬᠠᠨ ᠣᠷᠭᠤᠵᠣ ᠪᠠᠶᠢᠨ᠎ᠠ ᠭᠡᠰᠡᠨ ᠪᠠᠶᠢᠨ᠎ᠠ᠃    ᠶᠠᠰᠢᠯ ᠤᠨ ᠦᠭᠡᠷ᠎ᠠ ᠨᠡᠷ᠎ᠠ ᠨᠢ ᠰᠢᠷ᠎ᠠ ᠰᠠᠩᠳᠠᠩ᠂ ᠢᠷᠠᠯᠳᠠ ᠨᠢ ᠶᠠᠰᠢᠯ ᠤᠨ ᠢᠵᠠᠭᠤᠷ ᠤᠨ ᠪᠣᠳᠠ ᠮᠣᠳᠣ ᠪᠣᠶᠣ ᠪᠠᠭ᠎ᠠ ᠳᠣᠷᠤᠭ ᠪᠣᠯᠬᠤ ᠶᠠᠰᠢᠯ ᠤᠨ ᠦᠷ᠎ᠠ ᠵᠢᠮᠢᠰ ᠪᠣᠯᠣᠨ᠎ᠠ᠃ ᠣᠷᠭᠤᠬᠤ ᠣᠷᠴᠢᠨ ᠪᠠ ᠭᠠᠷᠬᠤ ᠭᠠᠵᠠᠷ ᠨᠢ ᠠᠭᠤᠯᠠᠨ ᠰᠡᠬᠦᠳᠡᠷ ᠳᠠᠯ᠎ᠠ ᠶᠢᠨ ᠬᠦᠳᠦᠯ᠂ ᠭᠤᠣᠯ ᠵᠢᠯᠠᠭ᠎ᠠ᠂ ᠡᠯᠡᠰᠣᠨ ᠭᠠᠵᠠᠷ ᠢᠶᠠᠷ ᠣᠷᠭᠤᠵᠣ᠂ ᠠᠯᠠᠱᠠ ᠵᠡᠬᠦᠨ ᠬᠤᠰᠢᠭᠤ᠂ ᠠᠯᠠᠱᠠ ᠠᠭᠤᠯᠠᠨ ᠳᠤ ᠣᠷᠭᠤᠳᠠᠭ᠃ ᠬᠦᠮᠣᠰ ᠨᠠᠮᠣᠷ ᠤᠨ ᠣᠯᠠᠷᠢᠯ ᠳᠤ ᠪᠣᠯᠪᠠᠰᠣᠷᠠᠭᠰᠠᠨ ᠦᠷ᠎ᠠ ᠵᠢᠮᠢᠰ ᠢ ᠨᠢ ᠳᠡᠬᠦᠵᠣ᠂ ᠠᠷᠢᠯᠭᠠᠨ ᠴᠡᠪᠡᠷᠯᠡᠵᠣ᠂ ᠨᠠᠷᠠᠨ ᠳᠤ ᠬᠠᠳᠠᠭᠠᠵᠣ ᠭᠡᠷᠡᠭᠯᠡᠳᠡᠭ᠃ ᠠᠮᠳᠠ᠂ ᠴᠢᠨᠠᠷ ᠨᠢ ᠠᠮᠳᠠᠯᠢᠭ᠂ ᠦᠴᠦᠭᠡᠨ ᠭᠠᠰᠢᠭᠤᠨ᠂ ᠳᠡᠭᠰᠢ ᠴᠢᠨᠠᠷ ᠲᠠᠢ᠂ ᠮᠣᠳᠣᠨ ᠬᠠᠯᠢᠰᠣ ᠪᠠ ᠦᠨᠳᠣᠰᠣ ᠨᠢ ᠭᠠᠰᠢᠭᠤᠨ ᠠᠮᠳᠠ ᠲᠠᠢ᠂ ᠬᠦᠢᠳᠡᠨ ᠴᠢᠨᠠᠷ ᠲᠠᠢ᠃ ᠭᠤᠣᠯ ᠨᠢ ᠬᠠᠯᠠᠭᠤᠨ ᠢ ᠠᠷᠢᠯᠭᠠᠵᠣ᠂ ᠬᠤᠣᠷ᠎ᠠ ᠶᠢ ᠳᠠᠶᠢᠯᠵᠣ᠂ ᠴᠠᠷ ᠢ ᠬᠤᠪᠬᠤᠯᠵᠣ᠂ ᠬᠠᠨᠢᠶᠠᠬᠤ ᠶᠢ ᠵᠣᠭᠰᠣᠭᠠᠬᠤ ᠴᠢᠳᠠᠯ ᠲᠠᠢ᠂ ᠬᠠᠨᠢᠶᠠᠳᠣ ᠶᠢ ᠵᠣᠭᠰᠣᠭᠠᠨ᠂ ᠬᠠᠪᠣᠳᠠᠷ ᠪᠣᠭᠤᠮ᠎ᠠ᠂ ᠰᠢᠳᠣ ᠡᠪᠡᠳᠬᠦ᠂ ᠢᠯᠢᠳᠣ ᠶᠢ ᠵᠠᠰᠠᠨ᠎ᠠ᠃ ᠰᠠᠯᠠᠭ᠎ᠠ ᠮᠦᠴᠢᠷ ᠢ ᠨᠢ ᠴᠠᠢ ᠴᠢᠨᠠᠵᠣ ᠣᠣᠭᠤᠵᠣ ᠪᠣᠯᠣᠨ᠎ᠠ᠃    ᠴᠣᠭᠳᠣᠬᠦ᠋ᠷᠢᠶ᠎ᠡ ᠰᠣᠮᠣᠨ ᠳᠤ ᠰᠠᠭᠤᠭ᠎ᠠ ᠮᠦᠩᠭᠡᠨᠠᠰᠣᠨ ᠰᠣᠷᠪᠣᠯᠵᠢᠯᠠᠭᠴᠢ ᠳᠤ᠄ ︽ᠬᠠᠭᠤᠴᠢᠨ ᠳᠠᠭᠠᠨ ᠡᠨᠡ ᠮᠣᠳᠣ ᠦᠨᠳᠣᠷ ᠮᠦᠷᠳᠡᠭᠡᠨ ᠪᠦᠳᠦᠬᠦᠨ᠂ ᠪᠦᠳᠦᠨ ᠭᠡᠷ ᠤᠨ ᠴᠢᠨᠡᠭᠡ ᠲᠠᠢ ᠣᠷᠭᠤᠨ᠂ ᠳᠡᠮᠡᠭᠡ ᠮᠠᠯ ᠤᠳ ᠰᠡᠬᠦᠳᠡᠷ ᠎ ᠲᠤᠨᠢ ᠠᠮᠠᠷᠠᠵᠣ ᠭᠡᠪᠳᠡᠳᠡᠭ ᠪᠠᠶᠢᠭᠰᠠᠨ᠃ ᠬᠠᠭᠤᠴᠢᠨ ᠤ ᠬᠦᠮᠣᠰ ᠴᠠᠢ ᠶᠢᠨ ᠣᠷᠣᠨ ᠳᠤ ᠴᠢᠨᠠᠵᠣ ᠣᠣᠭᠤᠳᠠᠭ᠂ ᠬᠠᠯᠠᠭᠤ ᠳᠠᠷᠣᠬᠤ ᠦᠢᠯᠡᠳᠦᠯ ᠲᠠᠢ᠃ ᠪᠠᠰᠠ ᠡᠨᠡᠬᠦ ᠮᠣᠳᠣ ᠪᠠᠷ ᠰᠠᠶᠢᠯᠣᠮᠡᠯ ᠬᠢᠬᠦ ᠳᠤ ᠰᠠᠶᠢᠨ ᠪᠠᠶᠢᠳᠠᠭ᠃ ᠡᠷᠳᠡᠨ ᠎ ᠤ ᠣᠷᠠᠴᠣᠳ ᠡᠨᠡᠬᠦ ᠮᠣᠳᠣ ᠪᠠᠷ ᠣᠯᠠᠨ ᠰᠠᠶᠢᠬᠠᠨ ᠰᠠᠶᠢᠯᠪᠣᠷᠢ ᠬᠢᠳᠡᠭ ᠪᠠᠶᠢᠯ᠎ᠠ᠃ ᠡᠨᠡ ᠮᠣᠳᠣ ᠶᠡᠭᠡ ᠬᠠᠳᠠᠭᠤ ᠣᠴᠢᠷ ᠠᠴᠠ ᠪᠠᠰᠠ ᠠᠶᠠᠨ ᠤ ᠬᠤᠩᠬᠤ ᠶᠢᠨ ᠭᠡᠯᠡ᠂ ᠳᠠᠰᠢᠭᠤᠷ ᠤᠨ ᠡᠰᠢ᠂ ᠠᠶᠢᠷᠠᠭ ᠤᠨ ᠪᠦᠯᠢᠬᠦᠷ ᠤᠨ ᠡᠰᠢ᠂ ᠠᠶᠠᠭ᠎ᠠ᠂ ᠬᠤᠳᠳᠤᠭ ᠤᠨ ᠱᠠᠳᠣ ᠭᠡᠬᠦ ᠮᠡᠳᠣ ᠵᠦᠢᠯ ᠢ ᠬᠢᠳᠡᠭ᠃ ᠣᠴᠢᠷ ᠨᠢ ᠡᠨᠡ ᠮᠣᠳᠣ ᠪᠠᠷ ᠬᠤᠳᠳᠤᠭ ᠱᠠᠳᠠᠯᠠᠪᠠᠯ ᠬᠤᠳᠳᠤᠭ ᠤᠨ ᠣᠰᠣ ᠬᠤᠪᠢᠷᠠᠬᠤ ᠦᠭᠡᠢ᠂ ᠮᠣᠳᠣ ᠨᠢ ᠢᠯᠵᠢᠷᠠᠵᠣ ᠦᠮᠡᠬᠡᠶᠢᠷᠡᠳᠡᠭ ᠦᠭᠡᠢ︾ ᠭᠡᠵᠣ ᠶᠡᠰᠢᠯ ᠤᠨ ᠭᠡᠷᠡᠭᠴᠡᠭᠡ ᠣᠶᠢᠯᠡᠳᠦᠯ ᠢ ᠨᠠᠷᠢᠯᠢᠭ ᠳᠠᠶᠢᠯᠪᠣᠷᠢᠯᠠᠵᠣ ᠪᠢᠯᠡ᠃
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号