| | ︽ᠳᠤᠮᠳᠠᠳᠤ ᠤᠯᠤᠰ ᠤᠨ ᠡᠪ ᠬᠠᠮᠳᠤ ᠨᠠᠮ ᠪᠢᠳᠠᠨ ᠢ ᠤᠳᠤᠷᠢᠳᠤᠨ ᠮᠠᠨ ᠤ ᠤᠯᠤᠰ ᠢᠶᠠᠨ ᠪᠠᠶᠠᠨ ᠴᠢᠨᠡᠬᠡᠯᠢᠭ | ᠬᠦᠴᠦᠷᠭᠡᠭ ᠤᠯᠤᠰ ᠪᠤᠯᠭᠠᠨ ᠪᠦᠳᠦᠬᠡᠨ ᠪᠠᠶᠢᠭᠤᠯᠵᠤ᠂ ᠨᠡᠶᠢᠬᠡᠮ ᠬᠦᠭᠵᠢᠨ ᠠᠷᠠᠳ ᠪᠠᠶᠠᠵᠢᠵᠦ᠂ ᠠᠮᠢᠳᠤᠷᠠᠯ | ᠤᠯᠠᠮ ᠠᠴᠠ ᠤᠯᠠᠮ ᠵᠤᠯ ᠵᠢᠷᠭᠠᠯ ᠢᠶᠠᠷ ᠪᠢᠯᠬᠠᠵᠦ ᠪᠠᠶᠢᠨ᠎ᠠ᠃ ᠨᠠᠮ ᠳᠠᠭᠠᠨ ᠳᠠᠯᠠᠷᠬᠠᠵᠦ᠂ ᠨᠠᠮ ᠤᠨ ᠢᠶᠠᠨ ᠨᠢᠬᠡᠨ | ᠪᠦᠷᠢᠯᠳᠦᠬᠦᠨ ᠪᠤᠯᠵᠤ᠂ ᠨᠠᠮ᠂ ᠠᠷᠠᠳ ᠲᠦᠮᠠᠨ ᠳᠡᠭᠡᠨ ᠦᠢᠯᠡᠴᠢᠯᠡᠨ᠂ ᠦᠳᠡᠯᠦᠬᠡ ᠨᠠᠰᠦ ᠪᠠᠨ ᠤᠯᠠᠮ ᠦᠩᠭᠡ | ᠬᠡᠷᠡᠯᠳᠡᠢ᠂ ᠤᠳᠬ᠎ᠠ ᠠᠭᠤᠯᠭ᠎ᠠ ᠲᠠᠢ ᠦᠩᠭᠡᠷᠡᠬᠦᠯᠦᠶᠠ ᠬᠡᠵᠦ ᠪᠤᠳᠤᠵᠤ ᠪᠠᠶᠢᠨ᠎ᠠ︾᠃ | | ᠠᠯᠠᠱᠠ ᠵᠡᠬᠦᠨ ᠬᠤᠰᠢᠭᠤᠨ ᠤ ᠤᠯᠠᠨᠪᠤᠯᠠᠬ ᠪᠠᠯᠭᠠᠰᠤᠨ ᠤ ᠲᠥᠬᠦᠮ ᠭᠠᠴᠠᠭᠠᠠ ᠤ ᠮᠠᠯᠴᠢᠨ ᠪᠥᠷᠢᠨᠳᠡᠬᠦᠰ᠂ | ᠳᠡᠭᠷᠢ ᠠᠵᠤ ᠠᠬᠤᠢ ᠮᠡᠷᠬᠡᠵᠢᠯ ᠤᠨ ᠨᠡᠬᠡᠬᠡᠯᠳᠡ ᠶᠢᠨ ᠤᠷᠤᠨ ᠤ ᠳᠡᠭᠷᠢ ᠡᠯᠡᠰᠦ ᠪᠠᠯᠭᠠᠰᠤᠨ ᠤ ᠳᠡᠮᠡᠬᠡᠨ ᠠᠭᠤᠯᠠ | ᠭᠠᠴᠠᠭᠠᠨ ᠤ ᠮᠠᠯᠴᠢᠨ ᠬᠡᠦᠬᠡᠢ᠂ ᠠᠯᠠᠱᠠ ᠵᠡᠬᠦᠨ ᠬᠤᠰᠢᠭᠤᠨ ᠤ ᠵᠢᠷᠠᠳᠠᠢ ᠪᠠᠯᠭᠠᠰᠦᠨ ᠤ ᠵᠤᠭᠤᠰᠳᠤᠯᠤᠭᠠᠢ | ᠭᠠᠴᠠᠭᠠᠨ ᠤ ᠮᠠᠯᠴᠢᠨ ᠯᠢ ᠸᠠᠨ ᠵᠢᠢ ᠵᠡᠷᠬᠡ ᠨᠠᠮ ᠳᠤ ᠤᠷᠤᠬᠤ ᠪᠠᠷ ᠡᠷᠮᠡᠯᠵᠡᠯᠡᠵᠦ ᠪᠠᠶᠢᠭ᠎ᠠ ᠳᠠᠯᠠᠭᠠᠳ ᠨᠠᠰᠤᠳᠠᠢ | ᠭᠤᠷᠪᠠᠨ ᠨᠠᠰᠤᠳᠠᠨ ᠢ ᠰᠤᠷᠪᠤᠯᠵᠢᠯᠠᠬᠤ ᠳᠤ ᠳᠡᠳᠡ ᠪᠦᠷ ᠢᠩᠬᠢᠵᠦ ᠶᠠᠷᠢᠵᠦ ᠪᠠᠶᠢᠭᠰᠠᠨ ᠶᠤᠮ᠃ | ᠦᠳᠡᠯᠦᠬᠡ ᠨᠠᠰᠤᠨ ᠳᠠᠭᠠᠨ ᠨᠠᠮ ᠳᠤ ᠤᠷᠤᠬᠤ ᠪᠠᠷ ᠵᠢᠳᠬᠦᠵᠦ᠂ ᠦᠪᠡᠷ ᠤᠨ ᠨᠢᠬᠡ ᠨᠠᠰᠤᠨ ᠤ ᠬᠦᠰᠡᠯ | ᠵᠤᠷᠢᠯᠳᠡ ᠪᠠᠨ ᠳᠡᠷᠬᠡᠯᠰᠢᠬᠦᠯᠬᠦ ᠪᠠᠷ ᠴᠢᠷᠮᠠᠶᠢᠵᠦ ᠪᠠᠶᠢᠭ᠎ᠠ ᠭᠤᠷᠪᠠᠨ ᠪᠤᠭᠤᠷᠤᠯ ᠢ ᠳᠠᠨᠢᠯᠴᠠᠭᠤᠯᠵᠤ᠂ ᠳᠠᠳᠡ | ᠶᠠᠭᠤᠨ ᠳᠤ ᠢᠩᠬᠢᠵᠦ ᠶᠠᠷᠢᠵᠦ ᠪᠠᠶᠢᠭ᠎ᠠ ᠶᠢ ᠤᠶᠢᠯᠠᠭᠠᠶ᠎ᠠ᠃ | | ︽ᠨᠠᠷᠠᠨ ᠤ ᠭᠡᠷᠡᠯ ᠲᠥᠮᠡᠡ ᠪᠤᠳᠠᠰ ᠢ ᠠᠮᠢᠯᠠᠭᠤᠯᠵᠤ᠂ ᠨᠠᠮ ᠤᠨ ᠠᠴᠢ ᠲᠥᠮᠡᠡ ᠤᠯᠠᠠ ᠢ ᠭᠡᠶᠢᠬᠦᠯᠦᠨᠠ︾ | ᠪᠥᠷᠢᠨᠳᠡᠬᠦᠰ ᠪᠤᠯ ᠠᠯᠠᠱᠠ ᠵᠡᠬᠦᠨ ᠬᠤᠰᠢᠭᠤᠨ ᠤ ᠤᠯᠠᠨᠪᠤᠯᠠᠬ ᠪᠠᠯᠭᠠᠰᠤᠨ ᠤ ᠲᠥᠬᠦᠮ ᠭᠠᠴᠠᠭᠠᠠ ᠤ ᠮᠠᠯᠴᠢᠨ᠃ | ᠡᠨᠡ ᠵᠢᠯ ᠳᠠᠯᠠᠠ ᠭᠤᠷᠪᠠᠨ ᠨᠠᠰᠤ ᠲᠠᠢ᠂ ᠡᠭᠡᠯ ᠵᠢᠷ ᠤᠨ ᠬᠥᠳᠡᠭᠡ ᠶᠢᠨ ᠭᠤᠷᠪᠠᠳᠤᠭᠠᠷ ᠳᠡᠰ ᠤᠨ ᠵᠡᠮᠳᠡᠭ ᠪᠤᠷᠤ | ᠮᠠᠯᠴᠢᠨ᠃ 2021 ᠤᠨ ᠤ 5 ᠰᠠᠷ᠎ᠠ ᠶᠢᠨ 7 ᠤ ᠡᠳᠦᠷ᠂ ᠠᠯᠠᠱᠠ ᠵᠡᠬᠦᠨ ᠬᠤᠰᠢᠭᠤᠨ ᠤ ᠤᠯᠠᠨᠪᠤᠯᠠᠬ | ᠪᠠᠯᠭᠠᠰᠤᠨ ᠤ ᠲᠥᠬᠦᠮ ᠭᠠᠴᠠᠭᠠᠠ ᠤ ᠨᠠᠮ ᠤᠨ ᠡᠬᠦᠷ ᠤᠨ ᠶᠡᠭᠡ ᠬᠤᠷᠠᠯ ᠢᠶᠠᠷ ᠳᠠᠮᠵᠢᠨ ᠵᠦᠪᠰᠢᠶᠡᠷᠡᠭᠳᠡᠵᠦ᠂ | ᠪᠡᠯᠡᠳᠭᠡᠯ ᠨᠠᠮ ᠤᠨ ᠭᠡᠰᠢᠬᠦᠨ ᠪᠤᠯᠵᠤ᠂ ᠨᠠᠮ ᠳᠠᠭᠠᠨ ᠳᠠᠩᠭᠠᠷᠢᠭᠯᠠᠨ ᠨᠠᠮ ᠳᠤ ᠤᠷᠤᠬᠤ ᠬᠡᠰᠡᠨ ᠬᠦᠰᠡᠯ | ᠡᠷᠮᠡᠯᠵᠡᠯᠡᠯ ᠢᠶᠠᠨ ᠳᠡᠷᠬᠡᠯᠰᠢᠬᠦᠯᠵᠡᠢ᠃ | ︽ᠪᠢ 1966 ᠤᠨ ᠠᠴᠠ 1978 ᠤᠨ ᠪᠤᠯᠳᠠᠯ᠎ᠠ ᠲᠤᠮᠳᠠᠳᠤ ᠤᠯᠤᠰ ᠤᠨ ᠡᠪ ᠬᠠᠮᠳᠤ ᠨᠠᠮ ᠤᠷᠤᠬᠤ ᠪᠠᠷ | ᠤᠯᠠᠨᠳᠠ ᠭᠤᠶᠤᠴᠢᠯᠠᠭᠰᠠᠨ ᠶᠤᠮ᠃ ᠳᠤᠬᠠᠢ ᠶᠢᠨ ᠦᠶ᠎ᠠ ᠳᠤ ᠨᠢᠬᠡᠨ ᠡᠪ ᠬᠠᠮᠳᠤ ᠨᠠᠮ ᠤᠨ ᠬᠡᠰᠢᠬᠦᠨ ᠤ | ᠪᠠᠷᠢᠮᠵᠢᠶ᠎ᠠ ᠳᠤ ᠬᠦᠷᠴᠦ ᠴᠢᠳᠠᠭᠰᠠᠨ ᠦᠬᠡᠢ ᠪᠠᠶᠢᠭᠰᠠᠨ ᠪᠠᠶᠢᠬ᠎ᠠ᠃ ᠬᠡᠪᠡᠴᠦ ᠪᠢ ᠵᠤᠷᠢᠭ ᠰᠢᠨᠳᠠᠷᠠᠵᠦ ᠢᠳᠡᠬᠡᠯ | ᠠᠯᠳᠠᠭ᠎ᠠ ᠦᠬᠡᠢ᠃ ᠬᠦᠮᠦᠨ ᠤᠯᠠᠨ ᠳᠠᠭᠠᠨ ᠳᠤᠰᠠ ᠲᠠᠢ᠂ ᠠᠵᠢᠯ ᠬᠦᠳᠡᠯᠮᠦᠷᠢ ᠳᠡᠭᠡᠨ ᠴᠢᠷᠮᠠᠶᠢᠯᠳᠠ ᠲᠠᠢ | ᠵᠢᠳᠬᠦᠭᠰᠡᠭᠡᠷ ᠢᠷᠡᠭᠰᠡᠨ᠃ 2019 ᠤᠨ ᠳᠤ ᠨᠢᠬᠡ ᠨᠠᠰᠤᠨ ᠤ ᠪᠠᠨ ᠬᠦᠰᠡᠯ ᠢᠶᠠᠨ ᠪᠡᠶᠡᠯᠡᠬᠦᠯᠬᠦ ᠬᠡᠵᠦ ᠲᠤᠮᠳᠠᠳᠤ | ᠤᠯᠤᠰ ᠤᠨ ᠡᠪ ᠬᠠᠮᠳᠤ ᠨᠠᠮ ᠳᠤ ᠤᠷᠤᠬᠤ ᠪᠠᠷ ᠳᠠᠬᠢᠨᠳᠠ ᠭᠤᠶᠦᠴᠢᠯᠠᠬᠰᠠᠠ ᠪᠠᠶᠢᠨ᠎ᠠ᠃ ᠳᠡᠬᠡᠬᠡᠳ ᠡᠨᠡ ᠵᠢᠯ | ᠢᠷᠠᠭᠤ ᠠᠯᠳᠠᠷᠳᠠᠢ ᠪᠠᠷ ᠨᠡᠮ ᠳᠤ ᠡᠯᠰᠡᠭᠳᠡᠵᠦ᠂ ᠰᠡᠳᠬᠢᠯ ᠮᠠᠰᠢ ᠪᠠᠶᠠᠷᠳᠠᠢ ᠪᠠᠶᠢᠨ᠎ᠠ᠃ ᠨᠠᠮ ᠠᠷᠠᠳ ᠲᠦᠮᠡᠨ ᠲᠡᠭᠡᠨ | ᠨᠠᠩ ᠶᠡᠭᠡ ᠪᠤᠶᠠᠨ ᠳᠤᠰᠠ ᠪᠠᠨ ᠬᠦᠷᠬᠡᠶ᠎ᠠ ᠬᠡᠵᠦ ᠪᠤᠳᠤᠵᠤ ᠪᠠᠶᠢᠨ᠎ᠠ ᠬᠡᠵᠦ ᠪᠠᠶᠢᠯ᠎ᠠ᠃ | | ᠪᠥᠷᠢᠨᠳᠡᠬᠦᠰ ᠭᠡᠳᠦ᠋ᠢᠪᠠᠷ ᠨᠠᠰᠤ ᠠᠬᠢᠵᠤ ᠬᠥᠯ ᠭᠠᠷ ᠨᠢ ᠵᠡᠮᠳᠡᠭ ᠪᠤᠯᠤᠬᠰᠠᠠ ᠨᠠᠰᠤᠳᠠᠨ ᠪᠤᠭᠤᠷᠤᠯ ᠪᠤᠯᠤᠬᠰᠠᠠ | ᠪᠤᠯᠪᠠᠴᠤ ᠥᠵᠠᠯ ᠤᠬᠠᠮᠰᠠᠷ ᠢᠶᠠᠷ ᠮᠠᠰᠢ ᠥᠨᠳᠦᠷ ᠨᠢᠭᠡᠨ ᠰᠤᠳᠤᠨ ᠮᠠᠯᠴᠢᠨ᠃ ᠲᠡᠷᠡ 2016 ᠤᠨ ᠳᠤ | ᠥᠪᠡᠷ ᠤᠨ ᠰᠠᠭᠤᠷᠢᠰᠢᠨ ᠠᠮᠢᠳᠤᠷᠠᠵᠤ ᠪᠠᠶᠢᠭ᠎ᠠ ᠨᠤᠳᠤᠭ ᠡᠬᠢ ᠶᠢᠨ ᠱᠠᠩᠳᠠ ᠭᠡᠳᠡᠭ ᠭᠠᠵᠠᠷ ᠲᠤ ᠤᠳᠠᠭᠠᠠ ᠵᠢᠯ ᠤᠨ | ᠨᠠᠮ ᠤᠨ ᠬᠥᠮᠦᠵᠢᠯ ᠬᠦᠷᠳᠡᠭᠰᠡᠨ ᠤ ᠬᠠᠷᠢᠭᠤ ᠪᠤᠯᠭᠠᠨ᠂ ᠥᠳᠡᠯᠦᠭᠡ ᠨᠠᠰᠤ ᠪᠠᠨ ᠤᠳᠬ᠎ᠠ ᠠᠭᠤᠯᠭ᠎ᠠ ᠲᠠᠢ | ᠥᠡᠭᠭᠡᠷᠡᠬᠦᠯᠬᠦ ᠪᠠᠷ ᠵᠤᠷᠢᠯᠭ᠎ᠠ ᠪᠠᠨ ᠪᠤᠯᠭᠠᠵᠤ ᠥᠪᠡᠷ ᠤᠨ ᠬᠠᠳᠠᠭᠠᠯᠠᠵᠤ ᠪᠠᠶᠢᠬᠰᠠᠠ ᠭᠡᠳᠤᠨ ᠵᠠᠭᠤᠨ ᠨᠤᠮ | ᠰᠡᠳᠬᠦᠯ ᠢᠶᠠᠷ ᠢᠶᠠᠨ ᠨᠤᠳᠤᠭ ᠤᠰᠤᠨ ᠳᠠᠭᠠᠨ ᠬᠠᠮᠤᠭ ᠠᠩᠬᠠᠨ ᠤ ᠨᠤᠮ ᠤ ᠦᠷᠦᠬᠡ ᠪᠠᠶᠢᠭᠤᠯᠵᠤ᠂ ᠮᠠᠯᠴᠢᠨ | ᠳᠦᠮᠡᠨ ᠳᠡᠭᠡᠨ ᠦᠨ᠎ᠠ ᠳᠦᠯᠦᠪᠦᠷᠢ ᠦᠬᠡᠢ ᠪᠠᠷ ᠰᠤᠶᠤᠯ ᠤᠨ ᠦᠢᠯᠡᠴᠢᠯᠡᠭᠡ ᠬᠠᠩᠭᠠᠵᠦ ᠡᠬᠢᠯᠡᠭᠰᠡᠨ ᠪᠠᠶᠢᠳᠠᠭ᠃ | ᠳᠡᠬᠡᠬᠡᠳ ᠨᠠᠮ ᠵᠠᠰᠠᠬ ᠤᠨ ᠬᠠᠯᠠᠭᠤᠨ ᠳᠡᠮᠵᠢᠯᠭᠡ᠂ ᠠᠷᠠᠳ ᠤᠯᠠᠨ ᠪᠠ ᠨᠤᠮ ᠤᠨ ᠪᠠᠭ᠋ᠠᠳᠠᠳ ᠤᠨ ᠳᠡᠮᠵᠢᠯᠬᠡ ᠪᠠᠷ | ᠨᠤᠮ ᠤᠨ ᠳᠤᠭ᠎ᠠ ᠪᠠᠨ ᠴᠥᠭᠡᠨ ᠠᠴᠠ ᠤᠯᠠᠠ ᠪᠤᠯᠭᠠᠠ᠂ ᠨᠤᠮ ᠤᠨ ᠦᠷᠦᠬᠡ ᠪᠠᠨ ᠪᠠᠭ᠎ᠠ ᠠᠴᠠ ᠶᠡᠭᠡ ᠪᠤᠯᠭᠠᠨ | ᠪᠤᠵᠠᠭᠠᠶᠢᠷᠠᠭᠤᠯᠵᠦ᠂ ᠤᠳᠤ ᠪᠤᠯᠬᠤ ᠳᠤ ᠬᠤᠶᠠᠷ ᠲᠥᠮᠡ ᠰᠢᠬᠠᠮ ᠨᠤᠮ ᠲᠠᠢ ︽ᠪᠥᠷᠢᠨ ᠭᠡᠷᠡᠯᠳᠤ ᠨᠤᠮ ᠤᠨ ᠰᠠᠩ︾ | ᠢᠶᠠᠨ ᠪᠠᠶᠢᠭᠤᠯᠵᠤ᠂ ᠠᠯᠠᠱᠠ ᠠᠶᠢᠮᠠᠬ ᠤᠨ ᠨᠤᠮ ᠤᠨ ᠰᠠᠩ ᠤᠨ ᠨᠡᠬᠦᠳᠡᠯ ᠤᠢᠢᠯᠡᠴᠢᠯᠡᠭᠡᠨ ᠤ ᠭᠠᠵᠠᠷ᠂ ᠠᠯᠠᠱᠠ | ᠵᠡᠬᠦᠨ ᠬᠤᠰᠢᠭᠤᠨ ᠤ ᠨᠤᠮ ᠤᠨ ᠰᠠᠩ ᠤᠨ ᠨᠤᠮ ᠪᠢᠴᠢᠭ ᠤᠨ ᠬᠦᠢᠯᠭᠡᠭᠡᠨ ᠤ ᠴᠢᠭ᠂ ᠠᠯᠠᠱᠠ ᠠᠶᠢᠮᠠᠬ ᠤᠨ | ᠵᠤᠬᠢᠶᠠᠯᠴᠢᠳ ᠤᠨ ᠨᠡᠶᠢᠬᠡᠮᠯᠢᠭ ᠤᠨ ᠥᠨᠳᠦᠰᠤᠨ ᠱᠠᠳᠤᠨ ᠳᠠᠬᠢ ᠵᠤᠬᠢᠶᠠᠨ ᠪᠥᠳᠦᠭᠡᠬᠦ ᠰᠠᠭᠤᠷᠢᠨ ᠭᠠᠵᠠᠷ᠂ | ᠰᠢᠨᠬᠤᠸᠠ ᠨᠤᠮ ᠤᠨ ᠳᠡᠯᠭᠡᠬᠦᠷ ᠤᠨ ᠬᠥᠳᠡᠭᠡ ᠲᠤᠰᠬᠤᠨ ᠮᠠᠯᠵᠢᠬᠤ ᠲᠠᠷᠢᠶᠠᠯᠠᠬᠤ ᠤᠷᠤᠨ ᠤ ᠤᠢᠢᠯᠡᠴᠢᠯᠡᠭᠡ ᠶᠢᠨ | ᠥᠷᠳᠡᠭᠡ᠂ ᠥᠪᠤᠷ ᠮᠤᠩᠭᠤᠯ ᠤᠨ ᠨᠤᠮ ᠤᠨ ᠰᠠᠩ ᠤᠨ ᠬᠤᠪᠢᠶᠠᠷᠢ ᠰᠠᠩ ᠪᠤᠯᠭᠠᠵᠦ ᠬᠦᠭᠵᠢᠬᠦᠯᠵᠡᠢ᠃ | ᠪᠥᠷᠢᠨᠳᠡᠬᠦᠰ᠄ ︽ᠨᠠᠷᠠᠨ ᠤ ᠭᠡᠷᠡᠯ ᠲᠥᠮᠡᠡ ᠪᠤᠳᠠᠰ ᠢ ᠠᠮᠢᠯᠠᠭᠤᠯᠵᠤ᠂ ᠨᠠᠮ ᠤᠨ ᠠᠴᠢ ᠲᠥᠮᠡᠡ ᠤᠯᠠᠠ ᠢ | ᠭᠡᠶᠢᠬᠦᠯᠦᠨᠠ᠃ ᠲᠤᠮᠳᠠᠳᠤ ᠤᠯᠤᠰ ᠤᠨ ᠡᠪ ᠬᠠᠮᠳᠤ ᠨᠠᠮ ᠤᠨ ᠠᠬᠠᠮᠠᠳ ᠬᠤᠪᠢᠰᠬᠠᠯᠴᠢᠳ ᠤᠨ ᠠᠯᠳᠠᠨ ᠠᠮᠢ | ᠠᠷᠢᠭᠤᠨ ᠴᠢᠰᠤ ᠪᠠᠷ ᠢᠶᠠᠨ ᠠᠷᠠᠳ ᠲᠦᠮᠠᠨ ᠤ ᠲᠤᠯᠤᠭᠠᠢ ᠳᠡᠭᠡᠷ᠎ᠠ ᠳᠠᠷᠤᠵᠤ ᠪᠠᠶᠢᠬᠰᠠᠠ ᠭᠤᠷᠪᠠᠨ ᠶᠡᠭᠡ ᠠᠭᠤᠯᠠ ᠶᠢ | ᠲᠥᠯᠬᠢᠨ ᠤᠨᠠᠭᠠᠵᠤ᠂ ᠠᠷᠠᠳ ᠲᠥᠮᠡᠡ ᠳᠤ ᠵᠤᠯ ᠵᠢᠷᠭᠠᠯᠳᠤ ᠠᠮᠢᠳᠤᠷᠠᠯ ᠢ ᠠᠪᠴᠢᠷᠠᠭᠰᠠᠨ᠃ ᠲᠤᠮᠳᠠᠳᠤ | ᠤᠯᠤᠰ ᠤᠨ ᠡᠪ ᠬᠠᠮᠳᠤ ᠨᠠᠮ ᠪᠠᠶᠢᠬᠤ ᠥᠬᠡᠢ ᠪᠤᠯ ᠰᠢᠨ᠎ᠠ ᠲᠤᠮᠳᠠᠳᠤ ᠤᠯᠤᠰ ᠪᠠᠶᠢᠬᠤ ᠥᠬᠡᠢ᠂ ᠪᠢᠳᠠᠨ ᠤ | ᠵᠢᠷᠭᠠᠯᠳᠤ ᠠᠮᠢᠳᠤᠷᠠᠯ ᠪᠠᠶᠢᠬᠤ ᠦᠬᠡᠢ᠃ ᠪᠢᠳᠡ ᠵᠠᠪᠠᠯ ᠨᠠᠮ ᠤᠨ ᠠᠴᠢ ᠶᠢ ᠪᠤᠳᠠᠳᠠᠢ ᠠᠵᠢᠯᠯᠠᠭ᠎ᠠ ᠪᠠᠷ ᠤᠴᠢᠵᠤ | ᠬᠠᠷᠢᠭᠤᠯᠬᠤ ᠭᠡᠷᠡᠭᠳᠡᠢ᠃ ᠪᠢ ᠨᠠᠮ ᠢᠶᠠᠨ ᠴᠢᠩ ᠰᠡᠳᠬᠢᠯ ᠠᠴᠠ ᠪᠠᠨ ᠬᠠᠶᠢᠷᠠᠯᠠᠠ ᠬᠥᠨᠳᠤᠳᠭᠡᠵᠤ᠂ ᠲᠦᠢᠯ ᠢᠶᠠᠷ | ᠢᠳᠡᠭᠡᠨ ᠪᠢᠰᠢᠷᠠᠵᠦ᠂ ᠪᠥᠬᠦ ᠰᠡᠳᠬᠢᠯ ᠪᠥᠬᠦ ᠵᠤᠷᠢᠬ ᠢᠶᠠᠷ ᠢᠶᠠᠨ ᠠᠷᠠᠳ ᠲᠥᠮᠡᠡ ᠳᠤ ᠤᠢᠢᠯᠡᠴᠢᠯᠡᠬᠦ ᠨᠠᠮ ᠤᠨ | ᠥᠨᠳᠦᠰᠤᠨ ᠵᠤᠷᠢᠯᠳᠡ ᠶᠢ ᠬᠦᠷᠢᠶᠡᠯᠡᠵᠦ ᠪᠠᠶᠢᠳᠠᠭ ᠳᠤᠯᠠ ᠥᠪᠡᠷ ᠤᠨ ᠠᠯᠢᠪᠠ ᠪᠥᠬᠦᠨ ᠢᠶᠠᠨ ᠨᠠᠮ ᠪᠤᠯᠤᠨ ᠠᠷᠠᠳ | ᠲᠥᠮᠡᠡ ᠳᠡᠭᠡᠨ ᠵᠤᠷᠢᠭᠤᠯᠬᠤ ᠪᠠᠷ ᠰᠡᠳᠬᠢᠯ ᠰᠢᠭᠤᠳᠤᠨ᠂ ᠨᠠᠮ ᠳᠤ ᠤᠷᠤᠬᠤ ᠶᠢ ᠭᠤᠶᠤᠴᠢᠯᠠᠭᠰᠠᠨ᠃ ᠬᠤᠵᠢᠮ ᠪᠢ | ᠨᠠᠮ ᠤᠨ ᠲᠥᠷᠢᠮ ᠢᠶᠠᠷ ᠪᠡᠶ᠎ᠠ ᠪᠠᠨ ᠴᠢᠩᠭ᠎ᠠ ᠱᠠᠭᠠᠷᠳᠠᠵᠦ᠂ ᠨᠠᠮ ᠠᠴᠠ ᠳᠠᠭᠠᠯᠭᠠᠭᠰᠠᠨ ᠠᠯᠢᠪᠠ ᠠᠵᠢᠯ ᠡᠬᠦᠷᠭᠡ ᠶᠢ | ᠡᠷᠡᠰ ᠪᠡᠶᠡᠯᠡᠬᠦᠯᠦᠨ᠂ ᠠᠷᠠᠳ ᠲᠥᠮᠡᠡ ᠤ ᠲᠤᠮᠳᠠ ᠨᠠᠮ ᠤᠨ ᠭᠡᠰᠢᠬᠦᠨ ᠤ ᠲᠤᠯᠤᠭᠠᠢᠢᠯᠠᠬᠤ ᠵᠢᠱᠢᠶᠠᠴᠢ | ᠤᠢᠢᠯᠡᠳᠤᠯ ᠢᠶᠠᠨ ᠪᠠᠳᠠᠷᠠᠭᠤᠯᠤᠨ᠂ ᠨᠤᠮ ᠢᠶᠠᠷ ᠲᠠᠷᠢᠬᠢ ᠪᠠᠨ ᠵᠡᠪᠰᠡᠭᠯᠡᠵᠤ᠂ ᠨᠤᠮ ᠢᠶᠠᠷ ᠰᠤᠶᠤᠨ ᠭᠡᠭᠡᠷᠡᠵᠤ᠂ ᠨᠠᠮ | ᠪᠤᠯᠤᠨ ᠠᠷᠠᠳ ᠲᠥᠮᠡᠡ ᠳᠡᠭᠡᠨ ᠤᠢᠢᠯᠡᠴᠢᠯᠠᠨᠠ︾ ᠭᠡᠵᠤ ᠪᠤᠳᠤᠯ ᠢᠶᠠᠨ ᠶᠠᠷᠢᠵᠦ ᠪᠠᠶᠢᠯ᠎ᠠ᠃ | | ︽ᠨᠠᠮ ᠵᠠᠰᠠᠭ ᠲᠠᠭᠠᠨ ᠳᠠᠯᠠᠷᠬᠠᠬᠤ ᠶᠣᠰᠣᠳᠠᠢ᠂ ᠨᠠᠮ ᠳᠠᠭᠠᠨ ᠠᠯᠢᠪᠠ ᠪᠠᠨ ᠵᠣᠷᠢᠭᠤᠯᠬᠤ ᠶᠣᠰᠣᠳᠠᠢ︾ | | ᠭᠡᠣᠭᠡᠢ ᠡᠨᠡ ᠵᠢᠯ 78 ᠨᠠᠰᠣᠳᠠᠢ᠂ ᠳᠡᠭᠷᠢ ᠡᠯᠡᠰᠣ ᠪᠠᠯᠭᠠᠰᠣᠨ ᠤ ᠳᠡᠮᠡᠭᠡᠨ ᠠᠭᠤᠯᠠ ᠭᠠᠴᠠᠭᠠᠨ ᠤ ᠮᠠᠯᠴᠢᠨ᠂ | ᠤᠳᠤ ᠵᠢᠷᠭᠠᠯᠰᠠᠶᠢᠬᠠᠨ ᠪᠠᠯᠭᠠᠰᠤᠨ ᠳᠤ ᠠᠮᠢᠳᠤᠷᠠᠵᠦ ᠪᠤᠢ᠃ ᠵᠢᠷᠭᠠᠯᠰᠠᠶᠢᠬᠠᠨ ᠪᠠᠯᠭᠠᠰᠤᠨ ᠤ ᠨᠠᠮ ᠳᠤ ᠭᠤᠶᠤᠴᠢᠯᠠᠵᠦ | ᠪᠠᠶᠢᠭ᠎ᠠ ᠬᠠᠮᠤᠭ ᠠᠬᠠᠮᠠᠳ ᠨᠠᠰᠤᠨ ᠤ ᠢᠳᠡᠪᠬᠢᠳᠡᠨ᠃ | ︽ᠪᠢ ᠬᠠᠭᠤᠴᠢᠨ ᠨᠡᠶᠢᠬᠡᠮ ᠳᠤ ᠳᠦᠷᠦᠵᠦ᠂ ᠰᠢᠨ᠎ᠠ ᠨᠡᠶᠢᠬᠡᠮ ᠳᠤ ᠨᠠᠮ ᠤᠨ ᠬᠠᠶᠢᠷ᠎ᠠ ᠪᠠᠷ ᠦᠰᠴᠦ | ᠬᠦᠮᠦᠵᠢᠭᠳᠡᠨ ᠵᠤᠯ ᠵᠢᠷᠭᠠᠯᠳᠤ ᠠᠮᠢᠳᠤᠷᠠᠯ ᠡᠳ᠋ᠯᠡᠵᠦ ᠶᠠᠪᠤᠭᠰᠠᠨ ᠡᠬᠡᠯ ᠵᠢᠷ ᠤᠨ ᠮᠠᠯᠴᠢᠨ ᠬᠦᠮᠦᠨ ᠶᠤᠮ᠃︾ | 1958 ᠣᠨ ᠳᠤ 8 ᠨᠠᠰᠣᠨ ᠠᠴᠠ ᠪᠠᠨ ᠬᠤᠩᠭᠤᠷᠠᠦ᠋ᠯᠦᠩ ᠤᠨ ᠰᠣᠷᠭᠠᠭᠤᠯᠢ ᠳᠤ ᠰᠣᠷᠣᠯᠴᠠᠵᠣ᠂ ᠪᠢᠴᠢᠭ ᠳᠠᠨᠢᠵᠦ | ᠨᠢᠳᠦ ᠨᠡᠬᠡᠬᠡᠭᠰᠡᠨ᠃ 16 ᠨᠠᠰᠤᠨ ᠳᠠᠭᠠᠨ ᠣᠨᠳᠣᠷᠣᠯᠳᠣ ᠳᠤ ᠬᠦᠷᠴᠣ ᠠᠵᠢᠯ ᠬᠦᠳᠡᠯᠮᠦᠷᠢ ᠳᠤ ᠤᠷᠤᠯᠴᠠᠨ᠂ | ᠬᠤᠶᠢᠨ᠎ᠠ ᠨᠢ ᠳᠡᠭᠷᠢ ᠡᠯᠡᠰᠣ ᠪᠠᠯᠭᠠᠰᠣᠨ ᠤ ᠳᠡᠮᠡᠭᠡᠨ ᠠᠭᠤᠯᠠ ᠭᠠᠴᠠᠭᠠᠨ ᠳᠤ ᠠᠶᠢᠯ ᠭᠡᠷ ᠪᠤᠯᠵᠤ ᠠᠮᠢᠳᠣᠷᠠᠯ ᠢᠶᠠᠨ | ᠴᠣᠭᠴᠠᠯᠠᠵᠣ ᠶᠠᠪᠣᠭᠰᠠᠨ ᠶᠤᠮ᠃ ᠳᠡᠷᠡ ᠦᠶ᠎ᠠ ᠳᠤ ᠠᠶᠠᠨ ᠤ ᠳᠡᠮᠡᠭᠡ ᠬᠦᠳᠦᠯᠵᠣ ᠬᠦᠨᠡᠰᠣ ᠠᠴᠢᠨ᠂ ᠬᠤᠣᠷᠠᠨ | ᠪᠣᠶ᠎ᠠ᠂ ᠳᠦᠩᠭᠡ ᠳᠡᠬᠦᠵᠣ ᠬᠤᠳᠠᠯᠳᠣᠨ ᠠᠵᠤ ᠠᠮᠢᠳᠤᠷᠠᠯ ᠢᠶᠠᠨ ᠦᠬᠡᠳᠡ ᠳᠠᠳᠠᠵᠦ ᠪᠠᠶᠢᠭᠰᠠᠨ᠃ ᠬᠠᠮᠳᠣᠷᠠᠯ ᠤᠨ | ᠦᠶ᠎ᠡ ᠳᠤ 100 ᠭᠠᠷᠦᠢ ᠦᠭᠡᠷ ᠢ ᠬᠠᠷᠢᠭᠤᠯᠵᠣ᠂ ᠨᠡᠶᠢᠳᠡ ᠶᠢᠨ ᠰᠦᠷᠦᠭ ᠢ ᠮᠡᠨᠳᠦ ᠦᠰᠬᠡᠨ᠂ ᠠᠵᠢᠯ ᠢᠶᠠᠨ | ᠬᠢᠯᠠᠯᠵᠠᠳᠠᠯ᠎ᠠ ᠰᠠᠶᠢᠬᠠᠨ ᠪᠡᠶᠡᠯᠡᠬᠦᠯᠵᠦ ᠶᠠᠪᠤᠭᠰᠠᠨ᠃ ᠶᠡᠭᠡ ᠳᠠᠭᠠᠭᠠᠴᠢᠯᠠᠯᠳᠠ ᠠᠴᠠ ᠰᠡᠬᠦᠯᠡᠷ ᠭᠡᠷ ᠤᠨ ᠢᠶᠠᠨ | ᠵᠡᠬᠦᠨ ᠳᠤ 20 ᠮᠣ᠋ ᠳᠠᠷᠢᠶᠠᠨ ᠭᠠᠵᠠᠷ ᠭᠠᠷᠭᠠᠨ ᠡᠪᠡᠰᠣ ᠳᠠᠷᠢᠨ ᠮᠠᠯ ᠦᠭᠡᠷ ᠢᠶᠠᠨ ᠦᠨᠢᠷ ᠦᠰᠬᠡᠨ᠂ 200 | ᠭᠠᠷᠦᠢ ᠪᠤᠭ ᠮᠠᠯ᠂ 20 ᠭᠠᠷᠦᠢ ᠳᠡᠮᠡᠭᠡ᠂ 40 ᠭᠠᠷᠦᠢ ᠦᠭᠡᠷ ᠦᠰᠭᠡᠭᠡᠳ ᠪᠠᠶᠠᠨ ᠴᠢᠨᠡᠬᠡᠯᠢᠭ ᠠᠮᠢᠳᠤᠷᠠᠵᠦ᠂ | ᠤᠯᠠᠨ ᠤ ᠪᠠᠨ ᠳᠤᠮᠳᠠ ᠳᠠᠭᠤᠷᠢᠶᠠᠯ ᠪᠤᠯᠵᠤ᠂ ᠦᠩᠭᠡ ᠲᠠᠢ ᠦᠬᠡᠳᠡ ᠲᠠᠢ ᠠᠮᠢᠳᠤᠷᠠᠵᠦ ᠶᠠᠪᠤᠯ᠎ᠠ ᠬᠡᠵᠦ | ᠦᠩᠭᠡᠷᠡᠭᠰᠡᠨ ᠤ ᠠᠵᠦ ᠠᠮᠢᠳᠤᠷᠠᠯ ᠢᠶᠠᠨ ᠳᠠᠨᠢᠯᠴᠠᠭᠤᠯᠤᠨ᠎ᠠ᠃ | | ︽ᠪᠢ ᠨᠠᠮ ᠤᠨ ᠠᠴᠢ ᠪᠠᠷ ᠰᠠᠶᠢᠨ ᠰᠠᠶᠢᠬᠠᠨ ᠠᠮᠢᠳᠤᠷᠠᠵᠦ ᠪᠠᠶᠢᠨ᠎ᠠ ᠬᠡᠵᠦ ᠪᠤᠳᠤᠳᠠᠭ᠃ ᠨᠠᠮ ᠤᠨ | ᠳᠦᠷᠦ ᠶᠢᠨ ᠪᠤᠳᠤᠯᠭ᠎ᠠ ᠶᠢᠨ ᠰᠠᠶᠢᠨ ᠢᠶᠠᠷ ᠪᠠᠶᠠᠨ ᠴᠢᠨᠠᠭᠡᠯᠢᠭ ᠠᠮᠢᠳᠤᠷᠠᠯ ᠢ ᠡᠳ᠋ᠯᠡᠭᠰᠡᠨ᠃ ᠨᠠᠮ ᠵᠠᠰᠠᠭ ᠮᠢᠨᠢ | ᠡᠪᠡᠳᠴᠦ ᠵᠤᠪᠠᠭ᠋ᠤ ᠳᠤ ᠮᠢᠨᠢ ᠳᠤᠰᠠᠯᠠᠵᠦ᠂ ᠠᠵᠤ ᠠᠮᠢᠳᠤᠷᠠᠯ ᠤᠨ ᠬᠦᠴᠢᠷᠳᠠᠯ ᠢ ᠮᠢᠨᠢ ᠳᠡᠮᠵᠢᠵᠦ ᠢᠷᠡᠭᠰᠡᠨ᠃ ᠪᠢ | ᠨᠠᠮ ᠳᠠᠭᠠᠨ ᠳᠠᠯᠠᠷᠬᠠᠨ᠎ᠠ᠃ ᠨᠠᠮ ᠤᠨ ᠢᠶᠠᠨ ᠠᠴᠢ ᠪᠠᠷ ᠨᠡᠶᠢᠭᠡᠮ ᠤᠨ ᠰᠠᠶᠢᠬᠠᠨ ᠢ ᠡᠳ᠋ᠯᠡᠵᠣ ᠶᠠᠪᠣᠭ᠎ᠠ ᠳᠠᠭᠠᠨ᠂ | ᠨᠠᠮ ᠤᠨ ᠭᠡᠰᠢᠬᠦᠨ ᠪᠣᠯᠵᠣ ᠨᠠᠮ ᠠᠷᠠᠳ ᠲᠠᠭᠠᠨ ᠠᠰᠢᠭ ᠲᠠᠢ ᠳᠣᠰᠠ ᠲᠠᠢ ᠵᠦᠢᠯ ᠢ ᠬᠢᠵᠣ ᠶᠠᠪᠣᠶ᠎ᠠ ᠬᠡᠵᠦ ᠬᠦᠰᠡᠵᠦ | ᠪᠤᠳᠤᠳᠠᠭ᠃ ᠪᠢ ᠤᠯᠠᠨ ᠵᠢᠯ ᠨᠠᠮ ᠳᠤ ᠤᠷᠤᠶ᠎ᠠ ᠬᠡᠵᠦ ᠬᠦᠰᠡᠵᠦ ᠶᠠᠪᠤᠭᠰᠠᠨ᠃ ᠬᠡᠪᠡᠴᠦ ᠨᠡᠮ ᠳᠤ ᠤᠷᠤᠬᠤ | ᠡᠷᠬᠦᠳᠡᠯ ᠤᠨ ᠪᠢᠴᠢᠭ ᠪᠢᠴᠢᠵᠦ ᠴᠢᠳᠠᠬᠤ ᠦᠬᠡᠢ ᠬᠤᠶᠢᠰᠢᠯᠠᠭᠤᠯᠤᠭᠰᠠᠭᠠᠷ ᠪᠠᠶᠢᠭᠰᠠᠨ ᠶᠤᠮ᠃ ᠨᠢᠳᠤᠨᠤᠨ | ᠪᠠᠯᠭᠠᠰᠤᠨ ᠤ ᠺᠠᠳ᠋ᠷ ᠰᠠᠷᠠᠨ᠎ᠠ ᠶᠢ ᠭᠤᠶᠤᠵᠦ ᠨᠠᠮ ᠳᠤ ᠣᠷᠣᠬᠤ ᠡᠷᠬᠦᠳᠡᠯ ᠤᠨ ᠪᠢᠴᠢᠭ ᠢ ᠪᠢᠴᠢᠬᠦᠯᠵᠣ ᠳᠤᠰᠢᠶᠠᠭᠰᠠᠨ | ᠃ ᠤᠳᠤ ᠨᠠᠮ ᠠᠴᠠ ᠨᠠᠳᠠ ᠶᠢ ᠬᠦᠮᠦᠵᠢᠬᠦᠯᠵᠦ᠂ ᠨᠠᠮ ᠳᠤ ᠤᠷᠤᠬᠤ ᠢᠳᠡᠪᠬᠢᠳᠡᠨ ᠪᠤᠯᠭᠠᠭᠰᠠᠨ ᠳᠤ ᠪᠠᠶᠠᠷᠯᠠᠵᠦ | ᠪᠠᠶᠢᠨ᠎ᠠ᠃ ᠡᠷᠳᠡ ᠨᠢᠬᠡᠨ ᠡᠳᠦᠷ ᠨᠠᠮ ᠳᠤ ᠤᠷᠤᠬᠤ ᠪᠠᠷ ᠴᠢᠷᠮᠠᠶᠢᠵᠦ ᠪᠠᠶᠢᠨ᠎ᠠ︾ ᠬᠡᠵᠦ ᠬᠡᠦᠬᠡᠢ ᠨᠠᠰᠤᠳᠠᠨ ᠶᠠᠷᠢᠵᠦ | ᠪᠠᠶᠢᠯ᠎ᠠ᠃ | | ᠭᠡᠣᠭᠡᠢ ᠣᠳᠣ ᠵᠢᠷᠭᠠᠯᠰᠠᠶᠢᠬᠠᠨ ᠪᠠᠯᠭᠠᠰᠣᠨ ᠤ ᠬᠤᠶᠠᠷᠬᠤᠳᠳᠤᠭ ᠤᠨ ᠨᠡᠶᠢᠭᠡᠮ ᠳᠣᠭᠤᠷᠢᠭ ᠲᠤ ᠪᠠᠶᠢᠭ᠎ᠠ | ᠰᠠᠭᠤᠷᠢᠰᠢᠯ ᠳᠠᠭᠠᠨ ᠣᠯᠠᠨ ᠵᠢᠯ ᠡᠪᠡᠳᠴᠢᠳᠠᠢ ᠶᠠᠪᠣᠭᠰᠠᠨ ᠡᠪᠣᠭᠡᠨ ᠪᠠᠯᠽᠠᠨ ᠢᠶᠠᠨ ᠠᠰᠠᠷᠠᠵᠣ ᠬᠠᠷᠠᠭᠠᠯᠵᠠᠭᠠᠳ | ᠰᠠᠭᠤᠵᠤ ᠪᠤᠢ᠃ ᠳᠡᠷᠠ ᠡᠳᠣᠷ ᠳᠣᠳᠣᠮ ᠳᠠᠭᠠᠨ ᠰᠠᠭᠤᠷᠢᠰᠢᠯ ᠤᠨ ᠢᠶᠠᠨ ᠵᠡᠭᠡᠯᠢ ᠭᠤᠳᠣᠮᠵᠢ᠂ ᠣᠶᠢᠷᠠᠯᠴᠠᠭ᠎ᠠ | ᠵᠣᠷᠯᠣᠩ ᠵᠡᠷᠭᠡ ᠶᠢ ᠴᠡᠪᠡᠷᠯᠡᠨ᠂ ᠣᠯᠠᠨ ᠨᠡᠶᠢᠳᠡ ᠳᠡᠭᠡᠨ ᠳᠡᠮ ᠳᠣᠰᠠ ᠬᠦᠷᠭᠡᠭᠰᠡᠭᠡᠷ ᠢᠷᠡᠵᠡᠢ᠃ ᠨᠢᠳᠤᠨᠤᠨ | ᠤᠯᠠᠨ ᠢᠶᠠᠷ ᠬᠢᠵᠢᠭ ᠢ ᠡᠰᠡᠷᠬᠦᠴᠡᠵᠣ ᠪᠠᠶᠢᠬᠤ ᠳᠤ ᠭᠡᠣᠭᠡᠢ ᠨᠠᠰᠣᠳᠠᠨ ᠬᠢᠵᠢᠭ ᠢ ᠡᠰᠡᠷᠬᠦᠴᠡᠬᠦ ᠬᠠᠨᠳᠢᠪ ᠤᠨ ᠮᠦᠩᠬᠦ | 1000 ᠳᠦᠬᠦᠷᠢᠭ᠂ ᠰᠤᠮᠤ ᠪᠠᠯᠭᠠᠰᠤᠨ ᠤ ᠬᠢᠵᠢᠭ ᠢ ᠡᠰᠡᠷᠬᠦᠴᠡᠬᠦ ᠨᠢᠬᠡᠳᠦᠬᠡᠷ ᠹᠷᠦᠨᠲ ᠲᠤ ᠠᠵᠢᠯᠯᠠᠵᠦ ᠪᠠᠶᠢᠭ᠎ᠠ | ᠬᠦᠮᠦᠰ ᠢ ᠪᠤᠯᠭᠤᠭᠠᠨ ᠳᠤᠬᠤᠨᠢᠭᠤᠯᠬᠤ ᠪᠠᠷ 400 ᠳᠦᠬᠦᠷᠢᠭ ᠳᠤᠰᠠᠯᠠᠵᠡᠢ᠃ ᠬᠡᠦᠭᠡᠢ ᠨᠠᠰᠤᠳᠠᠨ ᠨᠢᠳᠤᠨᠤᠨ ᠤ 6 | ᠰᠠᠷ᠎ᠠ ᠳᠤ ᠡᠪᠦᠭᠡᠨ ᠪᠠᠯᠽᠠᠨ ᠭᠤᠸᠠᠢ ᠲᠠᠢ ᠪᠠᠨ ᠨᠠᠮ ᠵᠠᠰᠠᠭ ᠤᠨ ᠢᠶᠠᠨ ᠠᠴᠢ ᠶᠢ ᠬᠠᠷᠢᠭᠤᠯᠵᠤ᠂ ᠣᠯᠠᠨ | ᠲᠦᠮᠡᠨ ᠳᠡᠭᠡᠨ ᠳᠡᠮ ᠲᠤᠰᠠ ᠪᠣᠯᠣᠶ᠎ᠠ ᠬᠡᠮᠡᠨ ᠨᠠᠮ ᠵᠠᠰᠠᠭ ᠲᠠᠭᠠᠨ ᠦᠪᠡᠷ ᠤᠨ ᠢᠶᠠᠨ ᠨᠢᠭᠡ ᠨᠠᠰᠣ ᠪᠠᠷ ᠢᠶᠠᠨ | ᠬᠤᠷᠠᠮᠳᠣᠭᠤᠯᠵᠣ ᠴᠣᠭᠯᠠᠭᠤᠯᠣᠭᠰᠠᠨ 20 ᠲᠦᠮᠡᠨ ᠲᠥᠭᠦᠷᠢᠭ ᠤᠨ ᠬᠠᠨᠳᠢᠪ ᠡᠷᠭᠦᠵᠦ᠂ ᠨᠠᠮ ᠵᠠᠰᠠᠭ ᠤᠨ ᠬᠠᠶᠢᠷ᠎ᠠ | ᠬᠠᠯᠠᠮᠵᠢ ᠳᠤ ᠳᠠᠯᠠᠷᠬᠠᠵᠣ ᠪᠠᠶᠢᠬᠤ ᠪᠠᠨ ᠢᠯᠡᠳᠭᠡᠭᠰᠡᠨ ᠪᠠᠶᠢᠪᠠ᠃ ᠬᠠᠨᠳᠢᠪ ᠢ ᠤᠯᠵᠦ ᠠᠪᠤᠭᠰᠠᠨ ᠤ ᠪᠠᠨ ᠳᠠᠷᠠᠭ᠎ᠠ | ᠲᠡᠭᠷᠢ ᠠᠵᠤ ᠠᠬᠤᠢ ᠮᠡᠷᠭᠡᠵᠢᠯ ᠤᠨ ᠨᠡᠭᠡᠭᠡᠯᠳᠡ ᠶᠢᠨ ᠤᠷᠤᠨ ᠠᠴᠠ ᠬᠤᠶᠠᠷ ᠪᠤᠭᠤᠷᠤᠯ ᠳᠤ ︽ᠬᠠᠮᠤᠭ ᠤᠨ | ᠰᠠᠶᠢᠬᠠᠨ ᠬᠤᠪᠢ ᠨᠡᠮᠡᠷᠢ ᠦᠵᠡᠭᠦᠯᠦᠭᠴᠢ︾ ᠭᠡᠮᠡᠬᠦ ᠢᠷᠠᠭᠤ ᠠᠯᠳᠠᠷ ᠢᠶᠠᠷ ᠳᠡᠳᠡᠨ ᠢ ᠱᠠᠩᠨᠠᠵᠦ᠂ ᠲᠠᠯᠠᠷᠬᠠᠯ ᠢᠶᠠᠨ | ᠲᠡᠪᠰᠢᠭᠦᠯᠦᠭᠰᠡᠨ ᠪᠠᠶᠢᠨ᠎ᠠ᠃ ︽ᠡᠨᠡ ᠰᠠᠶᠢᠬᠠᠨ ᠨᠡᠶᠢᠭᠡᠮ ᠳᠤ ᠨᠠᠮ ᠤᠨ ᠢᠶᠠᠨ ᠠᠴᠢ ᠭᠠᠪᠢᠶ᠎ᠠ ᠪᠠᠷ ᠦᠨᠡᠭᠡᠷ ᠵᠣᠯ | ᠵᠢᠷᠭᠠᠯᠳᠠᠢ ᠰᠠᠶᠢᠬᠠᠨ ᠠᠮᠢᠳᠣᠷᠠᠵᠣ ᠪᠠᠶᠢᠨ᠎ᠠ᠃ ᠨᠠᠮ ᠵᠠᠰᠠᠭ ᠲᠠᠭᠠᠨ ᠳᠠᠯᠠᠷᠬᠠᠬᠤ ᠶᠣᠰᠣᠳᠠᠢ᠂ ᠨᠠᠮ ᠳᠠᠭᠠᠨ | ᠠᠯᠢᠪᠠ ᠪᠠᠨ ᠵᠣᠷᠢᠭᠤᠯᠬᠤ ᠶᠣᠰᠣᠳᠠᠢ︾ ᠭᠡᠵᠣ ᠭᠡᠣᠭᠡᠢ ᠰᠡᠳᠬᠢᠯ ᠳᠣᠭᠳᠣᠯᠣᠨ ᠨᠢᠯᠪᠣᠰᠣ ᠪᠦᠮᠪᠣᠷᠢᠬᠦᠯᠣᠨ ᠶᠠᠷᠢᠵᠣ | ᠪᠠᠶᠢᠯ᠎ᠠ᠃ | ︽ᠨᠠᠮ ᠳᠤ ᠤᠷᠤᠬᠤ ᠪᠤᠯ ᠮᠢᠨᠤ ᠬᠠᠮᠤᠭ ᠤᠨ ᠲᠤᠮᠤ ᠬᠦᠰᠡᠯ ᠮᠥᠷᠥᠭᠡᠳᠥᠯ︾ | 1974 ᠤᠨ ᠳᠤ ᠲᠥᠷᠥᠭᠰᠡᠨ ᠯᠢ ᠸᠠᠨ ᠵᠢᠢ ᠪᠤᠯ ᠠᠯᠠᠱᠠ ᠵᠡᠭᠦᠨ ᠬᠤᠰᠢᠭᠤᠨ ᠤ ᠵᠤᠭᠤᠰᠳᠤᠯᠤᠭᠠᠢ | ᠭᠠᠴᠠᠭᠠᠨ ᠤ ᠮᠠᠯᠴᠢᠨ᠂ ᠤᠳᠤ ᠪᠠᠶᠠᠨᠬᠤᠳᠠ ᠳᠤ ᠠᠮᠢᠳᠤᠷᠠᠵᠦ ᠪᠤᠢ᠂ ᠨᠠᠮ ᠳᠤ ᠤᠷᠤᠬᠤ ᠬᠥᠭᠵᠢᠭᠦᠯᠭᠦ ᠡᠳᠡᠭᠡᠳ᠃ | ︽ᠵᠠᠯᠠᠭᠤ ᠪᠠᠶᠢᠬᠤ ᠳᠠᠭᠠᠨ ᠨᠠᠮ ᠳᠤ ᠤᠷᠤᠶ᠎ᠠ ᠭᠡᠵᠦ ᠪᠤᠳᠤᠳᠠᠭ ᠪᠠᠶᠢᠭᠰᠠᠨ᠂ ᠭᠡᠳᠡᠯ᠎ᠡ ᠥᠪᠡᠷ ᠤᠨ ᠢᠶᠠᠨ | ᠨᠥᠭᠦᠴᠡᠯ ᠬᠦᠷᠦᠯᠴᠡᠭᠦ ᠦᠭᠡᠢ ᠪᠠᠶᠢᠬ᠎ᠠ ᠭᠡᠵᠦ ᠪᠤᠳᠤᠭᠠᠳ ᠵᠤᠷᠢᠭᠯᠠᠵᠦ ᠭᠤᠶᠤᠴᠢᠯᠠᠯᠳᠠ ᠬᠢᠵᠦ ᠴᠢᠳᠠᠭ᠎ᠠ ᠦᠭᠡᠢ᠂ | ᠲᠡᠭᠡᠭᠡᠳ ᠡᠨᠡᠬᠦ ᠬᠦᠰᠡᠯᠡᠩ ᠢᠶᠠᠨ ᠨᠢᠭᠡ ᠲᠠᠯ᠎ᠠ ᠳᠤᠨᠢ ᠲᠠᠯᠪᠢᠯ᠎ᠠ᠃︾ 1978 ᠤᠨ ᠳᠤ ᠯᠢ ᠸᠠᠨ ᠵᠢᠢ | ᠦᠢᠯᠡᠳᠪᠤᠷᠢᠯᠡᠯ ᠤᠨ ᠪᠠᠷᠢᠭᠠᠳᠠ ᠶᠢᠨ ᠲᠷᠺᠲ᠋ᠤᠷᠴᠢᠨ ᠢᠶᠠᠷ ᠰᠤᠩᠭᠤᠭᠳᠠᠵᠦ᠂ ᠦᠨᠡᠨᠴᠢ ᠰᠢᠳᠦᠷᠭᠤ᠂ ᠬᠢᠨᠠᠭᠤᠷ | ᠯᠠᠪᠳᠠᠭᠤᠨ᠂ ᠬᠦᠴᠢᠷ ᠪᠡᠷᠭᠡᠰᠢᠶᠡᠯ ᠠᠴᠠ ᠬᠠᠯᠠᠰᠢᠷᠠᠯ ᠦᠭᠡᠢ ᠤᠪᠤᠷ ᠰᠤᠷᠳᠠᠯ ᠲᠠᠢ ᠠᠵᠢᠯᠯᠠᠭᠰᠠᠨ ᠠᠴᠠ ᠪᠠᠷᠢᠭᠠᠳᠠ | ᠬᠢᠭᠡᠳ ᠦᠢᠯᠡᠳᠪᠤᠷᠢᠯᠡᠯ ᠤᠨ ᠪᠠᠷᠢᠭᠠᠳᠠ ᠶᠢᠨ ᠤᠳᠤᠷᠢᠳᠤᠯᠭ᠎ᠠ ᠶᠢᠨ ᠢᠶᠠᠨ ᠮᠠᠭᠳᠠᠭᠠᠯ ᠰᠠᠶᠢᠰᠢᠶᠠᠯ ᠢ ᠬᠦᠷᠲᠡᠵᠦ᠂ | ᠤᠯᠠᠨ ᠪᠦᠭᠦᠳᠡ ᠳᠤ ᠳᠠᠭᠠᠰᠢᠶᠠᠭᠳᠠᠵᠠᠢ᠃ ᠲᠡᠶᠢᠨᠬᠦ ᠬᠤᠶᠠᠷ ᠱᠠᠳᠤᠨ ᠤ ᠱᠦᠵᠢ ᠠᠴᠠ ᠲᠡᠭᠦᠨ ᠢ ᠨᠠᠮ ᠳᠤ | ᠤᠷᠤᠭᠠᠷᠠᠢ ᠭᠡᠵᠦ ᠢᠳᠬᠠᠭᠰᠠᠨ ᠶᠤᠮ᠂ ᠯᠢ ᠸᠠᠨ ᠵᠢᠢ ᠴᠦ ᠨᠠᠮ ᠳᠤ ᠤᠷᠤᠬᠤ ᠭᠤᠶᠤᠴᠢᠯᠠᠯᠳᠠ ᠶᠢᠨ ᠪᠢᠴᠢᠭ ᠢᠶᠠᠨ | ᠪᠢᠴᠢᠵᠦ ᠲᠤᠰᠢᠶᠠᠭᠰᠠᠨ ᠪᠠᠶᠢᠨ᠎ᠠ᠃ ︽ᠲᠡᠷᠡ ᠦᠶ᠎ᠡ ᠳᠤ ᠦᠢᠯᠡᠳᠪᠤᠷᠢᠯᠡᠯ ᠤᠨ ᠪᠠᠷᠢᠭᠠᠳᠠ ᠶᠢᠨ ᠠᠵᠢᠯ ᠢ ᠡᠭᠦᠷᠭᠡ | ᠳᠠᠭᠠᠭᠠᠴᠢᠯᠠᠭᠤᠯᠬᠤ ᠳᠦᠷᠢᠮ ᠢᠶᠠᠷ ᠶᠠᠪᠤᠭᠳᠠᠭᠤᠯᠵᠦ ᠪᠠᠶᠢᠭᠰᠠᠨ ᠤᠴᠢᠷ ᠠᠴᠠ ᠮᠠᠰᠢ ᠤᠯᠠᠨ ᠬᠥᠮᠥᠨ ᠭᠠᠳᠠᠭᠰᠢ | ᠭᠠᠷᠴᠤ ᠬᠥᠯᠥᠰᠥᠨ ᠠᠵᠢᠯ ᠬᠢᠵᠦ᠂ ᠪᠠᠷᠢᠭᠠᠳᠠ ᠶᠢᠨ ᠨᠠᠮ ᠤᠨ ᠵᠤᠬᠢᠶᠠᠨ ᠪᠠᠶᠢᠭᠤᠯᠤᠯᠳᠠ ᠶᠢᠨ ᠠᠵᠢᠯ ᠦᠨᠳᠦᠰᠦᠨ | ᠳᠡᠭᠡᠨ ᠵᠤᠭᠰᠤᠩᠭᠤᠶᠢᠷᠠᠭᠰᠠᠨ ᠪᠠᠶᠢᠳᠠᠯ ᠲᠠᠢ ᠪᠠᠶᠢᠭᠰᠠᠨ᠂ ᠨᠠᠮ ᠳᠤ ᠤᠷᠤᠬᠤ ᠤᠴᠢᠷ ᠮᠢᠨᠢ ᠲᠡᠭᠡᠭᠡᠳ ᠯᠡ ᠴᠢᠮᠡᠭᠡ | ᠰᠤᠷᠠᠭ ᠦᠭᠡᠢ ᠪᠤᠯᠴᠢᠬᠠᠯ᠎ᠠ︾ ᠭᠡᠵᠦ ᠯᠢ ᠸᠠᠨ ᠵᠢᠢ ᠲᠤᠬᠠᠢ ᠶᠢᠨ ᠦᠶ᠎ᠡ ᠶᠢᠨ ᠪᠠᠶᠢᠳᠠᠯ ᠢᠶᠠᠨ ᠡᠷᠬᠢᠴᠡᠭᠦᠯᠦᠯᠡ᠃ | | 2011 ᠤᠨ ᠳᠤ᠂ ᠯᠢ ᠸᠠᠨ ᠵᠢᠢ ᠶᠢᠨ ᠬᠢᠨ ᠬᠥᠳᠡᠭᠡ ᠨᠤᠲᠤᠭ ᠠᠴᠠ ᠪᠠᠶᠠᠨᠬᠤᠳᠠ ᠳᠤ ᠨᠡᠭᠦᠵᠦ ᠢᠷᠡᠵᠦ | ᠰᠠᠭᠤᠷᠢᠰᠢᠭᠰᠠᠨ ᠶᠤᠮ᠃ ᠲᠤᠬᠠᠢ ᠶᠢᠨ ᠦᠶ᠎ᠡ ᠳᠤ ᠵᠢᠷᠠ ᠶᠢᠨ ᠳᠠᠪᠠᠭ᠎ᠠ ᠲᠠᠪᠠᠭᠰᠠᠨ ᠯᠢ ᠸᠠᠨ ᠵᠢᠢ ᠨᠠᠰᠤᠳᠠᠶᠢᠴᠤᠳ | ᠤᠨ ᠶᠡᠭᠡ ᠰᠤᠷᠭᠠᠭᠤᠯᠢ ᠳᠤ ᠨᠡᠷ᠎ᠡ ᠮᠡᠳᠡᠭᠦᠯᠵᠦ ᠤᠷᠠᠨ ᠪᠢᠴᠢᠯᠭᠡ ᠰᠤᠷᠤᠯᠴᠠᠭᠰᠠᠨ ᠪᠠᠶᠢᠨ᠎ᠠ᠂ ᠢᠯᠡᠷᠡᠯ ᠰᠠᠶᠢᠨ | ᠪᠠᠶᠢᠭᠰᠠᠨ ᠠᠴᠠ ᠬᠤᠶᠠᠳᠤᠭᠠᠷ ᠵᠢᠯ ᠨᠢ ᠠᠩᠭᠢ ᠶᠢᠨ ᠳᠠᠷᠤᠭ᠎ᠠ ᠪᠠᠷ ᠰᠤᠩᠭᠤᠭᠳᠠᠵᠦ᠂ ᠬᠠᠮᠳᠤ ᠳᠤᠨᠢ ᠪᠠᠰᠠ | ᠰᠤᠷᠭᠠᠭᠤᠯᠢ ᠶᠢᠨ ᠵᠥᠪᠯᠡᠯ ᠠᠴᠠ ᠨᠠᠰᠤᠳᠠᠶᠢᠴᠤᠳ ᠤᠨ ᠶᠡᠭᠡ ᠰᠤᠷᠭᠠᠭᠤᠯᠢ ᠶᠢᠨ ᠤᠷᠠᠨ ᠪᠢᠴᠢᠯᠭᠡ ᠤᠷᠠᠨ ᠵᠢᠷᠤᠭ | ᠤᠨ ᠠᠯᠪᠠᠨ ᠭᠡᠷ ᠤᠨ ᠡᠷᠬᠢᠯᠡᠭᠴᠢ ᠶᠢᠨ ᠠᠵᠢᠯ ᠢ ᠬᠠᠷᠢᠭᠤᠴᠠᠨ ᠬᠢᠵᠦ᠂ ᠰᠤᠷᠭᠠᠭᠤᠯᠢ ᠠᠴᠠ ᠬᠠᠮᠢᠶ᠎ᠠ ᠪᠦᠭᠦᠢ ᠠᠵᠢᠯ | ᠢ ᠡᠷᠬᠢᠯᠡᠨ ᠶᠠᠪᠤᠭᠳᠠᠭᠤᠯᠬᠤ ᠳᠤ ᠲᠡᠷᠡᠪᠡᠷ ᠬᠠᠮᠵᠢᠯᠴᠠᠨ ᠬᠢᠳᠡᠭ ᠪᠤᠯᠵᠠᠢ᠃ ᠡᠭᠦᠨ ᠤ ᠳᠠᠷᠠᠭᠠᠪᠡᠷ ᠯᠢ ᠸᠠᠨ ᠵᠢᠢ | ᠪᠠᠰᠠ ᠠᠶᠢᠮᠠᠭ ᠤᠨ ᠨᠠᠰᠤᠳᠠᠶᠢᠴᠤᠳ ᠤᠨ ᠶᠡᠭᠡ ᠰᠤᠷᠭᠠᠭᠤᠯᠢ ᠶᠢᠨ ᠤᠷᠠᠨ ᠪᠢᠴᠢᠯᠭᠡᠳᠡᠳ ᠤᠷᠠᠨ ᠵᠢᠷᠤᠭᠴᠢᠳ ᠤᠨ | ᠨᠡᠶᠢᠭᠡᠮᠯᠢᠭ ᠤᠨ ᠲᠡᠳ᠋ ᠨᠠᠷᠢᠨ ᠪᠢᠴᠢᠭ ᠤᠨ ᠳᠠᠷᠤᠭ᠎ᠠ᠂ ᠠᠯᠠᠱᠠ ᠠᠶᠢᠮᠠᠭ ᠤᠨ ᠤᠷᠠᠨ ᠪᠢᠴᠢᠯᠭᠡᠳᠡᠳ ᠤᠨ ᠨᠡᠶᠢᠭᠡᠮᠯᠢᠭ | ᠤᠨ ᠨᠡᠷ᠎ᠡ ᠬᠦᠨᠳᠦᠳᠦ ᠲᠡᠷᠢᠭᠦᠯᠡᠭᠴᠢ ᠵᠡᠷᠭᠡ ᠲᠤᠰᠢᠶᠠᠯ ᠢ ᠬᠠᠷᠢᠭᠤᠴᠠᠵᠠᠢ᠃ ᠠᠵᠢᠯ ᠨᠢ ᠬᠡᠳᠦᠶᠢᠪᠡᠷ ᠬᠦᠨᠳᠦ | ᠪᠤᠯᠪᠠᠴᠤ ᠬᠥᠯᠥᠰᠥ ᠬᠠᠷᠠᠮᠵᠢ ᠪᠠᠶᠢᠬᠤ ᠦᠭᠡᠢ᠂ ᠭᠡᠭᠦ ᠳᠤ ᠮᠠᠰᠢ ᠤᠯᠠᠨ ᠬᠥᠮᠥᠨ ᠳᠤ ᠲᠤᠰᠠ ᠳᠡᠮ ᠪᠤᠯᠤᠭᠰᠠᠨ | ᠳᠠᠭᠠᠨ ᠲᠡᠷᠡ ᠤᠮᠤᠭᠰᠢᠵᠦ ᠶᠠᠪᠤᠳᠠᠭ᠃ | 2018 ᠤᠨ ᠤ 8 ᠰᠠᠷ᠎ᠠ ᠳᠤ᠂ ᠯᠢ ᠸᠠᠨ ᠵᠢᠢ ᠳᠤ ᠨᠠᠮ ᠳᠤ ᠭᠤᠶᠤᠴᠢᠯᠠᠬᠤ ᠪᠤᠳᠤᠯ ᠳᠠᠬᠢᠨ ᠤᠷᠭᠤᠭᠰᠠᠨ | ᠪᠠᠶᠢᠯ᠎ᠠ᠃ ᠲᠡᠶᠢᠨᠬᠦ ᠠᠶᠢᠮᠠᠭ ᠤᠨ ᠨᠠᠰᠤᠳᠠᠶᠢᠴᠤᠳ ᠤᠨ ᠤᠷᠠᠨ ᠪᠢᠴᠢᠯᠭᠡᠳᠡᠳ ᠤᠨ ᠨᠡᠶᠢᠭᠡᠮᠯᠢᠭ ᠤᠨ ᠨᠠᠮ ᠤᠨ ᠡᠭᠦᠷ | ᠲᠤ ᠨᠠᠮ ᠳᠤ ᠤᠷᠤᠬᠤ ᠭᠤᠶᠤᠴᠢᠯᠠᠯᠳᠠ ᠶᠢᠨ ᠪᠢᠴᠢᠭ ᠢᠶᠠᠨ ᠳᠠᠬᠢᠨ ᠪᠢᠴᠢᠵᠦ ᠲᠤᠰᠢᠶᠠᠯ᠎ᠠ᠃ ᠡᠨᠡᠬᠦ ᠨᠠᠮ ᠤᠨ ᠡᠭᠦᠷ | ᠨᠢ ᠪᠠᠶᠢᠭᠤᠯᠤᠮᠵᠢ ᠶᠢᠨ ᠪᠤᠰᠤ ᠳᠦᠷᠢᠮ ᠳᠤ ᠬᠠᠷᠢᠶᠠᠯᠠᠭᠳᠠᠳᠠᠭ ᠠᠴᠠ ᠨᠢᠭᠡ ᠵᠢᠯ ᠤᠨ ᠳᠠᠷᠠᠭ᠎ᠠ ᠲᠡᠭᠦᠨ ᠤ ᠨᠠᠮ ᠳᠤ | ᠤᠷᠤᠬᠤ ᠪᠠᠷ ᠭᠤᠶᠤᠴᠢᠯᠠᠭᠰᠠᠨ ᠬᠠᠮᠢᠶ᠎ᠠ ᠪᠦᠭᠦᠢ ᠭᠠᠷ ᠬᠦᠢᠴᠡᠳᠭᠡᠯ ᠢ ᠨᠢ ᠠᠯᠠᠱᠠ ᠶᠢᠨ ᠬᠤᠷᠢᠶᠠᠨ | ᠬᠠᠳᠠᠭᠠᠯᠠᠭᠴᠢᠳ ᠤᠨ ᠨᠡᠶᠢᠭᠡᠮᠯᠢᠭ ᠤᠨ ᠨᠠᠮ ᠤᠨ ᠡᠭᠦᠷ ᠲᠤ ᠰᠢᠯᠵᠢᠭᠦᠯᠦᠭᠰᠡᠨ ᠪᠠᠶᠢᠨ᠎ᠠ᠃ ︽ᠥᠨᠥ ᠵᠢᠯ ᠤᠨ ᠡᠬᠢᠨ | ᠳᠤ ᠪᠢ ᠨᠠᠮ ᠳᠤ ᠤᠷᠤᠬᠤ ᠬᠥᠭᠵᠢᠭᠦᠯᠭᠦ ᠡᠳᠡᠭᠡᠳ ᠢᠶᠠᠷ ᠲᠤᠭᠳᠠᠭᠠᠭᠳᠠᠭᠰᠠᠨ ᠰᠢᠦ᠃ ᠳᠤᠮᠳᠠᠳᠤ ᠤᠯᠤᠰ ᠤᠨ ᠡᠪ | ᠬᠠᠮᠳᠤ ᠨᠠᠮ ᠪᠤᠯ ᠠᠷᠠᠳ ᠲᠦᠮᠡᠨ ᠳᠡᠭᠡᠨ ᠵᠤᠯ ᠵᠢᠷᠭᠠᠯ ᠡᠳ᠋ᠯᠡᠭᠦᠯᠭᠦ ᠪᠠᠷ ᠵᠤᠷᠢᠯᠳᠠ ᠪᠠᠨ ᠪᠤᠯᠭᠠᠭᠰᠠᠨ ᠲᠥᠷᠥ ᠶᠢᠨ | ᠨᠠᠮ ᠮᠥᠨ᠂ ᠪᠢ ᠨᠠᠮ ᠤᠨ ᠵᠤᠬᠢᠶᠠᠨ ᠪᠠᠶᠢᠭᠤᠯᠤᠯᠳᠠ ᠲᠠᠢ ᠤᠯᠠᠮ ᠢᠶᠠᠷ ᠤᠶᠢᠷᠠᠳᠴᠤ᠂ ᠨᠠᠮ ᠤᠨ ᠢᠶᠠᠨ ᠰᠢᠭᠤᠳ | ᠤᠳᠤᠷᠢᠳᠤᠯᠭ᠎ᠠ ᠶᠢᠨ ᠲᠤᠤᠷ᠎ᠠ᠂ ᠠᠮᠢᠳᠤ ᠰᠡᠷᠡᠭᠦᠨ ᠪᠠᠶᠢᠭ᠎ᠠ ᠴᠠᠭ ᠲᠠᠭᠠᠨ ᠨᠠᠮ ᠪᠠ ᠤᠯᠠᠨ ᠲᠦᠮᠡᠨ ᠳᠡᠭᠡᠨ | ᠢᠯᠡᠭᠦᠭᠡᠨ ᠰᠢᠭ ᠦᠢᠯᠡᠴᠢᠯᠡᠶ᠎ᠡ ᠭᠡᠵᠦ ᠪᠤᠳᠤᠳᠠᠭ︾ ᠭᠡᠵᠦ ᠲᠡᠷᠡ ᠶᠠᠷᠢᠨ᠎ᠠ᠃ | ︽ᠯᠢ ᠸᠠᠨ ᠵᠢᠢ ᠨᠥᠭᠦᠷ ᠬᠡᠳᠦᠶᠢᠪᠡᠷ ᠳᠠᠯ᠎ᠠ ᠭᠠᠷᠤᠭᠰᠠᠨ ᠪᠤᠯᠪᠠᠴᠤ ᠨᠠᠮ ᠤᠨ ᠵᠤᠬᠢᠶᠠᠨ ᠪᠠᠶᠢᠭᠤᠯᠤᠯᠳᠠ ᠳᠤ | ᠤᠷᠤᠬᠤ ᠢᠳᠡᠪᠬᠢᠲᠡᠢ ᠭᠤᠶᠤᠴᠢᠯᠠᠵᠦ ᠪᠠᠶᠢᠨ᠎ᠠ᠂ ᠡᠶᠢᠮᠦᠷᠭᠦ ᠦᠢᠯᠡ ᠠᠵᠢᠯᠯᠠᠭ᠎ᠠ ᠨᠢ ᠲᠡᠭᠦᠨ ᠤ ᠬᠤᠪᠢ ᠬᠥᠮᠥᠨ ᠤ | ᠬᠢᠨᠢ ᠬᠥᠰᠡᠯ ᠬᠥᠭᠡᠭᠡᠴᠡᠯᠳᠥᠯ ᠪᠤᠯᠬᠤ ᠪᠠᠷ ᠪᠠᠷᠠᠬᠤ ᠦᠭᠡᠢ ᠢᠷᠠᠭᠤ ᠠᠯᠳᠠᠷ ᠮᠥᠨ᠂ ᠨᠡᠩ ᠴᠦ ᠵᠠᠯᠠᠭᠤᠴᠤᠳ ᠲᠤ | ᠰᠠᠶᠢᠨ ᠦᠯᠢᠭᠡᠷ ᠳᠠᠭᠤᠷᠢᠶᠠᠯ ᠪᠤᠯᠤᠭᠰᠠᠨ ᠪᠠᠶᠢᠨ᠎ᠠ︾ ᠭᠡᠵᠦ ᠠᠯᠠᠱᠠ ᠶᠢᠨ ᠬᠤᠷᠢᠶᠠᠨ ᠬᠠᠳᠠᠭᠠᠯᠠᠭᠴᠢᠳ ᠤᠨ | ᠨᠡᠶᠢᠭᠡᠮᠯᠢᠭ ᠤᠨ ᠨᠠᠮ ᠤᠨ ᠡᠭᠦᠷ ᠤᠨ ᠱᠦᠵᠢ ᠹᠦ᠋ ᠶᠢᠦ ᠰᠢᠶᠠᠩ ᠶᠠᠷᠢᠨ᠎ᠠ᠃ | | | | | | | | | | | | | | | | | | | | |