ᠴᠤᠭᠳᠦᠬᠦ᠋ᠷᠢᠶ᠎ᠠ ᠰᠤᠮᠤᠨ ᠤ ᠵᠠᠭᠳᠤ ᠭᠠᠴᠠᠭ᠎ᠠ ᠳᠦᠮᠡ ᠭᠠᠷᠤᠢ ᠬᠠᠭᠤᠴᠢᠨ ᠤ ᠳᠠᠩᠰᠠ ᠮᠠᠲ᠋ᠧᠷᠢᠶᠠᠯ ᠢ ᠬᠤᠷᠢᠶᠠᠨ ᠬᠠᠳᠠᠭᠠᠯᠠᠵᠦ ᠪᠠᠶᠢᠨ᠎ᠠ
ᠨᠡᠶᠢᠲᠡᠯᠡᠭᠰᠡᠨ ᠴᠠᠭ᠄
2021/12/15
 ᠡᠷᠳᠡᠨᠢᠠᠠᠭᠤᠯᠠ  ᠨᠠᠷᠠᠨ᠎ᠠ  ᠡᠷᠳᠡᠨᠢᠬᠦᠦ               ᠰᠤᠷᠪᠤᠯᠵᠢᠯᠠᠭᠴᠢ ᠠᠯᠠᠱᠠ ᠵᠡᠬᠦᠨ ᠬᠤᠰᠢᠭᠤᠨ ᠤ ᠴᠤᠭᠳᠦᠬᠦ᠋ᠷᠢᠶ᠎ᠠ ᠰᠤᠮᠤᠨ ᠤ ᠵᠠᠭᠳᠤ ᠭᠠᠴᠠᠭ᠎ᠠ ᠪᠠᠷ ᠰᠤᠷᠪᠤᠯᠵᠢᠯᠠᠨ ᠶᠠᠪᠤᠬᠤ ᠳᠤᠮᠳᠠ ᠳᠤᠰ ᠭᠠᠴᠠᠭ᠎ᠠ ᠳᠡᠭᠡᠷ᠎ᠠ ᠵᠠᠭᠤᠨ ᠤ ᠳᠠᠪᠢᠭᠠᠳ ᠤᠨ ᠠᠴᠠ ᠨᠠᠶᠠᠭᠠᠳ ᠤᠨ ᠤ ᠰᠡᠬᠦᠯᠴᠢ ᠬᠦᠷᠳᠡᠯᠡᠬᠢ ᠳᠦᠮᠠ ᠭᠠᠷᠤᠢ ᠬᠤᠪᠢ ᠬᠠᠭᠤᠴᠢᠨ ᠳᠠᠩᠰᠠ ᠮᠠᠲ᠋ᠧᠷᠢᠶᠠᠯ ᠢ ᠬᠤᠷᠢᠶᠠᠨ ᠬᠠᠳᠠᠭᠠᠯᠠᠵᠦ ᠪᠠᠶᠢᠭ᠎ᠠ
᠎ ᠶᠢ ᠦᠵᠡᠬᠡᠳ ᠭᠠᠶᠢᠬᠠᠨ ᠪᠠᠶᠠᠷᠯᠠᠵᠦ ᠪᠢᠯᠡ᠃
      ᠵᠠᠭᠳᠤ ᠭᠠᠴᠠᠭ᠎ᠠ ᠬᠠᠭᠤᠴᠢᠨ ᠳᠠᠩᠰᠠ ᠮᠠᠲ᠋ᠧᠷᠢᠶᠠᠯ ᠢ ᠠᠪᠳᠠᠷᠠᠯᠠᠨ ᠬᠤᠷᠢᠶᠠᠵᠦ ᠪᠤᠢ᠃ ᠪᠢᠳᠠᠨ ᠢ ᠬᠦᠷᠬᠦ ᠎ ᠳᠤ ᠭᠠᠴᠠᠭᠠᠨ ᠤ ᠬᠢᠨ ᠶᠠᠭ ᠬᠠᠭᠤᠴᠢᠨ ᠳᠠᠩᠰᠠ ᠮᠠᠲ᠋ᠧᠷᠢᠶᠠᠯ ᠢᠶᠠᠨ ᠭᠠᠷᠭᠠᠵᠦ᠂ ᠴᠢᠬᠢᠭᠳᠡᠬᠦ ᠬᠤᠷᠤᠬᠠᠶᠢᠳᠠᠬᠤ ᠠᠴᠠ ᠰᠡᠷᠬᠡᠶᠢᠯᠡᠨ ᠪᠠᠶᠢᠴᠠᠭᠠᠵᠦ ᠪᠠᠶᠢᠬᠤ ᠲᠠᠢ ᠳᠠᠭᠠᠷᠠᠯᠳᠤᠭᠰᠠᠨ ᠶᠤᠮ᠃ ᠳᠡᠬᠡᠬᠡᠳ ᠡᠨᠡᠬᠦ ᠬᠠᠭᠤᠴᠢᠨ ᠳᠠᠩᠰᠠ ᠮᠠᠲ᠋ᠧᠷᠢᠶᠠᠯ ᠢ ᠦᠵᠡᠵᠦ ᠰᠤᠨᠢᠷᠬᠠᠵᠦ ᠴᠢᠳᠠᠭᠰᠠᠨ ᠪᠢᠯᠡ᠃ ᠡᠳᠡᠭᠡᠷ ᠳᠠᠩᠰᠠ ᠮᠠᠲ᠋ᠧᠷᠢᠶᠠᠯ ᠨᠢ ᠳᠡᠬᠡᠳᠦ ᠱᠠᠳᠤᠨ ᠤ ᠤᠬᠠᠭᠤᠯᠭ᠎ᠠ ᠶᠢᠨ ᠪᠢᠴᠢᠭ ᠮᠠᠲ᠋ᠧᠷᠢᠶᠠᠯ᠂ ᠠᠯᠠᠱᠠ ᠬᠤᠰᠢᠭᠤᠨ ᠤ ᠡᠯ᠎ᠠ ᠪᠠᠶᠢᠭᠤᠯᠭ᠎ᠠ ᠨᠢᠬᠡᠴᠢ ᠶᠢᠨ ᠪᠠᠭᠤᠯᠭᠠᠭᠰᠠᠨ ᠪᠢᠴᠢᠭ ᠮᠠᠲ᠋ᠧᠷᠢᠶᠠᠯ᠂ ᠠᠯᠠᠱᠠ ᠬᠤᠰᠢᠭᠤᠨ ᠤ ᠬᠦᠪᠡᠭᠡᠨᠨᠠᠮᠤᠭ ᠰᠤᠮᠤ᠂ ᠴᠠᠭᠠᠨᠪᠤᠯᠠᠭ ᠰᠤᠮᠤ ᠠᠴᠠ ᠭᠠᠷᠭᠠᠭᠰᠠᠨ ᠪᠢᠴᠢᠭ ᠮᠠᠲ᠋ᠧᠷᠢᠶᠠᠯ᠂ ᠵᠠᠭᠳᠤ ᠭᠠᠴᠠᠭᠠᠨ ᠠᠴᠠ ᠭᠠᠷᠭᠠᠭᠰᠠᠨ ᠡᠯ᠎ᠠ ᠵᠦᠢᠯ ᠤᠨ ᠪᠢᠴᠢᠭ ᠮᠠᠲ᠋ᠧᠷᠢᠶᠠᠯ ᠵᠢᠴᠢ ᠳᠡᠭᠡᠭᠰᠢ ᠮᠡᠳᠡᠬᠦᠯᠦᠯᠳᠡ ᠬᠢᠭᠰᠡᠨ ᠪᠢᠴᠢᠭ᠂ ᠵᠠᠭᠳᠤ ᠭᠠᠴᠠᠭᠠᠨ ᠤ ᠦᠢᠯᠡᠳᠪᠦᠷᠢᠯᠡᠯ ᠤᠨ ᠡᠯ᠎ᠠ ᠵᠦᠢᠯ ᠤᠨ ᠬᠡᠷᠡᠴᠢ ᠪᠠᠷᠢᠮᠳᠠ᠂ ᠠᠵᠢᠯ ᠤᠨ ᠪᠠᠶᠢᠷᠢᠯᠠᠭᠤᠯᠤᠯᠳᠠ᠂ ᠠᠰᠢᠭ ᠤᠷᠤᠯᠭ᠎ᠠ ᠶᠢᠨ ᠬᠤᠪᠢᠶᠠᠷᠢᠯᠠᠯᠳᠠ ᠶᠢᠨ ᠳᠠᠩᠰᠠ ᠵᠡᠷᠬᠡ ᠤᠯᠠᠨ ᠵᠦᠢᠯ ᠤᠨ ᠠᠭᠤᠯᠭ᠎ᠠ ᠪᠠᠷ ᠪᠦᠷᠢᠯᠳᠦᠵᠡᠢ᠃ ᠵᠠᠭᠳᠤ ᠭᠠᠴᠠᠭᠠᠨ ᠤ ᠳᠡᠳ᠋ ᠱᠦᠵᠢ ᠤᠶᠤᠨᠬᠤᠸᠠᠷ᠄ ︽ᠤᠯᠠᠨ ᠵᠢᠯ ᠤᠨ ᠳᠤᠷᠰᠢᠳᠠ ᠡᠳᠡᠬᠡᠷ ᠳᠠᠩᠰᠠ ᠡᠮᠬᠢᠳᠬᠡᠯ ᠢ ᠳᠡᠮᠦᠷ ᠠᠪᠳᠠᠷ᠎ᠠ ᠳᠤ ᠬᠠᠳᠠᠭᠠᠯᠠᠭᠰᠠᠭᠠᠷ ᠢᠷᠡᠭᠰᠡᠨ ᠶᠤᠮ᠃ ᠡᠮᠦᠨ᠎ᠠ ᠬᠡᠳᠦᠨ ᠵᠢᠯ ᠪᠢ ᠭᠠᠴᠠᠭᠠᠨ ᠤ ᠱᠦᠵᠢ ᠪᠠᠶᠢᠬᠤ ᠦᠶ᠎ᠠ ᠳᠤ ᠭᠠᠴᠠᠭᠠᠨ ᠤ ᠠᠯᠪᠠᠯᠠᠬᠤ ᠬᠡᠷ ᠪᠠᠶᠢᠰᠢᠩ ᠢ ᠰᠢᠨ᠎ᠠ ᠪᠠᠷ ᠪᠠᠷᠢᠵᠦ ᠪᠠᠶᠢᠭᠤᠯᠤᠭᠰᠠᠨ ᠪᠢᠯᠡ᠃ ᠳᠡᠬᠡᠬᠡᠳ ᠭᠠᠴᠠᠭᠠᠨ ᠤ ᠬᠠᠭᠤᠴᠢᠨ ᠬᠦᠷᠦᠩᠭᠡ ᠠᠴᠠ ᠡᠳᠡᠬᠡᠷ ᠳᠠᠩᠰᠠ ᠡᠮᠬᠢᠳᠬᠡᠯ ᠢ ᠦᠮᠴᠢᠷᠬᠡᠨ ᠦᠯᠡᠳᠡᠬᠡᠵᠦ᠂ ᠰᠢᠨ᠎ᠠ ᠰᠠᠭᠤᠷᠢᠰᠢᠯ ᠳᠠᠭᠠᠨ ᠠᠪᠴᠢᠷᠠᠭᠰᠠᠨ᠃ ᠡᠳᠡᠭᠡᠷ ᠬᠤᠪᠤᠷ ᠨᠠᠨᠳᠢᠨ ᠳᠠᠩᠰᠠ ᠡᠮᠬᠢᠳᠬᠡᠯ ᠢᠶᠠᠨ ᠠᠮᠤᠷ ᠲᠦᠪᠰᠢᠨ ᠬᠤᠷᠢᠶᠠᠨ ᠬᠠᠳᠠᠭᠠᠯᠠᠬᠤ᠂ ᠦᠵᠡᠵᠦ ᠠᠰᠢᠭᠯᠠᠬᠤ ᠳᠤ ᠳᠦᠬᠦᠮ ᠪᠤᠯᠭᠠᠬᠤ ᠵᠡᠷᠬᠡ ᠡᠬᠦᠳᠡᠨ ᠠᠴᠠ ᠪᠤᠳᠤᠯᠬᠢᠯᠠᠵᠦ ᠤᠳᠤ ᠶᠠᠭ ᠵᠤᠭᠤᠰ ᠮᠦᠩᠭᠦ ᠭᠤᠶᠤᠴᠢᠯᠠᠵᠦ ᠪᠤᠢ᠃ ᠬᠤᠵᠢᠮ ᠡᠳᠡᠬᠡᠷ ᠳᠠᠩᠰᠠ ᠡᠮᠬᠢᠳᠬᠡᠯ ᠨᠡᠩ ᠰᠠᠶᠢᠬᠠᠨ ᠬᠠᠳᠠᠭᠠᠯᠠᠭᠳᠠᠬᠤ ᠨᠦᠬᠦᠴᠡᠯ ᠪᠤᠯᠤᠮᠵᠢ ᠲᠠᠢ ᠪᠤᠯᠬᠤ ᠶᠤᠮ︾ ᠬᠡᠵᠦ
ᠪᠠᠶᠢᠯ᠎ᠠ᠃
        ᠪᠢᠳᠠ ᠡᠳᠡᠬᠡᠷ ᠬᠠᠭᠤᠴᠢᠨ ᠳᠠᠩᠰᠠ ᠮᠠᠲ᠋ᠧᠷᠢᠶᠠᠯ ᠢ ᠰᠤᠨᠢᠷᠬᠠᠬᠤ ᠳᠤᠮᠳᠠ ᠳᠠᠩᠰᠠ ᠪᠠᠷᠢᠮᠳᠠ ᠶᠢ ᠪᠤᠭᠤᠵᠤ ᠪᠠᠶᠢᠭᠰᠠᠨ 1959 ᠤᠨ ᠤ 4 ᠰᠠᠷ᠎ᠠ ᠶᠢᠨ 13᠎ ᠤ ᠡᠳᠦᠷ ᠤᠨ ︽ᠠᠯᠠᠱᠠᠠ ᠰᠤᠨᠢᠨ︾᠎ ᠢ ᠦᠵᠡᠬᠡᠳ ᠶᠡᠬᠡᠳᠡ ᠰᠤᠴᠢᠵᠦ ᠪᠠᠶᠠᠷᠯᠠᠭᠰᠠᠨ ᠶᠤᠮ᠃ ᠡᠨᠡᠬᠦ ᠬᠠᠭᠤᠴᠢᠨ ᠰᠤᠨᠢᠨ ᠳᠡᠭᠡᠷ᠎ᠠ ᠬᠡᠪᠯᠡᠯ ᠡᠬᠢᠯᠡᠭᠰᠡᠨ ᠬᠤᠭᠤᠴᠠᠭ᠎ᠠ ᠨᠢ 1958 ᠤᠨ ᠤ 11 ᠰᠠᠷ᠎ᠠ ᠶᠢᠨ 10᠎ ᠤ ᠡᠳᠦᠷ ᠬᠡᠵᠦ ᠳᠤᠳᠤᠷᠬᠠᠢ ᠳᠡᠮᠳᠡᠭᠯᠡᠵᠦ ᠪᠠᠶᠢᠪᠠ᠃ ᠤᠴᠢᠷ ᠨᠢ ᠦᠩᠭᠡᠷᠡᠭᠰᠡᠨ ᠳᠤ ᠪᠢᠳᠠ ᠠᠯᠠᠱᠠ ᠳᠤ ᠳᠠᠪᠢᠭᠠᠳ ᠤᠨ ᠳᠤ ︽ᠮᠠᠯᠴᠢᠳ ᠤᠨ ᠰᠤᠨᠢᠨ︾᠂ ᠵᠢᠷᠠᠭᠠᠳ ᠤᠨ ᠳᠤ ︽ᠪᠠᠶᠠᠨᠨᠠᠭᠤᠷ ᠤᠨ ᠰᠤᠨᠢᠨ︾᠂ ᠳᠠᠯᠠᠭᠠᠳ ᠤᠨ ᠳᠤ ︽ᠠᠯᠠᠱᠠᠨ ᠵᠡᠬᠦᠨ ᠬᠤᠰᠢᠭᠤᠨ ᠤ ᠰᠤᠨᠢᠨ︾᠂ ᠠᠯᠠᠱᠠ ᠠᠶᠢᠮᠠᠭ ᠪᠠᠶᠢᠭᠤᠯᠤᠭᠳᠠᠭᠰᠠᠨ ᠠᠴᠠ ᠬᠤᠶᠢᠰᠢ ︽ᠠᠯᠠᠱᠠᠨ ᠤ ᠰᠤᠨᠢᠨ︾᠂ ︽ᠠᠯᠠᠱᠠ ᠶᠢᠨ ᠡᠳᠦᠷ ᠤᠨ ᠰᠤᠨᠢᠨ︾ ᠬᠡᠪᠯᠡᠭᠳᠡᠵᠦ ᠪᠠᠶᠢᠭᠰᠠᠨ ᠬᠡᠵᠦ ᠦᠵᠡᠳᠡᠭ ᠪᠠᠶᠢᠭᠰᠠᠨ ᠪᠢᠯᠡ᠃ ᠳᠡᠬᠡᠬᠡᠳ ᠡᠨᠡᠬᠦ ᠬᠠᠭᠤᠴᠢᠨ ᠰᠤᠨᠢᠨ ᠨᠢ ᠠᠯᠠᠱᠠ ᠎ ᠶᠢᠨ ᠰᠤᠨᠢᠨ ᠤ ᠳᠡᠦᠬᠡ ᠶᠢᠨ ᠳᠤᠬᠠᠢ ᠰᠢᠨ᠎ᠠ ᠮᠡᠳᠡᠬᠡᠯᠡᠯ ᠬᠠᠩᠭᠠᠵᠦ ᠦᠭᠭᠦᠭᠰᠡᠨ ᠳᠤ ᠪᠢᠳᠠ ᠪᠠᠶᠠᠷᠯᠠᠨ  ᠳᠤᠭᠳᠤᠯᠤᠭᠰᠠᠨ ᠪᠠᠶᠢᠭ᠎ᠠ ᠶᠤᠮ᠃
                   
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号