| ᠡᠷᠳᠡᠨᠢᠠᠠᠭᠤᠯᠠ ᠨᠠᠷᠠᠨ᠎ᠠ ᠡᠷᠳᠡᠨᠢᠬᠦᠦ | ᠨᠠᠷᠠ ᠰᠠᠯᠬᠢᠨ ᠳᠤ ᠦᠯᠢᠶᠡᠭᠳᠡᠨ᠂ ᠠᠮᠢᠳᠣᠷᠠᠯ ᠤᠨ ᠣᠷᠣᠨ ᠵᠠᠢ ᠳᠤ ᠣᠶᠠᠭᠳᠠᠵᠣ ᠣᠷᠣᠭᠰᠢᠯᠠᠵᠣ | ᠶᠠᠪᠣᠬᠤ ᠳᠠᠭᠠᠨ ᠮᠠᠯᠴᠢᠨ ᠪᠦᠰᠡᠬᠦᠢ ᠶᠢᠨ ᠵᠠᠶᠠᠭ᠎ᠠ ᠭᠡᠵᠣ ᠦᠪᠡᠷ ᠢ ᠪᠠᠨ ᠦᠪᠡᠷ ᠠᠴᠠ ᠪᠠᠨ ᠣᠯᠵᠣ ᠶᠠᠪᠣᠬᠤ ᠳᠤ | ᠪᠠᠶᠢᠳᠠᠭ᠃ ᠠᠯᠠᠱᠠ ᠵᠡᠬᠦᠨ ᠬᠤᠰᠢᠭᠤᠨ ᠤ ᠴᠣᠭᠳᠣᠬᠦ᠋ᠷᠢᠶ᠎ᠡ ᠰᠣᠮᠣᠨ ᠤ ᠮᠠᠯᠴᠢᠨ ᠨᠠᠷᠠᠨᠳᠣᠶᠠᠭ᠎ᠠ ᠰᠤᠮᠤᠨ ᠤ ᠲᠥᠪ | ᠲᠤ ᠭᠡᠳᠣ ᠳᠡᠯᠭᠡᠬᠦᠷ ᠭᠠᠷᠭᠠᠨ ᠡᠵᠡᠩᠨᠡᠬᠦ ᠶᠢᠨ ᠳᠠᠭᠠᠣ ᠳᠤ 400 ᠭᠠᠷᠦᠢ ᠮᠤ᠋ ᠳᠠᠷᠢᠶᠠᠨ ᠭᠠᠵᠠᠷ ᠲᠠᠭᠠᠨ ᠵᠠᠭ | ᠲᠠᠷᠢᠵᠦ ᠭᠤᠶᠣᠣ ᠮᠠᠯᠳᠠᠵᠣ᠂ ᠠᠷᠪᠠᠭᠠᠳ ᠮᠠᠯ ᠲᠡᠵᠢᠭᠡᠵᠦ ᠪᠠᠶᠢᠳᠠᠭ ᠮᠥᠷᠲᠡᠭᠡᠨ ᠤᠮᠪᠤᠯᠤ ᠪᠠᠨ ᠬᠠᠷᠠᠵᠦ | ᠳᠤᠳᠤᠮᠳᠠᠳᠠᠭ ᠶᠠᠭᠠᠷᠠᠤ ᠪᠦᠰᠡᠭᠦᠢ᠃ ᠭᠡᠪᠡᠴᠦ ᠲᠡᠭᠦᠨ ᠳᠤ ᠠᠵᠢᠯ ᠳᠠᠭᠠᠨ ᠳᠠᠷᠤᠭᠳᠠᠵᠦ ᠮᠤᠩᠬᠢᠨᠠᠭᠰᠠᠨ ᠪᠠᠶᠢᠳᠠᠯ | ᠬᠠᠷᠠᠭᠳᠠᠭᠰᠠᠨ ᠦᠭᠡᠢ᠃ ᠬᠡᠳᠦᠶᠢᠪᠡᠷ ᠲᠠᠪᠢᠨ ᠵᠢᠷᠭᠤᠭᠠᠳᠠᠢ ᠪᠤᠯᠪᠠᠴᠤ ᠦᠰᠣ ᠭᠡᠵᠢᠭᠡ ᠪᠠᠨ ᠡᠪᠲᠡᠶᠢᠭᠡᠨ ᠪᠣᠳᠣᠵᠣ | ᠶᠠᠩᠵᠤᠯᠠᠭᠠᠳ᠂ ᠦᠷᠴᠢᠯᠡᠭᠡᠰᠣ ᠦᠭᠡᠢ ᠴᠢᠷᠠᠢ ᠳᠠᠭᠠᠨ ᠵᠢᠪᠬᠤᠭ᠎ᠠ ᠳᠣᠳᠣᠷᠠᠭᠤᠯᠣᠨ ᠡᠷᠡᠬᠦᠯ ᠰᠠᠶᠢᠬᠠᠨ ᠴᠣᠭᠯᠢᠭ | ᠨᠠᠮᠪᠠᠭᠠᠯᠢᠭ ᠪᠠᠶᠢᠬᠤ ᠨᠢ ᠦᠶ᠎ᠡ ᠬᠤᠷᠠᠭ ᠨᠠᠰᠣᠨ ᠤ ᠬᠦᠮᠣᠨ ᠠᠴᠠ ᠵᠠᠯᠠᠭᠤ ᠬᠠᠷᠠᠭᠳᠠᠵᠣ ᠪᠠᠶᠢᠯ᠎ᠠ᠃ | ᠭᠡᠭᠡᠷᠡᠵᠣ ᠭᠤᠶᠣᠯᠠᠵᠣ᠂ ᠭᠤᠸ᠎ᠠ ᠰᠠᠶᠢᠬᠠᠨ ᠶᠠᠪᠣᠬᠤ ᠶᠢ ᠪᠠᠷᠢᠮᠳᠠᠯᠠᠵᠣ ᠢᠷᠡᠭᠰᠡᠨ ᠨᠠᠷᠠᠨᠳᠣᠶᠠᠭ᠎ᠠ ᠡᠨᠡ | ᠨᠠᠰᠣᠨ ᠳᠠᠭᠠᠨ ᠦᠩᠭᠡᠯᠢᠭ ᠰᠠᠶᠢᠬᠠᠨ ᠶᠠᠪᠣᠬᠤ ᠪᠠᠷ ᠦᠪᠡᠷ ᠢᠶᠠᠷ ᠢᠶᠠᠨ ᠭᠤᠶᠣᠵᠣ᠂ ᠦᠪᠡᠷ ᠢ ᠪᠠᠨ ᠳᠣᠯᠢᠳᠠᠵᠣ᠂ | ᠭᠤᠸ᠎ᠠ ᠰᠠᠶᠢᠬᠠᠨ ᠢ ᠣᠬᠠᠭᠠᠨ ᠳᠠᠭᠠᠨ ᠳᠠᠳᠠᠵᠣ᠂ ᠬᠢᠭᠰᠡᠨ ᠪᠦᠳᠦᠭᠡᠭᠰᠡᠨ ᠢᠶᠠᠨ ᠭᠡᠷᠡᠯᠳᠦᠬᠦᠯᠦᠨ᠂ | ᠬᠦᠰᠡᠭᠰᠡᠨ ᠢᠶᠠᠷ ᠢᠶᠠᠨ ᠠᠮᠢᠳᠣᠷᠠᠵᠣ ᠶᠠᠪᠣᠭ᠎ᠠ ᠪᠦᠰᠡᠬᠦᠢ ᠶᠣᠮᠰᠠᠨ᠃ ᠳᠡᠷᠡᠪᠡᠷ ᠨᠠᠶᠠ ᠶᠡᠷᠡᠭᠡᠳ ᠣᠨ ᠤ ᠦᠶ᠎ᠡ ᠳᠤ | ᠴᠠᠭ ᠦᠶ᠎ᠡ ᠶᠢᠨ ᠣᠷᠣᠰᠬᠠᠯ ᠢ ᠲᠠᠭᠠᠨ ᠭᠡᠭᠡᠮᠰᠦᠭ ᠰᠠᠶᠢᠬᠠᠨ ᠵᠠᠰᠠᠵᠣ ᠭᠤᠶᠣᠯᠠᠨ ᠴᠣᠭᠳᠦᠬᠦ᠋ᠷᠢᠶᠡ ᠰᠣᠮᠣᠨ ᠳᠠᠭᠠᠨ | ᠵᠠᠯᠠᠭᠤᠰ ᠤᠨ ᠬᠠᠷᠠᠴᠠ ᠶᠢ ᠪᠤᠯᠢᠶᠠᠬᠰᠠᠨ ᠰᠠᠶᠢᠬᠠᠨ ᠬᠦᠮᠦᠨ ᠪᠠᠶᠢᠭᠰᠠᠨ ᠮᠦᠷᠳᠡᠭᠡᠨ ᠲᠡᠨᠳᠡᠬᠢ ᠶᠢᠨ ᠬᠦᠮᠣᠰ ᠤᠨ | ᠳᠠᠷᠢᠬᠢᠨ ᠳᠤ ︽ᠴᠠᠭ ᠦᠶ᠎ᠡ ᠶᠢᠨ ᠭᠤᠸ᠎ᠠ ᠰᠠᠶᠢᠬᠠᠨ ᠤ ᠳᠦᠯᠦᠭᠡᠯᠡᠭᠴᠢ︾ ᠶᠢᠨ ᠲᠦᠷᠢ ᠲᠦᠷᠬᠦ ᠪᠠᠷ ᠦᠯᠡᠳᠡᠨ | ᠬᠤᠴᠤᠷᠴᠠᠢ᠃ ᠲᠡᠬᠦᠨᠴᠢᠯᠡᠨ ᠣᠯᠠᠨ ᠠᠴᠠ ᠣᠨᠴᠠᠭᠠᠢ ᠰᠠᠶᠢᠬᠠᠨ ᠬᠠᠷᠠᠭᠳᠠᠵᠣ ᠪᠠᠶᠢᠭᠰᠠᠨ ᠨᠦᠬᠦᠬᠡ ᠨᠢᠬᠡ | ᠲᠠᠯᠳᠠ ᠶᠢᠨ ᠬᠦᠴᠦᠨ ᠨᠢ ᠳᠡᠬᠦᠨ ᠤ ᠠᠵᠢᠯ ᠠᠮᠢᠳᠣᠷᠠᠯ ᠤᠨ ᠬᠢᠨᠢ ᠬᠦᠰᠡᠯ ᠬᠦᠭᠡᠭᠡᠴᠡᠯᠳᠣᠯ ᠪᠠᠶᠢᠭᠰᠠᠨ ᠶᠤᠮᠳᠠᠭ᠃ | ᠮᠠᠯᠴᠢᠨ ᠬᠦᠮᠣᠨ ᠭᠡᠵᠣ ᠠᠵᠢᠯ ᠠᠮᠢᠳᠤᠷᠠᠯ ᠤᠨ ᠡᠷᠬᠡ ᠪᠠᠷ ᠦᠩᠬᠡ ᠲᠦᠷᠬᠦ᠂ ᠪᠡᠶ᠎ᠠ ᠭᠠᠯᠪᠢᠷ ᠢᠶᠠᠨ ᠬᠠᠮᠢᠶᠠᠷᠣᠯ | ᠦᠭᠡᠢ ᠪᠠᠷ ᠶᠠᠪᠣᠳᠠᠭ ᠪᠢᠰᠢ᠂ ᠮᠠᠯ ᠠᠬᠤᠢ ᠶᠢᠨ ᠳᠣᠮᠳᠠ ᠵᠠᠪᠠᠯ ᠳᠣᠭᠤᠰᠣ ᠰᠢᠷᠦᠢ ᠳᠤ ᠳᠠᠷᠣᠭᠳᠠᠬᠤ ᠶᠣᠰᠣᠳᠠᠢ ᠴᠦ | ᠪᠢᠰᠢ᠂ ᠬᠠᠷᠢᠨ ᠭᠤᠶᠣ ᠰᠠᠶᠢᠬᠠᠨ ᠢ ᠬᠦᠭᠡᠭᠡᠴᠡᠯᠳᠦᠬᠦ ᠶᠤᠰᠤᠳᠠᠢ ᠮᠦᠷᠳᠡᠭᠡᠨ ᠵᠠᠪᠠᠯ ᠭᠡᠭᠡᠨᠴᠢᠷ ᠰᠠᠶᠢᠬᠠᠨ ᠶᠠᠪᠣᠬᠤ | ᠤᠴᠢᠷᠳᠡᠢ ᠬᠡᠳᠡᠭ ᠢ ᠨᠠᠷᠠᠨᠳᠤᠶᠠᠭ᠎ᠠ ᠭᠤᠸᠡᠢ ᠦᠵᠡᠬᠦᠯᠵᠦ ᠴᠢᠳᠠᠬᠰᠠᠨ ᠠᠵᠢ᠃ | ᠨᠠᠷᠠᠨᠳᠣᠶᠠᠭ᠎ᠠ ᠠᠪᠤ ᠡᠵᠢ ᠠᠴᠠ ᠪᠠᠨ ᠠᠬ᠎ᠠ ᠡᠬᠡᠴᠢ ᠳᠡᠬᠦᠣ ᠠᠷᠪᠠᠨ ᠨᠢᠭᠡ ᠵᠠᠶᠠᠭᠠᠵᠡᠢ᠃ ᠠᠪᠤ ᠡᠵᠢ ᠶᠢ ᠪᠠᠨ | ᠠᠰᠠᠷᠠᠨ ᠳᠣᠳᠣᠮᠳᠠᠬᠤ ᠶᠢᠨ ᠡᠷᠬᠡ ᠪᠠᠷ ᠰᠣᠶᠣᠯ ᠰᠣᠷᠭᠠᠭᠤᠯᠢ ᠶᠢᠨ ᠮᠦᠷ ᠢᠶᠠᠨ ᠪᠠᠭ᠎ᠠ ᠰᠣᠷᠭᠠᠭᠤᠯᠢ ᠶᠢᠨ ᠦᠶ᠎ᠡ ᠳᠤ | ᠲᠤᠷᠭᠤᠨ ᠵᠣᠭᠰᠣᠭᠠᠵᠣ᠂ ᠠᠮᠢᠳᠣᠷᠠᠯ ᠤᠨ ᠬᠠᠳᠠᠭᠤ ᠠᠮᠳᠠ ᠶᠢ ᠡᠷᠳᠡ ᠠᠮᠰᠠᠭᠰᠠᠨ ᠶᠤᠮ᠃ ᠳᠡᠷᠠ ᠮᠠᠨᠢ ᠬᠤᠶᠠᠷ | ᠬᠦᠣ ᠲᠠᠢ᠂ ᠨᠢᠭᠡ ᠦᠬᠢᠨ ᠲᠠᠢ᠂ ᠬᠤᠷᠢᠭᠠᠳ ᠨᠠᠰᠣᠨ ᠳᠠᠭᠠᠨ ᠭᠤᠷᠪᠠᠨ ᠭᠡᠣᠭᠡᠳ ᠲᠡᠭᠡᠨ ᠣᠶᠠᠭᠳᠠᠨ ᠠᠵᠢᠯ | ᠠᠬᠤᠢ ᠳᠤ ᠳᠠᠶᠢᠮᠣ ᠰᠠᠶᠢᠨ ᠣᠷᠣᠯᠴᠠᠵᠣ ᠪᠠᠶᠢᠭᠰᠠᠨ ᠦᠭᠡᠢ ᠪᠠᠷ ᠬᠤᠷᠢᠨ ᠨᠠᠢᠮᠠᠨ ᠨᠠᠰᠣᠨ ᠠᠴᠠ ᠪᠠᠨ ᠡᠬᠢᠯᠡᠵᠣ | ᠪᠠᠶᠠᠨᠬᠤᠳᠠ ᠠᠴᠠ ᠪᠦᠭᠡᠮ ᠪᠦᠭᠡᠮ ᠢᠶᠠᠷ ᠬᠤᠪᠴᠠᠰᠣ ᠣᠷᠣᠭᠤᠯᠵᠣ ᠭᠠᠭᠴᠠᠭᠠᠷ ᠢᠶᠠᠨ ᠮᠣᠲ᠋ᠤᠷ ᠣᠨᠣᠵᠣ ᠬᠦᠳᠡᠭᠡ | ᠠᠶᠢᠯ ᠤᠳ ᠢᠶᠠᠷ ᠶᠠᠪᠣᠵᠣ ᠬᠤᠪᠴᠠᠰᠣ ᠬᠤᠳᠠᠯᠳᠤᠳᠠᠭ ᠪᠠᠶᠢᠵᠠᠢ᠃ ᠢᠩᠭᠢᠵᠣ ᠭᠤᠷᠪᠠ ᠳᠠᠪᠣᠨ ᠳᠦᠬᠦᠷᠢᠭ ᠣᠯᠣᠨ | ᠭᠠᠷ ᠵᠠᠷᠤᠯᠭ᠎ᠠ ᠪᠠᠨ ᠠᠷᠭᠠᠴᠠᠭᠠᠵᠦ ᠪᠠᠶᠢᠯ᠎ᠠ ᠭᠡᠳᠡᠭ᠃ ᠨᠠᠷᠠᠨᠳᠣᠶᠠᠭ᠎ᠠ ᠭᠤᠶᠣᠯᠠᠵᠣ ᠵᠠᠰᠠᠬᠤ ᠳᠣᠷ᠎ᠠ ᠲᠠᠢ ᠳᠡᠭᠡᠷ᠎ᠠ ᠪᠠᠨ | ᠬᠤᠪᠴᠠᠰᠣᠨ ᠤ ᠠᠷᠠᠯᠵᠢᠶ᠎ᠠ ᠬᠤᠳᠠᠯᠳᠤᠭ᠎ᠠ ᠬᠢᠳᠡᠭ ᠢᠶᠠᠷ ᠢᠶᠠᠨ ᠬᠤᠪᠴᠠᠰᠣ ᠶᠢ ᠶᠠᠭᠠᠬᠢᠵᠣ ᠳᠣᠬᠢᠷᠠᠭᠤᠯᠵᠣ ᠡᠮᠣᠰᠬᠦ᠂ | ᠡᠳ᠋ ᠪᠠᠷᠠᠭᠠᠨ ᠤ ᠴᠢᠨᠠᠷ ᠴᠢᠨᠰᠠᠭ᠎ᠠ᠂ ᠦᠩᠭᠡ ᠶᠠᠩᠵᠣ ᠳᠤ ᠶᠡᠭᠡᠭᠡᠨ ᠬᠦᠭᠡᠭᠡᠴᠡᠯᠳᠣᠯ ᠲᠠᠢ ᠪᠠᠶᠢᠳᠠᠭ ᠢᠶᠠᠷ ᠬᠦᠮᠣᠰ | ᠴᠦ ᠳᠡᠬᠦᠨ ᠤ ᠡᠮᠣᠰᠭᠡᠯ ᠭᠤᠶᠣᠯᠠᠯ ᠢ ᠶᠡᠬᠡᠳᠡ ᠠᠩᠬᠠᠷᠳᠠᠭ ᠪᠠᠶᠢᠨ᠎ᠠ᠃ ᠡᠨᠡ ᠦᠶ᠎ᠡ ᠠᠴᠠ ᠯᠠ ᠡᠬᠢᠯᠡᠵᠣ ᠳᠡᠷᠠ ᠮᠠᠨᠢ | ᠠᠷᠠᠯᠵᠢᠶ᠎ᠠ ᠮᠠᠶᠢᠮᠠᠢ ᠬᠢᠬᠦ ᠳᠣᠷ᠎ᠠ ᠲᠠᠢ ᠪᠣᠯᠵᠣ᠂ ᠬᠤᠪᠴᠠᠰᠣ ᠣᠶᠣᠵᠣ ᠬᠤᠳᠠᠯᠳᠣᠬᠤ᠂ ᠦᠪᠡᠷ ᠢᠶᠠᠨ ᠢᠳᠡᠭᠡᠨ | ᠬᠢᠵᠣ ᠬᠤᠳᠠᠯᠳᠣᠬᠤ᠂ ᠢᠷᠭᠠᠢ ᠶᠢᠨ ᠵᠢᠭᠤᠯᠴᠢᠯᠠᠯ ᠤᠨ ᠦᠵᠡᠮᠵᠢ ᠶᠢᠨ ᠭᠠᠵᠠᠷ ᠲᠤ ᠬᠦᠷᠴᠣ ᠠᠵᠢᠯ ᠬᠢᠵᠣ ᠡᠯ᠎ᠡ | ᠳᠠᠯ᠎ᠠ ᠶᠢᠨ ᠠᠵᠢᠯ ᠣᠶᠢᠯᠡᠰ ᠢ ᠣᠶᠢᠯᠠᠭᠠᠵᠣ ᠳᠣᠷᠰᠢᠯᠭ᠎ᠠ ᠬᠤᠷᠠᠮᠳᠤᠭᠤᠯᠵᠠᠢ᠃ 1996 ᠤᠨ ᠪᠣᠯᠬᠤ ᠳᠤ | ᠨᠠᠷᠠᠨᠳᠣᠶᠠᠭ᠎ᠠ ᠨᠦᠬᠦᠷ ᠢᠶᠠᠨ ᠳᠠᠭᠠᠵᠣ ᠬᠠᠴᠢᠨ ᠴᠢᠯᠠᠭᠤᠨ ᠤ ᠠᠷᠠᠯᠵᠢᠶ᠎ᠠ ᠬᠢᠵᠣ᠂ ᠴᠢᠯᠠᠭᠤ ᠳᠡᠬᠦᠵᠣ ᠬᠤᠳᠠᠯᠳᠣᠨ | ᠨᠡᠯᠢᠶᠡᠳ ᠰᠠᠶᠢᠨ ᠣᠷᠣᠯᠭ᠎ᠠ ᠲᠠᠢ ᠪᠣᠯᠣᠭᠠᠳ᠂ ᠨᠦᠬᠦᠷ ᠲᠠᠢ ᠪᠠᠨ ᠬᠤᠶᠠᠭᠤᠯᠠ ᠡᠯ᠎ᠡ ᠶᠡᠭᠡ ᠬᠤᠳᠠ ᠪᠠᠷ ᠶᠠᠪᠣᠵᠣ | ᠴᠢᠯᠠᠭᠤ ᠪᠠᠨ ᠪᠤᠷᠤᠯᠠᠭᠤᠯᠵᠦ ᠪᠠᠶᠢᠬᠰᠠᠨ ᠪᠤᠯ ᠪᠦᠷ ᠴᠢᠨᠠᠭᠰᠢ ᠪᠠᠨ ᠠᠷᠪᠠᠨ ᠵᠢᠯ ᠤᠨ ᠬᠤᠭᠤᠴᠠᠭᠠᠨ ᠳᠤ ᠱᠠᠩᠬᠠᠢ | ᠬᠤᠳᠠᠨ ᠳᠤ ᠬᠠᠴᠢᠨ ᠴᠢᠯᠠᠭᠤᠨ ᠤ ᠠᠷᠠᠯᠵᠢᠶ᠎ᠠ ᠪᠠᠨ ᠡᠵᠡᠩᠨᠡᠵᠣ ᠰᠠᠭᠤᠭᠰᠠᠨ ᠪᠠᠶᠢᠵᠡᠢ᠃ | ᠪᠡᠶ᠎ᠡ ᠡᠷᠡᠬᠦᠯ᠂ ᠰᠡᠳᠬᠢᠯ ᠰᠠᠨᠠᠭ᠎ᠠ ᠠᠭᠤᠵᠢᠮ ᠳᠡᠨᠢᠬᠦᠨ ᠪᠠᠶᠢᠬᠤ ᠪᠣᠯ ᠪᠠᠰᠠ ᠨᠢᠭᠡᠨ ᠭᠤᠸ᠎ᠠ ᠰᠠᠶᠢᠬᠠᠨ ᠤ | ᠳᠦᠯᠦᠭᠡᠯᠡᠯ ᠪᠣᠶᠣ᠃ ︽ᠪᠢ ᠶᠠᠮᠠᠷᠪᠠ ᠣᠴᠢᠷ ᠶᠠᠪᠣᠳᠠᠯ ᠳᠤ ᠰᠡᠳᠬᠢᠯ ᠰᠠᠨᠠᠭ᠎ᠠ ᠪᠠᠨ ᠳᠠᠶᠢᠪᠣᠭᠤᠬᠠᠨ ᠳᠠᠯᠪᠢᠵᠣ᠂ | ᠣᠴᠢᠷ ᠶᠠᠪᠣᠳᠠᠯ ᠳᠣᠯᠭᠠᠷᠠᠪᠠᠯ ᠪᠠᠴᠢᠮᠳᠠᠬᠤ ᠦᠭᠡᠢ᠂ ᠠᠷᠪᠢᠨ ᠳᠠᠯ᠎ᠠ ᠠᠴᠠ ᠪᠣᠳᠣᠵᠣ ᠲᠣᠩᠭᠠᠨ᠂ ᠦᠪᠡᠷ ᠢ ᠪᠠᠨ | ᠰᠠᠶᠢᠨ ᠳᠠᠶᠢᠰᠢ ᠬᠦᠳᠦᠯᠵᠣ᠂ ᠨᠡᠩ ᠴᠦ ᠪᠣᠰᠣᠳ ᠢ ᠰᠠᠶᠢᠨ ᠢᠶᠠᠷ ᠰᠠᠨᠠᠨ᠂ ᠪᠦᠬᠦ ᠶᠠᠭᠤᠮ᠎ᠠ ᠰᠠᠶᠢᠬᠠᠨ ᠪᠣᠯᠣᠨ᠎ᠠ | ᠭᠡᠵᠣ ᠪᠣᠳᠣᠵᠣ ᠶᠠᠪᠣᠳᠠᠭ︾ ᠭᠡᠵᠣ ᠨᠠᠷᠠᠨᠳᠣᠶᠠᠭ᠎ᠠ ᠢᠮᠠᠭᠳᠠ ᠰᠡᠳᠬᠢᠯ ᠳᠡᠭᠡᠨ ᠰᠠᠨᠠᠵᠣ ᠶᠠᠪᠣᠳᠠᠭ ᠢᠶᠠᠨ ᠶᠠᠷᠢᠨ᠎ᠠ᠃ | ᠪᠦᠰᠡᠬᠦᠢ ᠬᠦᠮᠣᠨ ᠤ ᠠᠷᠢᠭᠤᠬᠠᠨ ᠰᠡᠳᠬᠢᠯ ᠳᠣᠬᠢᠶᠠᠯᠳᠣᠭᠰᠠᠨ ᠪᠦᠬᠦᠨ ᠢᠶᠠᠨ ᠣᠶᠠᠷᠠᠭᠤᠯᠳᠠᠭ ᠨᠢ ᠭᠠᠷᠴᠠᠭ᠎ᠠ ᠦᠭᠡᠢ | ᠃ ᠳᠡᠶᠢᠨᠬᠦ ᠳᠡᠬᠦᠨ ᠤ ᠰᠡᠳᠬᠢᠯ ᠰᠠᠨᠠᠭ᠎ᠠ ᠨᠢ ᠶᠡᠷᠣ ᠠᠴᠠ ᠪᠠᠨ ᠳᠠᠶᠢᠪᠣᠭᠤᠬᠠᠨ᠂ ᠢᠯᠴᠢ ᠡᠨᠧᠷᠬᠢ ᠲᠠᠢ᠂ ᠪᠣᠳᠣᠵᠣ | ᠰᠠᠨᠠᠬᠤ ᠨᠢ ᠳᠦᠬᠦᠮᠭᠡᠨ ᠪᠠᠶᠢᠳᠠᠭ ᠢᠶᠠᠷ ᠢᠶᠠᠨ ᠰᠠᠨᠠᠭ᠎ᠠ ᠰᠡᠳᠬᠢᠯ ᠢᠶᠠᠨ ᠵᠣᠪᠠᠭᠠᠵᠣ᠂ ᠳᠣᠷᠦᠢ ᠨᠤᠮᠤᠢ ᠶᠠᠪᠣᠳᠠᠭ | ᠦᠭᠡᠢ᠃ ᠨᠡᠩ ᠴᠦ ᠪᠦᠰᠡᠬᠦᠢ ᠬᠦᠮᠣᠨ ᠤ ᠡᠷᠬᠢᠮᠰᠦᠭ ᠰᠠᠶᠢᠬᠠᠨ ᠢ ᠦᠪᠡᠷ ᠠᠴᠠ ᠪᠠᠨ ᠡᠬᠢᠯᠡᠬᠦᠯᠵᠦ᠂ ᠪᠣᠰᠣᠳ ᠲᠤ | ᠮᠡᠳᠡᠬᠦᠯᠳᠡᠭ ᠳᠡᠷᠠ ᠮᠠᠨᠢ ᠡᠷᠡᠬᠦᠯ ᠴᠢᠬᠢᠷᠠᠭ ᠢ ᠴᠢᠬᠤᠯᠠᠴᠢᠯᠠᠵᠣ᠂ ᠪᠡᠶ᠎ᠡ ᠪᠠᠨ ᠢᠮᠠᠭᠳᠠ ᠰᠣᠪᠢᠯᠠᠵᠣ ᠳᠣᠳᠣᠮᠳᠠᠭᠰᠠᠭᠠᠷ | ᠢᠷᠡᠵᠡᠢ᠃ ᠶᠡᠷᠣ ᠶᠢᠨ ᠴᠠᠬ ᠲᠠᠭᠠᠨ ᠢᠳᠡᠵᠣ ᠣᠣᠭᠤᠬᠤ ᠳᠠᠯ᠎ᠠ ᠪᠠᠷ ᠠᠩᠬᠠᠷᠴᠣ᠂ ᠮᠢᠬ᠎ᠠ ᠳᠣᠰᠣ ᠲᠠᠢ ᠵᠦᠢᠯ ᠢ | ᠪᠠᠭ᠎ᠠ ᠢᠳᠡᠨ᠂ ᠠᠶᠢᠷᠠᠭ ᠰᠦ᠂ ᠨᠣᠭᠤᠭ᠎ᠠ ᠵᠢᠮᠢᠰ ᠤᠨ ᠵᠦᠢᠯ ᠢ ᠢᠯᠡᠬᠦᠦ ᠡᠳ᠋ᠯᠡᠳᠡᠭ ᠪᠠᠶᠢᠨ᠎ᠠ᠃ ᠲᠠᠶᠢᠮᠤ ᠳᠡᠭᠡᠨ | ᠱᠠᠩᠬᠠᠢ ᠳᠤ ᠪᠠᠶᠢᠬᠤ ᠳᠠᠭᠠᠨ ᠬᠦᠳᠡᠭᠡ ᠠᠴᠠ ᠪᠠᠨ ᠳᠣᠰᠬᠠᠢ ᠠᠶᠢᠷᠠᠭ ᠢᠶᠠᠨ ᠳᠡᠭᠡᠭᠡᠵᠣ ᠤᠴᠢᠳᠠᠭ ᠪᠠᠶᠢᠵᠠᠢ᠃ | | ︽ᠬᠦᠮᠣᠨ ᠦᠳᠡᠯᠬᠦ ᠠᠴᠠ ᠪᠠᠨ ᠠᠶᠣᠨ᠎ᠠ︾ ᠬᠡᠳᠡᠭ ᠦᠨᠡᠨᠳᠡᠬᠡᠨ ᠦᠨᠡᠨ ᠦᠬᠡ ᠶᠤᠮ᠂ ᠨᠡᠩ ᠴᠦ ᠡᠮᠡᠭᠳᠡᠢ | ᠬᠦᠮᠣᠨ ᠤ ᠬᠤᠪᠢ ᠳᠤ᠃ ᠵᠢᠷᠠᠨ ᠨᠠᠰᠣ ᠣᠷᠣᠭᠤ ᠳᠦᠬᠦᠵᠣ ᠶᠠᠪᠣᠭ᠎ᠠ ᠨᠠᠷᠠᠨᠳᠣᠶᠠᠭ᠎ᠠ ᠶᠢᠨ ᠨᠢᠭᠤᠷ ᠴᠢᠷᠡᠢ ᠠᠴᠠ | ᠨᠠᠰᠣᠨ ᠤ ᠬᠢᠨᠢ ᠣᠷᠣ ᠮᠦᠷ ᠦᠯᠣ ᠬᠠᠷᠠᠭᠳᠠᠨ᠎ᠠ᠃ ᠡᠨᠡ ᠨᠢ ᠳᠡᠬᠦᠨ ᠤ ᠨᠢᠭᠤᠷ ᠴᠢᠷᠠᠢ ᠪᠠᠨ ᠰᠠᠶᠢᠬᠠᠨ ᠠᠷᠠᠴᠢᠯᠠᠵᠣ | ᠶᠠᠪᠣᠭᠰᠠᠨ ᠤ ᠬᠢᠨᠢ ᠦᠷ᠎ᠠ ᠳ᠋ᠦᠩ ᠪᠢᠯᠡ᠃ ︽ᠭᠤᠴᠢᠭᠠᠳ ᠨᠠᠰᠣᠨ ᠠᠴᠠ ᠪᠠᠨ ᠨᠢᠭᠤᠷ ᠴᠢᠷᠠᠢ ᠪᠠᠨ ᠠᠷᠠᠴᠢᠯᠠᠵᠣ | ᠡᠬᠢᠯᠡᠭᠰᠡᠨ᠂ ᠨᠢᠭᠤᠷ ᠢᠶᠠᠨ ᠢᠮᠠᠭᠳᠠ ᠴᠢᠬᠢᠭᠯᠢᠭ ᠪᠠᠶᠢᠯᠭᠠᠨ᠂ ᠡᠷᠳᠡ ᠣᠷᠦᠢ ᠳᠠᠭᠠᠨ ᠢᠯᠢᠵᠣ ᠨᠣᠬᠤᠯᠠᠳᠠᠭ᠃ | ᠨᠢᠭᠤᠷ ᠲᠠᠭᠠᠨ ᠳᠣᠬᠢᠷᠠᠳᠠᠭ ᠲᠣᠰᠣ ᠭᠡᠷᠡᠭᠯᠡᠬᠦ ᠨᠢ ᠬᠠᠮᠤᠭ ᠴᠢᠬᠤᠯᠠ᠂ ᠦᠨᠡᠳᠡᠢ ᠳᠣᠰᠣ ᠬᠦᠭᠡᠭᠡᠴᠡᠯᠳᠣᠬᠦ ᠨᠢ | ᠳᠡᠶᠢᠮᠣ ᠴᠢᠬᠤᠯᠠ ᠪᠢᠰᠢ︾ ᠭᠡᠵᠣ ᠳᠡᠷᠡ ᠶᠠᠷᠢᠨ᠎ᠠ᠃ ᠦᠪᠡᠷ ᠤᠨ ᠪᠡᠶ᠎ᠡ ᠳᠡᠭᠡᠨ ᠴᠠᠭ ᠭᠠᠷᠭᠠᠵᠣ ᠪᠡᠶ᠎ᠡ | ᠮᠠᠬᠠᠪᠣᠳ ᠢᠶᠠᠨ ᠠᠷᠠᠴᠢᠯᠠᠵᠣ ᠳᠣᠳᠣᠮᠳᠠᠨ᠂ ᠭᠡᠭᠡᠷᠡᠵᠣ ᠭᠤᠶᠣᠯᠠᠵᠣ ᠶᠠᠪᠣᠭᠰᠠᠨ ᠨᠠᠷᠠᠨᠳᠣᠶᠠᠭ᠎ᠠ ᠶᠢᠨ ᠠᠮᠢᠳᠣᠷᠠᠯ | ᠮᠥᠨ ᠬᠦ ᠶᠠᠳᠠᠷᠠᠯ ᠦᠭᠡᠢ ᠬᠢᠵᠣ ᠣᠷᠣᠯᠳᠣᠬᠤ ᠬᠦᠭᠡᠭᠡᠴᠡᠯᠳᠦᠬᠦ ᠶᠢᠨ ᠵᠤᠯᠪᠤᠭ᠎ᠠ ᠪᠠᠷ ᠨᠢ ᠳᠡᠬᠦᠨ ᠤ ᠵᠣᠷᠢᠭᠰᠠᠨ | ᠰᠠᠨᠠᠭ᠎ᠠ ᠪᠠᠷ ᠶᠠᠪᠣᠨ᠎ᠠ᠃ | | ᠬᠦᠳᠡᠭᠡ ᠨᠣᠳᠤᠭ ᠲᠤ ᠭᠡᠭᠡᠮᠰᠦᠭ ᠰᠠᠶᠢᠬᠠᠨ ᠪᠦᠰᠡᠬᠦ᠋ᠢᠴᠣᠳ ᠣᠯᠠᠮ ᠢᠶᠠᠷ ᠠᠷᠪᠢᠳᠴᠣ ᠪᠠᠶᠢᠨ᠎ᠠ᠃ ᠰᠢᠨ᠎ᠠ | ᠴᠠᠭ ᠦᠶ᠎ᠡ ᠶᠢᠨ ᠬᠤᠪᠢᠷᠠᠯᠳᠠ ᠬᠦᠭᠵᠢᠯᠳᠠ ᠳᠣᠮᠳᠠ ᠮᠠᠯᠴᠢᠳ ᠤᠨ ᠦᠵᠡᠯ ᠰᠠᠨᠠᠭ᠎ᠠ ᠳᠤ ᠣᠨᠴᠠᠭᠠᠢ ᠬᠤᠪᠢᠷᠠᠯᠳᠠ | ᠭᠠᠷᠴᠣ᠂ ᠴᠠᠭ ᠦᠶ᠎ᠡ ᠶᠢᠨ ᠣᠷᠣᠰᠬᠠᠯ ᠳᠤ ᠬᠦᠯ ᠨᠠᠶᠢᠯᠡᠵᠣ ᠶᠠᠪᠣᠭ᠎ᠠ ᠮᠠᠯᠴᠢᠨ ᠪᠦᠰᠡᠬᠦ᠋ᠢᠴᠣᠳ ᠬᠠᠮᠢᠭ᠎ᠠ | ᠶᠠᠪᠣᠭᠰᠠᠨ ᠴᠦ ᠭᠤᠶᠣ ᠰᠠᠶᠢᠬᠠᠨ ᠳᠦᠷᠬᠦ ᠪᠠᠷ ᠢᠶᠠᠨ ᠪᠣᠰᠣᠳ ᠢ ᠬᠦᠨᠳᠣᠯᠠᠨ᠂ ᠦᠪᠡᠷ ᠢ ᠪᠠᠨ ᠡᠷᠬᠢᠮᠯᠡᠨ᠂ | ᠪᠡᠶ᠎ᠡ ᠪᠠᠨ ᠭᠤᠶᠣᠯᠠᠵᠣ ᠵᠠᠰᠠᠨ᠂ ᠬᠠᠮᠠᠭᠠᠯᠠᠵᠣ ᠠᠷᠠᠴᠢᠯᠠᠨ ᠪᠠᠶᠠᠷ ᠪᠠᠶᠠᠰᠣᠯ ᠲᠠᠢ ᠠᠮᠢᠳᠣᠷᠠᠵᠣ ᠶᠠᠪᠣᠨ᠎ᠠ᠃ | ᠨᠠᠷᠠᠨᠳᠣᠶᠠᠭ᠎ᠠ ᠶᠢᠨ ᠭᠡᠭᠡᠮᠰᠦᠭ ᠰᠠᠶᠢᠬᠠᠨ ᠠᠮᠢᠳᠣᠷᠠᠯ ᠨᠢ ᠣᠶᠢᠷ᠎ᠠ ᠬᠠᠪᠢ ᠶᠢᠨ ᠮᠠᠯᠴᠢᠳ ᠤᠨ ᠳᠣᠮᠳᠠ | ᠳᠠᠭᠤᠷᠢᠶᠠᠯ ᠲᠠᠢ ᠶᠠᠪᠣᠬᠤ ᠳᠤ ᠳᠡᠬᠦᠨ ᠤ ᠰᠡᠳᠬᠢᠯ ᠭᠡᠨ ᠠᠴᠠ ᠴᠦ ᠢᠯᠡᠬᠦᠣ ᠬᠠᠩᠬᠤᠯᠣᠭᠤᠨ ᠪᠠᠶᠢᠬᠤ ᠨᠢ ᠭᠠᠷᠴᠠᠭ᠎ᠠ | ᠦᠬᠡᠢ᠃ | | | | | | | | | | | | | | | | | | | | | | | | |