ᠭᠡᠷ ᠳᠦᠬᠦᠷᠡᠩ ᠬᠠᠭᠤᠴᠢᠨ ᠤ ᠬᠠᠳᠠᠭᠠᠯᠠᠮᠵᠢ ᠲᠠᠢ ᠮᠠᠯᠴᠢᠨ
ᠨᠡᠶᠢᠲᠡᠯᠡᠭᠰᠡᠨ ᠴᠠᠭ᠄
2021/12/15
ᠡᠷᠳᠡᠨᠢᠠᠠᠭᠤᠯᠠ  ᠨᠠᠷᠠᠨ᠎ᠠ  ᠡᠷᠳᠡᠨᠢᠬᠦᠦ            ᠳᠠᠪᠤ ᠵᠢᠷᠭᠤᠭᠠᠨ ᠦᠷᠦᠭᠡ ᠪᠠᠨ ᠬᠠᠭᠤᠴᠢᠨ ᠤ ᠬᠠᠳᠠᠭᠠᠯᠠᠮᠵᠢ ᠪᠠᠷ ᠳᠦᠬᠦᠷᠭᠡᠭᠰᠡᠨ ᠠᠯᠠᠱᠠ ᠵᠡᠬᠦᠨ ᠬᠤᠰᠢᠭᠤᠨ ᠎ ᠤ ᠤᠨᠳᠤᠷᠤᠯᠳᠤ ᠪᠠᠯᠭᠠᠰᠤᠨ ᠤ ᠳᠠᠪᠤᠨᠬᠤᠳᠳᠤᠭ ᠭᠠᠴᠠᠭᠠᠨ ᠤ ᠮᠠᠯᠴᠢᠨ ᠠᠯᠳ᠋ᠬᠠᠠᠭᠤᠯᠠ ᠶᠢᠨ ᠬᠢᠨ ᠤ ᠳᠤ ᠪᠢᠳᠠ ᠣᠴᠢᠵᠣ ᠪᠢᠯᠡ᠃ ᠠᠯᠳ᠋ᠬᠠᠠᠭᠤᠯᠠ ᠶᠢᠨ ᠦᠨᠳᠦᠰᠦᠳᠡᠨ ᠤ ᠵᠠᠩ ᠦᠢᠯᠡ ᠰᠣᠶᠣᠯ ᠤᠨ ᠦᠵᠡᠬᠦᠯᠭᠡ ᠶᠢᠨ ᠳᠢᠩᠭᠢᠮ ᠎ ᠳᠤ ᠣᠷᠣᠭᠠᠳ ᠣᠴᠢᠬᠤ ᠳᠤ ᠣᠨ ᠴᠠᠭ ᠢ ᠳᠦᠯᠦᠭᠡᠯᠡᠭᠰᠡᠨ ᠣᠯᠠᠨ ᠳᠦᠷᠦᠯ ᠤᠨ ᠦᠨᠡᠳᠣ ᠬᠠᠳᠠᠭᠠᠯᠠᠮᠵᠢ ᠤᠳ ᠭᠡᠳᠦᠨ ᠦᠷᠦᠭᠡ ᠶᠢ ᠨᠢ ᠪᠢᠭ᠋ ᠴᠢᠭ᠋ ᠳᠦᠬᠦᠷᠭᠡᠭᠰᠡᠨ ᠪᠠᠶᠢᠪᠠ᠃ ᠬᠤᠪᠢᠰᠬᠠᠯ ᠤᠨ ᠦᠶ᠎ᠡ ᠶᠢᠨ ᠬᠠᠳᠠᠭᠠᠯᠠᠮᠵᠢ᠂ ᠠᠯᠠᠱᠠ ᠮᠣᠩᠭᠤᠯᠴᠣᠳ ᠤᠨ ᠬᠠᠭᠤᠴᠢᠨ ᠤ ᠡᠳ᠋ᠯᠡᠯ ᠭᠡᠷᠡᠭᠰᠡᠯ᠂ ᠳᠠᠷᠢᠶᠠᠴᠢᠨ ᠤ ᠬᠠᠭᠤᠴᠢᠨ ᠤ ᠡᠳ᠋ᠯᠡᠯ ᠭᠡᠷᠡᠭᠰᠡᠯ ᠵᠡᠷᠭᠡ ᠭᠤᠷᠪᠠᠨ ᠳᠣᠮᠣ ᠠᠭᠤᠯᠭ᠎ᠠ ᠲᠠᠢ᠂ 300 ᠭᠠᠷᠦᠢ ᠳᠦᠷᠦᠯ ᠵᠦᠢᠯ ᠤᠨ 2000 ᠭᠠᠷᠦᠢ ᠡᠳ᠋ ᠪᠣᠳᠠᠰ ᠢ ᠡᠮᠬᠢ ᠳᠢᠭᠯᠢᠮ ᠲᠠᠢ ᠦᠵᠡᠮᠣᠷᠢ ᠲᠠᠢ ᠪᠠᠷ ᠳᠠᠯᠪᠢᠭᠠᠰᠣᠳᠠᠢ ᠨᠢ ᠦᠨᠡᠭᠡᠷ ᠪᠢᠰᠢᠷᠡᠮᠡᠷ ᠪᠠᠶᠢᠭᠰᠠᠨ᠃
   ᠪᠠᠭ᠎ᠠ ᠨᠠᠰᠣᠨ ᠠᠴᠠ ᠪᠠᠨ ᠬᠠᠭᠤᠴᠢᠨ ᠤ ᠡᠳ᠋ᠯᠡᠯ ᠭᠡᠷᠡᠭᠰᠡᠯ ᠴᠣᠭᠯᠠᠭᠤᠯᠵᠣ ᠬᠠᠳᠠᠭᠠᠯᠠᠬᠤ ᠳᠣᠷ᠎ᠠ ᠲᠠᠢ ᠠᠯᠳ᠋ᠬᠠᠠᠭᠤᠯᠠ ᠣᠨ ᠴᠠᠭ ᠤᠨ ᠦᠨᠡᠳᠣ ᠳᠣᠷᠠᠰᠬᠠᠯ ᠲᠠᠢ ᠵᠦᠢᠯ ᠤᠳ ᠢ ᠬᠤᠷᠢᠶᠠᠨ ᠬᠠᠳᠠᠭᠠᠯᠠᠵᠣ᠂ ᠦᠤᠭᠡ ᠳᠡᠣᠭᠡ ᠎ ᠶᠢ ᠨᠢ ᠦᠯᠡᠳᠡᠭᠡᠨ ᠬᠤᠴᠣᠷᠭᠠᠭᠰᠠᠨ ᠪᠠᠶᠢᠵᠡᠢ᠃ ᠡᠬᠦᠨ ᠤ ᠳᠣᠳᠣᠷ᠎ᠠ ᠬᠤᠪᠢᠰᠬᠠᠯ ᠤᠨ ᠬᠠᠳᠠᠭᠠᠯᠠᠮᠵᠢ ᠳᠤ ᠮᠠᠣ ᠳᠡᠷᠢᠬᠦᠯᠡᠭᠴᠢ ᠶᠢᠨ ᠱᠠᠭᠠᠵᠠᠩ ᠬᠦᠷᠦᠭ ᠶᠡᠭᠡ ᠪᠠᠭ᠎ᠠ 100 ᠭᠠᠷᠦᠢ᠂ ᠮᠠᠣ ᠳᠡᠷᠢᠬᠦᠯᠡᠭᠴᠢ ᠶᠢᠨ ᠬᠦᠷᠦᠭ ᠨᠢ 500 ᠭᠠᠷᠦᠢ ᠳᠦᠷᠦᠯ ᠤᠨ 1000 ᠭᠠᠷᠦᠢ ᠪᠠᠶᠢᠵᠣ᠂ ᠮᠠᠣ ᠳᠡᠷᠢᠬᠦᠯᠡᠭᠴᠢ ᠶᠢᠨ ᠦᠭᠡ ᠶᠢᠨ ᠳᠡᠬᠦᠪᠦᠷᠢ ᠶᠡᠭᠡ ᠠᠴᠠ ᠪᠠᠭ᠎ᠠ᠂ ᠨᠢᠭᠡ ᠠᠴᠠ ᠳᠠᠪᠤ ᠵᠢᠷᠭᠤᠭ᠎ᠠ ᠪᠣᠳᠢ ᠬᠦᠷᠬᠦ 100 ᠭᠠᠷᠦᠢ ᠳᠡᠪᠳᠡᠷ ᠲᠠᠢ᠂ ᠠᠯᠠᠱᠠ ᠮᠣᠩᠭᠤᠯᠴᠣᠳ ᠤᠨ ᠬᠠᠭᠤᠴᠢᠨ ᠤ ᠡᠳ᠋ᠯᠡᠯ ᠭᠡᠷᠡᠭᠰᠡᠯ ᠤᠨ ᠳᠣᠳᠣᠷ᠎ᠠ 300 ᠭᠠᠷᠦᠢ ᠳᠦᠷᠦᠭᠡ᠂ 100 ᠭᠠᠷᠦᠢ ᠡᠮᠡᠭᠡᠯ ᠵᠡᠷᠭᠡ ᠣᠯᠠᠨ ᠳᠤᠭ᠎ᠠ ᠶᠢ ᠡᠵᠡᠯᠡᠭᠰᠡᠨ ᠨᠠᠨᠳᠢᠨ ᠬᠠᠳᠠᠭᠠᠯᠠᠮᠵᠢ ᠤᠳ ᠬᠠᠳᠠᠭᠠᠯᠠᠭᠠᠰᠣᠳᠠᠢ ᠪᠠᠶᠢᠪᠠ᠃
  ᠣᠨ ᠵᠢᠯ ᠢ ᠡᠯᠡᠭᠡᠭᠰᠡᠨ ᠡᠳᠡᠭᠡᠷ ᠬᠠᠳᠠᠭᠠᠯᠠᠮᠵᠢ ᠤᠳ ᠢ ᠬᠤᠷᠢᠶᠠᠨ ᠴᠣᠭᠯᠠᠭᠤᠯᠬᠤ ᠠᠵᠢᠯ ᠢ ᠳᠡᠷᠡᠪᠡᠷ ᠬᠤᠷᠢᠭᠠᠳ ᠵᠢᠯ ᠤᠨ ᠳᠣᠷᠰᠢ ᠬᠢᠭᠰᠡᠭᠡᠷ ᠢᠷᠡᠵᠣ᠂ ᠠᠶᠢᠯ ᠤᠳ ᠢᠶᠠᠷ ᠶᠠᠪᠣᠵᠣ ᠳᠣᠰᠬᠠᠢ ᠬᠤᠷᠢᠶᠠᠨ᠂ ᠭᠠᠳᠠᠨ᠎ᠠ ᠣᠷᠣᠨ ᠤ ᠬᠦᠮᠣᠰ ᠠᠴᠠ ᠣᠴᠢᠵᠣ ᠬᠤᠳᠠᠯᠳᠣᠨ ᠠᠪᠬᠤ ᠵᠡᠷᠭᠡ ᠠᠷᠭ᠎ᠠ ᠮᠠᠶ᠋ᠢᠭ ᠢᠶᠠᠷ ᠣᠯᠠᠩᠭᠢ ᠡᠳ᠋ ᠪᠣᠳᠠᠰ ᠢᠶᠠᠨ ᠴᠣᠭᠯᠠᠭᠤᠯᠣᠭᠰᠠᠨ ᠪᠠᠶᠢᠳᠠᠭ᠃ ᠠᠯᠳ᠋ᠬᠠᠠᠭᠤᠯᠠ 2018 ᠣᠨ ᠳᠤ ᠵᠢᠷᠠᠳᠠᠢ ᠶᠢᠨ ᠨᠢᠭᠡᠨ ᠠᠶᠢᠯ ᠠᠴᠠ ᠬᠤᠣᠰ ᠡᠮᠡᠭᠡᠯ ᠢ 16000 ᠳᠦᠬᠦᠷᠢᠭ ᠢᠶᠠᠷ ᠬᠤᠷᠢᠶᠠᠵᠣ ᠢᠷᠡᠭᠰᠡᠨ ᠤ ᠳᠠᠷᠠᠭ᠎ᠠ ᠪᠠᠷ 50000 ᠳᠦᠬᠦᠷᠢᠭ ᠤᠨ ᠦᠨ᠎ᠡ ᠎ ᠳᠤ ᠬᠦᠷᠭᠡᠵᠣ ᠪᠠᠶᠢᠭᠰᠠᠨ ᠪᠢᠯᠡ᠃ ᠳᠡᠬᠦᠨ ᠤ ᠴᠣᠭᠯᠠᠭᠤᠯᠣᠭᠰᠠᠨ ᠳᠦᠷᠦᠭᠡᠨ ᠳᠤ ᠠᠯᠳᠠᠨ ᠣᠳᠠᠰᠣ ᠲᠠᠢ ᠳᠦᠷᠦᠭᠡ ᠂ ᠮᠦᠩᠭᠦᠨ ᠣᠳᠠᠰᠣ ᠲᠠᠢ ᠳᠦᠷᠦᠭᠡ᠂ ᠠᠯᠳᠠ ᠪᠠᠷ ᠰᠢᠬᠢᠳᠭᠡᠭᠰᠡᠨ ᠳᠦᠷᠦᠭᠡ ᠵᠡᠷᠭᠡ ᠣᠳᠣᠬᠠᠨ ᠳᠤ ᠳᠦᠢᠯ ᠤᠨ ᠬᠤᠪᠣᠷ ᠣᠯᠳᠠᠬᠤ ᠳᠦᠷᠦᠭᠡ ᠪᠠᠶᠢᠭᠰᠠᠨ ᠶᠤᠮ᠃ ᠨᠠᠢᠮᠠᠨ ᠵᠢᠯ ᠤᠨ ᠡᠮᠣᠨ᠎ᠡ ᠵᠢᠷᠭᠤᠭᠠᠨ ᠳᠦᠮᠡᠨ ᠳᠦᠬᠦᠷᠢᠭ ᠢᠶᠠᠷ ᠵᠢᠩ ᠲᠠᠢ ᠯᠠᠨ ᠨᠠᠢᠮᠠᠨ ᠡᠷᠳᠡᠨᠢ ᠶᠢᠨ ᠡᠮᠡᠭᠡᠯ ᠢ ᠬᠤᠳᠠᠯᠳᠣᠨ ᠠᠪᠴᠣ ᠣᠳᠣ ᠦᠨ᠎ᠡ ᠨᠢ ᠠᠷᠪᠠᠨ ᠳᠦᠮᠡᠨ ᠳᠦᠬᠦᠷᠢᠭ ᠲᠤ ᠬᠦᠷᠦᠭᠰᠡᠨ ᠪᠠᠶᠢᠨ᠎ᠠ᠃
    ᠶᠡᠷᠣᠨᠢ ᠡᠳ᠋ ᠪᠣᠳᠠᠰ ᠤᠨ ᠬᠤᠪᠣᠷ ᠨᠠᠨᠳᠢᠨ᠂ ᠬᠠᠭᠤᠴᠢ ᠳᠡᠣᠭᠡ ᠲᠠᠢ ᠨᠢ ᠦᠨ᠎ᠡ ᠳᠤ ᠬᠦᠷᠴᠣ᠂ ᠦᠨ᠎ᠡ ᠴᠡᠨ᠎ᠠ ᠪᠠᠨ ᠣᠯᠵᠣ ᠪᠠᠶᠢᠳᠠᠭ᠃ ᠠᠯᠳ᠋ᠬᠠᠠᠭᠤᠯᠠ ᠭᠤᠸᠠᠢ ᠮᠠᠣ ᠳᠡᠷᠢᠬᠦᠯᠡᠭᠴᠢ ᠶᠢᠨ ᠬᠦᠷᠦᠭ ᠢ 1990 ᠣᠨ ᠠᠴᠠ ᠡᠬᠢᠯᠡᠵᠣ ᠴᠣᠭᠯᠠᠭᠤᠯᠵᠣ᠂ ᠣᠳᠣ ᠪᠣᠯᠬᠤ ᠳᠤ ᠠᠷᠪᠢᠨ ᠢ ᠬᠠᠳᠠᠭᠠᠯᠠᠵᠣ ᠴᠢᠳᠠᠭᠰᠠᠨ ᠪᠠᠶᠢᠨ᠎ᠠ᠃ ᠨᠠᠢᠮᠠ ᠶᠢᠰᠦᠨ ᠵᠢᠯ ᠎ ᠤᠨ ᠡᠮᠣᠨ᠎ᠡ ᠳᠡᠷᠠ ᠮᠠᠨᠢ 8000 ᠳᠦᠬᠦᠷᠢᠭ ᠢᠶᠠᠷ ᠮᠠᠣ ᠳᠡᠷᠢᠬᠦᠯᠡᠭᠴᠢ ᠶᠢᠨ ᠱᠠᠭᠠᠵᠠᠩ ᠬᠦᠷᠦᠭ ᠢ ᠬᠤᠳᠠᠯᠳᠣᠨ ᠠᠪᠣᠭᠠᠳ 60000 ᠳᠦᠬᠦᠷᠢᠭ ᠲᠤ ᠬᠦᠷᠭᠡᠵᠣ ᠪᠠᠶᠢᠭᠰᠠᠨ᠂ ᠪᠠᠭ᠎ᠠ ᠱᠠᠭᠠᠵᠠᠩ ᠬᠦᠷᠦᠭ ᠤᠳ ᠨᠢ ᠭᠡᠳᠣᠨ ᠵᠠᠭᠤ᠂ ᠭᠡᠳᠣᠨ ᠮᠢᠩᠭᠠᠨ ᠳᠦᠬᠦᠷᠢᠭ ᠠᠴᠠ ᠨᠢᠭᠡ ᠳᠦᠮᠡᠨ ᠳᠦᠬᠦᠷᠢᠭ ᠤᠨ ᠦᠨ᠎ᠡ ᠳᠤ ᠬᠦᠷᠴᠣ ᠪᠠᠶᠢᠳᠠᠭ᠃ ᠱᠠᠭᠠᠵᠠᠩ ᠬᠦᠷᠦᠭ ᠢ ᠶᠡᠷᠣᠳᠡ ᠶᠢᠨ ᠬᠦᠮᠣᠰ ᠦᠵᠡᠵᠣ ᠳᠠᠨᠢᠬᠤ ᠦᠭᠡᠢ᠂ ᠪᠣᠭᠤᠳᠣ᠂ ᠨᠢᠩᠰᠢᠶᠠ᠂ ᠱᠠᠩᠬᠠᠢ ᠠᠴᠠ ᠬᠦᠮᠣᠰ ᠬᠦᠷᠦᠯᠴᠡᠨ ᠢᠷᠡᠵᠣ ᠬᠤᠳᠠᠯᠳᠣᠨ ᠠᠪᠬᠤ ᠭᠡᠬᠦ ᠳᠤᠨᠢ ᠠᠯᠳ᠋ᠬᠠᠠᠭᠤᠯᠠ ᠬᠤᠳᠠᠯᠳᠣᠵᠣ ᠦᠭᠬᠦᠭᠰᠡᠨ ᠦᠭᠡᠢ᠂ ᠬᠠᠷᠢᠨ ᠳᠡᠷᠡ ᠳᠣᠰᠬᠠᠢ ᠮᠡᠷᠭᠡᠵᠢᠯᠳᠡᠨ ᠵᠠᠯᠠᠵᠣ ᠦᠪᠡᠷ ᠤᠨ ᠢᠶᠠᠨ ᠴᠣᠭᠯᠠᠭᠤᠯᠣᠭᠰᠠᠨ ᠱᠠᠭᠠᠵᠠᠩ ᠬᠦᠷᠦᠭ ᠤᠨ ᠦᠨ᠎ᠡ ᠴᠠᠨ᠎ᠠ ᠶᠢ ᠳᠣᠳᠣᠯᠠᠭᠰᠠᠨ ᠭᠡᠳᠡᠭ᠃
   ᠠᠯᠳ᠋ᠬᠠᠠᠭᠤᠯᠠ ᠦᠪᠡᠷ ᠤᠨ ᠢᠶᠠᠨ ᠬᠠᠳᠠᠭᠠᠯᠠᠭᠰᠠᠨ ᠪᠦᠬᠦᠨ ᠢᠶᠠᠨ ᠬᠠᠶᠢᠷᠠᠯᠠᠨ ᠬᠢᠮᠠᠭᠠᠳᠠᠨ᠎ᠠ᠂ ᠡᠨᠡ ᠨᠢ ᠳᠡᠬᠦᠨ ᠎ ᠤ ᠬᠦᠴᠣ ᠬᠦᠯᠦᠰᠣ᠂ ᠣᠬᠠᠭᠠᠨ ᠰᠡᠳᠦᠪᠦᠷᠢ᠂ ᠠᠯᠣᠰ ᠬᠤᠯᠠ ᠶᠢᠨ ᠪᠣᠳᠣᠯᠭ᠎ᠠ ᠠᠭᠤᠰᠴᠣ᠂ ᠬᠤᠪᠣᠷ ᠨᠠᠨᠳᠢᠨ ᠬᠠᠳᠠᠭᠠᠯᠠᠮᠵᠢ ᠶᠢᠨ ᠦᠨ᠎ᠡ ᠴᠠᠨ᠎ᠠ ᠶᠢ ᠬᠦᠢᠴᠡᠳ ᠢᠯᠡᠷᠡᠬᠦᠯᠣᠨ᠂ ᠬᠠᠳᠠᠭᠠᠯᠠᠮᠵᠢ ᠪᠦᠬᠦᠨ ᠠᠴᠠ ᠰᠣᠶᠣᠯ ᠤᠨ ᠣᠴᠢ ᠭᠡᠷᠡᠯᠳᠣᠨ ᠰᠠᠴᠣᠷᠠᠨ᠎ᠠ᠃ ︽ᠬᠠᠳᠠᠭᠠᠯᠠᠮᠵᠢ ᠪᠠᠨ ᠬᠤᠷᠢᠶᠠᠵᠣ ᠴᠣᠭᠯᠠᠭᠤᠯᠬᠤ ᠶᠡᠭᠡ ᠬᠦᠴᠣ ᠬᠦᠯᠦᠰᠣ ᠣᠷᠣᠭᠰᠠᠨ ᠪᠣᠯᠪᠠᠴᠣ ᠬᠤᠶᠢᠰᠢᠳᠠ ᠶᠢᠨ ᠠᠮᠢᠳᠣᠷᠠᠯ ᠳᠤ ᠮᠢᠨᠢ ᠶᠡᠭᠡ ᠣᠳᠬ᠎ᠠ ᠠᠭᠤᠯᠭ᠎ᠠ ᠶᠢ ᠨᠡᠮᠡᠵᠣ᠂ ᠭᠡᠣᠭᠡᠳ ᠠᠴᠢᠨᠠᠷ ᠲᠤ ᠴᠦ ᠮᠢᠨᠢ ᠶᠡᠭᠡ ᠣᠬᠠᠭᠠᠨ ᠢ ᠣᠯᠭᠤᠬᠤ ᠪᠣᠢ᠃ ᠨᠡᠩ ᠴᠢᠬᠤᠯᠠ ᠨᠢ ᠭᠡᠣᠭᠡᠳ ᠠᠴᠢᠨᠠᠷ ᠲᠠᠭᠠᠨ ᠣᠯᠠᠮᠵᠢᠯᠠᠨ ᠦᠪᠯᠡᠬᠦᠯᠬᠦ ᠵᠣᠷᠢᠯᠭ᠎ᠠ ᠲᠠᠢ︾ ᠭᠡᠵᠣ ᠠᠯᠳ᠋ᠬᠠᠠᠭᠤᠯᠠ ᠬᠠᠭᠤᠴᠢ ᠳᠡᠣᠭᠡ ᠲᠠᠢ ᠡᠳ᠋ᠯᠡᠯ ᠭᠡᠷᠡᠭᠰᠡᠯ ᠢᠶᠠᠨ ᠬᠠᠷᠠᠨ ᠶᠠᠷᠢᠨ᠎ᠠ
   ᠦᠨᠡᠭᠡᠷ ᠣᠨ ᠴᠠᠭ ᠤᠨ ᠦᠩᠭᠡᠷᠡᠯᠳᠡ ᠭᠡᠵᠣ ᠡ᠂ ᠦᠯᠡᠳᠡᠵᠣ ᠬᠤᠴᠣᠷᠣᠭᠰᠠᠨ ᠦᠪ ᠢᠶᠠᠨ ᠭᠠᠮᠨᠠᠨ ᠬᠠᠳᠠᠭᠠᠯᠠᠬᠤ ᠨᠢ ᠪᠢᠳᠡ ᠪᠦᠬᠦᠨ ᠤ ᠡᠬᠦᠷᠭᠡ ᠬᠠᠷᠢᠭᠤᠴᠠᠯᠭ᠎ᠠ ᠪᠣᠶᠣ᠃ ᠳᠡᠷᠡᠬᠦ ᠬᠤᠪᠣᠷ ᠨᠠᠨᠳᠢᠨ ᠵᠦᠢᠯ ᠤᠳ ᠠᠴᠠ ᠮᠡᠳᠡᠯᠭᠡ ᠮᠡᠷᠭᠡᠵᠢᠯ ᠣᠯᠠᠷᠢᠨ᠎ᠠ᠂ ᠰᠣᠶᠣᠯ ᠳᠡᠣᠭᠡ ᠤᠳ ᠠᠴᠠ ᠨᠢ ᠣᠬᠠᠭᠠᠨ ᠪᠣᠳᠣᠯᠭ᠎ᠠ ᠠᠭᠤᠰᠣᠨ᠎ᠠ᠃ ᠦᠷᠦᠭᠡ ᠦᠷᠦᠭᠡ ᠪᠠᠷ ᠵᠢᠭᠰᠠᠭᠳᠠᠭᠰᠠᠨ ᠠᠯᠳ᠋ᠬᠠᠠᠭᠤᠯᠠ ᠶᠢᠨ ᠨᠠᠨᠳᠢᠨ ᠬᠠᠳᠠᠭᠠᠯᠠᠮᠵᠢ ᠤᠳ ᠨᠢ ᠦᠨᠢ ᠡᠬᠦᠷᠢᠳᠡ ᠳᠡᠭᠡᠨ ᠬᠤᠶᠢᠴᠢ ᠦᠶ᠎ᠡ ᠳᠤ ᠮᠢᠨᠢ ᠦᠯᠡᠳᠡᠨ ᠬᠤᠴᠣᠷᠴᠣ ᠣᠯᠠᠮᠵᠢᠯᠠᠨ ᠬᠠᠳᠠᠭᠠᠯᠠᠰᠣᠭᠠᠳᠠᠢ ᠪᠠᠶᠢᠬᠤ ᠶᠢ ᠬᠦᠰᠡᠨ ᠵᠦᠩᠨᠡᠵᠣ ᠪᠠᠶᠢᠨ᠎ᠠ᠃
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号